ᠶᠠᠫᠣᠨ ᠤ ᠡᠵᠡᠨ ᠬᠠᠭᠠᠨ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠣᠳᠣ ᠶᠢᠨ ᠡᠵᠡᠨ ᠬᠠᠭᠠᠨ ᠠᠺᠢᠬᠢᠲᠠ

ᠶᠠᠫᠣᠨ ᠤᠯᠤᠰ ᠤᠨ ᠡᠵᠡᠨ ᠬᠠᠭᠠᠨ (天皇, ᠲᠡᠩᠨᠠ᠂ ᠬᠠᠭᠤᠴᠢᠨ ᠢᠶᠠᠷ ᠮᠢᠺᠠᠳᠣ ᠭᠡᠭᠳᠡᠳᠡᠭ ᠪᠠᠶᠢᠭᠰᠠᠨ) ᠨᠢ ᠶᠠᠫᠣᠨ ᠤ ᠠᠷᠠᠳ ᠲᠦᠮᠡᠨ ᠦ ᠡᠪ ᠨᠢᠭᠡᠳᠦᠯ ᠦᠨ ᠪᠡᠯᠭᠡ ᠲᠡᠮᠳᠡᠭ᠂ ᠡᠵᠡᠨ ᠬᠠᠭᠠᠨ ᠤ ᠭᠡᠷ ᠪᠦᠯᠢ ᠶᠢᠨ ᠲᠡᠷᠢᠭᠦᠨ ᠨᠢ ᠶᠤᠮ᠃

ᠲᠡᠦᠬᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠳᠣᠮᠣᠭ ᠵᠦᠢ ᠶᠢᠨ ᠡᠭᠦᠳᠡᠨ ᠡᠴᠡ ᠠᠪᠴᠤ ᠦᠵᠡᠪᠡᠯ ᠶᠠᠫᠣᠨ ᠤ ᠠᠩᠬᠠᠨ ᠤ ᠡᠵᠡᠨ ᠬᠠᠭᠠᠨ ᠪᠣᠯᠬᠤ ᠵᠢᠮᠮᠦ ᠨᠢ ᠠᠮᠤᠳᠷᠡᠰᠦ ᠬᠡᠮᠡᠬᠦ ᠨᠠᠷᠠᠨ ᠤ ᠪᠤᠷᠬᠠᠨ ᠤ ᠤᠳᠤᠮ ᠪᠥᠭᠡᠳ ᠮᠠᠨ ᠤ ᠡᠷᠡᠨ ᠦ ᠡᠮᠦᠨ᠎ᠡ 660 ᠣᠨ ᠳᠤ ᠬᠠᠭᠠᠨ ᠰᠡᠩᠲᠡᠢ ᠳᠦ ᠵᠠᠯᠠᠷᠠᠭᠰᠠᠨ ᠭᠡᠵᠦ ᠦᠵᠡᠳᠡᠭ ᠪᠠᠶᠢᠨ᠎ᠠ᠃ ᠲᠦᠭᠦᠬᠡᠢ ᠡᠭᠦᠳᠡᠨ ᠡᠴᠡ ᠡᠨᠡ ᠳᠣᠮᠣᠭ ᠢ ᠪᠣᠯᠤᠮᠵᠢ ᠲᠠᠢ ᠭᠡᠵᠦ ᠦᠵᠡᠳᠡᠭ ᠦᠭᠡᠢ ᠴᠤ᠂ ᠥᠨᠥ ᠶᠢᠨ ᠶᠠᠫᠣᠨ ᠤ ᠡᠵᠡᠨ ᠬᠠᠭᠠᠨ ᠤ ᠭᠡᠷ ᠪᠦᠯᠢ ᠨᠢ 1500 ᠵᠢᠯ ᠦᠨ ᠲᠤᠷᠰᠢ ᠬᠠᠭᠠᠨ ᠰᠡᠩᠲᠡᠢ ᠳᠦ ᠪᠠᠶᠢᠭᠰᠠᠨ ᠨᠢᠭᠡ ᠬᠠᠭᠠᠨ ᠤ ᠤᠳᠤᠮ ᠤᠭᠰᠠᠭᠠᠨ ᠤ ᠬᠢ ᠭᠡᠳᠡᠭ ᠢ ᠨᠡᠶᠢᠲᠡ ᠪᠡᠷ ᠢᠶᠡᠨ ᠬᠦᠯᠢᠶᠡᠨ ᠵᠥᠪᠰᠢᠶᠡᠷᠡᠳᠡᠭ ᠪᠠᠶᠢᠨ᠎ᠠ᠃

