ᠶᠡᠬᠡ ᠰᠲ᠋ᠧᠹᠧᠨ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠵᠢᠵᠢᠭ ᠵᠢᠷᠤᠭ ᠢ ᠡᠭᠦᠰᠭᠡᠬᠦ ᠳ᠋ᠦ ᠠᠯᠳᠠᠭ᠎ᠠ ᠭᠠᠷᠤᠯ᠎ᠠ: Unable to save thumbnail to destination
200px

ᠮᠣᠯᠳᠪᠠ ᠶᠢᠨ III ᠰᠲ᠋ᠧᠹᠠᠨ ᠪᠤᠶᠤ ᠶᠡᠬᠡ ᠰᠲ᠋ᠧᠹᠠᠨ (ᠠᠩᠭᠯᠢ ᠪᠠᠷ Stephen III of Moldavia; ᠷᠤᠮᠠᠨᠢᠶ ᠠ ᠬᠡᠯᠡ:Ştefan cel Mare şi Sfânt) ᠨᠢ 1433-1504 ᠣᠨ ᠤ ᠬᠣᠭᠣᠷᠣᠨᠳᠣ ᠠᠮᠢᠳᠤᠷᠠᠵᠤ ᠪᠠᠶᠢᠭᠰᠠᠨ ᠪᠥᠭᠡᠳ 1457-1504 ᠣᠨ ᠤ ᠬᠣᠭᠣᠷᠣᠨᠳᠣ ᠮᠣᠯᠳᠪᠠ ᠶᠢᠨ ᠸᠠᠩ ᠪᠠᠶᠢᠭᠰᠠᠨ ᠠᠵᠡᠢ᠃ ᠲᠡᠷᠡ ᠪᠡᠷ ᠮᠣᠯᠳᠪᠠ ᠶᠢᠨ ᠬᠠᠭᠠᠨ ᠤ ᠮᠤᠰᠢᠲ ᠤᠭᠰᠠᠭᠠᠨ ᠤ ᠬᠠᠮᠤᠭ ᠤᠨ ᠠᠯᠳᠠᠷᠲᠠᠢ ᠬᠠᠭᠠᠨ ᠶᠤᠮ᠃ ᠲᠡᠭᠦᠨ ᠢ 《ᠠᠷᠢᠭᠤᠨ ᠪᠥᠭᠡᠳ ᠶᠡᠬᠡ ᠰᠲ᠋ᠧᠹᠠᠨ》 ᠭᠡᠬᠦ ᠨᠡᠷ᠎ᠡ ᠪᠡᠷ ᠨᠢ ᠬᠦᠮᠦᠨ ᠲᠥᠷᠥᠯᠬᠢᠲᠡᠨ ᠮᠡᠳᠡᠳᠡᠭ᠃

ᠮᠣᠯᠳᠠᠪᠢ ᠨᠢ ᠥᠨᠥ ᠶᠢᠨ ᠷᠤᠮᠠᠨᠢᠶ ᠠ ᠤᠯᠤᠰ ᠤᠨ ᠨᠢᠭᠡ ᠮᠤᠵᠢ ᠶᠤᠮ᠃ ᠲᠡᠭᠦᠨ ᠦ ᠵᠠᠰᠠᠭᠯᠠᠯ ᠤᠨ ᠦᠶ᠎ᠡ ᠳᠦ ᠮᠣᠯᠳᠠᠪᠢ ᠨᠢ ᠬᠠᠩᠭᠠᠷᠢᠫᠣᠯᠢᠰᠢᠣᠳᠲᠠᠮᠠᠨ ᠤ ᠡᠵᠡᠨ ᠳᠦ ᠭᠦᠷᠦᠨ ᠦ ᠡᠵᠡᠯᠡᠨ ᠲᠦᠷᠢᠮᠡᠭᠡᠶᠢᠯᠡᠬᠦ ᠭᠡᠰᠡᠨ ᠥᠩᠭᠡᠯᠵᠡᠯᠭᠡ ᠨᠦᠭᠦᠳ ᠢ ᠲᠠᠰᠤ ᠴᠣᠬᠢᠵᠤ᠂ ᠬᠦᠴᠦᠷᠬᠡᠭ᠂ ᠬᠠᠷᠠᠭᠠᠲᠤ ᠪᠤᠰᠤ ᠮᠣᠯᠳᠠᠪᠢ ᠤᠯᠤᠰ ᠪᠤᠢ ᠪᠣᠯᠤᠭᠰᠠᠨ ᠪᠠᠶᠢᠨ᠎ᠠ᠃

