ᠶᠡᠬᠡ ᠬᠢᠮᠤᠷᠠᠯ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
1910-1960 ᠣᠨ ᠤ ᠠᠮᠧᠷᠢᠺᠠ ᠶᠢᠨ ᠨᠢᠭᠡᠳᠦᠭᠰᠡᠨ ᠤᠯᠤᠰ ᠦᠨ ᠵᠢᠯ ᠦᠨ ᠪᠣᠳᠠᠲᠤ ДНБ. ᠲᠣᠳᠣᠷᠠᠭᠤᠯᠤᠭᠰᠠᠨ ᠨᠢ ᠶᠡᠬᠡ ᠬᠢᠮᠤᠷᠠᠯ ᠤᠨ ᠪᠤᠶᠤ 1929-1939 ᠣᠨ᠃

ᠶᠡᠬᠡ ᠬᠢᠮᠤᠷᠠᠯ ᠨᠢ ᠳᠡᠯᠡᠬᠡᠢ ᠶᠢᠨ ᠬᠣᠶᠠᠳᠤᠭᠠᠷ ᠳᠠᠶᠢᠨ  ᠤ ᠡᠮᠦᠨᠡᠬᠢ ᠠᠷᠪᠠᠭᠠᠳ ᠵᠢᠯ ᠤᠨᠳ ᠲᠤ ᠦᠷᠭᠦᠯᠵᠢᠯᠡᠭᠰᠡᠨ ᠳᠡᠯᠡᠬᠡᠢ ᠨᠡᠶᠢᠲᠡ ᠶᠢ ᠬᠠᠮᠤᠷᠤᠭᠰᠠᠨ ᠬᠣᠷᠢᠳᠤᠭᠠᠷ ᠵᠠᠭᠤᠨ  ᠳᠦ ᠪᠣᠯᠤᠭᠰᠠᠨ ᠬᠠᠮᠤᠭ ᠤᠨ ᠤᠳᠠᠭᠠᠨ ᠦᠷᠭᠦᠯᠵᠢᠯᠡᠵᠦ᠂ ᠬᠠᠮᠤᠭ ᠤᠨ ᠥᠷᠭᠡᠨ ᠬᠦᠷᠢᠶ᠎ᠡ ᠶᠢ ᠬᠠᠮᠤᠷᠤᠭᠰᠠᠨ᠂ ᠮᠠᠰᠢ ᠭᠦᠨ ᠡᠳ᠋ ᠍ ᠦᠨ ᠵᠠᠰᠠᠭ ᠤᠨ ᠬᠢᠮᠤᠷᠠᠯ ᠪᠠᠶᠢᠭᠰᠠᠨ ᠶᠤᠮ᠃ ᠶᠡᠬᠡ ᠬᠢᠮᠤᠷᠠᠯ ᠨᠢ 1929 ᠣᠨ ᠤ 9 ᠳᠤᠭ ᠢᠶᠠᠷ ᠰᠠᠷ᠎ᠠ ᠶᠢᠨ 4 ᠍ ᠳᠦ ᠡᠬᠢᠯᠡᠭᠰᠡᠨ ᠬᠤᠪᠢᠴᠠᠭᠠᠨ ᠤ ᠬᠠᠩᠰᠢᠨ ᠤ ᠤᠨᠠᠯᠲᠠ ᠪᠠᠷ ᠠᠩᠬ᠎ᠠ ᠠᠮᠧᠷᠢᠺᠠ ᠶᠢᠨ ᠨᠢᠭᠡᠳᠦᠭᠰᠡᠨ ᠤᠯᠤᠰᠠᠳᠠ ᠡᠬᠢᠯᠡᠭᠰᠡᠨ᠃ ᠤᠯᠤᠰ ᠣᠷᠣᠨ ᠨᠤᠭᠤᠳ ᠲᠤ ᠬᠠᠷᠢᠯᠴᠠᠨ ᠠᠳᠠᠯᠢ ᠦᠭᠡᠢ ᠴᠠᠭ ᠬᠤᠭᠤᠴᠠᠭᠠᠨ ᠳᠤ ᠦᠷᠭᠦᠯᠵᠢᠯᠡᠭᠰᠡᠨ ᠴᠤ ᠶᠡᠬᠡᠩᠬᠢ ᠤᠯᠤᠰ ᠤᠳ ᠲᠤ 1930 ᠣᠨ ᠠᠴᠠ 1930 ᠍ ᠊ᠭᠠᠳ ᠣᠨ ᠤ ᠰᠡᠭᠦᠯᠴᠢ ᠪᠣᠯᠤᠨ 1940 ᠍ ᠊ᠭᠡᠳ ᠣᠨ ᠤ ᠳᠤᠮᠳᠠ ᠦᠶ᠎ᠡ ᠬᠦᠷᠲᠡᠯ᠎ᠡ ᠦᠷᠭᠦᠯᠵᠢᠯᠡᠭᠰᠡᠨ᠃

ᠶᠡᠬᠡ ᠬᠢᠮᠤᠷᠠᠯ ᠨᠢ ᠰᠣᠴᠢᠶᠠᠯᠢᠰᠲᠤ ᠪᠤᠰᠤ ᠣᠷᠣᠨ ᠨᠤᠭᠤᠳ ᠤᠨ ᠡᠳ᠋ ᠍ ᠦᠨ ᠵᠠᠰᠠᠭ ᠢ ᠶᠡᠬᠡ ᠪᠡᠷ ᠭᠠᠩᠬᠤᠭᠤᠯᠤᠭᠰᠠᠨ᠃ ᠣᠯᠠᠨ ᠤᠯᠤᠰ ᠤᠨ ᠬᠤᠳᠠᠯᠳᠤᠭ᠎ᠠ 50 ᠭᠠᠷᠠᠮ ᠬᠤᠪᠢᠶᠠᠷᠢ ᠪᠠᠭᠤᠷᠠᠭᠰᠠᠨ ᠪᠠ ᠡᠨᠡ ᠦᠶ᠎ᠡ ᠪᠡᠷ ᠠᠮᠧᠷᠢᠺᠠ ᠶᠢᠨ ᠨᠢᠭᠡᠳᠦᠭᠰᠡᠨ ᠤᠯᠤᠰ ᠍ ᠳᠦ ᠠᠵᠢᠯ ᠦᠭᠡᠢᠳᠡᠯ ᠦᠨ ᠲᠦᠪᠰᠢᠨ 25% ᠬᠦᠷᠦᠭᠰᠡᠨ ᠪᠣᠯ ᠵᠠᠷᠢᠮ ᠤᠯᠤᠰ ᠲᠤ 33% ᠪᠣᠯᠵᠤ ᠥᠰᠴᠢ ᠪᠠᠶᠢᠴᠠᠢ᠃ ᠬᠦᠨᠳᠦ ᠦᠢᠯᠡᠳᠪᠦᠷᠢ ᠳᠦ ᠲᠦᠰᠢᠭᠯᠡᠭᠰᠡᠨ ᠬᠣᠲᠠ ᠨᠤᠭᠤᠳ ᠶᠡᠬᠡ ᠪᠡᠷ ᠥᠷᠲᠦᠭᠰᠡᠨ ᠪᠠ ᠪᠦᠲᠦᠭᠡᠨ ᠪᠠᠶᠢᠭᠤᠯᠤᠯᠲᠠ ᠦᠨᠳᠦᠰᠦᠨ ᠳᠦ ᠪᠡᠨ ᠵᠣᠭᠰᠣᠭᠰᠠᠨ᠃

