ᠶᠡᠬᠡ-ᠠᠭᠤᠯᠠ ᠰᠤᠮᠤ (ᠬᠥᠪᠰᠥᠭᠥᠯ)

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠮᠣᠩᠭᠣᠯ ᠮᠣᠩᠭᠣᠯ ᠤᠯᠤᠰ ᠤᠨ
Mn coa khuvsgul aymag.png ᠬᠥᠪᠰᠥᠭᠥᠯ ᠠᠶᠢᠮᠠᠭ ᠤᠨ
ᠶᠡᠬᠡ-ᠠᠭᠤᠯᠠ ᠰᠤᠮᠤ
ᠤᠯᠠᠪᠢᠷ ᠰᠢᠷ᠎ᠠ ᠨᠢ ᠮᠥᠷᠡᠨ᠂ ᠶᠠᠭᠠᠨ ᠨᠢ ᠶᠡᠬᠡ-ᠠᠭᠤᠯᠠ
_____ км² ᠭᠠᠵᠠᠷ ᠨᠤᠲᠤᠭ ᠲᠠᠢ
3,959 ᠬᠦᠮᠦᠨ ᠣᠷᠣᠰᠢᠨ ᠰᠠᠭᠤᠳᠠᠭ
140,000 ᠲᠣᠯᠣᠭᠠᠢ ᠮᠠᠯ ᠲᠠᠢ
ᠳᠣᠲᠣᠷ᠎ᠠ ᠪᠠᠨ ᠰᠢᠪᠡᠭᠡ᠂ ᠠᠰᠬᠠᠲᠤ᠂ ᠶᠡᠬᠡ-ᠠᠭᠤᠯᠠ᠂ ᠮᠠᠨᠳᠤᠯ᠂ ᠰᠡᠯᠡᠩᠭᠡ ᠭᠡᠬᠦ ᠲᠠᠪᠤᠨ ᠪᠠᠭ ᠲᠠᠢ᠃
1931 ᠣᠨ ᠳᠤ ᠡᠭᠦᠰᠬᠡᠨ ᠪᠠᠶᠢᠭᠤᠯᠤᠭᠳᠠᠭᠰᠠᠨ
1959 ᠣᠨ ᠳᠤ ᠳᠠᠬᠢᠨ ᠪᠠᠶᠢᠭᠤᠯᠤᠭᠳᠠᠭᠰᠠᠨ
ᠡᠷᠭᠢᠨ ᠲᠣᠭᠣᠷᠢᠨ ᠳᠤ ᠪᠠᠨ ᠬᠥᠪᠰᠥᠭᠥᠯ ᠦᠨ ᠷᠠᠰᠢᠶᠠᠨ ᠳᠤᠲᠣᠰᠣᠨᠴᠡᠩᠭᠡᠯᠲᠦᠨᠡᠯᠡᠷᠳᠡᠨᠢᠪᠤᠯᠭᠠᠨᠲᠠᠷᠢᠶᠠᠯᠠᠩ᠂ ᠪᠤᠯᠠᠭᠠᠨ ᠤ ᠪᠠᠶᠠᠨ-ᠠᠭᠲᠠᠲᠠᠢ ᠬᠠᠶᠠᠭᠠᠯᠠᠨ᠎ᠠ᠃