ᠰᠲ᠋ᠧᠹᠠᠨ ᠣᠳᠲᠠᠮᠠᠨ ᠤ ᠡᠵᠡᠨᠲᠦ ᠤᠯᠤᠰ ᠤᠨ ᠡᠰᠡᠷᠬᠦ ᠤᠷᠲᠤ ᠤᠳᠠᠭᠠᠨ ᠬᠤᠭᠤᠴᠠᠭᠠᠨ ᠳᠤ ᠲᠤᠤᠱᠲᠠᠢ᠂ ᠠᠮᠵᠢᠯᠲᠠ ᠲᠠᠢ ᠲᠡᠮᠡᠴᠡᠵᠦ ᠪᠠᠶᠢᠭᠰᠠᠨ ᠢᠶᠠᠷ ᠢᠶᠠᠨ ᠧᠦ᠋ᠷᠣᠫᠠ ᠳᠠᠬᠢᠨ ᠢᠶᠠᠨ ᠶᠡᠬᠡᠳᠡ ᠠᠯᠳᠠᠷᠰᠢᠭᠰᠠᠨ ᠭᠡᠳᠡᠭ᠃ ᠲᠡᠷᠡᠪᠡᠷ ᠣᠳᠲᠠᠮᠠᠨ ᠤ ᠲᠦᠷᠺ ᠤᠳ ᠲᠡᠢ ᠲᠣᠮᠣ ᠪᠠᠭ᠎ᠠ ᠨᠡᠶᠢᠯᠡᠭᠰᠡᠨ 36 ᠳᠠᠶᠢᠨ ᠲᠤᠯᠤᠭᠠᠨ ᠬᠢᠬᠦ ᠳᠦ ᠪᠡᠨ 34 ᠍ ᠳᠦ ᠨᠢ ᠢᠯᠠᠵᠤ ᠪᠠᠶᠢᠴᠠᠢ᠃ ᠲᠦᠷᠺ ᠦᠳ ᠤᠨ ᠡᠰᠡᠷᠬᠦ ᠬᠢᠭᠰᠡᠨ ᠸᠠᠰᠯᠤᠢ ᠶᠢᠨ ᠲᠤᠯᠤᠯᠳᠤᠭᠠᠨ ᠳᠤ ᠰᠢᠢᠳᠪᠦᠷᠢᠯᠡᠬᠦ ᠢᠯᠠᠯᠲᠠ ᠪᠠᠶᠢᠭᠤᠯᠠᠨ ᠤ ᠳᠠᠷᠠᠭ᠎ᠠ ᠷᠤᠮᠠᠨᠢᠶ ᠠ ᠫᠠᠫ IV ᠰᠢᠺᠰᠲᠤᠰᠾᠷᠢᠰᠤᠰ ᠤᠨ ᠱᠠᠰᠢᠨ ᠤ ᠵᠢᠩᠬᠢᠨᠢ ᠲᠡᠮᠡᠴᠡᠭᠴᠢ》 ᠬᠡᠮᠡᠬᠦ ᠴᠣᠯᠠ ᠬᠠᠶᠢᠷᠠᠯᠠᠭᠰᠠᠨ ᠭᠡᠳᠡᠭ᠃ ᠰᠲ᠋ᠧᠹᠠᠨ ᠨᠢ ᠥᠨᠥᠳᠥᠷ ᠮᠣᠯᠳᠪᠠ ᠶᠢᠨ ᠾᠷᠢᠰᠲ ᠤᠨ ᠱᠠᠰᠢᠨᠲᠠᠨ ᠨᠤᠭᠤᠳ ᠤᠨ ᠭᠡᠭᠡᠨ ᠰᠢᠲᠦᠭᠡᠨ ᠨᠦᠭᠦᠳ ᠦᠨ ᠨᠢᠭᠡ ᠪᠣᠯᠵᠠᠢ᠃

ᠠᠮᠢᠳᠤᠷᠠᠯ ᠤᠨ ᠡᠬᠢᠨ ᠦᠶ᠎ᠡ ᠪᠠ ᠬᠦᠴᠦ ᠶᠢ ᠣᠯᠤᠭᠰᠠᠨ ᠨᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠵᠢᠵᠢᠭ ᠵᠢᠷᠤᠭ ᠢ ᠡᠭᠦᠰᠭᠡᠬᠦ ᠳ᠋ᠦ ᠠᠯᠳᠠᠭ᠎ᠠ ᠭᠠᠷᠤᠯ᠎ᠠ: Unable to save thumbnail to destination