ᠵᠠᠷᠢᠮ ᠤᠯᠤᠰ ᠤᠨ ᠡᠳ᠋ ᠍ ᠦᠨ ᠵᠠᠰᠠᠭ 1930 ᠍ ᠊ᠭᠠᠳ ᠣᠨ ᠤ ᠳᠤᠮᠳᠠ ᠠᠴᠠ ᠰᠡᠷᠭᠦᠵᠦ ᠡᠬᠢᠯᠡᠭᠰᠡᠨ ᠴᠤ ᠶᠡᠬᠡᠩᠬᠢ ᠣᠷᠣᠨ ᠳᠤ ᠶᠡᠬᠡ ᠬᠢᠮᠤᠷᠠᠯ ᠤᠨ ᠰᠥᠷᠭᠦ ᠨᠥᠯᠥᠭᠡ ᠳᠡᠯᠡᠬᠡᠢ ᠶᠢᠨ ᠬᠣᠶᠠᠳᠤᠭᠠᠷ ᠳᠠᠶᠢᠨ ᠤ ᠰᠡᠭᠦᠯ ᠦᠶ᠎ᠡ ᠬᠦᠷᠲᠡᠯ᠎ᠡ ᠠᠵᠢᠭᠡᠯᠡᠭᠳᠠᠭᠰᠠᠨ᠃ ᠥᠨᠥᠳᠥᠷ XXI ᠵᠠᠭᠤᠨ  ᠳᠦ ᠶᠡᠬᠡ ᠬᠢᠮᠤᠷᠠᠯ ᠨᠢ ᠳᠡᠯᠡᠬᠡᠢ ᠶᠢᠨ ᠡᠳ᠋ ᠍ ᠦᠨ ᠵᠠᠰᠠᠭ ᠬᠢᠷᠢ ᠶᠡᠬᠡ ᠳᠣᠷᠳᠣᠵᠤ ᠪᠣᠯᠬᠤ ᠶᠢ ᠬᠠᠷᠠᠭᠤᠯᠤᠭᠰᠠᠨ ᠪᠣᠳᠠᠲᠤ ᠵᠢᠱᠢᠶ᠎ᠡ ᠪᠣᠯᠵᠤ ᠪᠠᠶᠢᠨ᠎ᠠ᠃

ᠠᠮᠧᠷᠢᠺᠠ ᠤᠯᠤᠰ ᠲᠤ ᠮᠠᠰᠢ ᠣᠯᠠᠨ ᠬᠢᠮᠤᠷᠠᠯ ᠪᠣᠯᠵᠤ ᠪᠠᠶᠢᠭᠰᠠᠨ ᠠᠴᠠ 1929 ᠣᠨ ᠤ 10 ᠳ᠋ᠤᠭᠠᠷ ᠰᠠᠷ᠎ᠠ ᠶᠢᠨ 29 ᠍ ᠦ ᠬᠢᠮᠤᠷᠠᠯ ᠢ ᠬᠠᠮᠤᠭ ᠤᠨ ᠤᠳᠠᠭᠠᠨ ᠦᠷᠭᠦᠯᠵᠢᠯᠡᠭᠰᠡᠨ ᠭᠡᠵᠦ ᠦᠵᠡᠳᠡᠭ᠃ ᠡᠭᠦᠨ ᠢ ᠲᠡᠦᠬᠡᠨ ᠳᠦ 《ᠶᠡᠬᠡ ᠬᠢᠮᠤᠷᠠᠯ》 ᠬᠡᠮᠡᠨ ᠨᠡᠷᠡᠶᠢᠳᠴᠦ ᠦᠯᠡᠳᠡᠭᠡᠵᠢ ᠪᠡᠨ᠃ ᠠᠮᠧᠷᠢᠺᠠ ᠶᠢᠨ ᠡᠳ᠋ ᠍ ᠦᠨ ᠵᠠᠰᠠᠭ ᠳᠡᠯᠡᠬᠡᠢ ᠶᠢᠨ I ᠳᠠᠶᠢᠨ ᠠᠴᠠ ᠬᠣᠶᠢᠰᠢ 1929 ᠣᠨ ᠬᠦᠷᠲᠡᠯ᠎ᠡ ᠣᠭᠴᠣᠮ ᠥᠰᠴᠢ᠂ ᠡᠭᠦᠨ ᠳᠦ ᠪᠡᠨ ᠴᠠᠳᠬᠤᠯᠳᠠᠭᠰᠠᠨ ᠦᠨᠡᠲᠦ ᠴᠠᠭᠠᠰᠤᠨ ᠤ ᠨᠠᠶᠢᠮᠠᠭᠠᠴᠢᠳ ᠬᠤᠪᠢᠴᠠᠭᠠᠨ ᠤ ᠬᠠᠩᠰᠢ ᠶᠢ ᠬᠥᠭᠡᠰᠦᠷᠡᠭᠦᠯᠦᠨ ᠥᠰᠬᠡᠵᠦ ᠲᠣᠭᠯᠠᠬᠤ ᠪᠣᠯᠤᠭᠰᠠᠨ ᠨᠢ ᠬᠢᠮᠤᠷᠠᠯ ᠤᠨ ᠥᠷᠨᠢᠯ ᠪᠣᠯᠤᠭᠰᠠᠨ ᠪᠠᠶᠢᠨ᠎ᠠ᠃ ᠲᠤᠬᠠᠢ ᠶᠢᠨ ᠦᠶ᠎ᠡ ᠳᠦ ᠬᠥᠷᠥᠩᠭᠡ ᠶᠢᠨ ᠪᠢᠷᠵᠢ ᠨᠦᠭᠦᠳ ᠰᠢᠨ᠎ᠡ ᠪᠡᠷ ᠨᠡᠭᠡᠭᠡᠭᠳᠡᠮᠡᠭᠴᠡ ᠪᠡᠨ ᠯᠠ ᠬᠠᠭᠠᠯᠭ᠎ᠠ ᠪᠠᠨ ᠪᠠᠷᠢᠵᠤ ᠪᠠᠶᠢᠪᠠ᠃ ᠤᠴᠢᠷ ᠨᠢ ᠢᠨᠳᠧᠺᠰ ᠨᠢ 381 ᠨᠢᠭᠡᠴᠡ ᠡᠴᠡ 200 ᠬᠦᠷᠲᠡᠯ᠎ᠡ 50 ᠣᠷᠴᠢᠮ ᠬᠤᠪᠢᠶᠠᠷᠢ ᠤᠨᠠᠭᠠᠳ ᠪᠠᠶᠢᠭᠰᠠᠨ ᠤᠴᠢᠷ ᠠᠷᠠᠯᠵᠢᠶ᠎ᠠ ᠬᠢᠭᠳᠡᠬᠦ ᠪᠣᠯᠤᠮᠵᠢ ᠦᠭᠡᠢ ᠪᠣᠯᠵᠠᠢ᠃ ᠮᠡᠳᠡᠭᠡᠵᠢ ᠬᠡᠷᠡᠭ ᠠᠵᠢᠯᠭᠦᠶᠢᠳᠡᠯ᠂ ᠶᠠᠳᠠᠭᠤᠷᠠᠯ᠂ ᠭᠡᠮᠲᠦ ᠬᠡᠷᠡᠭ ᠦᠨ ᠲᠣᠭ᠎ᠠ ᠠᠰᠤᠷᠤ ᠬᠤᠷᠳᠤᠴᠠ ᠲᠠᠢ ᠥᠰᠴᠠᠢ᠃ ᠡᠳ᠋ ᠍ ᠦᠨ ᠵᠠᠰᠠᠭ ᠤᠨ ᠤᠨᠠᠯᠲᠠ 1932 ᠣᠨ ᠤ 7 ᠳ᠋ᠤᠭᠠᠷ ᠰᠠᠷ᠎ᠠ ᠬᠦᠷᠲᠡᠯ᠎ᠡ ᠭᠤᠷᠪᠠᠨ ᠵᠢᠯ ᠦᠷᠭᠦᠯᠵᠢᠯᠡᠵᠦ 1939 ᠣᠨ ᠠᠴᠠ 10 ᠵᠢᠯ ᠵᠣᠭᠰᠣᠩᠭᠢ ᠪᠠᠶᠢᠳᠠᠯ ᠦᠷᠭᠦᠯᠵᠢᠯᠡᠭᠰᠡᠨ ᠶᠤᠮ᠃ ᠶᠡᠬᠡ ᠬᠢᠮᠤᠷᠠᠯ ᠳᠡᠯᠡᠬᠡᠢ ᠶᠢᠨ II ᠳᠠᠶᠢᠨ ᠢ ᠡᠳᠦᠭᠡᠬᠦ ᠦᠨᠳᠦᠰᠦᠨ ᠰᠢᠯᠲᠠᠭᠠᠨ ᠪᠣᠯᠤᠭᠰᠠᠨ ᠭᠡᠵᠦ ᠦᠵᠡᠳᠡᠭ᠃ ᠬᠢᠮᠤᠷᠠᠯ ᠳᠠᠶᠢᠨ ᠢ ᠳᠠᠮᠵᠢᠨ 1955 ᠣᠨ ᠠᠴᠠ ᠳᠡᠯᠡᠬᠡᠢ ᠳᠠᠬᠢᠨ ᠤ ᠡᠳ᠋ ᠍ ᠦᠨ ᠵᠠᠰᠠᠭ ᠰᠠᠩᠬᠦᠦ ᠶᠢᠨ ᠪᠠᠶᠢᠳᠠᠯ ᠰᠦᠢᠷᠡᠯ ᠦᠨ ᠢᠷᠮᠡᠭ ᠲᠦ ᠲᠤᠯᠵᠠᠢ᠃ ᠢᠩᠭᠢᠭᠡᠳ ᠦᠵᠡᠪᠡᠯ ᠬᠢᠮᠤᠷᠠᠯ ᠨᠡᠶᠢᠲᠡ 26 ᠵᠢᠯ ᠦᠷᠭᠦᠯᠵᠢᠯᠡᠭᠰᠡᠨ ᠪᠠᠶᠢᠨ᠎ᠠ᠃ ᠠᠮᠧᠷᠢᠺᠠ ᠶᠢᠨ ᠶᠡᠷᠦᠩᠬᠡᠶᠢᠯᠡᠭᠴᠢ ᠪᠡᠷ ᠹᠷᠠᠨᠺᠯᠢᠨ ᠷᠦᠽᠸᠧᠯᠲ ᠰᠣᠩᠭᠣᠭᠳᠠᠮᠠᠭᠴᠠ ᠪᠠᠨ 《ᠲᠥᠷᠥ ᠶᠢᠨ ᠡᠳ᠋ ᠍ ᠦᠨ ᠵᠠᠰᠠᠭ ᠳᠠᠬᠢ ᠣᠷᠣᠯᠴᠠᠭ᠎ᠠ᠂ ᠵᠣᠬᠢᠴᠠᠭᠤᠯᠤᠯᠲᠠ ᠬᠢᠬᠦ》 ᠭᠡᠰᠡᠨ ᠺᠧᠢᠨᠰ ᠤᠨ ᠣᠨᠣᠯ ᠢ ᠬᠡᠷᠡᠭᠵᠢᠭᠦᠯᠪᠡ᠃ ᠶᠠᠭᠤᠨ ᠲᠦᠷᠦᠭᠦᠨ ᠳᠦ ᠶᠠᠳᠠᠭᠤ᠂ ᠳᠤᠮᠳᠠ ᠣᠷᠣᠯᠭ᠎ᠠ ᠲᠠᠢ ᠢᠷᠭᠡᠳ ᠢ ᠣᠷᠣᠨ ᠰᠠᠭᠤᠴᠠᠵᠢᠭᠤᠯᠬᠤ ᠠᠵᠢᠯ ᠢ ᠥᠷᠨᠢᠭᠦᠯᠦᠭᠰᠡᠨ ᠪᠠ ᠡᠭᠦᠪᠡᠷ ᠢᠶᠡᠨ ᠳᠡᠯᠡᠬᠡᠢ ᠶᠢᠨ ᠲᠡᠦᠬᠡᠨ ᠳᠦ ᠠᠩᠬ᠎ᠠ ᠤᠳᠠᠭ᠎ᠠ ᠣᠷᠣᠨ ᠰᠠᠭᠤᠴᠠᠨ ᠤ ᠠᠰᠠᠭᠤᠳᠠᠯ ᠢ ᠪᠦᠷᠢᠨ ᠰᠢᠢᠳᠪᠦᠷᠢᠯᠡᠵᠦ ᠴᠢᠳᠠᠭᠰᠠᠨ ᠣᠷᠣᠨ ᠪᠣᠯᠵᠠᠢ᠃ ᠳᠠᠶᠢᠨ ᠤ ᠦᠶ᠎ᠡ ᠢᠷᠮᠡᠭᠴᠢ ᠬᠦᠨᠳᠦ ᠦᠢᠯᠡᠳᠪᠦᠷᠢᠯᠡᠯ᠂ ᠲᠧᠭᠨᠢᠭ ᠦᠨ ᠰᠠᠯᠪᠤᠷᠢ ᠯᠤᠤ ᠠᠵᠢᠯᠯᠠᠬᠤ ᠬᠦᠴᠦᠨ ᠢ ᠴᠢᠭᠯᠡᠭᠦᠯᠦᠭᠰᠡᠨ ᠢᠶᠡᠷ ᠠᠵᠢᠯ ᠦᠭᠡᠢᠳᠡᠯ ᠢ ᠪᠠᠭᠤᠷᠠᠭᠤᠯᠵᠤ᠂ ᠵᠡᠪᠰᠡᠭ ᠡᠺᠰᠫᠣᠷᠲᠯᠠᠭᠰᠠᠨ ᠢᠶᠠᠷ ᠡᠺᠰᠫᠣᠷᠲ ᠤᠨ ᠣᠷᠣᠯᠭ᠎ᠠ ᠶᠢ ᠨᠡᠮᠡᠭᠳᠡᠭᠦᠯᠬᠦ ᠳᠦ ᠲᠣᠮᠣ ᠬᠤᠪᠢ ᠨᠡᠮᠡᠷᠢ ᠶᠢ ᠣᠷᠣᠭᠤᠯᠤᠭᠰᠠᠨ᠃ ᠳᠠᠶᠢᠨ ᠤ ᠳᠠᠷᠠᠭ᠎ᠠ ᠴᠤ ᠲᠥᠷᠥ ᠶᠢᠨ ᠣᠷᠣᠯᠴᠠᠭ᠎ᠠ ᠶᠢ ᠬᠠᠳᠠᠭᠠᠯᠠᠵᠤ ᠨᠧᠹᠲ ᠦᠨ ᠪᠣᠯᠤᠨ ᠤᠰᠤᠨ ᠣᠩᠭᠣᠴᠠᠨ ᠤ ᠰᠠᠯᠪᠠᠷ ᠤᠳ ᠲᠤ ᠬᠥᠷᠥᠩᠭᠡ ᠣᠷᠣᠭᠤᠯᠤᠯᠲᠠ ᠶᠢ ᠴᠢᠭᠯᠡᠭᠦᠯᠬᠦ ᠪᠣᠯᠤᠭᠰᠠᠨ ᠨᠢ ᠠᠵᠢᠯ ᠤᠨᠨ ᠪᠠᠶᠢᠷᠢ ᠶᠢ ᠶᠡᠬᠡ ᠪᠡᠷ ᠨᠡᠮᠡᠭᠳᠡᠭᠦᠯᠦᠭᠰᠡᠨ ᠪᠠᠶᠢᠨ᠎ᠠ᠃

ᠪᠢᠴᠢᠭᠡᠰᠦ