ᠶᠡᠬᠡ-ᠠᠭᠤᠯᠠ ᠰᠤᠮᠤ ᠨᠢ ᠤᠷᠢᠳᠤ ᠲᠠᠯ᠎ᠠ ᠪᠠᠷ ᠢᠶᠠᠨ ᠷᠠᠰᠢᠶᠠᠨ ᠳᠤ᠂ ᠪᠠᠷᠠᠭᠤᠨ ᠲᠠᠯ᠎ᠠ ᠪᠠᠷ ᠢᠶᠠᠨ ᠲᠣᠰᠣᠨᠴᠡᠩᠭᠡᠯ᠂ ᠬᠣᠶᠢᠳᠤ ᠲᠠᠯ᠎ᠠ ᠪᠠᠷ ᠢᠶᠠᠨ ᠲᠦᠨᠡᠯ᠂ ᠵᠡᠭᠦᠨ ᠲᠠᠯ᠎ᠠ ᠪᠠᠷ ᠢᠶᠠᠨ ᠲᠠᠷᠢᠶᠠᠯᠠᠩ ᠵᠡᠷᠭᠡ ᠰᠤᠮᠤᠳ ᠲᠠᠢ ᠬᠢᠯᠢ ᠵᠠᠯᠭᠠᠳᠠᠭ ᠬᠥᠪᠰᠥᠭᠥᠯ ᠠᠶᠢᠮᠠᠭ ᠤᠨ ᠰᠤᠮᠤ ᠶᠤᠮ᠃ ᠠᠶᠢᠮᠠᠭ ᠤᠨ ᠲᠥᠪ ᠡᠴᠡ ᠪᠡᠨ 112 ᠺᠢᠯᠣᠮᠧᠲ᠋ᠷ᠂ ᠨᠡᠶᠢᠰᠯᠡᠯ ᠤᠯᠠᠭᠠᠨᠪᠠᠭᠠᠲᠤᠷ ᠠᠴᠠ 589 ᠺᠢᠯᠣᠮᠧᠲ᠋ᠷ ᠵᠠᠶᠢᠲᠠᠢ᠃ 2000 ᠣᠨ ᠤ ᠬᠦᠮᠦᠨ ᠠᠮᠠ ᠶᠢᠨ ᠲᠣᠭᠠᠯᠠᠯᠭ᠎ᠠ ᠪᠠᠷ 3,959 ᠣᠷᠣᠰᠢᠨ ᠰᠠᠭᠤᠭᠴᠢ ᠲᠠᠢ ᠪᠠᠶᠢᠭᠰᠠᠨ ᠤ ᠶᠡᠬᠡᠩᠬᠢ ᠨᠢ ᠬᠠᠯᠬ᠎ᠠᠬᠣᠲᠣᠭᠣᠶᠢᠳ ᠦᠳ ᠪᠣᠯᠤᠨ᠎ᠠ᠃ 2009 ᠣᠨ ᠤ ᠪᠠᠶᠢᠳᠠᠯ ᠢᠶᠠᠷ ᠶᠡᠬᠡ-ᠠᠭᠤᠯᠠ ᠰᠤᠮᠤ ᠨᠢ 5400 ᠭᠠᠷᠤᠢ ᠬᠦᠮᠦᠨ ᠠᠮᠠ ᠲᠠᠢ᠂ 200,000 ᠭᠠᠷᠤᠢ ᠲᠣᠯᠣᠭᠠᠢ ᠮᠠᠯ ᠲᠠᠢ᠃ ᠰᠤᠮᠤ ᠶᠢᠨ ᠲᠥᠪ ᠢ ᠰᠡᠯᠡᠩᠭᠡ ᠭᠡᠬᠦ ᠪᠥᠭᠡᠳ ᠰᠡᠯᠡᠩᠭᠡ ᠮᠥᠷᠡᠨ ᠦ ᠣᠶᠢᠷᠠᠯᠴᠠᠭ᠎ᠠ ᠣᠷᠣᠰᠢᠨ᠎ᠠ᠃ ᠶᠡᠬᠡ-ᠠᠭᠤᠯᠠ ᠰᠤᠮᠤ ᠶᠢᠨ ᠵᠠᠰᠠᠭ ᠳᠠᠷᠤᠭ᠎ᠠ ᠪᠠᠷ ᠪ᠃ᠮᠢᠩᠭᠠᠨᠪᠠᠶᠠᠷ᠂ ᠢᠷᠭᠡᠨ ᠦ ᠲᠥᠯᠥᠭᠡᠯᠡᠭᠴᠢᠳ ᠦᠨ ᠬᠤᠷᠠᠯ ᠤᠨ ᠳᠠᠷᠤᠭ᠎ᠠ ᠪᠠᠷ ᠳ᠃ᠠᠮᠤᠷᠵᠢᠷᠭᠠᠯ ᠨᠠᠷ ᠠᠵᠢᠯᠯᠠᠳᠠᠭ᠃

ᠲᠡᠦᠬᠡ[ᠵᠠᠰᠠᠪᠤᠷᠢᠯᠠᠬᠤ | ᠺᠣᠳ᠋ ᠢᠶᠠᠷ ᠵᠠᠰᠠᠬᠣ]

1931 ᠣᠨ ᠳᠤ ᠬᠥᠪᠰᠥᠭᠥᠯ ᠠᠶᠢᠮᠠᠭ ᠪᠠᠶᠢᠭᠤᠯᠤᠭᠳᠠᠬᠤ ᠳᠤ ᠪᠤᠢ ᠪᠣᠯᠵᠠᠢ᠃ 1933 ᠣᠨ ᠤ ᠲᠣᠭᠠᠯᠠᠯᠭ᠎ᠠ ᠪᠠᠷ 718 ᠡᠷᠦᠬᠡ ᠶᠢᠨ 2,700 ᠣᠷᠣᠰᠢᠨ ᠰᠠᠭᠤᠭᠴᠢ᠂ 68,000 ᠣᠷᠴᠢᠮ ᠲᠣᠯᠣᠭᠠᠢ ᠮᠠᠯ ᠲᠠᠢ ᠪᠠᠶᠢᠪᠠ᠃ 1956 ᠣᠨ ᠳᠤ ᠲᠠᠷᠢᠶᠠᠯᠠᠩ ᠰᠤᠮᠤᠨ ᠳᠤ ᠨᠢᠭᠡᠳᠬᠡᠭᠳᠡᠭᠰᠡᠨ ᠴᠤ 1959 ᠣᠨ ᠳᠤ ᠳᠠᠬᠢᠨ ᠵᠣᠬᠢᠶᠠᠨ ᠪᠠᠶᠢᠭᠤᠯᠤᠭᠳᠠᠭᠰᠠᠨ᠃ 1958-1990 ᠣᠨ ᠳᠤ ᠰᠠᠷᠠᠭᠤᠯ-ᠠᠮᠢᠳᠤᠷᠠᠯ ᠨᠢᠭᠡᠳᠦᠯ ᠦᠢᠯᠡ ᠠᠵᠢᠯᠯᠠᠭ᠎ᠠ ᠶᠢ ᠪᠠᠨ ᠶᠠᠪᠤᠭᠤᠯᠵᠤ ᠪᠠᠶᠢᠪᠠ᠃

ᠬᠣᠲᠣᠭᠣᠶᠢᠳ ᠤᠨ ᠰᠢᠳᠠᠷ ᠸᠠᠩ ᠴᠢᠩᠭᠦᠩᠵᠠᠪ ᠮᠠᠨᠵᠤ ᠶᠢᠨ ᠲᠦᠷᠢᠮᠡᠭᠡᠶᠢᠯᠡᠭᠴᠢᠳ ᠡᠴᠡ ᠵᠢᠭᠤᠳᠠᠵᠤ ᠶᠠᠪᠤᠬᠤ ᠳᠤ ᠪᠠᠨ ᠣᠳᠣ ᠶᠢᠨ ᠶᠡᠬᠡ-ᠠᠭᠤᠯᠠ ᠰᠤᠮᠤ ᠶᠢᠨ ᠠᠰᠬᠠᠲᠤ ᠪᠠᠭ ᠤᠨ ᠪᠠᠷᠠᠭᠤᠨ ᠳᠠᠪᠠᠭ᠎ᠠ ᠶᠢ ᠳᠠᠪᠠᠨ ᠣᠳᠤᠭᠰᠠᠨ ᠭᠡᠰᠡᠨ ᠲᠡᠦᠬᠡ ᠪᠠᠶᠢᠳᠠᠭ᠃ ᠲᠡᠭᠦᠨ ᠦ ᠬᠠᠶᠢᠷᠠᠲᠠᠢ ᠬᠣᠩᠭᠣᠷ ᠮᠣᠷᠢ ᠪᠠᠷᠠᠭᠤᠨ ᠳᠠᠪᠠᠭᠠᠨ ᠤ ᠪᠠᠷᠲᠠᠭ᠎ᠠ ᠶᠢ ᠦᠯᠦ ᠠᠵᠢᠷᠠᠨ ᠲᠡᠩᠬᠡᠭᠡᠲᠦ ᠬᠦᠯᠢᠭ ᠦᠨ ᠢᠷᠸ᠎ᠠ ᠶᠢ ᠭᠠᠷᠭᠠᠵᠤ ᠵᠠᠮ ᠤᠨ ᠬᠠᠷ᠎ᠠ ᠬᠠᠳᠠᠷᠢᠭ᠎ᠠ ᠪᠠᠷ ᠳᠠᠪᠠᠬᠤ ᠶᠢ ᠬᠠᠷᠠᠭᠰᠠᠨ ᠨᠤᠲᠤᠭ ᠤᠨ ᠠᠷᠠᠳ ᠤᠳ ᠲᠡᠭᠦᠨ ᠡᠴᠡ ᠬᠣᠶᠢᠰᠢ ᠪᠠᠷᠠᠭᠤᠨ ᠳᠠᠪᠠᠭ᠎ᠠ ᠶᠢ ᠬᠣᠩᠭᠣᠷ ᠤᠨ ᠳᠠᠪᠠᠭ᠎ᠠ ᠭᠡᠵᠦ ᠨᠡᠷᠡᠯᠡᠬᠦ ᠪᠣᠯᠵᠠᠢ᠃ ᠬᠣᠵᠢᠮ ᠨᠢ ᠰᠢᠳᠠᠷ ᠸᠠᠩ ᠴᠢᠩᠭᠦᠩᠵᠠᠪ ᠠᠷᠤ ᠵᠤᠰᠠᠯᠠᠩ ᠤᠨ ᠠᠩᠭᠠᠷᠬᠠᠢ ᠶᠢᠨ ᠠᠮᠠ ᠭᠡᠳᠡᠭ ᠭᠠᠵᠠᠷ ᠭᠠᠯ ᠲᠦᠯᠡᠵᠦ ᠴᠠᠢ ᠴᠢᠨᠠᠵᠤ ᠤᠤᠭᠤᠵᠤ ᠪᠠᠶᠢᠭᠠᠳ ᠪᠠᠷᠢᠭᠳᠠᠵᠠᠢ᠃ ᠶᠡᠬᠡ-ᠠᠭᠤᠯᠠ ᠰᠤᠮᠤᠨ ᠳᠤ ᠬᠠᠮᠤᠭ ᠤᠨ ᠥᠨᠳᠥᠷ ᠨᠢ ᠬᠠᠯᠵᠠᠨ ᠪᠦᠷᠭᠦᠳ ᠲᠡᠢ ᠠᠭᠤᠯᠠ ᠠᠷᠤ ᠵᠤᠰᠠᠯᠠᠩ ᠳᠤ ᠪᠠᠶᠢᠳᠠᠭ᠃ ᠬᠠᠯᠵᠠᠨ ᠪᠦᠷᠭᠦᠳ ᠲᠡᠢ ᠠᠭᠤᠯᠠ ᠬᠬᠺ ᠵᠠᠬᠢᠷᠤᠯ ᠢᠶᠠᠷ ᠶᠡᠬᠡ-ᠠᠭᠤᠯᠠ ᠰᠤᠮᠤ ᠶᠢᠨ ᠠᠭᠤᠭᠤᠯ ᠪᠡᠰᠦᠲᠤ ᠳᠠᠰᠢᠨᠢᠮ᠎ᠠ ᠶᠢᠨ ᠰᠠᠮᠪᠤᠤ-ᠶᠣᠩᠳᠣᠩ ᠠᠵᠢᠯᠯᠠᠵᠤ ᠪᠠᠶᠢᠨ᠎ᠠ᠃ ᠵᠢᠷᠤᠭᠠᠴᠢ ᠤᠷᠠᠨ ᠪᠠᠷᠢᠮᠠᠯᠴᠢ ᠲᠡᠦᠬᠡ ᠶᠢᠨ ᠤᠬᠠᠭᠠᠨ ᠤ ᠳ᠋ᠣᠺᠲ᠋ᠣᠷ (Ph.D) ᠪᠡᠰᠦᠲᠤ ᠳᠠᠰᠢᠨᠢᠮ᠎ᠠ ᠶᠢᠨ ᠣᠳᠬᠣᠨᠲᠡᠭᠦᠰ ᠬᠥᠪᠰᠥᠭᠥᠯ ᠠᠶᠢᠮᠠᠭ ᠤᠨ ᠶᠡᠬᠡ-ᠠᠭᠤᠯᠠ ᠰᠤᠮᠤᠨ ᠳᠤ ᠲᠦᠷᠦᠭᠰᠡᠨ᠃ ᠬᠥᠪᠰᠥᠭᠥᠯ ᠠᠶᠢᠮᠠᠭ ᠤᠨ ᠮᠥᠷᠡᠨ ᠬᠣᠳᠠ ᠳᠤ ᠦᠨᠳᠦᠰᠦᠨ ᠦ ᠡᠷᠬᠡ ᠴᠢᠯᠦᠭᠡᠨ ᠦ ᠬᠥᠳᠡᠯᠭᠡᠭᠡᠨ ᠦ ᠤᠳᠤᠷᠢᠳᠤᠭᠴᠢ᠂ ‘’ᠰᠢᠳᠠᠷ ᠸᠠᠩ ᠴᠢᠩᠭᠦᠩᠵᠠᠪ ᠤᠨ ᠬᠥᠰᠢᠶ᠎ᠡ’’, ᠬᠥᠪᠰᠥᠭᠥᠯ ᠠᠶᠢᠮᠠᠭ ᠤᠨ ᠴᠢᠨᠳᠠᠮᠠᠨᠢ ᠥᠨᠳᠥᠷ ᠰᠤᠮᠤ ᠶᠢᠨ ᠠᠷᠢᠭ ᠭᠣᠣᠯ ᠤᠨ ᠬᠥᠪᠪᠥᠨ ᠳᠡᠭᠡᠷ᠎ᠡ ‘’ᠠᠯᠤᠨ ᠭᠣᠸ᠎ᠠ’’ ᠬᠠᠲᠤᠨ ᠤ ᠬᠥᠰᠢᠶ᠎ᠡ ᠶᠢ ᠪᠠᠷᠢᠮᠠᠯᠴᠢ ᠳ᠃ᠼᠡᠳᠡᠨ-ᠡᠰᠢ ᠶᠢᠨ ᠬᠠᠮᠲᠤ ᠪᠠᠷ ᠪᠦᠲᠦᠭᠡᠵᠡᠢ᠃ 2003 ᠣᠨ ᠠᠴᠠ ᠠᠮᠧᠷᠢᠺᠠ ᠶᠢᠨ ᠨᠢᠭᠡᠳᠦᠭᠰᠡᠨ ᠤᠯᠤᠰ ᠤᠨ ᠸᠠᠰᠢᠩᠲ᠋ᠣᠨ ᠬᠣᠳᠠ ᠳᠤ ᠠᠵᠢᠯᠯᠠᠵᠤ ᠠᠮᠢᠳᠤᠷᠠᠵᠤ᠂ ᠳᠡᠯᠡᠬᠡᠢ ᠶᠢᠨ ᠮᠣᠩᠭᠣᠯᠴᠤᠳ ᠤᠨ ᠬᠣᠯᠪᠣᠭ᠎ᠠ ᠲᠥᠷᠥ ᠶᠢᠨ ᠪᠤᠰᠤ ᠪᠠᠶᠢᠭᠤᠯᠤᠯᠭ᠎ᠠ ᠦᠨ ᠲᠡᠷᠢᠭᠦᠨ ᠢᠶᠡᠷ ᠠᠵᠢᠯᠯᠠᠵᠤ ᠡᠯ᠎ᠡ ᠬᠣᠯᠪᠣᠭᠠᠨ ᠤ ᠱᠤᠭᠤᠮ ᠢᠶᠠᠷ http://www.worldmongol.com/ ᠸᠪ ᠰᠠᠶᠢᠲᠤ ᠠᠵᠢᠯᠯᠠᠭᠤᠯᠵᠤ ᠮᠣᠩᠭᠣᠯ ᠤᠨ ᠲᠡᠦᠬᠡ ᠰᠤᠶᠤᠯ᠂ ᠳᠦᠷᠰᠦᠯᠡᠬᠦ ᠤᠷᠠᠯᠢᠭ ᠤᠨ ᠬᠥᠭᠵᠢᠯ ᠢ ᠰᠤᠷᠲᠠᠯᠴᠢᠯᠠᠬᠤ ᠴᠢᠭᠯᠡᠯ ᠢᠶᠡᠷ ᠪᠠᠭ᠎ᠠ ᠦᠭᠡᠢ ᠠᠵᠢᠯ ᠬᠢᠵᠦ ᠪᠠᠶᠢᠨ᠎ᠠ᠃ ᠬᠥᠪᠰᠥᠭᠥᠯ ᠠᠶᠢᠮᠠᠭ ᠤᠨ ᠣᠯᠠᠨ ᠨᠡᠶᠢᠲᠡ ᠶᠢᠨ ᠰᠠᠨᠠᠯ ᠠᠰᠠᠭᠤᠯᠭ᠎ᠠ ᠪᠠᠷ᠃ 《BEST OF KHUVSGUL 2014》 ᠣᠨ ᠤ ᠰᠢᠯᠢᠳᠡᠭ ᠰᠤᠳᠤᠯᠤᠭᠠᠴᠢ᠂ ᠡᠷᠳᠡᠮᠲᠡᠨ ᠪᠣᠯᠤᠭᠰᠠᠨ᠃ http://bestof.khuvsgulnews.mn/

ᠡᠳ᠋ ᠍ ᠦᠨ ᠵᠠᠰᠠᠭ[ᠵᠠᠰᠠᠪᠤᠷᠢᠯᠠᠬᠤ | ᠺᠣᠳ᠋ ᠢᠶᠠᠷ ᠵᠠᠰᠠᠬᠣ]

2004 ᠣᠨ ᠤ ᠪᠠᠶᠢᠳᠠᠯ ᠢᠶᠠᠷ 140,000 ᠲᠣᠯᠣᠭᠠᠢ ᠮᠠᠯ ᠲᠣᠭᠠᠯᠠᠭᠳᠠᠭᠰᠠᠨ ᠤ 49,000 ᠨᠢ ᠬᠣᠨᠢ᠂ 73,000 ᠨᠢ ᠢᠮᠠᠭ᠎ᠠ᠂ 10,000 ᠨᠢ ᠦᠬᠡᠷ ᠪᠤᠶᠤ ᠰᠠᠷᠯᠤᠭ᠂ 8,800 ᠨᠢ ᠠᠳᠤᠭᠤ᠂ 46 ᠨᠢ ᠲᠡᠮᠡᠭᠡ ᠪᠠᠶᠢᠪᠠ[1]᠃ 2011 ᠣᠨ ᠤ ᠪᠠᠶᠢᠳᠠᠯ ᠢᠶᠠᠷ 234 ᠮᠢᠩᠭᠠᠨ ᠲᠣᠯᠣᠭᠠᠢ ᠮᠠᠯ ᠲᠣᠭᠠᠯᠠᠭᠤᠯᠤᠭᠰᠠᠨ ᠨᠢ ᠠᠶᠢᠮᠠᠭ ᠲᠤ ᠪᠠᠨ ᠲᠡᠳᠦᠢ ᠦᠭᠡᠢ ᠤᠯᠤᠰ ᠲᠤ ᠳᠡᠭᠡᠭᠦᠷ ᠤᠷᠤᠬᠤ ᠦᠵᠡᠭᠦᠯᠦᠯᠲᠡ ᠶᠤᠮ᠃

1997 ᠣᠨ ᠳᠤ ᠰᠤᠮᠤ ᠶᠢᠨ ᠲᠥᠪ ᠨᠢ ᠲᠥᠪ ᠦᠨ ᠡᠷᠴᠢᠮ ᠬᠦᠴᠦᠨ ᠦ ᠰᠢᠰᠲ᠋ᠧᠮ ᠳᠦ ᠬᠣᠯᠪᠣᠭᠳᠠᠵᠠᠢ᠃

ᠨᠣᠮ ᠵᠦᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮ᠃ᠨᠢᠮ᠎ᠠ ᠪᠠᠨ᠂ ᠬᠥᠪᠰᠥᠭᠥᠯ ᠠᠶᠢᠮᠠᠭ ᠤᠨ ᠯᠠᠪᠯᠠᠬᠤ ᠲᠣᠯᠢ, ᠤᠯᠠᠭᠠᠨᠪᠠᠭᠠᠲᠤᠷ 2001, ᠬ᠃90

ᠡᠰᠢᠯᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

  1. ᠰᠲ᠋ᠠᠲ᠋ᠢᠰᠲ᠋ᠢᠭ ᠤᠨ ᠲᠥᠪ ᠭᠠᠵᠠᠷ: 2004 ᠣᠨ ᠤ ᠮᠠᠯ ᠲᠣᠭᠠᠯᠠᠯᠭ᠎ᠠ᠂ ᠬ᠃111

ᠪᠢᠴᠢᠭᠡᠰᠦ