ᠶᠡᠬᠡ ᠰᠲ᠋ᠧᠹᠠᠨ ᠤ ᠳᠠᠶᠢᠨ ᠤ ᠲᠤᠭ

ᠰᠲ᠋ᠧᠹᠠᠨ ᠨᠢ ᠬᠠᠭᠠᠨ ᠤ ᠤᠭᠰᠠᠭ᠎ᠠ ᠵᠠᠯᠭᠠᠬᠤ ᠮᠤᠱᠠᠲ᠋ᠢᠨ ᠤ ᠭᠡᠷ ᠪᠦᠯᠢ ᠶᠢᠨ ᠭᠡᠰᠢᠭᠦᠨ ᠪᠠᠶᠢᠴᠠᠢ᠃ ᠲᠡᠭᠦᠨ ᠦ ᠡᠴᠢᠭᠡ ᠪᠤᠭᠳᠠᠨ II ᠨᠢ 1449-1451 ᠣᠨ ᠤ ᠬᠣᠭᠣᠷᠣᠨᠳᠣ ᠮᠣᠯᠳᠪᠠ ᠶᠢ ᠵᠠᠬᠢᠷᠴᠢ ᠪᠠᠶᠢᠭᠰᠠᠨ ᠪᠥᠭᠡᠳ ᠥᠪᠡᠷ ᠦᠨ ᠡᠴᠢᠭᠡ ᠨᠢᠭᠡᠲᠦ ᠳᠡᠭᠦᠦ ᠫᠧᠲ᠋ᠷᠤ ᠠᠷᠠᠨ ᠳᠤ ᠨᠢᠭᠤᠴᠠ ᠪᠠᠷ ᠬᠣᠣᠷᠯᠠᠭᠳᠠᠨ ᠨᠠᠰᠤ ᠡᠴᠦᠰᠯᠡᠵᠡᠢ᠃ ᠪᠤᠭᠳᠠᠨ II ᠬᠠᠭᠠᠨ ᠢ ᠥᠪᠡᠷ ᠦᠨ ᠬᠠᠷᠢᠶᠠᠲᠤ ᠨᠣᠰᠳᠠ ᠨᠤᠭᠤᠳ ᠤᠨ ᠢᠶᠠ ᠨᠢᠭᠡᠨ ᠦ ᠬᠤᠷᠢᠮᠠᠨ ᠳᠤ ᠵᠣᠴᠢᠯᠠᠨ ᠣᠴᠢᠬᠤ ᠦᠶ᠎ᠡ ᠪᠡᠷ ᠫᠧᠲ᠋ᠷᠤ ᠠᠷᠠᠨ ᠲᠡᠷᠢᠭᠦᠲᠡᠢ ᠬᠤᠤᠪᠢᠯᠳᠤᠭᠴᠢ ᠳᠤ ᠦᠢᠮᠡᠭᠡᠨ ᠳᠡᠭᠳᠡᠭᠡᠵᠢ ᠪᠡᠨ᠃ ᠰᠲ᠋ᠧᠹᠠᠨ ᠡᠨᠡ ᠮᠡᠳᠡᠭᠡ ᠶᠢ ᠰᠣᠨᠣᠰᠤᠨ ᠠᠷᠠᠶᠢᠬᠢᠨ ᠵᠢᠭᠤᠳᠠᠵᠤ ᠭᠠᠷᠤᠭᠰᠠᠨ ᠪᠣᠯᠪᠠᠴᠤ ᠲᠡᠭᠦᠨ ᠦ ᠡᠴᠢᠭᠡ ᠪᠤᠭᠳᠠᠨ II ᠪᠠᠷᠢᠭᠳᠠᠨ ᠴᠠᠭᠠᠵᠠᠯᠠᠭᠤᠯᠵᠠᠢ᠃ 1451-1457 ᠣᠨ ᠤ ᠬᠣᠭᠣᠷᠣᠨᠳᠣ ᠮᠣᠯᠳᠠᠪᠢᠳᠠ ᠫᠧᠲ᠋ᠷᠤ ᠠᠷᠠᠨ ᠪᠣᠯᠤᠨ ᠠᠯᠧᠺᠰᠠᠨᠳᠠᠷᠯ ᠨᠠᠷ ᠤᠨ ᠬᠣᠭᠣᠷᠣᠨᠳᠣ ᠵᠠᠰᠠᠭᠯᠠᠯ ᠤᠨ ᠲᠥᠯᠦᠭᠡᠬᠢ ᠲᠡᠮᠡᠴᠡᠯ ᠥᠷᠨᠢᠵᠦ ᠢᠷᠭᠡᠨ ᠦ ᠳᠠᠶᠢᠨ ᠡᠬᠢᠯᠡᠭᠰᠡᠨ ᠪᠠᠶᠢᠨ᠎ᠠ᠃ ᠦᠢᠮᠡᠭᠡᠨ ᠰᠠᠮᠠᠭᠤᠨ ᠳᠤ ᠡᠨᠡ ᠴᠠᠭ ᠲᠤ ᠰᠲ᠋ᠧᠹᠠᠨ ᠲᠷᠠᠨᠰᠡᠯᠸᠠᠨᠢ ᠳᠤ ᠣᠴᠢᠨ᠂ ᠴᠡᠷᠢᠭ ᠦᠨ ᠡᠷᠬᠡᠲᠡᠨ ᠢᠶᠠᠨ ᠬᠤᠨᠢᠳᠢᠭᠡᠶᠢᠨ ᠥᠮᠥᠭᠡᠯᠡᠯ ᠳᠦ ᠬᠣᠷᠭᠣᠳᠠᠵᠠᠢ᠃ ᠬᠡᠰᠦᠨ ᠬᠤᠭᠤᠴᠠᠭᠠᠨ ᠤ ᠲᠤᠷᠰᠢ ᠴᠢᠮᠡᠭᠡ ᠦᠭᠡᠢ ᠪᠠᠶᠢᠭᠰᠠᠨ ᠤ ᠡᠴᠦᠰ ᠲᠦ 1457 ᠣᠨ ᠳᠤ ᠬᠠᠩᠭᠠᠷᠢ ᠶᠢᠨ ᠬᠠᠭᠠᠨ ᠸᠯᠠᠳ III ᠳ᠋ᠷᠠᠺᠦᠶᠢᠯᠭᠠ ᠠᠴᠠ 6000 ᠮᠣᠷᠢᠨ ᠴᠡᠷᠢᠭ ᠦᠨ ᠴᠡᠷᠢᠭ ᠦᠨ ᠲᠤᠰᠠᠯᠠᠮᠵᠢ ᠠᠪᠴᠤ᠂ ᠷᠤᠮᠠᠨᠢᠶ ᠠ ᠦ ᠣᠶᠢᠷᠠᠯᠴᠠᠭᠠᠬᠢ ᠨᠤᠲᠤᠭ ᠲᠤ ᠫᠧᠲ᠋ᠷᠤ ᠠᠷᠤᠨ ᠳᠤ ᠬᠦᠴᠦᠲᠡᠢ ᠴᠣᠬᠢᠯᠲᠠ ᠥᠭᠴᠦ᠂ ᠣᠷᠪᠢᠴᠢ ᠶᠢᠨ ᠣᠷᠴᠢᠮ ᠳᠤ ᠪᠤᠲᠠ ᠨᠢᠷᠭᠡᠭᠰᠡᠨ ᠢᠶᠡᠷ ᠠᠷᠠᠨ ᠫᠣᠯᠢᠰᠢ ᠷᠤ ᠠᠮᠢ ᠵᠤᠯᠪᠠᠨ ᠭᠠᠷᠴᠠᠢ᠃ ᠡᠶᠢᠨᠬᠦᠦ 1457 ᠣᠨ ᠳᠤ ᠰᠲ᠋ᠧᠹᠠᠨ ᠮᠣᠯᠳᠪᠠ ᠶᠢᠨ ᠬᠠᠭᠠᠨ ᠤ ᠲᠢᠲᠢᠮ ᠢ ᠲᠡᠷᠢᠭᠦᠨ ᠢᠶᠡᠨ ᠵᠠᠯᠠᠪᠠ᠃ 2 ᠵᠢᠯ ᠦᠨ ᠳᠠᠷᠠᠭ᠎ᠠ ᠰᠲ᠋ᠧᠹᠠᠨ ᠠᠷᠠᠨ ᠢ ᠣᠯᠵᠤ ᠤᠰᠠᠳᠬᠠᠬᠤ ᠪᠠᠷ ᠴᠡᠷᠢᠭᠯᠡᠨ᠂ ᠫᠣᠯᠢᠰᠢ ᠳᠤ ᠴᠥᠮᠥᠷᠡᠨ ᠣᠷᠣᠵᠠᠢ᠃ ᠡᠨᠡ ᠨᠢ ᠫᠣᠯᠢᠰᠢ ᠶᠢᠨ ᠡᠰᠡᠷᠭᠦᠴᠡᠯ ᠲᠡᠢ ᠲᠤᠯᠭᠠᠷᠠᠭᠰᠠᠨ ᠪᠠᠶᠢᠨ᠎ᠠ᠃ ᠮᠣᠯᠳᠠᠪᠢ ᠪᠣᠯᠤᠨ ᠫᠣᠯᠢᠰᠢᠡᠶᠢᠨ ᠬᠣᠭᠣᠷᠣᠨᠳᠣ ᠡᠩᠬᠡ ᠶᠢᠨ ᠭᠡᠷ ᠢᠶᠡᠨ ᠪᠠᠶᠢᠭᠤᠯᠤᠭᠳᠠᠵᠤ᠂ ᠰᠲ᠋ᠧᠹᠠᠨ ᠫᠣᠯᠢᠰᠢ ᠶᠢᠨ ᠬᠠᠭᠠᠨ [[ᠺᠠᠽᠢᠮᠢᠶᠡᠷᠵᠡ ᠶᠠᠭᠧᠯᠯᠠ]ᠭ ᠥᠪᠡᠷ ᠦᠨ ᠬᠠᠷᠠᠭᠠᠲᠤ ᠤᠯᠤᠰ ᠤᠨ ᠬᠠᠨ ᠬᠡᠮᠡᠨ ᠵᠥᠪᠰᠢᠶᠡᠷᠡᠭᠦᠯᠵᠦ᠂ ᠠᠷᠠᠨ ᠢ ᠪᠠᠷᠢᠨ ᠮᠣᠯᠳᠠᠪᠢᠳᠠ ᠪᠤᠴᠠᠨ ᠢᠷᠡᠵᠡᠢ᠃

ᠵᠠᠰᠠᠭᠯᠠᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠰᠲ᠋ᠧᠹᠠᠨ ᠳᠣᠲᠣᠭᠠᠳᠤ ᠳᠤ ᠪᠠᠨ ᠪᠡᠬᠢᠵᠢᠨ᠂ ᠬᠦᠴᠦ ᠶᠢ ᠣᠯᠤᠭᠰᠠᠨ ᠤ ᠳᠠᠷᠠᠭ᠎ᠠ ᠬᠥᠷᠰᠢ ᠣᠷᠣᠨ ᠨᠤᠭᠤᠳ ᠤᠨ ᠢᠶᠠᠨ ᠤᠳᠠᠭ᠎ᠠ ᠳᠠᠷᠠᠭᠠᠯᠠᠭᠰᠠᠨ ᠰᠦᠷᠳᠡᠭᠦᠯᠭᠡ ᠨᠦᠭᠦᠳ ᠢ ᠠᠮᠵᠢᠯᠲᠠ ᠲᠠᠢ ᠨᠢᠴᠤᠭᠠᠵᠤ ᠥᠪᠡᠷ ᠦᠨ ᠨᠡᠷ᠎ᠡ ᠬᠦᠨᠳᠦ ᠶᠢ ᠥᠰᠬᠡᠵᠡᠢ᠃ 1467 ᠣᠨ ᠳᠤ ᠲᠡᠷᠡ ᠪᠡᠷ ᠬᠠᠩᠭᠠᠷᠢ ᠶᠢᠨ ᠬᠠᠭᠠᠨ ᠮᠠᠲ᠋ᠠᠲ᠋ᠢ ᠠᠴᠠ ᠺᠣᠷᠪᠢᠨᠦ᠋ᠰ ᠬᠠᠯᠠᠳᠠᠨ ᠳᠣᠪᠲᠣᠯᠬᠤ ᠳᠤ ᠪᠠᠶᠢ ᠶᠢᠨ ᠲᠤᠯᠤᠭᠠᠨ ᠳᠤ ᠢᠯᠠᠵᠤ᠂ ᠤᠯᠠᠮ ᠢᠶᠠᠷ 1471 ᠣᠨ ᠳᠤ ᠲᠠᠲ᠋ᠠᠷ᠂ ᠸᠠᠯᠤᠰᠢ ᠶᠢ ᠪᠤᠯᠢᠶᠠᠨ ᠠᠪᠴᠠᠢ᠃ ᠢᠩᠭᠢᠭᠡᠳ ᠣᠳᠲᠠᠮᠠᠨ ᠤ ᠲᠠᠯ᠎ᠠ ᠶᠢ ᠳᠡᠮᠵᠢᠭᠴᠢ ᠭᠣᠸ᠎ᠠ ᠷᠠᠳᠤ ᠶᠢ ᠲᠦᠯᠬᠢᠨ ᠤᠨᠠᠭᠠᠵᠤ᠂ ᠾᠷᠢᠰᠤᠰ ᠤᠨ ᠱᠠᠰᠢᠨ ᠲᠤ ᠵᠠᠬᠢᠷᠤᠭᠴᠢ ᠶᠢ ᠲᠣᠮᠢᠯᠠᠵᠠᠢ᠃ ᠰᠲ᠋ᠧᠹᠠᠨ ᠮᠣᠯᠳᠪᠠ ᠳᠤ ᠪᠠᠨ ᠪᠤᠴᠠᠨ ᠢᠷᠡᠭᠡᠳ ᠣᠳᠲᠠᠮᠠᠨ ᠤ ᠡᠵᠡᠨᠲᠦ ᠤᠯᠤᠰ ᠠᠴᠠ ᠤᠴᠠᠷᠠᠭᠤᠯᠵᠤ ᠪᠣᠯᠬᠤ ᠪᠣᠳᠠᠲᠤ ᠠᠶᠤᠯ ᠳᠤ ᠪᠡᠯᠡᠳᠬᠡᠵᠦ ᠡᠬᠢᠯᠡᠭᠰᠡᠨ ᠪᠠᠶᠢᠨ᠎ᠠ᠃ ᠲᠤᠩ ᠤᠳᠠᠯ ᠦᠭᠡᠢ ᠰᠲ᠋ᠧᠹᠠᠨ ᠤ ᠥᠳᠥᠭᠡᠨ ᠬᠠᠳᠬᠤᠯᠭ᠎ᠠ ᠳᠤ ᠬᠠᠷᠢᠭᠤ ᠪᠠᠷᠢᠵᠤ᠂ ᠷᠠᠳᠤᠭ ᠥᠮᠥᠭᠡᠯᠡᠬᠦ ᠨᠡᠷᠡᠶᠢᠳᠦᠯ ᠢᠶᠡᠷ ᠣᠳᠲᠠᠮᠠᠨ ᠰᠤᠯᠲᠠᠨ ᠮᠧᠬᠮᠧᠳ II ᠮᠣᠯᠳᠠᠪᠢᠳᠠ ᠬᠠᠯᠠᠳᠠᠨ ᠳᠣᠪᠲᠣᠯᠵᠠᠢ᠃ 1475 ᠣᠨ ᠳᠤ ᠰᠲ᠋ᠧᠹᠠᠨ ᠰᠤᠯᠠᠭᠠᠨ ᠡᠵᠡᠯᠡᠭᠴᠢᠳ ᠢ ᠸᠠᠰᠯᠤᠢ ᠶᠢᠨ ᠲᠤᠯᠤᠭᠠᠨ ᠳᠤ ᠪᠤᠲᠠ ᠨᠢᠷᠭᠡᠵᠦ᠂ ᠲᠦᠷᠺ ᠤᠨ ᠳᠣᠪᠲᠣᠯᠭᠠᠨ ᠢ ᠲᠦᠷᠢ ᠵᠣᠭᠰᠣᠭᠠᠭᠰᠠᠨ ᠪᠠᠶᠢᠨ᠎ᠠ᠃ ᠭᠡᠪᠡᠴᠦ ᠳᠠᠷᠠᠭ᠎ᠠ ᠵᠢᠯ ᠨᠢ ᠸᠠᠯᠧᠠ ᠠᠯᠪᠠᠭ ᠤᠨ ᠲᠤᠯᠤᠭᠠᠨ ᠳᠤ ᠰᠲ᠋ᠧᠹᠠᠨ ᠢᠯᠠᠭᠳᠠᠯ ᠬᠦᠯᠢᠶᠡᠵᠦ᠂ ᠤᠬᠤᠷᠢᠨ ᠣᠳᠲᠠᠮᠠᠨᠴᠤᠳ ᠲᠤ ᠴᠢᠬᠤᠯᠠ ᠴᠠᠶᠢᠳ ᠤᠳ ᠤᠨ ᠢᠶᠠᠨ ᠨᠢᠭᠡ ᠶᠢ ᠠᠯᠠᠳᠠᠵᠠᠢ᠃ ᠰᠲ᠋ᠧᠹᠠᠨ ᠧᠦ᠋ᠷᠣᠫᠠ ᠠᠴᠠ ᠲᠤᠰᠠᠯᠠᠮᠵᠢ ᠡᠷᠢᠨ᠂ 《ᠪᠤᠷᠤᠭᠤ ᠨᠣᠮᠣᠨᠲ ᠤᠳ ᠤᠨ ᠪᠠᠷᠠᠭᠤᠨ ᠭᠠᠷ ᠢ ᠲᠠᠰᠤ ᠴᠠᠪᠴᠢᠬᠤ》 ᠍ ᠳᠤ ᠭᠦᠨ ᠲᠤᠰᠠᠯᠠᠯᠴᠠᠭ᠎ᠠ ᠦᠵᠡᠭᠦᠯᠬᠦ ᠶᠢ ᠤᠷᠢᠶᠠᠯᠠᠵᠠᠢ᠃ 1484 ᠣᠨ ᠳᠤ ᠲᠦᠷᠺ ᠤᠳ ᠤᠨ ᠴᠠᠬᠢᠯᠭᠠᠨ ᠭᠡᠵᠦ ᠨᠡᠷᠡᠯᠡᠭᠳᠡᠭᠰᠡᠨ ᠳᠣᠪᠲᠣᠯᠭᠠᠨ ᠨᠤᠭᠤᠳ ᠲᠤ ᠴᠣᠬᠢᠭᠳᠠᠨ ᠳᠠᠬᠢᠨ ᠬᠣᠶᠠᠷ ᠴᠤ ᠴᠠᠶᠢᠳ ᠢᠶᠠᠨ ᠠᠯᠠᠳᠠᠭᠰᠠᠨ ᠪᠠᠶᠢᠨ᠎ᠠ᠃ ᠭᠡᠪᠡᠴᠦ ᠲᠡᠷᠡᠪᠡᠷ 1485 ᠣᠨ ᠳᠤ ᠲᠦᠷᠺ ᠤᠳ ᠢ ᠬᠣᠶᠠᠷ ᠴᠤ ᠤᠳᠠᠭ᠎ᠠ ᠢᠯᠠᠭᠰᠠᠨ ᠪᠠᠶᠢᠨ᠎ᠠ᠃ 1486 ᠣᠨ ᠳᠤ ᠰᠤᠯᠲᠠᠨ ᠪᠠᠶᠠᠽᠢ ᠳᠤ II ᠍ ᠲᠠᠢ ᠡᠩᠬᠡ ᠶᠢᠨ ᠭᠡᠷ᠎ᠡ ᠪᠠᠶᠢᠭᠤᠯᠵᠤ᠂ ᠲᠦᠺᠲ ᠵᠢᠯ ᠪᠦᠷᠢ ᠠᠯᠪᠠ ᠭᠤᠪᠴᠢᠭᠤᠷ ᠲᠥᠯᠦᠵᠦ ᠪᠠᠶᠢᠬᠤ ᠪᠣᠯᠵᠠᠢ᠃ ᠡᠭᠦᠨ ᠦ ᠬᠠᠷᠢᠭᠤ ᠳᠤ ᠮᠣᠯᠳᠠᠪᠢ ᠨᠢ ᠥᠪᠡᠷ ᠦᠨ ᠬᠠᠭᠠᠨ ᠢᠶᠠᠷ ᠤᠳᠤᠷᠢᠳᠤᠭᠤᠯᠤᠭᠰᠠᠨ ᠲᠦᠷᠺ ᠤᠨ ᠬᠠᠮᠵᠢᠯᠭ᠎ᠠ ᠤᠯᠤᠰ ᠬᠡᠯᠪᠡᠷᠢ ᠲᠡᠢ ᠪᠡᠷ ᠤᠷᠤᠰᠢᠬᠤ ᠪᠣᠯᠵᠠᠢ᠃ ᠡᠭᠦᠨ ᠡᠴᠡ ᠬᠣᠶᠢᠰᠢ 300 ᠰᠢᠬᠠᠮ ᠵᠢᠯ ᠮᠣᠯᠳᠠᠪᠢ ᠨᠢ ᠲᠦᠷᠺ ᠤᠨ ᠬᠠᠮᠵᠢᠯᠭ᠎ᠠ ᠤᠯᠤᠰ ᠬᠡᠯᠪᠡᠷᠢ ᠲᠡᠢ ᠪᠡᠷ ᠤᠷᠤᠰᠢᠬᠤ ᠪᠣᠯᠵᠠᠢ᠃ ᠠᠮᠢᠳᠤᠷᠠᠯ ᠤᠨ ᠢᠶᠠᠨ ᠰᠡᠭᠦᠯ ᠦᠨ ᠵᠢᠯ ᠤᠨᠳ ᠲᠤ ᠫᠣᠯᠢᠰᠢ ᠨᠤᠭᠤᠳ ᠤᠨ ᠳᠣᠪᠲᠣᠯᠭᠠᠨ ᠢ ᠠᠮᠵᠢᠯᠲᠠ ᠲᠠᠢ ᠨᠢᠴᠤᠭᠠᠵᠤ ᠪᠠᠶᠢᠴᠠᠢ᠃ ᠲᠡᠷᠡ ᠪᠡᠷ 1504 ᠣᠨ ᠳᠤ ᠨᠠᠰᠤ ᠨᠥᠭᠴᠢᠭᠰᠡᠨ ᠪᠥᠭᠡᠳ ᠫᠤᠲᠤᠨ᠎ᠠ ᠬᠡᠶᠢᠳᠡᠳ᠋ ᠱᠠᠷᠢᠯ ᠢ ᠨᠢ ᠬᠠᠳᠠᠭᠠᠯᠠᠵᠤ ᠪᠠᠶᠢᠳᠠᠭ ᠠᠵᠡᠢ᠃

ᠥᠪ ᠤᠯᠠᠮᠵᠢᠯᠠᠯ[ᠵᠠᠰᠠᠪᠤᠷᠢᠯᠠᠬᠤ | ᠺᠣᠳ᠋ ᠢᠶᠠᠷ ᠵᠠᠰᠠᠬᠣ]

  • ᠶᠡᠬᠡ ᠰᠲ᠋ᠧᠹᠠᠨ ᠤ ᠤᠷᠲᠤ ᠤᠳᠠᠭᠠᠨ ᠬᠤᠭᠤᠴᠠᠭᠠᠨ ᠤ ᠵᠠᠰᠠᠭᠯᠠᠯ ᠤᠨ ᠦᠶ᠎ᠡ ᠳᠦ ᠮᠣᠯᠳᠠᠪᠢᠳᠠ ᠣᠯᠠᠨ ᠲᠣᠭᠠᠨ ᠤ ᠾᠷᠢᠰᠤᠰ ᠤᠨ ᠱᠠᠰᠢᠨ ᠤ ᠭᠠᠶᠢᠬᠠᠮᠰᠢᠭᠲᠤ ᠣᠯᠠᠨ ᠰᠦᠮ᠎ᠡ ᠬᠡᠶᠢᠳ ᠪᠠᠷᠢᠭᠳᠠᠭᠰᠠᠨ ᠤ ᠵᠠᠷᠢᠮ ᠨᠢ United Nations Educational Scientific and Cultural Organization ᠍ ᠶᠢᠨ ᠳᠡᠯᠡᠬᠡᠢ ᠶᠢᠨ ᠥᠪ ᠳᠤ ᠪᠦᠷᠢᠳᠬᠡᠭᠳᠡᠭᠰᠡᠨ ᠪᠠᠶᠢᠳᠠᠭ᠃
  • ᠰᠲ᠋ᠧᠹᠠᠨ ᠢ ᠨᠠᠰᠤ ᠪᠠᠷᠠᠭᠰᠠᠨ ᠤ ᠳᠠᠷᠠᠭ᠎ᠠ ᠾᠷᠢᠰᠤᠰ ᠤᠨ ᠱᠠᠰᠢᠨ ᠤ ᠰᠢᠲᠦᠯᠭᠡᠲᠡᠨ ᠨᠦᠭᠦᠳ ᠭᠡᠭᠡᠭᠡᠨᠲᠡᠨ ᠭᠡᠵᠦ ᠦᠵᠡᠳᠡᠭ ᠪᠣᠯᠵᠠᠢ᠃
  • ᠷᠤᠮᠠᠨᠢᠶ ᠠ ᠤ ᠦᠨᠳᠦᠰᠦᠨ ᠦ ᠲᠧᠯᠧᠸᠢᠽ ᠪᠣᠯᠬᠤ TVR1 ᠍ ᠡᠴᠡ 2006 ᠣᠨ ᠳᠤ ᠶᠠᠪᠤᠭᠤᠯᠤᠭᠰᠠᠨ ᠰᠠᠨᠠᠯ ᠠᠰᠠᠭᠤᠯᠭ᠎ᠠ ᠪᠠᠷ ᠰᠲ᠋ᠧᠹᠠᠨ III ᠨᠢ ᠪᠠᠷᠤᠭ 40000 ᠦᠵᠡᠭᠴᠢ ᠶᠢᠨ ᠰᠠᠨᠠᠯ ᠢᠶᠠᠷ 《ᠪᠦᠬᠦ ᠴᠠᠭ ᠦᠶ᠎ᠡ ᠶᠢᠨ ᠬᠠᠮᠤᠭ ᠤᠨ ᠠᠤᠭ᠎ᠠ ᠷᠤᠮᠠᠨᠢᠶ ᠠ ᠬᠥᠮᠥᠨ》 ᠬᠡᠮᠡᠨ ᠨᠡᠷᠡᠯᠡᠭᠳᠡᠭᠰᠡᠨ ᠪᠠᠶᠢᠨ᠎ᠠ᠃

ᠭᠠᠳᠠᠭᠠᠳᠤ ᠬᠣᠯᠪᠣᠭᠠᠰᠤ ᠨᠤᠭᠤᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠫᠣᠯᠢᠰᠢ ᠶᠢᠨ ᠡᠬᠡ ᠰᠤᠷᠪᠤᠯᠵᠢ ᠨᠤᠭᠤᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠢᠴᠢᠭᠡᠰᠦ