ᠶᠡᠨᠢᠰᠧᠢ ᠮᠥᠷᠡᠨ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ

ᠶᠡᠨᠢᠰᠧᠢ ᠮᠥᠷᠡᠨ ( ᠪᠤᠷᠢᠶᠠᠳ ᠶᠢᠡᠷ ᠭᠣᠷᠯᠢᠭ ᠮᠦᠷᠡᠨ, ᠣᠷᠣᠰ ᠶᠢᠡᠷ ᠶᠡᠨᠢᠰᠧ́ᠢ) ᠨᠢ ᠣᠷᠣᠰ ᠤᠨ ᠬᠣᠯᠪᠣᠭᠠᠨ ᠤ ᠤᠯᠤᠰ ᠍ ᠤᠨ ᠨᠤᠲᠤᠭ ᠢᠶᠠᠷ ᠤᠷᠤᠰᠳᠠᠭ ᠮᠥᠷᠡᠨ ᠶᠤᠮ᠃ ᠤᠮᠠᠷᠠᠳᠤ ᠮᠥᠰᠦᠨ ᠳᠠᠯᠠᠢ ᠳᠤ ᠴᠢᠳᠬᠤᠳᠠᠭ ᠬᠠᠮᠤᠭ ᠤᠨ ᠲᠣᠮᠣ ᠤᠰᠤᠨ ᠤ ᠰᠢᠰᠲ᠋ᠧᠮ ᠪᠥᠭᠡᠳ ᠳᠡᠯᠡᠬᠡᠢ ᠳᠦ ᠤᠷᠲᠤ ᠪᠠᠷ ᠢᠶᠠᠨ 5 ᠍ ᠳᠦ ᠣᠷᠣᠨ᠎ᠠ᠃ ᠮᠣᠩᠭᠣᠯ ᠤᠯᠤᠰ ᠍ ᠤᠨ ᠬᠥᠪᠰᠥᠭᠥᠯ ᠠᠶᠢᠮᠠᠭ ᠤᠨ ᠨᠤᠲᠤᠭ ᠠᠴᠠ ᠡᠬᠢ ᠠᠪᠴᠤ᠂ ᠤᠮᠠᠷᠠᠳᠤ ᠵᠦᠭ ᠢ ᠴᠢᠭᠯᠡᠨ ᠰᠢᠪᠢᠷᠢ ᠶᠢᠨ ᠲᠥᠪ ᠬᠡᠰᠡᠭ ᠢ ᠨᠡᠪᠲᠡᠯᠦᠨ ᠤᠷᠤᠰᠴᠢ᠂ ᠶᠡᠨᠢᠰᠧᠢᠨ ᠪᠤᠯᠤᠨ ᠢᠶᠠᠷ ᠳᠠᠮᠵᠢᠨ ᠬᠣᠶᠢᠳᠤ ᠮᠥᠰᠦᠨ ᠳᠠᠯᠠᠢ ᠶᠢᠨ ᠺᠠᠷᠠ ᠶᠢᠨ ᠲᠡᠩᠭᠢᠰ ᠲᠤ ᠴᠢᠳᠬᠤᠳᠠᠭ᠃ ᠶᠡᠨᠢᠰᠧᠢ ᠬᠡᠮᠡᠬᠦ ᠨᠡᠷ᠎ᠡ ᠨᠢ ᠡᠸᠡᠩᠬᠢ ᠬᠡᠯᠡᠨᠢᠭᠢ 《ᠢᠣᠠᠨ᠋ᠧᠰᠰᠢ》 ᠪᠤᠶᠤ ᠶᠡᠬᠡ ᠮᠥᠷᠡᠨ ᠬᠡᠮᠡᠬᠦ ᠦᠭᠡᠨ ᠡᠴᠡ ᠭᠠᠷᠤᠯᠲᠠᠢ᠃