ᠲᠡᠦᠬᠡ ᠶᠢᠨ ᠶᠡᠬᠡᠩᠬᠢ ᠮᠥᠴᠡᠯᠭᠡ ᠳᠦ ᠶᠠᠫᠣᠨ ᠤ ᠡᠵᠡᠨ ᠬᠠᠭᠠᠨ ᠤ ᠡᠷᠬᠡ ᠮᠡᠳᠡᠯ ᠬᠦᠴᠦ ᠨᠢ ᠬᠡᠮᠵᠢᠶᠡᠲᠦ ᠮᠥᠨ ᠴᠡᠪᠡᠷ ᠪᠡᠯᠭᠡ ᠲᠡᠮᠳᠡᠭ ᠦᠨ ᠴᠢᠨᠠᠷᠲᠠᠢ ᠪᠠᠶᠢᠭᠰᠠᠨ ᠪᠣᠯᠪᠠᠴᠤ ᠹᠦᠵᠢᠪᠠᠷᠠ᠂ ᠬᠣᠣᠵᠣ᠂ ᠮᠢᠨᠠᠮᠣ᠋ ᠍ ᠲᠠ᠂ ᠠᠱᠢᠺᠠᠭ᠎ᠠ᠂ ᠲᠣᠺᠥᠭᠪᠠ ᠭᠡᠬᠦ ᠮᠡᠲᠦ ᠪᠦᠬᠦᠢ ᠯᠠ ᠵᠠᠬᠢᠷᠤᠭᠴᠢ᠂ ᠱᠣᠭᠦ ᠨᠦᠭᠦᠳ ᠡᠵᠡᠨ ᠬᠠᠭᠠᠨ ᠢᠶᠠᠨ ᠬᠦᠨᠳᠦᠯᠡᠵᠦ ᠳᠡᠭᠡᠳᠦᠯᠡᠳᠡᠭ ᠪᠠᠶᠢᠭᠰᠠᠨ ᠪᠠᠶᠢᠨ᠎ᠠ᠃

1868 ᠣᠨ ᠤ ᠮᠠᠶᠢᠵᠢ ᠶᠢᠨ ᠰᠢᠨᠡᠴᠢᠯᠡᠯᠡᠭᠡᠷᠡ ᠲᠣᠺᠥᠭᠪᠠᠭ ᠤᠨ ᠱᠣᠭᠦ ᠨᠦᠭᠦᠳᠡ ᠶᠢᠨ ᠡᠷᠬᠡ ᠮᠡᠳᠡᠯ ᠢ ᠠᠪᠴᠤ ᠬᠠᠶᠠᠭᠰᠠᠨ ᠢᠶᠠᠷ ᠡᠵᠡᠨ ᠬᠠᠭᠠᠨ ᠮᠡᠶᠢᠵᠢ ᠲᠥᠷᠥ ᠶᠢᠨ ᠥᠨᠳᠥᠷᠯᠢᠭ᠂ ᠡᠷᠬᠡ ᠮᠡᠳᠡᠯ ᠢ ᠭᠠᠷ ᠲᠤ ᠪᠠᠨ ᠠᠪᠤᠭᠰᠠᠨ ᠪᠠ ᠮᠠᠶᠢᠵᠢ ᠶᠢᠨ ᠦᠨᠳᠦᠰᠦᠨ ᠬᠠᠤᠯᠢ ᠪᠠᠷ ᠠᠪᠰᠣᠯᠢᠶᠦᠲ᠂ ᠬᠡᠮᠵᠢᠶ᠎ᠡ ᠦᠭᠡᠢ ᠡᠷᠬᠡᠲᠦ ᠬᠠᠭᠠᠨ ᠪᠣᠯᠤᠭᠰᠠᠨ ᠶᠤᠮ᠃ ᠭᠡᠪᠡᠴᠦ ᠦᠨᠡᠨ ᠬᠡᠷᠡᠭᠲᠦ ᠪᠡᠨ ᠵᠢᠩᠬᠢᠨᠢ ᠬᠦᠴᠦ ᠶᠢ ᠤᠯᠤᠰ ᠲᠥᠷᠥ ᠶᠢᠨ ᠣᠯᠢᠭᠠᠷᠬ᠎ᠠ ᠨᠤᠭᠤᠳ᠂ ᠰᠡᠭᠦᠯ ᠳᠦ ᠭᠧᠨᠧᠷᠠᠯ ᠤᠳ ᠪᠣᠯᠤᠨ ᠠᠳᠮᠢᠷᠠᠯ ᠤᠳ ᠭᠠᠷ ᠲᠤ ᠪᠠᠨ ᠠᠪᠤᠭᠰᠠᠨ ᠪᠢᠯᠡ᠃

ᠳᠡᠯᠡᠬᠡᠢ ᠶᠢᠨ ᠬᠣᠶᠠᠳᠤᠭᠠᠷ ᠳᠠᠶᠢᠨᠢ ᠳᠠᠷᠠᠭ᠎ᠠ 1946 ᠣᠨ ᠳᠤ ᠶᠠᠫᠣᠨ ᠤ ᠡᠵᠡᠨ ᠬᠠᠭᠠᠨ ᠨᠢ ᠴᠡᠪᠡᠷ ᠪᠡᠯᠭᠡ ᠲᠡᠮᠳᠡᠭ ᠦᠨ ᠴᠢᠨᠠᠷᠲᠠᠢ ᠪᠣᠯᠤᠭᠰᠠᠨ᠃ ᠡᠳᠦᠭᠡ ᠲᠡᠷᠡ ᠪᠡᠷ ᠳ᠋ᠢᠫᠯᠣᠮᠠᠲ ᠠᠭᠤᠯᠵᠠᠯᠲᠠ ᠨᠤᠭᠤᠳ ᠪᠣᠯᠤᠨ ᠶᠣᠰᠣᠯᠠᠯ ᠤᠳ ᠲᠤ ᠣᠷᠣᠯᠴᠠᠳᠠᠭ ᠴᠤ ᠤᠯᠤᠰ ᠲᠥᠷᠥ ᠶᠢᠨ ᠶᠠᠮᠠᠷ ᠨᠢᠭᠡᠨ ᠬᠦᠴᠦ᠂ ᠡᠷᠬᠡ ᠮᠡᠳᠡᠯ ᠪᠠᠶᠢᠬᠤ ᠦᠭᠡᠢ ᠪᠢᠯᠡ᠃

1989 ᠣᠨ ᠳᠤ ᠡᠵᠡᠨ ᠬᠠᠭᠠᠨ ᠠᠺᠢᠬᠢᠲᠠ ᠶᠠᠫᠣᠨ ᠤ 125 ᠳᠠᠬᠢ ᠡᠵᠡᠨ ᠬᠠᠭᠠᠨ ᠪᠣᠯᠤᠭᠰᠠᠨ ᠪᠠ ᠬᠠᠲᠤᠨ ᠮᠡᠴᠢᠺᠣ ᠲᠠᠢ ᠭᠡᠷᠯᠡᠵᠦ᠂ 2 ᠬᠡᠦ᠂ 1 ᠥᠬᠢᠨ ᠲᠠᠢ ᠪᠣᠯᠤᠭᠰᠠᠨ᠃ ᠲᠡᠳᠡᠨ ᠦ ᠲᠣᠮᠣ ᠬᠦᠦ ᠨᠢ ᠬᠤᠩᠲᠠᠶᠢᠵᠢ ᠨᠠᠷᠤᠬᠢᠲᠠ ᠶᠤᠮ᠃

ᠭᠠᠳᠠᠭᠠᠳᠤ ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠢᠴᠢᠭᠡᠰᠦ