ᠶᠠᠫᠣᠨ ᠤ ᠯᠢᠪᠧᠷᠠᠯ ᠠᠷᠠᠳᠴᠢᠯᠠᠭᠰᠠᠨ ᠨᠠᠮ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ

ᠯᠢᠪᠧᠷᠠᠯ ᠠᠷᠠᠳᠴᠢᠯᠠᠭᠰᠠᠨ ᠨᠠᠮ (ᠯᠢᠪᠧᠷᠠᠯ ᠠᠷᠠᠳᠴᠢᠯᠠᠭᠰᠠᠨ ᠨᠠᠮ) (ᠶᠠᠫᠣᠨ ᠶᠢᠡᠷ 自由民主党 ᠪᠤᠶᠤ ᠶᠠᠫᠣᠨ ᠶᠢᠡᠷ 自民党) ᠨᠢ ᠺᠣᠨᠰᠧᠷᠠᠸᠠᠲ᠋ᠢᠸ ᠪᠠᠷᠢᠮᠵᠢᠶ᠎ᠠ ᠲᠠᠢ ᠤᠯᠤᠰ ᠲᠥᠷᠥ ᠶᠢᠨ ᠨᠠᠮ ᠪᠥᠭᠡᠳ ᠶᠠᠫᠣᠨᠢ ᠬᠠᠮᠤᠭ ᠤᠨ ᠲᠣᠮᠣ ᠨᠠᠮ ᠶᠤᠮ᠃ 1955 ᠣᠨ ᠳᠤ ᠠᠩᠬ᠎ᠠ ᠪᠠᠶᠢᠭᠤᠯᠤᠭᠳᠠᠭᠰᠠᠨ ᠠᠴᠠ ᠪᠠᠨ ᠬᠣᠶᠢᠰᠢ ᠪᠠᠷᠤᠭ ᠡᠭᠡᠯᠵᠢ ᠬᠠᠯᠠᠭ᠎ᠠ ᠦᠭᠡᠢ ᠲᠥᠷᠥ ᠶᠢᠨ ᠡᠷᠬᠡ ᠪᠠᠷᠢᠵᠤ ᠪᠤᠢ ᠨᠠᠮ ᠶᠤᠮ᠃ ᠲᠤᠰ ᠨᠠᠮ ᠤᠨ ᠨᠡᠷ᠎ᠡ ᠶᠢ ᠭᠣᠣᠯ ᠰᠥᠷᠭᠦ ᠬᠦᠴᠦᠨ ᠪᠣᠯᠬᠤ ᠶᠠᠫᠣᠨ ᠤ ᠠᠷᠠᠳᠴᠢᠯᠠᠭᠰᠠᠨ ᠨᠠᠮ ᠲᠠᠢ 2003 ᠣᠨ ᠤ ᠠᠷᠪᠠᠨ ᠨᠢᠭᠡᠳᠦᠭᠡᠷ ᠰᠠᠷ᠎ᠠ ᠳᠤ ᠨᠢᠭᠡᠳᠦᠭᠰᠡᠨ ᠯᠢᠪᠧᠷᠠᠯ ᠨᠠᠮ ᠤᠨ (ᠶᠠᠫᠣᠨ ᠶᠢᠡᠷ 自由党) ᠨᠡᠷ᠎ᠡ ᠲᠡᠢ ᠠᠨᠳᠠᠭᠤᠷᠠᠬᠤ ᠭᠡᠳ ᠪᠠᠶᠢᠳᠠᠭ[1]

2005 ᠣᠨ ᠤ ᠰᠣᠩᠭᠣᠭᠤᠯᠢ ᠳᠤ ᠳᠠᠪᠠᠮᠠᠭᠠᠢ ᠢᠯᠠᠯᠲᠠ ᠪᠠᠶᠢᠭᠤᠯᠤᠭᠰᠠᠨ ᠢᠶᠠᠷ ᠲᠤᠰ ᠨᠠᠮ ᠶᠠᠫᠣᠨ ᠤ ᠲᠥᠯᠥᠭᠡᠯᠡᠭᠴᠢᠳ ᠦᠨ ᠲᠠᠩᠬᠢᠮ ᠳᠤ ᠳᠡᠶᠢᠯᠦᠩᠬᠢ ᠣᠯᠠᠩᠬᠢ ᠪᠣᠯᠵᠤ᠂ ᠰᠢᠨ᠎ᠡ ᠺᠣᠮᠡᠶᠢᠲᠠ ᠨᠠᠮ ᠲᠠᠢ ᠡᠪᠰᠡᠯ ᠦᠨ ᠵᠠᠰᠠᠭ ᠤᠨ ᠭᠠᠵᠠᠷ ᠪᠠᠶᠢᠭᠤᠯᠵᠠᠢ᠃ 2006 ᠣᠨ ᠤ ᠶᠢᠰᠦᠳᠦᠭᠡᠷ ᠰᠠᠷ᠎ᠠ ᠶᠢᠨ 20 ᠍ ᠳᠦ ᠠᠪ ᠱᠢᠨᠵᠠ ᠪᠠᠨ ᠲᠤᠬᠠᠢ ᠶᠢᠨ ᠦᠶ᠎ᠡ ᠶᠢᠨ ᠶᠡᠷᠦᠩᠬᠡᠢ ᠰᠠᠶᠢᠳ ᠺᠣᠶᠢᠰᠦᠮᠢ ᠵᠦᠩ-ᠢᠴᠢᠷ ᠢᠶᠠᠨ ᠶᠢ ᠠᠴᠠ ᠨᠠᠮ ᠤᠨ ᠶᠡᠷᠦᠩᠬᠡᠶᠢᠯᠡᠭᠴᠢ ᠶᠢᠨ ᠠᠯᠪᠠ ᠶᠢ ᠬᠦᠯᠢᠶᠡᠨ ᠠᠪᠤᠭᠰᠠᠨ᠃ ᠲᠤᠰ ᠨᠠᠮ 2007 ᠣᠨ ᠳᠤ ᠲᠣᠮᠣᠬᠠᠨ ᠢᠯᠠᠭᠳᠠᠯ ᠬᠦᠯᠢᠶᠡᠵᠦ᠂ ᠲᠡᠦᠬᠡᠨ ᠳᠦ ᠪᠡᠨ ᠠᠩᠬ᠎ᠠ ᠤᠳᠠᠭ᠎ᠠ ᠫᠠᠷᠯᠠᠮᠧᠨᠲ ᠤᠨ ᠳᠡᠭᠡᠳᠦ ᠲᠠᠩᠬᠢᠮ ᠪᠤᠶᠤ ᠵᠥᠪᠯᠡᠬᠢ ᠨᠦᠭᠦᠳ ᠦᠨ ᠲᠠᠩᠬᠢᠮ ᠳᠤ ᠣᠯᠠᠩᠬᠢ ᠶᠢᠨ ᠰᠠᠭᠤᠳᠠᠯ ᠢᠶᠠᠨ ᠠᠯᠠᠳᠠᠵᠠᠢ᠃ 2007 ᠣᠨ ᠤ ᠶᠢᠰᠦᠳᠦᠭᠡᠷ ᠰᠠᠷ᠎ᠠ ᠶᠢᠨ 12 ᠍ ᠳᠦ ᠠᠪ ᠶᠡᠷᠦᠩᠬᠡᠢ ᠰᠠᠶᠢᠳ ᠤᠨ ᠠᠯᠪᠠᠨ ᠲᠤᠰᠢᠶᠠᠯ ᠠᠴᠠ ᠣᠭᠴᠠᠷᠴᠥ᠂ ᠹᠦᠺᠥᠳᠠ ᠶᠠᠰᠦ᠋ᠣ ᠳᠤ ᠠᠯᠪᠠ ᠪᠠᠨ ᠬᠦᠯᠢᠶᠡᠯᠭᠡᠨ ᠥᠭᠭᠦᠭᠰᠡᠨ᠃ ᠹᠦᠺᠥᠳᠠ ᠬᠠᠷᠢᠨ 2008 ᠣᠨ ᠤ ᠶᠢᠰᠦᠳᠦᠭᠡᠷ ᠰᠠᠷ᠎ᠠ ᠶᠢᠨ 1 ᠍ ᠳᠦ ᠣᠭᠴᠠᠷᠠᠪᠠ᠃

2008 ᠣᠨ ᠤ ᠶᠢᠰᠦᠳᠦᠭᠡᠷ ᠰᠠᠷ᠎ᠠ ᠶᠢᠨ 22 ᠍ ᠨᠣᠣᠰᠣ ᠲᠤᠰ ᠨᠠᠮ ᠤᠨ ᠳᠠᠷᠤᠭ᠎ᠠ ᠪᠠᠷ ᠠᠰ ᠢᠶᠠᠨ ᠲᠠᠷ ᠢᠶᠠᠨ ᠰᠣᠩᠭᠣᠭᠳᠠᠨ ᠠᠵᠢᠯᠯᠠᠵᠤ ᠪᠠᠶᠢᠭᠰᠠᠨ ᠪᠣᠯᠪᠠᠴᠤ 2009 ᠣᠨ ᠳᠤ ᠶᠠᠪᠤᠭᠳᠠᠭᠰᠠᠨ ᠫᠠᠷᠯᠠᠮᠧᠨᠲ ᠤᠨ ᠰᠣᠩᠭᠣᠭᠤᠯᠢ ᠳᠤ ᠲᠣᠮᠣᠬᠠᠨ ᠢᠯᠠᠭᠳᠠᠯ ᠬᠦᠯᠢᠶᠡᠵᠦ᠂ ᠪᠠᠷᠤᠭ ᠠᠩᠬ᠎ᠠ ᠤᠳᠠᠭ᠎ᠠ ᠰᠥᠷᠭᠦ ᠬᠦᠴᠦᠨ ᠪᠣᠯᠤᠭᠰᠠᠨ ᠲᠤᠰ ᠨᠠᠮ ᠤᠨ ᠳᠠᠷᠤᠭ᠎ᠠ ᠶᠢᠨ ᠠᠯᠪᠠ ᠶᠢ ᠲᠠᠨᠢᠭᠠᠺᠢ ᠰᠠᠳᠠᠬᠠᠰᠦ ᠬᠦᠯᠢᠶᠡᠨ ᠠᠪᠴᠠᠢ᠃

ᠯᠠᠪᠠᠯᠠᠬᠤ ᠮᠠᠲ᠋ᠧᠷᠢᠶᠠᠯ[ᠵᠠᠰᠠᠪᠤᠷᠢᠯᠠᠬᠤ | ᠺᠣᠳ᠋ ᠢᠶᠠᠷ ᠵᠠᠰᠠᠬᠣ]

  1. The Democratic Party of Japan. Democratic Party of Japan (2006). 2008-09-06 ᠍ ᠳᠦ ᠬᠠᠨᠳᠤᠭᠰᠠᠨ᠃

ᠪᠢᠴᠢᠭᠡᠰᠦ