ᠶᠡᠨᠢᠰᠧᠢ ᠮᠥᠷᠡᠨ ᠦ ᠠᠢ ᠰᠠᠪᠠ
ᠶᠡᠨᠢᠰᠧᠢᠨ ᠰᠠᠪᠠ
ᠶᠡᠨᠢᠰᠧᠢ

ᠡᠬᠢᠨ ᠬᠡᠰᠡᠭ ᠲᠦ ᠪᠡᠨ ᠲᠦᠷᠭᠡᠨ ᠤᠷᠤᠰᠬᠠᠯ ᠲᠠᠢ᠂ ᠶᠡᠬᠡ ᠦᠶᠡᠷᠯᠡᠳᠡᠭ᠂ ᠠᠢ ᠰᠠᠪᠠ ᠪᠠᠷ ᠨᠢ ᠬᠦᠮᠦᠨ ᠠᠮᠠ ᠶᠢᠨ ᠨᠢᠭᠲᠠᠰᠢᠯ ᠮᠠᠰᠢ ᠪᠠᠭ᠎ᠠ᠃ ᠮᠥᠷᠡᠨ ᠦ ᠳᠤᠮᠳᠠ ᠬᠡᠰᠡᠭ ᠲᠦ ᠬᠡᠳᠦ ᠬᠡᠳᠦᠨ ᠠᠪᠤᠷᠭᠤ ᠲᠣᠮᠣ ᠤᠰᠤᠨ ᠴᠠᠬᠢᠯᠭᠠᠨ ᠰᠲ᠋ᠠᠨᠼ ᠤᠨ ᠳᠠᠯᠠᠨ ᠪᠠᠶᠢᠬᠤ ᠪᠥᠭᠡᠳ ᠣᠷᠣᠰ ᠬᠣᠯᠪᠣᠭᠠᠨ ᠤ ᠤᠯᠤᠰ ᠤᠨ ᠣᠯᠪᠤᠷᠢᠯᠠᠬᠤ ᠠᠵᠤ ᠠᠬᠤᠢ ᠶᠢᠨ ᠠᠮᠢᠨ ᠴᠢᠬᠤᠯᠠ ᠲᠦᠰᠢᠭ ᠲᠤᠯᠭᠠᠭᠤᠷᠢ ᠪᠣᠯᠵᠤ ᠪᠠᠶᠢᠳᠠᠭ ᠶᠤᠮ᠃ ᠲᠡᠳᠡᠭᠡᠷ ᠳᠠᠯᠠᠩ ᠤᠨ ᠵᠠᠷᠢᠮ ᠨᠢ ᠵᠥᠪᠯᠡᠯᠲᠦ ᠬᠣᠯᠪᠣᠭᠠᠲᠤ ᠤᠯᠤᠰ ᠍ ᠤᠨ ᠦᠶ᠎ᠡ ᠳ᠋ᠡᠬᠢ ᠠᠯᠪᠠᠳᠠᠨ ᠬᠥᠳᠡᠯᠮᠦᠷᠢ ᠪᠡᠷ ᠪᠤᠢ ᠪᠣᠯᠤᠭᠰᠠᠨ᠃ ᠲᠠᠶᠢᠭ᠎ᠠ ᠶᠢᠨ ᠪᠦᠰ ᠢᠶᠡᠷ ᠤᠷᠤᠰᠬᠤ ᠵᠠᠮ ᠳᠤ ᠪᠠᠨ ᠣᠯᠠᠨ ᠴᠢᠳᠬᠤᠯ ᠤᠳ ᠢ ᠨᠡᠶᠢᠯᠡᠭᠦᠯᠦᠭᠰᠡᠨ ᠦ ᠳᠠᠷᠠᠭ᠎ᠠ ᠵᠢᠯ ᠦᠨ ᠬᠠᠭᠠᠰ ᠨᠢ ᠮᠥᠰᠥ ᠪᠡᠷ ᠬᠤᠴᠢᠭᠳᠠᠭᠰᠠᠨ ᠪᠠᠶᠢᠳᠠᠭ ᠲᠦᠨᠳ᠋ᠷ ᠍ ᠤᠨ ᠪᠦᠰ ᠢᠶᠡᠷ ᠤᠷᠤᠰᠴᠢ᠂ ᠡᠴᠦᠰ ᠲᠦ ᠨᠢ ᠺᠠᠷᠠ ᠶᠢᠨ ᠲᠡᠩᠭᠢᠰ ᠲᠦ ᠴᠢᠳᠬᠤᠨ᠎ᠠ᠃ ᠰᠡᠭᠦᠯ ᠦᠨ ᠵᠢᠯ ᠤᠨᠳ ᠲᠤ ᠳᠡᠯᠡᠬᠡᠢ ᠶᠢᠨ ᠳᠤᠯᠠᠭᠠᠷᠠᠯ ᠤᠨ ᠤᠯᠠᠮ ᠠᠴᠠ ᠮᠥᠩᠬᠡ ᠴᠡᠪᠳᠡᠭ ᠬᠠᠶᠢᠯᠠᠵᠤ ᠪᠠᠶᠢᠭ᠎ᠠ ᠠᠴᠠ ᠮᠥᠷᠡᠨ ᠦ ᠤᠷᠤᠰᠠᠴᠠ ᠨᠡᠮᠡᠭᠳᠡᠬᠦ ᠬᠠᠨᠳᠤᠯᠭ᠎ᠠ ᠲᠠᠢ ᠪᠠᠶᠢᠭ᠎ᠠ᠃

ᠶᠡᠨᠢᠰᠧᠢ ᠮᠥᠷᠡᠨ ᠨᠢ 2 ᠭᠣᠣᠯ ᠡᠬᠢ ᠲᠡᠢ᠂ ᠶᠡᠬᠡ ᠶᠡᠨᠢᠰᠧᠢ ᠪᠤᠶᠤ ᠪᠤᠢ-ᠬᠧᠮ ᠭᠣᠣᠯ ᠨᠢ ᠪᠦᠭᠦᠳᠡ ᠨᠠᠶᠢᠷᠠᠮᠳᠠᠬᠤ ᠲᠤᠸᠠ ᠤᠯᠤᠰ ᠍ ᠤᠨ ᠵᠡᠭᠦᠨ ᠬᠡᠰᠡᠭ ᠦᠨ ᠰᠠᠶᠠᠨ ᠤ ᠨᠢᠷᠤᠭᠤᠨ ᠤ ᠡᠮᠦᠨᠡᠲᠦ ᠰᠤᠭᠤ᠂ ᠲᠠᠩᠨᠠ ᠠᠭᠤᠯᠠ ᠍ ᠤᠨ ᠬᠣᠶᠢᠳᠤ ᠬᠡᠰᠡᠭ ᠡᠴᠡ ᠡᠬᠢ ᠠᠪᠳᠠᠭ ᠪᠣᠯ ᠪᠠᠭ᠎ᠠ ᠶᠡᠨᠢᠰᠧᠢ ᠪᠤᠶᠤ ᠺ ᠢᠶᠠᠨ-ᠬᠧᠮ ᠭᠣᠣᠯ ᠨᠢ ᠬᠥᠪᠰᠥᠭᠥᠯ ᠠᠶᠢᠮᠠᠭ ᠤᠨ ᠳᠠᠷᠬᠠᠳ ᠤᠨ ᠬᠣᠲᠣᠭᠣᠷᠣ ᠠᠴᠠ ᠡᠬᠢ ᠠᠪᠤᠨ᠎ᠠ᠃ ᠳᠠᠷᠬᠠᠳ ᠤᠨ ᠬᠣᠲᠣᠭᠣᠷ ᠤᠨ ᠨᠠᠷᠢᠨ ᠠᠮᠠᠰᠠᠷ ᠨᠢ ᠮᠥᠰᠦᠨ ᠭᠣᠣᠯᠣᠣᠷ ᠬᠠᠰᠢᠭᠳᠠᠭᠰᠠᠨ ᠪᠠᠶᠢᠭᠰᠠᠨ ᠪᠥᠭᠡᠳ ᠣᠶᠢᠷᠠᠯᠴᠠᠭ᠎ᠠ ᠤᠷᠤᠰᠢᠬᠤ ᠬᠥᠪᠰᠥᠭᠥᠯ ᠨᠠᠭᠤᠷᠲᠠᠢ ᠬᠡᠮᠵᠢᠶ᠎ᠡ ᠪᠡᠷ ᠢᠶᠡᠨ ᠵᠡᠷᠭᠡᠴᠡᠬᠦᠶᠢᠴᠡ ᠮᠥᠰᠦᠨ ᠨᠠᠭᠤᠷ ᠪᠠᠶᠢᠭᠰᠠᠨ ᠪᠥᠭᠡᠳ ᠲᠡᠷᠡ ᠨᠢ ᠬᠠᠶᠢᠯᠠᠭᠰᠠᠨ ᠤ ᠤᠯᠠᠮ ᠠᠴᠠ ᠪᠠᠭ᠎ᠠ ᠶᠡᠨᠢᠰᠧᠢ ᠡᠭᠦᠰᠦᠭᠰᠡᠨ ᠪᠣᠯᠬᠤ ᠨᠢ ᠰᠡᠭᠦᠯ ᠦᠨ ᠦᠶ᠎ᠡ ᠶᠢᠨ ᠰᠤᠳᠤᠯᠭ᠎ᠠ ᠪᠠᠷ ᠲᠣᠳᠣᠷᠬᠠᠢ ᠪᠣᠯᠵᠠᠢ᠃

ᠭᠠᠳᠠᠭᠠᠳᠤ ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠸᠢᠭᠮᠧᠳᠢᠶᠠ ᠵᠢᠷᠤᠭ ᠤᠨ ᠰᠠᠩ:
«ᠶᠡᠨᠢᠰᠧᠢ ᠮᠥᠷᠡᠨ»

ᠪᠢᠴᠢᠭᠡᠰᠦ