ᠶᠡᠬᠡ ᠪᠷᠢᠲ᠋ᠠᠨ(ᠠᠩᠭᠯᠢ)

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
«ᠶᠡᠬᠡ ᠪᠷᠢᠲ᠋ᠠᠨ(ᠠᠩᠭᠯᠢ)» ᠦᠭᠡ ᠪᠡᠷ ᠡᠨᠳᠡ ᠬᠣᠯᠪᠣᠭᠳᠠᠯ᠎ᠠ᠃ ᠥᠭᠡᠷ᠎ᠡ ᠵᠦᠢᠯ ᠦᠨ ᠬᠠᠭᠤᠳᠠᠰᠤ ᠶᠢ «ᠶᠡᠬᠡ ᠪᠷᠢᠲ᠋ᠠᠨ(ᠠᠩᠭᠯᠢ) (ᠰᠠᠯᠠᠭ᠎ᠠ ᠤᠳᠬ᠎ᠠ)» ᠍ ᠠᠴᠠ ᠣᠯᠵᠤ ᠪᠣᠯᠤᠨ᠎ᠠ᠃
ᠶᠡᠬᠡ ᠪᠷᠢᠲ᠋ᠠᠨ(ᠠᠩᠭᠯᠢ) ᠤᠮᠠᠷᠠᠳᠤ ᠠᠶᠢᠷᠯᠠᠨᠳ᠋ ᠍ ᠤᠨ
ᠨᠢᠭᠡᠳᠦᠭᠰᠡᠨ ᠸᠠᠩᠲᠤ ᠤᠯᠤᠰ
United Kingdom of Great Britain and Northern Ireland
ᠲᠥᠷᠥ ᠶᠢᠨ ᠳᠠᠯᠪᠠᠭ᠎ᠠ ᠬᠠᠭᠠᠨ ᠤ ᠰᠦᠯᠳᠡ
ᠲᠥᠷᠥ ᠶᠢᠨ ᠳᠠᠭᠤᠯᠠᠯ ᠤᠨ ᠨᠡᠷ᠎ᠡ:
ᠪᠤᠷᠬᠠᠨ ᠮᠢᠨᠢ ᠬᠠᠲᠤᠨ ᠬᠠᠭᠠᠨ ᠢ ᠠᠪᠤᠷᠠᠯ ᠳᠤ ᠪᠠᠨ ᠪᠠᠭᠲᠠᠭᠠᠭᠠᠴᠢ
(God Save the Queen)
ᠨᠡᠶᠢᠰᠯᠡᠯ 
(ᠶᠡᠬᠡ ᠬᠣᠲᠠ)
ᠯᠣᠨᠳᠣᠨ
ᠠᠯᠪᠠᠨ ᠬᠡᠯᠡ ᠠᠩᠭᠯᠢ
ᠵᠥᠪᠰᠢᠶᠡᠷᠡᠭᠳᠡᠭᠰᠡᠨ ᠣᠷᠣᠨ ᠨᠤᠲᠤᠭ ᠤᠨ ᠬᠡᠯᠡ ᠠᠶᠠᠷᠯᠠᠨᠲᠰᠺᠣᠲ᠋ᠯᠠᠨᠳ᠋ᠤᠥᠯᠰᠺᠣᠷᠨ
ᠠᠷᠠᠳ ᠲᠦᠮᠡᠨ 
(2001 ᠤᠨ)
92.1% ᠴᠠᠭᠠᠨ ᠠᠷᠠᠰᠤᠲᠠᠨ
4.0% ᠡᠮᠦᠨᠡᠲᠦ ᠠᠽᠢᠶ᠎ᠠ ᠍ ᠶᠢᠨ
2.0% ᠬᠠᠷ᠎ᠠ ᠠᠷᠠᠰᠤᠲᠠᠨ
1.2% ᠬᠣᠯᠢᠮᠠᠭ ᠠᠷᠠᠰᠤᠲᠠᠨ
0.4% ᠬᠢᠲᠠᠳ
0.4% ᠪᠤᠰᠤᠳ
ᠲᠥᠷᠥ ᠵᠠᠰᠠᠭ ᠦᠨᠳᠦᠰᠦᠨ ᠬᠠᠤᠯᠢᠳᠤ ᠬᠠᠭᠠᠨᠲᠤ ᠵᠠᠰᠠᠭᠯᠠᠯ
 -  ᠬᠠᠲᠤᠨ ᠬᠠᠭᠠᠨ II ᠢᠯᠢᠽᠡᠪᠡᠢᠰ
 -  ᠶᠡᠷᠦᠩᠬᠡᠢ ᠰᠠᠶᠢᠳ ᠳᠡᠪ ᠲᠦ ᠺᠥᠮᠧᠷᠣᠨ
ᠤᠯᠤᠰ ᠤᠨ ᠬᠤᠷᠠᠯ ᠫᠠᠷᠯᠠᠮᠧᠨᠲ
 -  ᠳᠡᠭᠡᠳᠦ ᠲᠠᠩᠬᠢᠮ ᠯᠣᠷᠳ᠋ ᠍ ᠤᠨ ᠲᠠᠩᠬᠢᠮ
 -  ᠳᠣᠣᠷᠠᠳᠣ ᠲᠠᠩᠬᠢᠮ ᠨᠡᠶᠢᠲᠡ ᠶᠢᠨ ᠲᠠᠩᠬᠢᠮ
ᠲᠡᠦᠬᠡᠨ ᠵᠠᠩᠭᠢᠯᠠᠭ᠎ᠠ
 -  ᠠᠩᠭᠯᠢ-ᠰᠺᠣᠲ᠋ᠯᠠᠨᠳ᠋ ᠨᠢᠭᠡᠳᠪᠡ᠃ 1707 ᠣᠨ ᠤ 5 ᠰᠠᠷ᠎ᠠ ᠶᠢᠨ 1 
 -  ᠶᠡᠬᠡ ᠪᠷᠢᠲ᠋ᠠᠨ(ᠠᠩᠭᠯᠢ)-ᠠᠶᠠᠷᠯᠠᠨᠲ ᠨᠢᠭᠡᠳᠪᠡ᠃ 1801 ᠣᠨ ᠤ 1 ᠰᠠᠷ᠎ᠠ ᠶᠢᠨ 1 
 -  ᠠᠶᠠᠷᠯᠠᠨᠲ ᠰᠠᠯᠵᠤ ᠲᠤᠰᠠᠭᠠᠷ ᠲᠣᠭᠲᠠᠨᠢᠪᠠ᠃ 1922 ᠣᠨ ᠤ 4 ᠰᠠᠷ᠎ᠠ ᠶᠢᠨ 12 
ᠨᠤᠲᠤᠭ ᠳᠡᠪᠢᠰᠬᠡᠷ
 -  ᠪᠦᠬᠦ ᠲᠠᠯᠠᠪᠠᠢ 243,610 km2 (80)
 -  ᠭᠠᠳᠠᠷᠭᠤ ᠶᠢᠨ ᠤᠰᠤ (%) 1.34
ᠬᠦᠮᠦᠨ ᠠᠮᠠ
 -  ᠲᠣᠭᠠᠴᠠᠭ᠎ᠠ (2010) 62,262,000[1] (22)
 -  ᠲᠣᠭᠠᠯᠠᠯᠭ᠎ᠠ (2001) 58,789,194[2] 
 -  ᠨᠢᠭᠲᠠᠴᠠ ᠰᠡᠶᠢᠷᠡᠭ 255.6 ᠬᠦᠮᠦᠨ/km2 
GDP (ХАЧТ) 2011 ᠣᠨ ᠤ ᠲᠣᠭᠠᠴᠠᠭ᠎ᠠ
 -  ᠨᠡᠶᠢᠲᠡ ᠳ᠋ᠦᠩ $2.253 ᠶᠡᠬᠡ ᠨᠠᠶᠤᠳ[3] ᠬᠤᠳᠠᠯᠳᠤᠨ ᠠᠪᠬᠤ ᠴᠢᠳᠠᠪᠤᠷᠢ ᠪᠠᠷ ᠲᠡᠭᠰᠢᠳᠬᠡᠭᠳᠡᠭᠰᠡᠨ GDP  ᠢᠶᠡᠷ ᠲᠡᠯᠡᠭᠡᠢ ᠳᠦ 7  ᠳᠦ
 -  ᠨᠢᠭᠡ ᠬᠦᠨᠳᠦ $35,974[3] ᠬᠦᠮᠦᠨ ᠪᠦᠷᠢ ᠳᠦ ᠣᠨᠣᠭᠳᠠᠬᠤ ᠬᠤᠳᠠᠯᠳᠤᠨ ᠠᠪᠬᠤ ᠴᠢᠳᠠᠪᠤᠷᠢ ᠪᠠᠷ ᠲᠡᠭᠰᠢᠳᠬᠡᠭᠳᠡᠭᠰᠡᠨ GDP  ᠢᠶᠡᠷ ᠲᠡᠯᠡᠭᠡᠢ ᠳᠦ21 ᠳᠦ
GDP (ᠨᠡᠷᠡᠯᠡᠭᠰᠡᠨ) 2011 ᠣᠨ ᠤ ᠲᠣᠭᠠᠴᠠᠭ᠎ᠠ
 -  ᠨᠡᠶᠢᠲᠡ ᠳ᠋ᠦᠩ $2.480 trillion[3]  ᠨᠡᠷᠡᠯᠡᠭᠰᠡᠨ ᠳᠣᠲᠣᠭᠠᠳᠤ ᠶᠢᠨ ᠨᠡᠶᠢᠲᠡ ᠪᠦᠲᠦᠭᠡᠭᠳᠡᠬᠦᠨ ᠢᠶᠡᠷ ᠲᠡᠯᠡᠭᠡᠢ ᠳᠦ6 ᠳᠦ
 -  ᠨᠢᠭᠡ ᠬᠦᠨᠳᠦ $39,604[3] ᠬᠦᠮᠦᠨ ᠪᠦᠷᠢ ᠳᠦ ᠣᠨᠣᠭᠳᠠᠬᠤ ᠨᠡᠷᠡᠯᠡᠭᠰᠡᠨ GDP  ᠢᠶᠡᠷ ᠲᠡᠯᠡᠭᠡᠢ ᠳᠦ22]])
Gini (2009) 41[4] 
ᠬᠡᠦᠬᠡᠳ ᠦᠨ ᠬᠥᠭᠵᠢᠯ ᠦᠨ ᠢᠨᠳᠧᠺᠰ (2010) 0.849[5] (ᠳᠡᠭᠡᠳᠦ) (26)
ᠮᠥᠩᠭᠥᠨ ᠦ ᠨᠢᠭᠡᠴᠡ ᠹᠦᠨᠲ (£) (GBP)
ᠴᠠᠭ ᠤᠨ ᠪᠥᠰᠡ +0
ᠬᠡᠪ ᠣᠩᠨᠠᠭ᠎ᠠ ᠡᠳᠦᠷ/ᠰᠠᠷ᠎ᠠ/ᠣᠨ (ᠨᠢᠭᠤᠴᠠ ᠲᠣᠪᠴᠢᠶ᠎ᠠ)
ᠵᠠᠮ ᠤᠨ ᠬᠥᠳᠡᠯᠭᠡᠭᠡᠨ ᠵᠡᠭᠦᠨ
ᠳ᠋ᠦᠮᠠᠢᠨ ᠤ ᠨᠡᠷ᠎ᠡ .uk
ᠤᠲᠠᠰᠤᠨ ᠤ ᠲᠣᠮᠢᠶ᠎ᠠ 44

ᠶᠡᠬᠡ ᠪᠷᠢᠲ᠋ᠠᠨ(ᠠᠩᠭᠯᠢ)᠂ ᠠᠯᠪᠠᠨ ᠶᠣᠰᠣᠭᠠᠷ ᠶᠡᠬᠡ ᠪᠷᠢᠲ᠋ᠠᠨ(ᠠᠩᠭᠯᠢ) ᠤᠮᠠᠷᠠᠳᠤ ᠠᠶᠢᠷᠯᠠᠨᠳ᠋ ᠍ ᠤᠨ ᠨᠢᠭᠡᠳᠦᠭᠰᠡᠨ ᠸᠠᠩᠲᠤ ᠤᠯᠤᠰ (ᠠᠩᠭᠯᠢ ᠪᠠᠷ The United Kingdom of Great Britain and Northern Ireland, United Kingdom, UK) ᠨᠢ ᠪᠠᠷᠠᠭᠤᠨ ᠧᠦ᠋ᠷᠣᠫᠠ ᠍ ᠤᠨ ᠠᠷᠠᠯ ᠤᠨ ᠤᠯᠤᠰ ᠶᠤᠮ᠃ ᠭᠠᠵᠠᠷ ᠨᠤᠲᠤᠭ ᠨᠢ ᠶᠡᠬᠡ ᠪᠷᠢᠲ᠋ᠠᠨ(ᠠᠩᠭᠯᠢ) ᠠᠷᠠᠯᠠᠶᠠᠷᠯᠠᠨᠲ ᠠᠷᠠᠯ ᠤᠨ ᠵᠡᠭᠦᠨ ᠬᠣᠶᠢᠳᠤ ᠬᠡᠰᠡᠭ᠂ ᠪᠤᠰᠤᠳ ᠵᠢᠵᠢᠭ ᠠᠷᠠᠯ ᠤᠳ ᠠᠴᠠ ᠲᠣᠭᠲᠠᠨ᠎ᠠ᠃ ᠤᠮᠠᠷᠠᠳᠤ ᠠᠶᠠᠷᠯᠠᠨᠲ ᠨᠢ ᠳᠠᠩ ᠢᠶᠠᠷ ᠢᠶᠠᠨ ᠥᠭᠡᠷ᠎ᠡ ᠤᠯᠤᠰ ᠲᠠᠢ ᠭᠠᠵᠠᠷ ᠢᠶᠠᠷ ᠬᠢᠯᠢᠯᠡᠳᠡᠭ᠃ ᠡᠨᠡ ᠬᠢᠯᠢ ᠶᠢ ᠡᠰᠡ ᠲᠣᠭᠠᠴᠠᠪᠠᠯ ᠶᠡᠬᠡ ᠪᠷᠢᠲ᠋ᠠᠨ(ᠠᠩᠭᠯᠢ) ᠨᠢ ᠠᠲ᠋ᠯᠠᠨᠲ ᠤᠨ ᠳᠠᠯᠠᠢᠤᠮᠠᠷᠠᠳᠤ ᠲᠡᠩᠭᠢᠰᠯᠠ-ᠮᠠᠩᠰᠢ ᠶᠢᠨ ᠬᠣᠭᠣᠯᠠᠢᠢᠷᠯᠠᠨᠳ᠋ ᠍ ᠤᠨ ᠲᠡᠩᠭᠢᠰ ᠢᠶᠠᠷ ᠬᠦᠷᠢᠶᠡᠯᠡᠭᠳᠡᠨ᠎ᠡ᠃ ᠬᠠᠮᠤᠭ ᠤᠨ ᠲᠣᠮᠣ ᠠᠷᠠᠯ ᠪᠣᠯᠬᠤ ᠶᠡᠬᠡ ᠪᠷᠢᠲ᠋ᠠᠨ(ᠠᠩᠭᠯᠢ) ᠨᠢ ᠯᠠ-ᠮᠠᠩᠰᠢ ᠶᠢᠨ ᠬᠣᠩᠭᠢᠯ ᠍ ᠤᠨ ᠠᠦ᠋ᠲ᠋ᠣ᠋ ᠵᠠᠮ ᠢᠶᠠᠷ ᠹᠷᠠᠨᠼᠢ ᠲᠠᠢ ᠬᠣᠯᠪᠣᠭᠳᠠᠳᠠᠭ᠃

ᠨᠢᠭᠡᠳᠦᠭᠰᠡᠨ ᠸᠠᠩᠲᠤ ᠤᠯᠤᠰ ᠨᠢ ᠠᠩᠭᠯᠢᠰᠺᠣᠲ᠋ᠯᠠᠨᠳ᠋ᠸᠯᠰᠤᠮᠠᠷᠠᠳᠤ ᠠᠶᠠᠷᠯᠠᠨᠲ ᠭᠡᠰᠡᠨ 4 ᠤᠯᠤᠰ ᠢᠶᠠᠷ ᠪᠦᠷᠢᠳᠦᠭᠰᠡᠨ ᠨᠢᠭᠡᠳᠦᠭᠰᠡᠨ ᠤᠯᠤᠰ ᠶᠤᠮ᠃ ᠡᠨᠡ ᠤᠯᠤᠰ ᠨᠢ ᠫᠠᠷᠯᠠᠮᠧᠨᠲ ᠤᠨ ᠰᠢᠰᠲ᠋ᠧᠮ ᠢᠶᠡᠷ ᠤᠳᠤᠷᠢᠳᠤᠭᠤᠯᠳᠠᠭ ᠪᠥᠭᠡᠳ ᠵᠠᠰᠠᠭ ᠤᠨ ᠭᠠᠵᠠᠷ ᠨᠢ ᠨᠡᠶᠢᠰᠯᠡᠯ ᠯᠣᠨᠳᠣᠨ ᠳᠤ ᠣᠷᠣᠰᠢᠳᠠᠭ᠃ ᠮᠥᠨ ᠦᠨᠳᠦᠰᠦᠨ ᠬᠠᠤᠯᠢ ᠳᠤ ᠬᠠᠭᠠᠨᠲᠤ ᠤᠯᠤᠰ ᠪᠥᠭᠡᠳ ᠲᠥᠷᠥ ᠶᠢᠨ ᠲᠡᠷᠢᠭᠦᠨ ᠨᠢ ᠬᠠᠲᠤᠨ ᠬᠠᠭᠠᠨ II ᠢᠯᠢᠽᠡᠪᠡᠢᠰ ᠶᠤᠮ᠃ ᠰᠤᠪᠠᠭ ᠤᠨ ᠠᠷᠠᠯ ᠤᠳ ᠪᠣᠯᠤᠨ ᠮᠡᠩ ᠠᠷᠠᠯ ᠠᠴᠠ ᠲᠣᠭᠲᠠᠭᠰᠠᠨ ᠲᠢᠲᠢᠮ ᠦᠨ ᠭᠠᠵᠠᠷ ᠤᠳ (Crown Dependencies) ᠨᠢ ᠠᠯᠪᠠᠨ ᠶᠣᠰᠣᠭᠠᠷ ᠤᠯᠤᠰ ᠤᠨ ᠡᠵᠡᠮᠰᠢᠯ ᠪᠣᠯᠪᠠᠴᠤ ᠨᠢᠭᠡᠳᠦᠭᠰᠡᠨ ᠸᠠᠩᠲᠤ ᠤᠯᠤᠰ ᠤᠨ ᠬᠡᠰᠡᠭ ᠪᠢᠰᠢ᠂ ᠬᠠᠷᠢᠨ ᠲᠡᠭᠦᠨ ᠲᠡᠢ ᠬᠣᠯᠪᠣᠭ᠎ᠠ ᠡᠭᠦᠰᠬᠡᠳᠡᠭ᠃ ᠨᠢᠭᠡᠳᠦᠭᠰᠡᠨ ᠸᠠᠩᠲᠤ ᠤᠯᠤᠰ ᠨᠢ ᠬᠠᠭᠤᠴᠢᠨ ᠪᠷᠢᠲ᠋ᠠᠨ(ᠠᠩᠭᠯᠢ) ᠤᠨ ᠡᠵᠡᠨ ᠳᠦ ᠭᠦᠷᠦᠨ ᠦ ᠬᠡᠰᠡᠭ ᠦᠳ ᠪᠠᠶᠢᠭᠰᠠᠨ᠂ 14 ᠭᠠᠳᠠᠭᠠᠳᠤ ᠬᠠᠷᠢᠶᠠᠲᠤ ᠭᠠᠵᠠᠷ ᠲᠠᠢ᠃ ᠪᠷᠢᠲ᠋ᠠᠨ(ᠠᠩᠭᠯᠢ) ᠤᠨ ᠡᠵᠡᠨᠲᠦ ᠭᠦᠷᠦᠨ ᠨᠢ ᠳᠡᠯᠡᠬᠡᠢ ᠶᠢᠨ ᠬᠠᠭᠤᠷᠠᠢ ᠭᠠᠵᠠᠷ ᠤᠨ ᠪᠠᠷᠤᠭ ᠳᠥᠷᠪᠡᠨ ᠦ ᠨᠢᠭᠡ ᠶᠢ ᠡᠵᠡᠯᠡᠵᠦ᠂ ᠲᠡᠦᠬᠡᠨ ᠳᠦ ᠬᠢ ᠬᠠᠮᠤᠭ ᠤᠨ ᠲᠣᠮᠣ ᠡᠵᠡᠨᠲᠦ ᠭᠦᠷᠦᠨ ᠪᠠᠶᠢᠴᠠᠢ᠃ ᠡᠨᠡ ᠭᠦᠷᠦᠨ ᠡᠴᠡ ᠰᠢᠭᠤᠳ ᠰᠢᠯᠲᠠᠭᠠᠯᠠᠵᠤ ᠺᠠᠨᠠᠳᠠᠠᠦᠢᠰᠲ᠋ᠷᠯᠢᠶ᠎ᠠᠰᠢᠨ᠎ ᠡ ᠽᠸᠨᠯᠠᠨᠲᠤ᠋ᠡᠨᠡᠳᠬᠡᠭᠫᠠᠺᠢᠰᠲᠠᠨᠡᠮᠦᠨᠡᠲᠦ ᠠᠹᠷᠢᠺᠠᠰᠢᠩᠭᠠᠫᠦᠷᠱᠷᠢ ᠯᠠᠨᠺᠠᠮᠧᠷᠢᠺᠠ ᠶᠢᠨ ᠨᠢᠭᠡᠳᠦᠭᠰᠡᠨ ᠤᠯᠤᠰ ᠭᠡᠬᠦ ᠮᠡᠲᠦ ᠤᠯᠤᠰ ᠤᠳ ᠲᠤ ᠪᠷᠢᠲ᠋ᠠᠨ(ᠠᠩᠭᠯᠢ) ᠨᠢ ᠶᠡᠬᠡᠳᠡ ᠨᠥᠯᠦᠭᠡᠯᠡᠵᠦ᠂ ᠨᠥᠯᠥᠭᠡᠯᠡᠯ ᠨᠢ ᠲᠡᠳᠡᠭᠡᠷ ᠦᠨ ᠬᠡᠯᠡ᠂ ᠰᠤᠶᠤᠯ ᠤᠷᠠᠯᠢᠭ ᠵᠡᠷᠭᠡ ᠳᠦ ᠠᠵᠢᠭᠡᠯᠡᠭᠳᠠᠨ᠎ᠠ᠃ ᠬᠠᠲᠤᠨ ᠬᠠᠭᠠᠨ I ᠢᠯᠢᠽᠡᠪᠡᠢᠰ ᠨᠢ ᠦᠨᠳᠦᠰᠦᠲᠡᠨ ᠨᠦᠭᠦᠳ ᠦᠨ ᠬᠠᠮᠲᠤ ᠶᠢᠨ ᠨᠥᠬᠥᠷᠯᠡᠯ ᠦᠨ (Commonwealth of Nations) ᠲᠡᠷᠢᠭᠦᠨ ᠬᠡᠪ ᠢᠶᠡᠷ ᠦᠯᠡᠳᠡᠭᠰᠡᠨ ᠪᠥᠭᠡᠳ ᠭᠡᠰᠢᠭᠦᠨ ᠣᠷᠣᠨ ᠨᠤᠭᠤᠳ ᠤᠨ ᠲᠥᠷᠥ ᠶᠢᠨ ᠲᠡᠷᠢᠭᠦᠨ ᠶᠤᠮ᠃

ᠨᠢᠭᠡᠳᠦᠭᠰᠡᠨ ᠸᠠᠩᠲᠤ ᠤᠯᠤᠰ ᠨᠢ ᠥᠨᠳᠥᠷ ᠬᠥᠭᠵᠢᠯᠲᠡᠢ ᠣᠷᠣᠨ ᠪᠥᠭᠡᠳ ᠡᠳ᠋ ᠍ ᠦᠨ ᠵᠠᠰᠠᠭ ᠨᠢ ᠳᠡᠯᠡᠬᠡᠢ ᠳᠦ ᠵᠢᠷᠭᠤᠭ᠎ᠠ ᠳᠤ (ᠬᠤᠳᠠᠯᠳᠤᠨ ᠠᠪᠬᠤ ᠴᠢᠳᠠᠪᠤᠷᠢ ᠶᠢᠨ ᠫᠠᠷᠢᠲ᠋ᠧᠲ ᠢᠶᠠᠷ ᠲᠣᠭᠠᠴᠠᠭᠰᠠᠨ ᠦᠨᠳᠦᠰᠦᠨ ᠦ ᠨᠡᠶᠢᠲᠡ ᠪᠦᠲᠦᠭᠡᠭᠳᠡᠬᠦᠨ) ᠡᠰᠡᠪᠡᠯ ᠲᠠᠪᠤ ᠳᠤ (ᠨᠣᠮᠨᠠᠯ ᠦᠨᠳᠦᠰᠦᠨ ᠦ ᠨᠡᠶᠢᠲᠡ ᠪᠦᠲᠦᠭᠡᠭᠳᠡᠬᠦᠨ) ᠣᠷᠣᠨ᠎ᠠ᠃ 19 ᠪᠠ 20 ᠍ ᠳᠦᠭᠡᠷ ᠵᠠᠭᠤᠨ ᠤ ᠡᠬᠢᠨ ᠦᠶ᠎ᠡ ᠳᠦ ᠳᠡᠯᠡᠬᠡᠢ ᠶᠢᠨ ᠬᠠᠮᠤᠭ ᠤᠨ ᠬᠦᠴᠦᠷᠬᠡᠭ ᠭᠦᠷᠦᠨ ᠪᠠᠶᠢᠭᠰᠠᠨ ᠪᠣᠯᠪᠠᠴᠤ ᠳᠡᠯᠡᠬᠡᠢ ᠶᠢᠨ ᠬᠣᠶᠠᠷ ᠳᠠᠶᠢᠨ᠂ 20 ᠍ ᠳᠦᠭᠡᠷ ᠵᠠᠭᠤᠨ ᠤ ᠰᠡᠭᠦᠯ ᠦᠶ᠎ᠡ ᠳᠦ ᠲᠣᠬᠢᠶᠠᠯᠳᠤᠭᠰᠠᠨ ᠡᠵᠡᠨᠲᠦ ᠭᠦᠷᠦᠨ ᠦ ᠬᠢ ᠨᠢ ᠵᠠᠳᠠᠷᠠᠯ ᠵᠡᠷᠭᠡ ᠡᠴᠡ ᠰᠢᠯᠭᠠᠭᠠᠯᠠᠵᠤ ᠳᠡᠯᠡᠬᠡᠢ ᠶᠢᠨ ᠠᠵᠢᠯ ᠬᠡᠷᠡᠭ ᠲᠦ ᠲᠡᠷᠢᠭᠦᠯᠡᠭᠴᠢ ᠪᠠᠶᠢᠷᠢ ᠰᠠᠭᠤᠷᠢ ᠲᠠᠢ ᠤᠷᠤᠯᠴᠠᠬᠤ ᠶᠠᠪᠤᠳᠠᠯ ᠨᠢ ᠪᠠᠭᠠᠰᠴᠠᠢ᠃ ᠭᠡᠯ᠎ᠡ ᠴᠤ ᠭᠡᠰᠡᠨ ᠡᠳ᠋ ᠍ ᠦᠨ ᠵᠠᠰᠠᠭᠰᠤᠶᠤᠯ ᠤᠷᠠᠯᠢᠭᠴᠡᠷᠢᠭ ᠠᠷᠮᠢᠤᠯᠤᠰ ᠲᠥᠷᠥ ᠶᠢᠨ ᠨᠥᠯᠥᠭᠡ ᠨᠢ ᠶᠡᠬᠡ ᠪᠥᠭᠡᠳ ᠴᠥᠮ᠎ᠡ ᠶᠢᠨ ᠵᠡᠪᠰᠡᠭᠲᠡᠢ ᠣᠷᠣᠨ ᠶᠤᠮ᠃ ᠨᠢᠭᠡᠳᠦᠭᠰᠡᠨ ᠸᠠᠩᠲᠤ ᠤᠯᠤᠰ ᠤᠨ ᠴᠡᠷᠢᠭ᠂ ᠬᠠᠮᠠᠭᠠᠯᠠᠯᠲᠠᠨ ᠳᠤ ᠵᠠᠷᠤᠴᠠᠭᠤᠯᠬᠤ ᠮᠥᠩᠭᠥᠨ ᠦ ᠬᠡᠮᠵᠢᠶ᠎ᠡ ᠨᠢ ᠳᠡᠯᠡᠬᠡᠢ ᠳᠦ ᠬᠣᠶᠠᠷ ᠲᠤ ᠡᠰᠡᠪᠡᠯ ᠭᠤᠷᠪᠠ ᠳᠤ (ᠲᠣᠭᠠᠴᠠᠭᠠᠯᠠᠬᠤ ᠠᠷᠭ᠎ᠠ ᠠᠴᠠ ᠰᠢᠯᠲᠠᠭᠠᠯᠠᠨ᠎ᠠ) ᠣᠷᠣᠨ᠎ᠠ᠃ ᠨᠢᠭᠡᠳᠦᠭᠰᠡᠨ ᠦᠨᠳᠦᠰᠦᠨ ᠦ ᠪᠠᠶᠢᠭᠤᠯᠤᠯᠭ᠎ᠠ ᠍ ᠤᠨ ᠠᠶᠤᠯ ᠦᠭᠡᠢ ᠶᠢᠨ ᠵᠥᠪᠯᠡᠯ ᠤᠨ ᠪᠠᠶᠢᠩᠭᠤ ᠶᠢᠨ ᠭᠡᠰᠢᠭᠦᠨ ᠪᠥᠭᠡᠳ ᠧᠦ᠋ᠷᠣᠫᠠ ᠶᠢᠨ ᠬᠣᠯᠪᠣᠭ᠎ᠠᠶᠡᠬᠡ ᠨᠠᠶᠢᠮᠠ(G8)᠂ North Atlantic Treaty Organization, ᠳᠡᠯᠡᠬᠡᠢ ᠶᠢᠨ ᠬᠤᠳᠠᠯᠳᠤᠭᠠᠨ ᠤ ᠪᠠᠶᠢᠭᠤᠯᠤᠯᠭ᠎ᠠᠦᠨᠳᠦᠰᠦᠲᠡᠨ ᠨᠦᠭᠦᠳ ᠦᠨ ᠬᠠᠮᠲᠤ ᠶᠢᠨ ᠨᠥᠬᠥᠷᠯᠡᠯ ᠵᠡᠷᠭᠡ ᠪᠠᠶᠢᠭᠤᠯᠤᠯᠭ᠎ᠠ ᠨᠤᠭᠤᠳ ᠤᠨ ᠭᠡᠰᠢᠭᠦᠨ ᠶᠤᠮ᠃

ᠲᠡᠦᠬᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠷᠢᠲ᠋ᠠᠨ(ᠠᠩᠭᠯᠢ) ᠪᠤᠶᠤ Britain ᠭᠡᠳᠡᠭ ᠨᠡᠷ᠎ᠡ ᠨᠢ ᠭᠷᠧᠺᠯᠠᠲ᠋ᠢᠨ ᠭᠠᠷᠤᠯᠲᠠᠢ᠂ ᠡᠷᠲᠡᠨ ᠦ ᠰᠧᠯᠲ᠋ᠢᠭ ᠦᠭᠡ ᠭᠡᠵᠦ ᠦᠵᠡᠳᠡᠭ᠃ ᠠᠩᠭᠯᠢ-ᠰᠠᠺᠰᠣᠨ ᠭᠠᠷᠤᠯ ᠲᠠᠢ ᠰᠧᠯ ᠳᠦᠴᠤᠤ ᠳᠤ ᠪᠷᠢᠲ᠋ᠠᠨ(ᠠᠩᠭᠯᠢ) ᠤᠨ ᠠᠷᠠᠯ ᠳᠤ ᠢᠷᠡᠵᠦ ᠰᠠᠭᠤᠷᠢᠰᠢᠭᠰᠠᠨ ᠴᠠᠭ ᠠᠴᠠ ᠪᠷᠢᠲ᠋ᠠᠨ(ᠠᠩᠭᠯᠢ) ᠭᠡᠳᠡᠭ ᠨᠡᠷ᠎ᠡ ᠬᠡᠷᠡᠭᠯᠡᠭᠳᠡᠬᠦ ᠪᠣᠯᠤᠭᠰᠠᠨ ᠪᠠᠶᠢᠨ᠎ᠠ᠃ ᠮᠠᠨ ᠤ ᠡᠷᠡᠨ ᠦ ᠡᠮᠦᠨ᠎ᠡ 55-54 ᠣᠨ ᠳᠤ ᠶᠦᠯᠢ ᠼᠧᠽᠠᠷ ᠤᠨ ᠬᠢᠭᠰᠡᠨ ᠠᠶᠠᠨ ᠳᠠᠶᠢᠨ ᠠᠴᠠ ᠬᠣᠶᠢᠰᠢ ᠪᠷᠢᠲ᠋ᠠᠨᠢᠴᠤᠤᠳ ᠪᠣᠯᠤᠨ ᠷᠣᠮᠣᠴᠤᠳ ᠤᠨ ᠬᠣᠭᠣᠷᠣᠨᠳᠣ ᠶᠢᠨ ᠬᠣᠯᠪᠣᠭ᠎ᠠ ᠪᠤᠢ ᠪᠣᠯᠵᠤ᠂ ᠮᠠᠨ ᠤ ᠡᠷᠡᠨ ᠦ ᠡᠮᠦᠨ᠎ᠡ 43 ᠣᠨ ᠭᠡᠬᠦ ᠳᠦ ᠡᠮᠦᠨᠡᠲᠦ ᠪᠣᠯᠤᠨ ᠵᠡᠭᠦᠨ ᠠᠩᠭᠯᠢ ᠲᠡᠳᠦᠢ ᠦᠭᠡᠢ ᠸᠯᠰᠰᠺᠣᠲ᠋ᠯᠠᠨᠳ᠋ ᠍ ᠤᠨ ᠨᠠᠮ ᠳᠣᠣᠷ᠎ᠠ ᠬᠡᠰᠡᠭ ᠢ ᠷᠣᠮᠠᠴᠤᠳ ᠡᠵᠡᠯᠡᠨ ᠠᠪᠴᠤ᠂ ᠨᠣᠶᠠᠷᠬᠠᠯ ᠢᠶᠠᠨ ᠲᠣᠭᠲᠠᠭᠠᠵᠤ ᠪᠠᠶᠢᠵᠠᠢ᠃ ᠷᠤᠮᠠᠨᠢᠶ ᠠ ᠨᠣᠶᠠᠷᠬᠠᠯ ᠪᠤᠲᠠᠷᠠᠨ ᠤᠨᠠᠵᠤ ᠪᠠᠶᠢᠭᠰᠠᠨ 409 ᠣᠨ ᠤ ᠭᠡᠬᠦ ᠳᠦ ᠬᠣᠶᠢᠳᠤ ᠧᠦ᠋ᠷᠣᠫᠠ ᠠᠴᠠ ᠠᠩᠭᠯᠢᠴᠢ ᠨᠤᠭᠤᠳ᠂ ᠰᠠᠺᠰᠣᠨᠴᠤᠳ ᠪᠣᠯᠤᠨ ᠵᠢᠲᠤᠰ ᠤᠳ ᠪᠷᠢᠲ᠋ᠠᠨ(ᠠᠩᠭᠯᠢ) ᠤᠨ ᠬᠣᠶᠢᠭ ᠲᠤ ᠲᠦᠷᠢᠨ ᠣᠷᠣᠵᠤ ᠢᠷᠡᠭᠰᠡᠨ ᠢᠶᠡᠷ ᠵᠢᠵᠢᠭ ᠵᠢᠵᠢᠭ ᠬᠠᠨᠯᠢᠭ ᠤᠳ ᠪᠦᠷᠢᠯᠳᠦᠵᠦ᠂ ᠲᠡᠳᠡᠨ ᠦ ᠳᠣᠲᠣᠷ᠎ᠠ ᠠᠴᠠ ᠨᠣᠷᠲᠤᠬᠤᠮᠪᠷᠢᠶᠠ᠂ ᠮᠧᠷᠰᠢᠶᠠ᠂ ᠸᠧᠰᠰᠧᠺᠰ ᠵᠡᠷᠭᠡ ᠬᠠᠨᠯᠢᠭ ᠤᠳ ᠡᠭᠡᠯᠵᠢ ᠳᠠᠷᠠᠭᠠᠯᠠᠨ ᠬᠦᠴᠦᠷᠬᠡᠭᠵᠢᠵᠦ ᠢᠷᠡᠭᠰᠡᠨ᠂ ᠲᠡᠳᠡᠭᠡᠷ ᠢ "ᠠᠩᠭᠯᠢᠴᠢ ᠨᠤᠭᠤᠳ" ᠭᠡᠵᠦ ᠨᠡᠷᠡᠯᠡᠬᠦ ᠪᠣᠯᠤᠭᠰᠠᠨ ᠪᠠᠶᠢᠨ᠎ᠠ᠃ ᠠᠩᠭᠯᠢ" (England) ᠭᠡᠳᠡᠭ ᠨᠢ 5 ᠳ᠋ᠤᠭᠠᠷ ᠵᠠᠭᠤᠨ ᠤ ᠦᠶ᠎ᠡ ᠳᠦ ᠷᠣᠮᠠᠴᠤᠳ ᠢ ᠲᠦᠯᠬᠢᠨ ᠭᠠᠷᠭᠠᠵᠤ᠂ ᠪᠷᠢᠲ᠋ᠠᠨ(ᠠᠩᠭᠯᠢ) ᠤᠨ ᠳᠤᠮᠳᠠ ᠬᠡᠰᠡᠭ ᠲᠦ ᠨᠣᠶᠠᠷᠬᠠᠯ ᠢᠶᠠᠨ ᠲᠣᠭᠲᠠᠭᠠᠭᠰᠠᠨ ᠡᠳᠡᠭᠡᠷ ᠣᠪᠤᠭ᠂ ᠠᠶᠢᠮᠠᠭ ᠤᠳ ᠤᠨ ᠨᠢᠭᠡ ᠪᠣᠯᠬᠤ ᠭᠧᠷᠮᠠᠨ ᠭᠠᠷᠤᠯ ᠲᠠᠢ ᠠᠩᠭᠯᠢᠴᠢ ᠨᠤᠭᠤᠳ ᠤᠨ ᠨᠡᠷᠡᠨ ᠡᠴᠡ ᠡᠭᠦᠰᠦᠯ ᠲᠡᠢ᠃ ᠲᠡᠳᠡᠭᠡᠷ ᠣᠪᠤᠭ᠂ ᠠᠶᠢᠮᠠᠭ ᠤᠳ ᠤᠨ ᠳᠣᠲᠣᠷ᠎ᠠ ᠠᠴᠠ 924-939 ᠣᠨ ᠳᠤ ᠡᠷᠬᠡ ᠪᠠᠷᠢᠵᠤ ᠪᠠᠶᠢᠭᠰᠠᠨ ᠠᠲ᠋ᠴᠡᠯᠰᠲ᠋ᠠᠨ "ᠪᠷᠢᠲ᠋ᠠᠨ(ᠠᠩᠭᠯᠢ) ᠤᠨ ᠬᠠᠭᠠᠨ" ᠭᠡᠳᠡᠭ ᠬᠡᠷᠭᠡᠮ ᠢ ᠠᠩᠬ᠎ᠠ ᠬᠡᠷᠡᠭᠯᠡᠵᠦ ᠪᠠᠶᠢᠭᠰᠠᠨ ᠪᠥᠭᠡᠳ 954 ᠣᠨ ᠳᠤ ᠠᠩᠭᠯᠢ ᠶᠢᠨ ᠨᠢᠭᠡᠳᠦᠭᠰᠡᠨ ᠡᠵᠡᠨᠲᠦ ᠤᠯᠤᠰ ᠲᠣᠭᠲᠠᠵᠠᠢ᠃

ᠣᠳᠣ ᠶᠢᠨ ᠬᠠᠲᠤᠨ ᠬᠠᠭᠠᠨ ᠤ ᠭᠡᠷ ᠪᠦᠯᠢ ᠡᠷᠲᠡᠨ ᠦ ᠸᠧᠰᠰᠧᠺᠰ ᠤᠨ ᠬᠠᠭᠠᠨ ᠤ ᠤᠳᠤᠮ ᠲᠠᠢ ᠬᠣᠯᠪᠣᠭᠳᠠᠳᠠᠭ ᠪᠥᠭᠡᠳ ᠡᠶᠢᠮᠦ ᠡᠴᠡ ᠴᠤ 1999 ᠣᠨ ᠳᠤ ᠬᠠᠲᠤᠨ ᠬᠠᠭᠠᠨ ᠤ ᠪᠠᠭ᠎ᠠ ᠬᠦᠦ ᠬᠤᠨ ᠲᠠᠶᠢᠵᠢ ᠡᠳ᠋ᠪᠠᠷᠳᠠ ᠸᠧᠰᠰᠧᠺᠰ ᠦᠨ ᠭᠦᠨ ᠴᠣᠯᠠ ᠬᠦᠷᠲᠡᠭᠰᠡᠨ ᠪᠠᠶᠢᠨ᠎ᠠ᠃

10 ᠍ ᠳᠦᠭᠡᠷ ᠵᠠᠭᠤᠨ ᠤ ᠦᠶ᠎ᠡ ᠳᠦ ᠰᠺᠠᠨᠳᠢᠨᠠᠪᠢ ᠠᠴᠠ ᠣᠷᠣᠵᠤ ᠢᠷᠡᠭᠰᠡᠨ ᠸᠢᠭᠠᠨ ᠢᠡᠭᠦᠳᠡ ᠳᠦ ᠸᠧᠰᠰᠧᠺᠰ ᠦᠨ ᠬᠠᠭᠠᠨᠴᠢᠯᠠᠯ ᠢᠯᠠᠭᠳᠠᠵᠤ᠂ ᠳ᠋ᠠᠨᠮᠠᠷᠺ ᠨᠤᠭᠤᠳ ᠤᠨ ᠨᠣᠶᠠᠷᠬᠠᠯ ᠲᠣᠭᠲᠠᠭᠰᠠᠨ ᠪᠣᠯ 1066 ᠣᠨ ᠳᠤ ᠠᠩᠭᠯᠢ ᠶᠢ ᠹᠷᠠᠨᠼᠢ ᠠᠴᠠ ᠭᠠᠷᠤᠯ ᠲᠠᠢ ᠨᠣᠷᠮᠠᠨᠴᠤᠳ ᠡᠵᠡᠯᠡᠨ ᠠᠪᠴᠤ᠂ ᠨᠣᠷᠮᠠᠨ ᠳᠤ ᠍ ᠤᠨ ᠸᠠᠩ ᠸᠢᠯᠢᠮ ᠬᠠᠭᠠᠨ ᠰᠢᠷᠡᠭᠡᠨ ᠳᠦ ᠵᠠᠯᠠᠷᠠᠵᠤ I ᠸᠢᠯᠢᠮ ᠬᠠᠭᠠᠨ ᠭᠡᠵᠦ ᠨᠡᠷᠡᠯᠡᠭᠳᠡᠬᠦ ᠪᠣᠯᠵᠤ᠂ ᠹᠷᠠᠨᠽᠢᠴᠤᠳ 3 ᠵᠠᠭᠤᠨ ᠤ ᠲᠤᠷᠰᠢ ᠨᠣᠶᠠᠷᠬᠠᠵᠤ᠂ ᠪᠷᠢᠲ᠋ᠠᠨ(ᠠᠩᠭᠯᠢ) ᠤᠨ ᠠᠯᠪᠠᠨ ᠶᠣᠰᠣᠨ ᠤ ᠬᠡᠯᠡ ᠨᠢ ᠹᠷᠠᠨᠼᠢ ᠬᠡᠯᠡ ᠪᠠᠶᠢᠭᠰᠠᠨ ᠪᠠᠶᠢᠨ᠎ᠠ᠃

1536-1542 ᠣᠨ ᠨᠤᠭᠤᠳ ᠲᠤ ᠬᠠᠭᠠᠨᠴᠢᠯᠠᠵᠤ ᠪᠠᠶᠢᠭᠰᠠᠨ VIII ᠬᠦᠷ ᠦᠨ ᠦᠶ᠎ᠡ ᠳᠦ ᠠᠩᠭᠯᠢ᠂ ᠸᠯᠰ ᠵᠠᠰᠠᠭ ᠵᠠᠬᠢᠷᠭᠠᠨ ᠤ ᠬᠤᠪᠢ ᠳᠤ ᠠᠯᠪᠠᠨ ᠶᠣᠰᠣᠭᠠᠷ ᠨᠢᠭᠡᠳᠴᠦ᠂ ᠬᠠᠲᠤᠨ ᠬᠠᠭᠠᠨ ᠠᠨ ᠤ ᠦᠶ᠎ᠡ ᠳᠦ 1707 ᠣᠨ ᠳᠤ ᠠᠩᠭᠯᠢᠰᠺᠣᠲ᠋ᠯᠠᠨᠳ᠋ ᠍ ᠤᠨ ᠬᠣᠯᠪᠣᠭ᠎ᠠ ᠪᠠᠶᠢᠭᠤᠯᠤᠭᠳᠠᠭᠰᠠᠨ ᠠᠵᠡᠢ᠃

ᠵᠠᠰᠠᠭ ᠵᠠᠬᠢᠷᠭ᠎ᠠ ᠪᠣᠯᠤᠨ ᠤᠯᠤᠰ ᠲᠥᠷᠥ[ᠵᠠᠰᠠᠪᠤᠷᠢᠯᠠᠬᠤ | ᠺᠣᠳ᠋ ᠢᠶᠠᠷ ᠵᠠᠰᠠᠬᠣ]

ᠨᠢᠭᠡᠳᠦᠭᠰᠡᠨ ᠸᠠᠩᠲᠤ ᠤᠯᠤᠰ ᠤᠨ ᠬᠠᠤᠯᠢ ᠲᠣᠭᠲᠠᠭᠠᠬᠤ ᠳᠡᠭᠡᠳᠦ ᠪᠠᠶᠢᠭᠤᠯᠤᠯᠭ᠎ᠠ ᠨᠢ ᠪᠷᠢᠲ᠋ᠠᠨ ᠤ ᠫᠠᠷᠯᠠᠮᠧᠨᠲ ᠶᠤᠮ᠃ ᠬᠠᠭᠠᠨ ᠰᠢᠷᠡᠭᠡ᠂ ᠯᠣᠷᠳ᠋ ᠍ ᠤᠳ ᠤᠨ ᠲᠠᠩᠬᠢᠮ (House of Lords)᠂ ᠲᠥᠯᠥᠭᠡᠯᠡᠭᠴᠢᠳ ᠦᠨ ᠲᠠᠩᠬᠢᠮ (House of Commons) ᠍ ᠠᠴᠠ ᠪᠦᠷᠢᠳᠳᠡᠭ᠃ ᠭᠡᠬᠦ ᠳᠦ ᠪᠡᠨ ᠶᠡᠬᠡᠪᠴᠢᠯᠡᠨ ᠬᠠᠭᠠᠨ ᠪᠤᠶᠤ ᠬᠠᠲᠤᠨ ᠬᠠᠭᠠᠨ ᠦᠢᠯᠡ ᠠᠵᠢᠯᠯᠠᠭᠠᠨ ᠳᠤ ᠣᠷᠣᠯᠴᠠᠳᠠᠭ ᠦᠭᠡᠢ᠃ ᠥᠨᠥ ᠦᠶ᠎ᠡ ᠳᠦ ᠲᠥᠯᠥᠭᠡᠯᠡᠭᠴᠢᠳ ᠦᠨ ᠲᠠᠩᠬᠢᠮ ᠶᠡᠬᠡᠩᠬᠢ ᠡᠭᠦᠷᠭᠡ ᠶᠢ ᠭᠦᠢᠴᠡᠳᠭᠡᠵᠦ ᠲᠠᠩᠬᠢᠮ ᠤᠨ ᠭᠡᠰᠢᠭᠦᠨ ᠢ ᠫᠠᠷᠯᠠᠮᠧᠨᠲ ᠤᠨ ᠭᠡᠰᠢᠭᠦᠨ ᠭᠡᠳᠡᠭ᠃ ᠶᠠᠮᠠᠷᠴᠤ ᠰᠢᠨ᠎ᠡ ᠬᠠᠤᠯᠢ᠂ ᠥᠭᠡᠷᠡᠴᠢᠯᠡᠯᠲᠡ᠂ ᠬᠣᠷᠢᠭ᠂ ᠲᠠᠲᠠᠪᠤᠷᠢ ᠨᠣᠭᠳᠠᠭᠤᠯᠤᠯᠲᠠ ᠲᠡᠳᠡᠨ ᠦ ᠰᠢᠢᠳᠪᠦᠷᠢ ᠦᠭᠡᠢ ᠪᠡᠷ ᠲᠠᠯᠪᠢᠭᠳᠠᠳᠠᠭ ᠦᠭᠡᠢ᠃ ᠮᠥᠨ ᠡᠶᠢᠮᠦ ᠳᠦ ᠣᠷᠣᠨ ᠨᠤᠲᠤᠭ ᠤᠨ ᠪᠦᠬᠦ ᠤᠳᠤᠷᠢᠳᠤᠯᠭ᠎ᠠ ᠫᠠᠷᠯᠠᠮᠧᠨᠲ ᠤᠨ ᠰᠢᠢᠳᠪᠦᠷᠢ ᠪᠡᠷ ᠬᠥᠳᠡᠯᠳᠡᠭ᠃ ᠵᠠᠰᠠᠭ ᠤᠨ ᠭᠠᠵᠠᠷ ᠤᠨ ᠭᠡᠰᠢᠭᠦᠳ᠂ ᠶᠡᠷᠦᠩᠬᠡᠢ ᠰᠠᠶᠢᠳ ᠨᠠᠷ ᠨᠢ ᠠᠯᠢ ᠨᠢᠭᠡ ᠲᠠᠩᠬᠢᠮ ᠤᠨ ᠭᠡᠰᠢᠭᠦᠨ ᠪᠠᠶᠢᠬᠤ ᠪᠥᠭᠡᠳ ᠲᠥᠯᠥᠭᠡᠯᠡᠭᠴᠢᠳ ᠦᠨ ᠲᠠᠩᠬᠢᠮ ᠳᠤ ᠡᠭᠦᠷᠭᠡ ᠬᠦᠯᠢᠶᠡᠵᠦ ᠪᠠᠶᠢᠳᠠᠭ᠃ ᠬᠠᠷᠢᠨ ᠯᠣᠷᠳ᠋ ᠍ ᠤᠳ ᠤᠨ ᠲᠠᠩᠬᠢᠮ ᠨᠢ ᠪᠷᠢᠲ᠋ᠠᠨ ᠤ ᠰᠢᠭᠦᠬᠦ ᠲᠣᠭᠲᠠᠯᠴᠠᠭᠠᠨ ᠤ ᠳᠡᠭᠡᠳᠦ ᠪᠠᠶᠢᠭᠤᠯᠤᠯᠭ᠎ᠠ ᠪᠣᠯᠳᠠᠭ ᠪᠠᠶᠢᠨ᠎ᠠ᠃

ᠲᠥᠯᠥᠭᠡᠯᠡᠭᠴᠢᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠲᠥᠯᠥᠭᠡᠯᠡᠭᠴᠢᠳ ᠦᠨ ᠲᠠᠩᠬᠢᠮ ᠨᠢ 659 ᠭᠡᠰᠢᠭᠦᠳ ᠲᠡᠢ ᠪᠥᠭᠡᠳ ᠲᠡᠩᠴᠡᠪᠦᠷᠢᠲᠡᠢ ᠲᠣᠭᠣᠷᠢᠭ ᠤᠳ ᠠᠴᠠ ᠪᠷᠢᠲ᠋ᠠᠨ ᠤ 18 ᠨᠠᠰᠤ ᠬᠦᠷᠦᠭᠰᠡᠨ ᠢᠷᠭᠡᠳ ᠡᠴᠡ ᠰᠣᠩᠭᠣᠳᠠᠭ᠃ ᠫᠠᠷᠯᠠᠮᠧᠨᠲ ᠳᠡᠭᠡᠳᠦ ᠲᠠᠯ᠎ᠠ ᠨᠢ 5 ᠵᠢᠯ ᠢᠶᠡᠷ ᠰᠣᠩᠭᠣᠭᠳᠠᠵᠤ᠂ ᠤᠯᠤᠰ ᠲᠥᠷᠥ ᠶᠢᠨ ᠱᠠᠭᠠᠷᠳᠠᠯᠭ᠎ᠠ ᠶᠢᠨ ᠤᠯᠠᠮ ᠠᠴᠠ ᠶᠡᠷᠦᠩᠬᠡᠢ ᠰᠠᠶᠢᠳ ᠤᠨ ᠰᠠᠨᠠᠯ ᠪᠣᠯᠭᠠᠭᠰᠠᠨ ᠢᠶᠠᠷ ᠰᠣᠩᠭᠣᠭᠤᠯᠢ ᠶᠢ ᠵᠣᠬᠢᠶᠠᠨ ᠪᠠᠶᠢᠭᠤᠯᠵᠤ ᠪᠣᠯᠤᠨ᠎ᠠ᠃ ᠬᠡᠷᠪᠡ ᠵᠠᠰᠠᠭ ᠤᠨ ᠭᠠᠵᠠᠷ᠂ ᠲᠥᠯᠥᠭᠡᠯᠡᠭᠴᠢᠳ ᠦᠨ ᠲᠠᠩᠬᠢᠮ ᠳᠤ ᠣᠯᠠᠩᠬᠢ ᠪᠣᠯᠤᠭᠰᠠᠨ ᠨᠠᠮ ᠠᠴᠠ ᠪᠦᠷᠢᠳᠪᠡᠯ ᠡᠰᠡᠪᠡᠯ ᠲᠥᠯᠥᠭᠡᠯᠡᠭᠴᠢᠳ ᠦᠨ ᠲᠠᠩᠬᠢᠮ ᠢᠶᠠᠷ ᠢᠲᠡᠭᠡᠯ ᠬᠦᠯᠢᠶᠡᠯᠭᠡᠬᠦ ᠦᠭᠡᠢ ᠭᠡᠵᠦ ᠦᠵᠡᠪᠡᠯ ᠣᠭᠴᠠᠷᠠᠨ᠎ᠠ᠃ ᠳᠠᠬᠢᠨ ᠰᠣᠩᠭᠣᠭᠤᠯᠢ ᠭᠤᠷᠪᠠᠨ ᠳᠣᠯᠣᠭ᠎ᠠ ᠬᠣᠨᠣᠭ ᠤᠨ ᠳᠣᠲᠣᠷ᠎ᠠ ᠶᠠᠪᠤᠭᠳᠠᠬᠤ ᠶᠣᠰᠣᠲᠠᠢ᠃

ᠯᠣᠷᠳ᠋ ᠍ ᠤᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠯᠣᠷᠳ᠋ ᠍ ᠤᠳ ᠤᠨ ᠲᠠᠩᠬᠢᠮ ᠨᠢ ᠠᠩᠭᠯᠢ ᠶᠢᠨ ᠰᠦᠮ᠎ᠡ ᠨᠦᠭᠦᠳ ᠦᠨ ᠬᠠᠩᠪᠤ ᠨᠠᠷ᠂ ᠤᠭᠰᠠᠭ᠎ᠠ ᠵᠠᠯᠭᠠᠮᠵᠢᠯᠠᠭᠴᠢᠳ᠂ ᠢᠵᠠᠭᠤᠷᠲᠠᠨ ᠨᠤᠭᠤᠳ ᠠᠴᠠ ᠬᠠᠲᠤᠨ ᠬᠠᠭᠠᠨ ᠤ ᠲᠣᠮᠢᠯᠠᠭᠰᠠᠨ 1200 ᠭᠠᠷᠤᠢ ᠭᠡᠰᠢᠭᠦᠨ ᠲᠡᠢ᠃ ᠨᠢᠭᠡᠨ ᠴᠠᠭ ᠲᠤ ᠲᠡᠳᠡ ᠲᠥᠯᠥᠭᠡᠯᠡᠭᠴᠢᠳ ᠲᠡᠢ ᠠᠳᠠᠯᠢ ᠡᠷᠬᠡ ᠲᠡᠢ ᠪᠠᠶᠢᠴᠠᠢ᠃ ᠯᠣᠷᠳ᠋ ᠍ ᠤᠳ ᠬᠠᠤᠯᠢᠩ ᠳᠤ ᠨᠡᠮᠡᠯᠲᠡ ᠲᠤᠰᠬᠠᠯ᠂ ᠵᠢᠭᠠᠪᠤᠷᠢ ᠪᠣᠯᠤᠨ ᠪᠣᠯᠪᠠᠰᠤᠷᠠᠩᠭᠤᠢ ᠪᠣᠯᠭᠠᠬᠤ ᠡᠷᠬᠡ ᠲᠡᠢ᠃ ᠯᠣᠷᠳ᠋ ᠍ ᠤᠳ ᠨᠢ ᠠᠩᠭᠯᠢ ᠶᠢᠨ ᠨᠢᠭᠡ ᠶᠣᠰᠣᠨ ᠤ ᠪᠦᠷᠢᠨ ᠡᠷᠬᠡᠲᠦ ᠤᠳᠤᠷᠢᠳᠤᠭᠴᠢᠳ ᠶᠤᠮ \

ᠣᠷᠴᠢᠨ ᠦᠶ᠎ᠡ ᠶᠢᠨ ᠫᠠᠷᠯᠠᠮᠧᠨᠲ[ᠵᠠᠰᠠᠪᠤᠷᠢᠯᠠᠬᠤ | ᠺᠣᠳ᠋ ᠢᠶᠠᠷ ᠵᠠᠰᠠᠬᠣ]

19 ᠍ ᠳᠦᠭᠡᠷ ᠵᠠᠭᠤᠨ ᠠᠴᠠ ᠲᠥᠯᠥᠭᠡᠯᠡᠭᠴᠢᠳ ᠦᠨ ᠲᠠᠩᠬᠢᠮ ᠠᠷᠠᠳᠴᠢᠯᠠᠭᠳᠠᠭᠰᠠᠨ ᠪᠠᠶᠢᠨ᠎ᠠ᠃ 1832 ᠣᠨ ᠤ ᠶᠡᠬᠡ ᠰᠢᠨᠡᠴᠢᠯᠡᠯᠲᠡ ᠶᠢᠨ ᠲᠥᠰᠥᠯ ᠨᠢ ᠳᠤᠮᠳᠠ ᠠᠩᠭᠢᠢᠬᠤᠨ ᠳᠤ ᠰᠣᠩᠭᠣᠭᠳᠠᠬᠤ ᠡᠷᠬᠡ ᠶᠢ ᠣᠯᠭᠤᠵᠤ᠂ 1867, 1884 ᠣᠨ ᠤ ᠲᠣᠭᠲᠠᠭᠠᠯ ᠢᠶᠠᠷ ᠠᠵᠢᠯᠴᠢᠨ ᠠᠩᠭᠢᠢᠬᠠᠨ ᠰᠣᠩᠭᠣᠭᠳᠠᠬᠤ ᠪᠣᠯᠤᠮᠵᠢ ᠲᠠᠢ ᠪᠣᠯᠪᠠ᠃ 1885 ᠣᠨ ᠳᠤ ᠲᠡᠭᠰᠢ ᠰᠣᠩᠭᠣᠭᠤᠯᠢ ᠶᠢᠨ ᠲᠣᠭᠣᠷᠢᠭ ᠢ ᠪᠣᠯᠭᠠᠭᠰᠠᠨ᠃ 1911 ᠣᠨ ᠤ ᠫᠠᠷᠠᠯᠮᠧᠨᠲ ᠤᠨ ᠰᠢᠢᠳᠪᠦᠷᠢ ᠨᠢ ᠯᠣᠷᠳ᠋ ᠍ ᠤᠳ ᠤᠨ ᠲᠠᠩᠬᠢᠮ ᠤᠨ ᠡᠷᠬᠡ ᠶᠢ ᠬᠠᠰᠤᠵᠠᠢ᠃ 1918 ᠣᠨ ᠳᠤ ᠠᠩᠬ᠎ᠠ 30 ᠨᠠᠰᠤᠲᠠᠢ ᠡᠮᠡᠭᠲᠡᠢ ᠬᠦᠮᠦᠨ ᠰᠣᠩᠭᠣᠭᠳᠠᠵᠤ 1928 ᠣᠨ ᠳᠤ 26 ᠨᠠᠰᠤᠲᠠᠢ ᠡᠮᠡᠭᠲᠡᠢ ᠰᠣᠩᠭᠣᠭᠳᠠᠵᠤ ᠪᠠᠶᠢᠪᠠ᠃ 1969 ᠣᠨ ᠠᠴᠠ ᠰᠣᠩᠭᠣᠭᠳᠠᠬᠤ ᠡᠷᠬᠡ ᠶᠢᠨ ᠳ᠋ᠣᠣ ᠳᠤ ᠨᠠᠰᠤ ᠶᠢ 18 ᠪᠣᠯᠭᠠᠵᠤ ᠪᠠᠭᠠᠰᠬᠠᠭᠰᠠᠨ᠃ 1707 ᠣᠨ ᠤ ᠠᠩᠭᠯᠢ ᠱᠣᠲᠯᠠᠨ᠋ᠳ᠋ ᠍ ᠤᠨ ᠬᠣᠯᠪᠣᠭ᠎ᠠ ᠨᠢ ᠫᠠᠷᠠᠯᠮᠧᠨᠲ ᠲᠤ 16 ᠰᠺᠣᠲ᠋ᠯᠠᠨᠳ᠋ ᠢᠵᠠᠭᠤᠷᠲᠠᠨ᠂ 45 ᠲᠥᠯᠥᠭᠡᠯᠡᠭᠴᠢ ᠶᠢ ᠣᠷᠣᠭᠤᠯᠵᠠᠢ᠃ 1800 ᠣᠨ ᠳᠤ ᠢᠷᠯᠠᠨᠳ᠋ ᠍ ᠲᠠᠢ ᠬᠣᠯᠪᠣᠭ᠎ᠠ ᠪᠠᠶᠢᠭᠤᠯᠤᠭᠰᠠᠨ ᠢᠶᠠᠷ 32 ᠢᠵᠠᠭᠤᠷᠲᠠᠨ᠂ 100 ᠲᠥᠯᠥᠭᠡᠯᠡᠭᠴᠢ ᠶᠢ ᠨᠡᠮᠡᠵᠦ ᠣᠷᠣᠭᠤᠯᠤᠭᠰᠠᠨ ᠬᠡᠳᠦᠢ ᠴᠤ 1922 ᠣᠨ ᠳᠤ ᠢᠷᠯᠠᠨᠳ᠋ ᠍ ᠤᠨ ᠲᠤᠰᠠᠭᠠᠷᠤᠯᠤᠰ ᠪᠤᠢ ᠪᠣᠯᠤᠭᠰᠠᠨ ᠢᠶᠠᠷ ᠲᠡᠳᠡ ᠭᠠᠷᠤᠭᠰᠠᠨ᠃

ᠪᠷᠢᠲ᠋ᠠᠨ ᠤ ᠬᠠᠤᠯᠢ᠂ ᠫᠠᠷᠯᠠᠮᠧᠨᠲ ᠨᠢ ᠪᠤᠰᠤᠳ ᠣᠯᠠᠨ ᠤᠯᠤᠰ ᠤᠨ ᠵᠠᠭᠪᠤᠷ ᠪᠣᠯᠤᠭᠰᠠᠨ ᠨᠢ "ᠫᠠᠷᠠᠯᠮᠧᠨᠲ ᠤᠳ ᠤᠨ ᠡᠬᠡ" ᠭᠡᠵᠦ ᠨᠡᠷᠡᠯᠡᠭᠳᠡᠬᠦ ᠳᠦ ᠬᠦᠷᠭᠡᠵᠡᠢ᠃

ᠬᠠᠭᠠᠨᠳᠤ ᠶᠣᠰᠣᠨ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠠᠭᠠᠨ ᠪᠤᠶᠤ ᠬᠠᠲᠤᠨ ᠬᠠᠭᠠᠨ ᠨᠢ ᠲᠥᠷᠥ ᠶᠢᠨ ᠲᠡᠷᠢᠭᠦᠨ ᠭᠡᠬᠦ ᠶᠢᠨ ᠵᠡᠷᠭᠡᠴᠡᠭᠡ ᠦᠨᠳᠦᠰᠦᠨ ᠦ ᠡᠪ ᠨᠢᠭᠡᠳᠦᠯ ᠦᠨ ᠪᠡᠯᠭᠡ ᠲᠡᠮᠳᠡᠭ ᠶᠤᠮ᠃ ᠬᠠᠭᠠᠨᠲᠤ ᠶᠣᠰᠣ ᠪᠷᠢᠲ᠋ᠠᠨᠢᠳ ᠮᠢᠩᠭᠠᠭᠠᠳ ᠵᠢᠯ ᠦᠷᠭᠦᠯᠵᠢᠯᠡᠬᠦ ᠳᠦ ᠪᠡᠨ ᠭᠠᠭᠴᠠᠬᠠᠨ ᠤᠳᠠᠭ᠎ᠠ ᠲᠦᠷᠢ ᠬᠤᠭᠤᠴᠠᠭ᠎ᠠ ᠪᠠᠷ ᠲᠠᠰᠤᠯᠳᠠᠵᠤ ᠪᠠᠶᠢᠴᠠᠢ᠃ ᠡᠨᠡ ᠨᠢ 1649-1660 ᠣᠨ ᠤ ᠬᠣᠭᠣᠷᠣᠨᠳᠣ ᠪᠦᠭᠦᠳᠡ ᠨᠠᠶᠢᠷᠠᠮᠳᠠᠬᠤ ᠤᠯᠤᠰ ᠪᠠᠶᠢᠭᠰᠠᠨ ᠬᠤᠭᠤᠴᠠᠭ᠎ᠠ ᠶᠤᠮ᠃ ᠠᠩᠭᠯᠢ ᠶᠢᠨ ᠬᠠᠭᠠᠨ ᠪᠣᠯ ᠮᠥᠨ ᠨᠥᠬᠥᠷᠯᠡᠯ ᠦᠨ 15 ᠣᠷᠣᠨ ᠤ ᠪᠢᠯᠢᠭ ᠲᠡᠮᠳᠡᠭ ᠲᠥᠷᠥ ᠶᠢᠨ ᠲᠡᠷᠢᠭᠦᠨ ᠲᠤᠯᠠ ᠲᠡᠭᠦᠨ ᠦ ᠲᠥᠯᠦᠭᠡᠯᠡᠭᠰᠡᠨ ᠠᠮᠪᠠᠨ ᠵᠠᠬᠢᠷᠤᠭᠴᠢ ᠲᠤᠬᠠᠢ ᠶᠢᠨ ᠣᠷᠣᠨ ᠤ ᠲᠥᠷᠥ ᠶᠢᠨ ᠲᠡᠷᠢᠭᠦᠨ ᠳᠦ ᠲᠣᠭᠠᠴᠠᠭᠳᠠᠳᠠᠭ᠃ ᠡᠨᠡ ᠬᠦᠮᠦᠨ ᠢ ᠨᠥᠬᠥᠷᠯᠡᠯ ᠦᠨ ᠣᠷᠣᠨ ᠤ ᠡᠳ᠋ ᠍ ᠦᠨ ᠵᠠᠰᠠᠭ ᠤᠨ ᠭᠠᠵᠠᠷ ᠤᠨ ᠡᠷᠭᠦᠨ ᠮᠡᠳᠡᠭᠦᠯᠦᠭᠰᠡᠨ ᠢᠶᠡᠷ ᠠᠩᠭᠯᠢ ᠶᠢᠨ ᠬᠠᠭᠠᠨ ᠥᠪᠡᠷ ᠦᠨ ᠲᠥᠯᠥᠭᠡᠨ ᠦ ᠬᠦᠩ ᠢᠶᠡᠷ ᠲᠣᠮᠢᠯᠠᠨ᠎ᠠ᠃ ᠬᠠᠭᠠᠨ ᠨᠢ ᠶᠡᠷᠦᠩᠬᠡᠢ ᠰᠠᠶᠢᠳ᠂ ᠰᠠᠶᠢᠳ ᠨᠠᠷᠠ᠂ ᠰᠢᠭᠦᠭᠴᠢᠳ᠂ ᠵᠡᠪᠰᠡᠭᠲᠦ ᠬᠦᠴᠦᠨ ᠦ ᠲᠣᠮᠣ ᠲᠤᠰᠢᠶᠠᠯᠲᠠᠨ᠂ ᠠᠮᠪᠠᠨ ᠵᠠᠬᠢᠷᠤᠭᠴᠢ ᠳᠤ᠂ ᠡᠯᠴᠢᠨ ᠰᠠᠶᠢᠳ᠂ ᠰᠦᠮ᠎ᠡ ᠶᠢᠨ ᠬᠠᠩᠪᠤ ᠨᠠᠷ ᠢ ᠲᠣᠮᠢᠯᠠᠳᠠᠭ᠃

ᠬᠠᠭᠠᠨ ᠭᠡᠮᠲᠦ ᠬᠡᠷᠡᠭᠲᠡᠨ ᠳᠦ ᠥᠷᠥᠰᠢᠶᠡᠯ ᠦᠵᠡᠭᠦᠯᠳᠡᠭ ᠪᠥᠭᠡᠳ ᠬᠦᠮᠦᠰ ᠲᠦ ᠴᠣᠯᠠ ᠬᠡᠷᠭᠡᠮ᠂ ᠣᠳᠣᠨ ᠲᠡᠮᠳᠡᠭ ᠱᠠᠩᠨᠠᠨ᠎ᠠ᠃ ᠣᠯᠠᠨ ᠤᠯᠤᠰ ᠤᠨ ᠬᠠᠷᠢᠯᠴᠠᠭᠠᠨ ᠤ ᠬᠤᠪᠢ ᠳᠤ ᠬᠠᠭᠠᠨ ᠳᠠᠶᠢᠨ ᠵᠠᠷᠯᠠᠬᠤ᠂ ᠡᠩᠬᠡ ᠶᠢ ᠲᠣᠭᠲᠠᠭᠠᠬᠤ᠂ ᠭᠠᠳᠠᠭᠠᠳᠤ ᠤᠯᠤᠰ ᠤᠨ ᠬᠦᠯᠢᠶᠡᠨ ᠵᠦᠪᠰᠢᠶᠡᠷᠡᠬᠦ᠂ ᠭᠡᠷ ᠢᠶᠡᠨ ᠪᠠᠲᠤᠯᠠᠬᠤ᠂ ᠨᠤᠲᠤᠭ ᠳᠡᠪᠢᠰᠬᠡᠷ ᠦᠨ ᠠᠰᠠᠭᠤᠳᠠᠯ ᠢ ᠰᠢᠢᠳᠬᠦ ᠡᠷᠬᠡ ᠲᠡᠢ᠃ ᠬᠠᠭᠠᠨ ᠤ ᠲᠦᠷᠦᠭᠰᠡᠨ ᠡᠳᠦᠷ ᠢ ᠠᠩᠭᠯᠢ ᠶᠢᠨ ᠦᠨᠳᠦᠰᠦᠨ ᠦ ᠪᠠᠶᠠᠷ ᠪᠣᠯᠭᠠᠨ ᠲᠡᠮᠳᠡᠭᠯᠡᠳᠡᠭ᠃ ᠣᠳᠣ ᠦᠶ᠎ᠡ ᠳᠦ ᠠᠩᠭᠯᠢ ᠶᠢ ᠬᠠᠲᠤᠨ ᠬᠠᠭᠠᠨ II ᠡᠯᠢᠽᠠᠸᠧᠲ ᠲᠣᠯᠣᠭᠠᠶᠢᠯᠠᠵᠤ ᠪᠠᠶᠢᠨ᠎ᠠ᠃ ᠡᠨᠡ ᠡᠮᠡᠭᠲᠡᠢ 1895-1952 ᠣᠨ ᠳᠤ ᠬᠠᠭᠠᠨ ᠠᠭᠰᠠᠨ VI ᠭᠧᠣᠷᠭ᠎ᠠ ᠶᠢᠨ ᠤᠤᠭᠠᠨ ᠥᠬᠢᠨ ᠪᠢᠯᠡ᠃ 1926 ᠣᠨ ᠳᠤ ᠲᠦᠷᠦᠭᠰᠡᠨ ᠡᠯᠢᠽᠠᠸᠧᠲ 1952 ᠣᠨ ᠳᠤ 26 ᠨᠠᠰᠤᠲᠠᠢ ᠳᠤ ᠪᠠᠨ ᠬᠠᠭᠠᠨ ᠰᠢᠷᠡᠭᠡᠨ ᠳᠦ ᠵᠠᠯᠠᠷᠠᠵᠤ 46 ᠵᠢᠯ ᠠᠩᠭᠯᠢ ᠭᠦᠷᠦᠨ ᠢ ᠲᠣᠯᠣᠭᠠᠶᠢᠯᠠᠵᠤ ᠪᠠᠶᠢᠨ᠎ᠠ᠃ ᠬᠠᠲᠤᠨ ᠬᠠᠭᠠᠨ ᠪᠣᠯ ᠳᠡᠯᠡᠬᠡᠢ ᠳᠦ ᠲᠡᠷᠢᠭᠦᠯᠡᠭᠴᠢ ᠴᠥᠭᠡᠬᠡᠨ ᠪᠠᠶᠠᠴᠤᠳ ᠤᠨ ᠨᠢᠭᠡ ᠶᠠᠭᠤᠮ᠎ᠠ᠃

ᠬᠠᠲᠤᠨ ᠬᠠᠭᠠᠨ 3 ᠬᠦᠦ᠂ ᠨᠢᠭᠡ ᠥᠬᠢᠨ ᠲᠠᠢ ᠪᠥᠭᠡᠳ 1948 ᠣᠨ ᠳᠤ ᠲᠦᠷᠦᠭᠰᠡᠨ ᠤᠤᠭᠠᠨ ᠬᠦᠦ ᠴᠢᠷᠠᠯᠧᠽ ᠦᠶ᠎ᠡ ᠵᠠᠯᠭᠠᠮᠵᠢᠯᠠᠬᠤ ᠬᠤᠨ ᠲᠠᠶᠢᠵᠢ ᠪᠠᠷ ᠵᠠᠷᠯᠠᠭᠳᠠᠭᠰᠠᠨ ᠪᠢᠯᠡ᠃ ᠣᠳᠣ 50 ᠨᠠᠰᠤᠲᠠᠢ ᠡᠨᠡ ᠬᠤᠩᠲᠠᠶᠢᠵᠢ ᠺᠧᠮᠪᠷᠢᠵᠤ ᠶᠢᠨ ᠶᠡᠬᠡ ᠰᠤᠷᠭᠠᠭᠤᠯᠢ ᠶᠢ ᠲᠡᠭᠦᠰ ᠢᠶᠡᠨ ᠳᠦ ᠳᠠᠷᠠᠭ᠎ᠠ ᠨᠢ ᠨᠢᠰᠬᠦ ᠣᠩᠭᠣᠴᠠᠨ ᠤ ᠰᠤᠷᠭᠠᠭᠤᠯᠢ ᠬᠢᠵᠦ᠂ ᠴᠡᠷᠢᠭ ᠦᠨ ᠨᠢᠰᠬᠦ ᠣᠩᠭᠣᠴᠠ᠂ ᠳᠠᠯᠠᠢ ᠶᠢᠨ ᠴᠡᠷᠢᠭ ᠦᠨ ᠤᠰᠤᠨ ᠣᠩᠭᠣᠴᠠ ᠵᠢᠯᠤᠭᠤᠳᠤᠳᠠᠭ ᠪᠣᠯᠤᠭᠰᠠᠨ ᠪᠠᠶᠢᠨ᠎ᠠ᠃ ᠡᠬᠢ ᠶᠢ ᠪᠡᠨ ᠳᠠᠭᠠᠵᠤ ᠳᠡᠯᠡᠬᠡᠢ ᠶᠢᠨ ᠣᠯᠠᠨ ᠤᠯᠤᠰ ᠣᠷᠣᠨ ᠢᠶᠠᠷ ᠠᠶᠠᠯᠠᠨ᠂ ᠭᠠᠳᠠᠭᠠᠳᠤ ᠶᠢᠨ ᠲᠥᠷᠥ᠂ ᠵᠠᠰᠠᠭ ᠤᠨ ᠭᠠᠵᠠᠷ ᠤᠨ ᠲᠡᠷᠢᠭᠦᠨ ᠨᠦᠭᠦᠳ᠂ ᠳᠡᠯᠡᠬᠡᠢ ᠶᠢᠨ ᠨᠡᠷ᠎ᠡ ᠳᠦ ᠭᠠᠷᠤᠭᠰᠠᠨ ᠣᠯᠠᠨ ᠬᠦᠮᠦᠨ ᠲᠡᠢ ᠠᠭᠤᠯᠵᠠᠵᠤ ᠨᠢᠭᠡ ᠦᠭᠡ ᠪᠡᠷ ᠬᠡᠯᠡᠬᠦ ᠳᠦ ᠲᠥᠷᠥ ᠶᠢᠨ ᠵᠢᠯᠣᠭᠣ ᠳᠤ ᠬᠢ ᠪᠣᠯᠪᠠᠰᠤᠷᠠᠯ᠂ ᠳᠠᠳᠤᠯᠭ᠎ᠠ ᠬᠠᠩᠭᠠᠯᠲᠠᠲᠠᠢ ᠡᠵᠡᠮᠰᠢᠭᠰᠡᠨ ᠪᠠᠶᠢᠨ᠎ᠠ᠃

ᠭᠠᠵᠠᠷ ᠨᠤᠲᠤᠭ[ᠵᠠᠰᠠᠪᠤᠷᠢᠯᠠᠬᠤ | ᠺᠣᠳ᠋ ᠢᠶᠠᠷ ᠵᠠᠰᠠᠬᠣ]

ᠶᠡᠬᠡ ᠪᠷᠢᠲ᠋ᠠᠨ(ᠠᠩᠭᠯᠢ) ᠨᠢ 244,820 ᠺᠦᠸᠠᠳ᠋ ᠺᠢᠯᠣᠮᠧᠲ᠋ᠷ ᠨᠤᠲᠤᠭ ᠲᠠᠢ ᠪᠥᠭᠡᠳ᠂ ᠤᠰᠤ ᠪᠠᠷ ᠬᠦᠷᠢᠶᠡᠯᠡᠭᠳᠡᠳᠡᠭ ᠠᠷᠠᠯ ᠤᠨ ᠣᠷᠣᠨ ᠶᠤᠮ᠃

ᠠᠭᠤᠷ ᠠᠮᠢᠰᠬᠤᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠶᠡᠬᠡ ᠪᠷᠢᠲ᠋ᠠᠨ(ᠠᠩᠭᠯᠢ) ᠨᠢ ᠶᠡᠷᠦᠩᠬᠡᠢ ᠳᠤ ᠪᠡᠨ ᠪᠠᠷᠠᠭᠤᠨ ᠤᠷᠢᠳᠤ ᠵᠦᠭ ᠦᠨ ᠰᠠᠯᠬᠢ ᠳᠠᠪᠠᠮᠠᠭᠠᠶᠢᠯᠠᠭᠰᠠᠨ᠂ ᠵᠢᠯ ᠳᠤ ᠳᠤᠮᠳᠠᠴᠢ ᠪᠠᠷ 1,200 ᠮᠢᠯᠯᠢᠮᠧᠲ᠋ᠷ ᠬᠤᠷ᠎ᠠ ᠲᠤᠨᠳᠠᠰᠤ ᠤᠨᠠᠳᠠᠭ᠂ ᠠᠭᠠᠷ ᠤᠨ ᠬᠡᠮ ᠬᠠᠮᠤᠭ ᠤᠨ ᠳᠣᠭᠣᠳᠤ ᠲᠠᠯ᠎ᠠ ᠨᠢ –10, ᠬᠠᠮᠤᠭ ᠤᠨ ᠳᠡᠭᠡᠳᠦ ᠲᠠᠯ᠎ᠠ ᠨᠢ +32 ᠣᠷᠴᠢᠮ᠂ ᠵᠥᠭᠡᠯᠡᠨ᠂ ᠳᠤᠯᠠᠭᠠᠨ ᠠᠭᠤᠷ ᠠᠮᠢᠰᠬᠤᠯ ᠲᠠᠢ᠃

ᠡᠰᠢᠯᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

  1. ᠵᠠᠭᠪᠤᠷ:Cite web quick
  2. ᠵᠠᠭᠪᠤᠷ:Cite web quick
  3. 3.0 3.1 3.2 3.3 United Kingdom. International Monetary Fund (April 2011). 8 May 2011 ᠍ ᠳᠦ ᠬᠠᠨᠳᠤᠭᠰᠠᠨ᠃
  4. ᠵᠠᠭᠪᠤᠷ:Cite web quick
  5. Human Development Report 2010. United Nations. 21 April 2011 ᠍ ᠳᠦ ᠬᠠᠨᠳᠤᠭᠰᠠᠨ᠃

ᠭᠠᠳᠠᠭᠠᠳᠤ ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠵᠠᠰᠠᠭ ᠤᠨ ᠭᠠᠵᠠᠷ
ᠶᠡᠷᠦᠩᠬᠡᠢ ᠮᠡᠳᠡᠭᠡᠯᠡᠯ
ᠠᠶᠠᠯᠠᠯ ᠵᠢᠭᠤᠯᠴᠢᠯᠠᠯ

ᠪᠢᠴᠢᠭᠡᠰᠦ