ᠶᠠᠫᠣᠨ ᠤ ᠡᠳ᠋ ᠍ ᠦᠨ ᠵᠠᠰᠠᠭ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ

ᠶᠠᠫᠣᠨ ᠤ ᠡᠳ᠋ ᠍ ᠦᠨ ᠵᠠᠰᠠᠭ ᠤᠨ ᠲᠣᠶᠢᠮᠣ 2012 ᠤᠨ ᠤ ᠪᠠᠶᠢᠳᠠᠯ ᠢᠶᠠᠷ ᠠᠮᠧᠷᠢᠺᠠ ᠶᠢᠨ ᠨᠢᠭᠡᠳᠦᠭᠰᠡᠨ ᠤᠯᠤᠰ ᠤᠨ ᠲᠠᠩᠨᠠᠭᠤᠯ ᠤᠨ ᠲᠥᠪ ᠭᠠᠵᠠᠷ ᠠᠴᠠ ᠭᠠᠷᠭᠠᠭᠰᠠᠨ ᠰᠤᠳᠤᠯᠭ᠎ᠠ ᠪᠠᠷ ᠶᠠᠫᠣᠨ ᠤ ᠡᠳ᠋ ᠍ ᠦᠨ ᠵᠠᠰᠠᠭ ᠬᠡᠮᠵᠢᠶ᠎ᠡ ᠪᠡᠷ ᠢᠶᠡᠨ ᠳᠡᠯᠡᠬᠡᠢ ᠳᠦ 5 ᠳ᠋ᠤᠭᠠᠷ ᠪᠠᠶᠢᠷᠢ ᠡᠵᠡᠯᠡᠵᠦ ᠪᠠᠶᠢᠨ᠎ᠠ᠃ ᠬᠠᠷᠢᠨ CNN ᠍ ᠦᠨ ᠭᠠᠷᠭᠠᠭᠰᠠᠨ 2013 ᠤᠨ ᠤ ᠵᠢᠭ᠌ᠰᠠᠭᠠᠯᠳᠠ ᠪᠡᠷ 3 ᠳ᠋ᠤᠭᠠᠷ ᠍ ᠪᠠᠶᠢᠷᠢᠨ ᠳᠤ ᠵᠢᠭ᠌ᠰᠠᠭᠰᠠᠨ ᠪᠠᠶᠢᠨ᠎ᠠ᠃ 2011 ᠤᠨ ᠤ ᠪᠠᠶᠢᠳᠠᠯ ᠢᠶᠠᠷ ᠶᠠᠫᠣᠨ ᠤᠯᠤᠰ ᠨᠢ ᠬᠣᠶᠠᠷ ᠳ᠋ᠡᠬᠢ ᠬᠠᠮᠤᠭ ᠤᠨ ᠲᠣᠮᠣ ᠡᠳ᠋ ᠍ ᠦᠨ ᠵᠠᠰᠠᠭ ᠲᠠᠢ ᠤᠯᠤᠰ ᠪᠠ ᠬᠤᠳᠠᠯᠳᠤᠨ ᠠᠪᠬᠤ ᠴᠢᠳᠠᠪᠤᠷᠢ ᠪᠠᠷ ᠢᠶᠠᠨ 4 ᠍ ᠳᠦᠭᠡᠷ ᠪᠠᠶᠢᠷᠢ ᠲᠤᠰ ᠲᠤᠰ ᠡᠵᠡᠯᠡᠵᠦ ᠪᠠᠶᠢᠭᠰᠠᠨ ᠶᠤᠮ᠃  ᠶᠠᠫᠣᠨ ᠨᠢ ᠳᠡᠯᠡᠬᠡᠢ ᠶᠢᠨ 3 ᠍ ᠳᠠᠬᠢ ᠲᠣᠮᠣ ᠠᠦ᠋ᠲ᠋ᠣᠮᠠᠰᠢᠨ᠂ ᠴᠠᠬᠢᠯᠭᠠᠨ ᠬᠡᠷᠡᠭᠰᠡᠯ ᠦᠢᠯᠡᠳᠪᠦᠷᠢᠯᠡᠭᠴᠢ ᠣᠷᠣᠨ ᠪᠥᠭᠡᠳ ᠫᠠᠲ᠋ᠧᠨᠲ ᠡᠵᠡᠮᠰᠢᠭᠴᠢᠳ ᠦᠨ ᠲᠣᠭ᠎ᠠ ᠪᠠᠷ ᠢᠶᠠᠨ ᠳᠡᠯᠡᠬᠡᠢ ᠶᠢᠨ ᠬᠠᠮᠤᠭ ᠤᠨ ᠰᠢᠨ᠎ᠡ ᠶᠢ ᠰᠠᠨᠠᠭᠠᠴᠢᠯᠠᠭᠴᠢ ᠣᠷᠣᠨ ᠳᠤ ᠲᠣᠭᠠᠴᠠᠭᠳᠠᠳᠠᠭ ᠪᠢᠯᠡ᠃ ᠡᠮᠦᠨᠡᠲᠦ ᠰᠣᠯᠣᠩᠭᠣᠰ᠂ ᠳᠤᠮᠳᠠᠳᠤ ᠤᠯᠤᠰ ᠲᠠᠢ ᠡᠨᠡ ᠰᠠᠯᠪᠤᠷᠢ ᠳᠤ ᠥᠷᠢᠰᠦᠯᠳᠦᠳᠡᠭ ᠦᠨ ᠬᠤᠪᠢ ᠳᠤ ᠶᠠᠫᠣᠨ ᠥᠨᠳᠥᠷ ᠲᠧᠺᠨᠣᠯᠣᠭᠢ ᠳᠤ ᠵᠢᠱᠢᠶ᠎ᠡ ᠨᠢ ᠮᠠᠰᠢᠨ ᠬᠦᠮᠦᠨ ᠂ ᠮᠠᠰᠢᠨ᠂ ᠬᠠᠷᠠᠭᠠᠨ ᠤ ᠲᠣᠨᠣᠭ ᠲᠥᠬᠥᠭᠡᠷᠦᠮᠵᠢ ᠭᠡᠬᠦ ᠮᠡᠲᠦ ᠳᠡᠭᠡᠷ᠎ᠡ ᠢᠯᠡᠭᠦᠦ ᠲᠥᠪᠯᠡᠷᠡᠵᠦ ᠠᠵᠢᠯᠯᠠᠵᠤ ᠪᠠᠶᠢᠨ᠎ᠠ᠃ ᠮᠥᠨ ᠶᠠᠫᠣᠨ ᠨᠢ ᠥᠨᠥᠳᠥᠷ ᠬᠠᠮᠤᠭ ᠤᠨ ᠲᠣᠮᠣ ᠵᠡᠭᠡᠯᠢ ᠣᠯᠭᠤᠭᠴᠢ ᠤᠯᠤᠰ ᠶᠤᠮ᠃ 2010 ᠤᠨ ᠤ ᠪᠠᠶᠢᠳᠠᠯ ᠢᠶᠠᠷ ᠶᠠᠫᠣᠨ ᠳᠡᠯᠡᠬᠡᠢ ᠶᠢᠨ ᠬᠤᠪᠢ ᠤᠨ ᠰᠧᠺᠲ᠋ᠣᠷ ᠳᠠᠬᠢ ᠰᠠᠩᠬᠦᠦ ᠶᠢᠨ ᠬᠥᠷᠥᠩᠭᠡ ᠶᠢᠨ 13,7% ᠍ ᠶᠢ ᠡᠵᠡᠮᠰᠢᠳᠡᠭ ᠪᠤᠶᠤ ᠳᠡᠯᠡᠬᠡᠢ ᠳᠦ 2 ᠍ ᠷᠲ ᠣᠷᠣᠳᠠᠭ᠃ 2011 ᠤᠨ ᠤ ᠪᠠᠶᠢᠳᠠᠯ ᠢᠶᠠᠷ ᠳᠡᠯᠡᠬᠡᠢ ᠶᠢᠨ ᠬᠠᠮᠤᠭ ᠤᠨ ᠪᠠᠶᠠᠨ 500 ᠺᠣᠮᠫᠠᠨᠢᠢ 68 ᠍ ᠢᠨᠦ ᠶᠠᠫᠣᠨ ᠳᠤ ᠲᠥᠪ ᠲᠡᠢ ᠪᠠᠶᠢᠴᠠᠢ᠃ 1960 ᠤᠨ ᠠᠴᠠ ᠬᠣᠶᠢᠰᠢ 30 ᠵᠢᠯ ᠦᠨ ᠲᠤᠷᠰᠢ ᠠᠮᠧᠷᠢᠺᠠ ᠶᠢᠨ ᠨᠢᠭᠡᠳᠦᠭᠰᠡᠨ ᠤᠯᠤᠰ ᠤᠨ ᠪᠠᠲᠤᠯᠠᠨ ᠬᠠᠮᠠᠭᠠᠯᠠᠯᠲᠠ ᠶᠢᠨ ᠬᠠᠮᠠᠭᠠᠯᠠᠯᠲᠠ ᠳᠤ ᠪᠠᠶᠢᠭᠰᠠᠨ ᠶᠠᠫᠣᠨ ᠡᠳᠡᠭᠡᠷ ᠵᠢᠯ ᠤᠨᠳ ᠲᠤ ᠪᠠᠲᠤᠯᠠᠨ ᠬᠠᠮᠠᠭᠠᠯᠠᠬᠤ ᠰᠠᠯᠪᠤᠷᠢ ᠳᠤ ᠪᠠᠨ ᠬᠥᠷᠥᠩᠭᠡ ᠵᠠᠷᠤᠯ ᠦᠭᠡᠢ ᠡᠳ᠋ ᠍ ᠦᠨ ᠵᠠᠰᠠᠭ ᠢᠶᠠᠨ ᠡᠷᠴᠢᠮᠲᠡᠢ ᠬᠥᠭᠵᠢᠭᠦᠯᠦᠨ᠂ 1960 ᠍ ᠊ᠭᠠᠳ ᠤᠨ ᠤ ᠦᠶ᠎ᠡ ᠳᠦ 10%, 1970 ᠍ ᠊ᠭᠠᠳ ᠤᠨ ᠤ ᠦᠶ᠎ᠡ ᠳᠦ 5%, 1980 ᠍ ᠊ᠭᠠᠳ ᠤᠨ ᠤ ᠦᠶ᠎ᠡ ᠳᠦ 4% ᠍ ᠶᠢᠨ ᠳᠤᠮᠳᠠᠴᠢ ᠥᠰᠦᠯᠲᠡ ᠲᠡᠢ ᠪᠠᠶᠢᠭᠰᠠᠨ ᠢᠶᠠᠷ 1978-2010 ᠤᠨ ᠤ ᠬᠣᠭᠣᠷᠣᠨᠳᠣ ᠳᠡᠯᠡᠬᠡᠢ ᠶᠢᠨ ᠬᠣᠶᠠᠷ ᠳ᠋ᠡᠬᠢ ᠲᠣᠮᠣ ᠡᠳ᠋ ᠍ ᠦᠨ ᠵᠠᠰᠠᠭ ᠭᠡᠰᠡᠨ ᠪᠠᠶᠢᠷᠢ ᠰᠠᠭᠤᠷᠢ ᠪᠠᠨ ᠬᠠᠳᠠᠭᠠᠯᠠᠭᠰᠠᠭᠠᠷ ᠢᠷᠡᠵᠡᠢ᠃ 1990 ᠍ ᠊ᠭᠡᠳ ᠤᠨ ᠤ ᠦᠶ᠎ᠡ ᠳᠦ᠂ ᠶᠠᠫᠣᠨ ᠤ ᠨᠢᠭᠡ ᠬᠦᠨᠳᠦ ᠨᠣᠭᠳᠠᠬᠤ ДНБ ᠪᠠᠷᠠᠭᠤᠨ ᠤ ᠣᠷᠣᠨ ᠨᠤᠭᠤᠳ ᠲᠠᠢ ᠲᠡᠩᠴᠡᠵᠦ ᠢᠷᠡᠭᠰᠡᠨ ᠶᠤᠮ᠃

ᠶᠠᠫᠣᠨ ᠵᠤᠭᠤᠰ

ᠭᠡᠪᠡᠴᠦ 1980 ᠍ ᠊ᠭᠠᠳ ᠤᠨ ᠤ 2 ᠍ ᠳᠠᠬᠢ ᠬᠠᠭᠠᠰ ᠤᠨ ᠦᠶ᠎ᠡ ᠳᠦ᠂ ᠲᠥᠪ ᠪᠠᠩᠬᠢᠨ ᠤ ᠵᠡᠭᠡᠯᠢ ᠶᠢᠨ ᠬᠡᠲᠦ ᠪᠠᠭ᠎ᠠ ᠬᠦᠨ ᠡᠴᠡ ᠶᠠᠫᠣᠨ ᠤ ᠦᠯᠦ ᠬᠥᠳᠡᠯᠬᠦ ᠬᠥᠷᠥᠩᠭᠡ ᠶᠢᠨ ᠦᠨ᠎ᠡ ᠶᠢᠨ ᠬᠥᠭᠡᠰᠦᠨᠴᠢᠷ ᠡᠭᠦᠰᠴᠢ᠂ ᠡᠳ᠋ ᠍ ᠦᠨ ᠵᠠᠰᠠᠭ ᠨᠢ ᠬᠡᠲᠦ ᠬᠠᠯᠠᠭᠰᠠᠨ ᠠᠴᠠ ᠦᠯᠦ ᠬᠥᠳᠡᠯᠬᠦ ᠬᠥᠷᠥᠩᠭᠡ ᠶᠢᠨ ᠦᠨ᠎ᠡ ᠬᠤᠪᠢᠴᠠᠭ᠎ᠠ ᠥᠰᠦᠭᠰᠡᠨ ᠪᠠᠶᠢᠨ᠎ᠠ᠃ 1990-1992 ᠤᠨ ᠳᠤ ᠲᠣᠤᠺᠢᠣ᠋ ᠍ ᠶᠢᠨ ᠬᠥᠷᠥᠩᠭᠡ ᠶᠢᠨ ᠪᠢᠷᠵᠢ ᠳᠡᠭᠡᠷ᠎ᠡ ᠡᠳ᠋ ᠍ ᠦᠨ ᠵᠠᠰᠠᠭ ᠤᠨ ᠬᠥᠭᠡᠰᠦᠨᠴᠢᠷ ᠦᠳ ᠣᠭᠴᠣᠮ ᠥᠰᠦᠭᠰᠡᠨ ᠨᠢ 1991 ᠤᠨ ᠳᠤ ᠣᠷᠭᠢᠯ ᠳᠤ ᠪᠠᠨ ᠬᠦᠷᠦᠭᠰᠡᠨ ᠶᠤᠮ᠃ 1990 ᠍ ᠊ᠭᠡᠳ ᠤᠨ ᠤ ᠦᠶ᠎ᠡ ᠳᠦ ᠶᠠᠫᠣᠨ ᠤ ᠡᠳ᠋ ᠍ ᠦᠨ ᠵᠠᠰᠠᠭ ᠤᠨ ᠥᠰᠦᠯᠲᠡ 1,5% ᠪᠠᠶᠢᠭᠰᠠᠨ ᠢ ᠤᠨᠠᠯᠲᠠ ᠶᠢᠨ 10 ᠵᠢᠯ ᠭᠡᠵᠦ ᠨᠡᠷᠡᠯᠡᠬᠦ ᠨᠢ ᠠᠴᠢ ᠪᠤᠢ᠃ ᠡᠶᠢᠮᠦ ᠤᠨᠠᠯᠲᠠ ᠪᠣᠯᠤᠭᠰᠠᠨ ᠢᠶᠠᠷ 2000-2010 ᠤᠨ ᠤ ᠬᠣᠭᠣᠷᠣᠨᠳᠣ ᠨᠢᠭᠡ ᠬᠦᠨᠳᠦ ᠨᠣᠭᠳᠠᠬᠤ ДНБ ᠍ ᠢᠶᠡᠷ ᠢᠶᠡᠨ ᠠᠮᠧᠷᠢᠺᠠ ᠶᠢᠨ ᠨᠢᠭᠡᠳᠦᠭᠰᠡᠨ ᠤᠯᠤᠰ᠂ ᠧᠦᠢᠷᠣᠫᠠ ᠶᠢ ᠲᠦᠷᠦᠭᠦᠯᠡᠬᠦ ᠲᠥᠯᠥᠪᠯᠡᠭᠡ ᠲᠡᠢ ᠪᠠᠶᠢᠭᠰᠠᠨ ᠨᠢ ᠲᠠᠯᠠᠭᠠᠷ ᠪᠣᠯᠤᠭᠰᠠᠨ ᠴᠤ ᠡᠨᠡ ᠲᠥᠯᠥᠪᠯᠡᠭᠡ ᠪᠡᠨ 2020 ᠭᠡᠬᠦ ᠳᠦ ᠪᠡᠶᠡᠯᠡᠭᠦᠯᠬᠦ ᠵᠣᠷᠢᠯᠲᠠ ᠲᠠᠯᠪᠢᠵᠠᠢ᠃ ᠮᠡᠳᠡᠭᠡᠯᠡᠯ ᠬᠠᠷᠢᠯᠴᠠᠭ᠎ᠠ ᠬᠣᠯᠪᠣᠭ᠎ᠠ ᠲᠧᠭᠨᠣᠯᠣᠭᠢ ᠶᠢᠨ ᠰᠠᠯᠪᠤᠷᠢ ᠨᠢ ᠶᠠᠫᠣᠨ ᠤ ᠦᠨᠳᠦᠰᠦᠨ ᠡᠺᠰᠫᠣᠷᠲᠯᠠᠭᠴᠢ ᠰᠠᠯᠪᠤᠷᠢ ᠶᠢᠨ ᠨᠢᠭᠡ ᠪᠥᠭᠡᠳ ᠶᠠᠫᠣᠨ ᠨᠢ ᠬᠥᠭᠵᠢᠮ ᠦᠨ ᠳᠡᠯᠡᠬᠡᠢ ᠶᠢᠨ 2 ᠍ ᠳᠠᠬᠢ ᠲᠣᠮᠣ ᠵᠠᠬ᠎ᠠ ᠵᠡᠭᠡᠯᠢ ᠶᠤᠮ᠃ ᠠᠭᠤᠯᠠᠷᠬᠠᠭ᠂ ᠭᠠᠯᠲᠤ ᠠᠭᠤᠯᠠ ᠶᠢᠨ ᠢᠳᠡᠪᠬᠢ ᠲᠡᠢ ᠪᠥᠰᠡ ᠳᠦ ᠤᠷᠤᠰᠢᠬᠤ ᠠᠷᠠᠯ ᠤᠨ ᠶᠠᠫᠣᠨ ᠣᠷᠣᠨ ᠳᠤ ᠬᠦᠮᠦᠨ ᠠᠮᠠ᠂ ᠡᠳ᠋ ᠍ ᠦᠨ ᠵᠠᠰᠠᠭ ᠢᠶᠠᠨ ᠲᠡᠳᠭᠦᠬᠦ ᠲᠣᠳᠣᠷᠬᠠᠢ ᠪᠠᠶᠢᠭᠠᠯᠢ ᠶᠢᠨ ᠪᠠᠶᠠᠯᠢᠭ ᠪᠠᠶᠢᠳᠠᠭ ᠦᠭᠡᠢ᠂ ᠤᠴᠢᠷ ᠠᠴᠠ ᠢᠮᠫᠣᠷᠲ ᠢᠶᠠᠷ ᠲᠦᠭᠦᠬᠡᠢ ᠡᠳ᠋ ᠣᠷᠣᠭᠤᠯᠵᠤ ᠢᠷᠡᠨ ᠰᠤᠳᠤᠯᠭ᠎ᠠ ᠰᠢᠨᠵᠢᠯᠡᠭᠡᠨ ᠦ ᠰᠠᠯᠪᠤᠷᠢ ᠳᠤ ᠣᠯᠤᠭᠰᠠᠨ ᠠᠮᠵᠢᠯᠲᠠ ᠪᠠᠨ ᠡᠺᠰᠫᠣᠷᠲᠯᠠᠳᠠᠭ ᠪᠠᠶᠢᠨ᠎ᠠ᠃ ᠶᠠᠫᠣᠨ ᠨᠢ ᠬᠥᠳᠡᠭᠡ ᠠᠵᠤ ᠠᠬᠤᠢ ᠶᠢᠨ ᠪᠦᠲᠦᠭᠡᠭᠳᠡᠬᠦᠨ ᠣᠯᠪᠤᠷᠢᠯᠠᠭᠴᠢ 3 ᠍ ᠳᠠᠬᠢ ᠲᠣᠮᠣ ᠤᠯᠤᠰ ᠪᠠ ᠵᠢᠭᠠᠰᠤ᠂ ᠵᠢᠭᠠᠰᠤᠨ ᠪᠦᠲᠦᠭᠡᠭᠳᠡᠬᠦᠨ ᠦ ᠬᠠᠮᠤᠭ ᠤᠨ ᠲᠣᠮᠣ ᠡᠺᠰᠫᠣᠷᠲᠯᠠᠭᠴᠢ ᠤᠯᠤᠰ ᠶᠤᠮ᠃ ᠠᠵᠤ ᠦᠢᠯᠡᠳᠪᠦᠷᠢ ᠳᠦ ᠱᠠᠭᠠᠷᠳᠠᠭᠳᠠᠬᠤ ᠣᠯᠠᠨ ᠲᠦᠭᠦᠬᠡᠢ ᠡᠳ᠋ ᠍ ᠢᠶᠡᠨ ᠢᠮᠫᠣᠷᠲ ᠢᠶᠠᠷ ᠣᠷᠣᠭᠤᠯᠵᠤ ᠢᠷᠡᠳᠡᠭ᠃ ᠪᠠᠭ᠎ᠠ ᠬᠡᠮᠵᠢᠶᠡᠨ ᠦ ᠪᠠᠶᠠᠯᠢᠭ ᠪᠠᠶᠢᠭᠰᠠᠨ ᠢ ᠨᠢ ᠳᠠᠶᠢᠨ ᠤ ᠳᠠᠷᠠᠭᠠᠬᠢ ᠵᠢᠯ ᠤᠨᠳ ᠲᠤ ᠣᠯᠪᠤᠷᠢᠯᠠᠵᠤ ᠳᠠᠭᠤᠰᠤᠭᠰᠠᠨ ᠭᠡᠵᠦ ᠦᠵᠡᠳᠡᠭ᠃ ᠪᠠ ᠣᠢ ᠶᠢᠨ ᠪᠠᠶᠠᠯᠢᠭ ᠨᠥᠭᠡᠴᠡ ᠲᠡᠢ ᠴᠤ ᠶᠠᠫᠣᠨ ᠤ ᠵᠠᠰᠠᠭ ᠤᠨ ᠭᠠᠵᠠᠷ ᠠᠴᠠ ᠡᠳ᠋ ᠍ ᠦᠨ ᠵᠠᠰᠠᠭ ᠤᠨ ᠥᠰᠦᠯᠲᠡ ᠶᠢᠨ ᠲᠥᠯᠥᠭᠡ ᠣᠢ ᠤᠰᠠᠳᠬᠠᠬᠤ ᠦᠭᠡᠢ ᠪᠠᠶᠢᠬᠤ ᠲᠤᠬᠠᠢ ᠰᠢᠢᠳᠪᠦᠷᠢ ᠭᠠᠷᠭᠠᠵᠠᠢ᠃ ᠡᠳ᠋ ᠍ ᠦᠨ ᠵᠠᠰᠠᠭ ᠤᠨ ᠲᠡᠦᠬᠡ ᠶᠠᠫᠣᠨ ᠨᠢ 16 ᠍ ᠳᠦᠭᠡᠷ ᠵᠠᠭᠤᠨ ᠤ ᠦᠶ᠎ᠡ ᠳᠦ ᠠᠩᠬ᠎ᠠ ᠧᠦᠢᠷᠣᠫᠠ ᠲᠠᠢ ᠬᠠᠷᠢᠯᠴᠠᠬᠤ ᠪᠣᠯᠤᠭᠰᠠᠨ ᠪᠠ ᠲᠤᠬᠠᠢ ᠶᠢᠨ ᠦᠶ᠎ᠡ ᠳᠦ ᠶᠠᠫᠣᠨ ᠳᠤ ᠣᠴᠢᠵᠤ ᠪᠠᠶᠢᠭᠰᠠᠨ ᠵᠢᠭᠤᠯᠴᠢᠳ ᠤᠨ ᠲᠡᠮᠳᠡᠭᠯᠡᠯ ᠢᠶᠡᠷ ᠲᠤᠬᠠᠢ ᠶᠢᠨ ᠦᠶ᠎ᠡ ᠳᠦ ᠵᠡᠰ᠂ ᠮᠥᠩᠭᠥ᠂ ᠲᠡᠮᠦᠷᠯᠢᠭ ᠵᠡᠷᠭᠡ ᠲᠦᠭᠦᠬᠡᠢ ᠡᠳ᠋ ᠍ ᠦᠨ ᠪᠠᠶᠠᠯᠢᠭ ᠶᠡᠬᠡ ᠲᠡᠢ ᠪᠠᠶᠢᠭᠰᠠᠨ ᠲᠡᠳᠦᠢ ᠦᠭᠡᠢ ᠭᠣᠣᠯ ᠡᠺᠰᠫᠣᠷᠲᠯᠠᠭᠴᠢ ᠪᠠᠶᠢᠴᠠᠢ᠃ ᠠᠵᠤ ᠦᠢᠯᠡᠳᠪᠦᠷᠢᠵᠢᠯᠲᠡ ᠶᠢᠨ ᠡᠮᠦᠨᠡᠬᠢ ᠦᠶ᠎ᠡ ᠶᠢᠨ ᠡᠳ᠋ ᠍ ᠦᠨ ᠵᠠᠰᠠᠭ ᠲᠠᠢ ᠪᠠᠶᠢᠭᠰᠠᠨ ᠪᠠ ᠬᠦᠮᠦᠨ ᠠᠮᠠ ᠰᠢᠭᠢᠭᠦᠦ ᠰᠠᠭᠤᠷᠢᠰᠢᠭᠰᠠᠨ ᠬᠣᠲᠠ ᠨᠤᠭᠤᠳ ᠲᠠᠢ ᠪᠠᠶᠢᠴᠠᠢ᠃ ᠲᠡᠳᠡᠨ ᠦ ᠤᠷᠠᠨ ᠳᠠᠷᠬᠠᠨ ᠤ ᠪᠣᠯᠤᠨ ᠭᠠᠷ ᠤᠷᠠᠯᠠᠯ ᠤᠨ ᠴᠢᠳᠠᠪᠤᠷᠢ ᠧᠦᠢᠷᠣᠫᠠᠴᠤᠳ ᠲᠤ ᠭᠠᠶᠢᠬᠠᠭᠳᠠᠳᠠᠭ ᠪᠠᠶᠢᠭᠰᠠᠨ ᠪᠠ ᠧᠦ᠋ᠷᠣᠫᠠ ᠲᠢᠪ ᠲᠦ ᠡᠯᠪᠡᠭ ᠪᠠᠶᠢᠳᠠᠭ ᠵᠠᠷᠢᠮ ᠨᠢᠭᠡ ᠲᠦᠭᠦᠬᠡᠢ ᠡᠳ᠋ ᠲᠡᠨᠳᠡ ᠮᠠᠰᠢ ᠬᠣᠮᠰᠠ ᠪᠠᠶᠢᠳᠠᠭ ᠪᠠ ᠡᠨᠡ ᠪᠠᠭᠠᠬᠠᠨ ᠪᠠᠶᠠᠯᠢᠭ ᠢᠶᠠᠨ ᠮᠠᠰᠢ ᠴᠢᠳᠠᠪᠤᠷᠢᠯᠢᠭ ᠢᠶᠠᠷ ᠤᠬᠠᠭᠠᠯᠢᠭ ᠢᠶᠠᠷ ᠵᠠᠬᠢᠷᠤᠨ ᠵᠠᠷᠤᠴᠠᠭᠤᠯᠵᠤ ᠴᠢᠳᠠᠳᠠᠭ ᠪᠠᠶᠢᠴᠠᠢ᠃ ᠬᠢᠲᠠᠳ ᠲᠠᠢ ᠬᠠᠷᠢᠯᠴᠠᠬᠤ ᠶᠢ ᠬᠣᠷᠢᠭᠯᠠᠭᠰᠠᠨ ᠬᠠᠤᠯᠢ ᠲᠠᠢ ᠪᠠᠶᠢᠭᠰᠠᠨ ᠪᠠ ᠠᠩᠬ᠎ᠠ ᠬᠢᠲᠠᠳ ᠤᠨ ᠪᠠᠷᠠᠭ᠎ᠠ ᠲᠠᠸᠠᠷ ᠳᠦᠭᠦᠷᠡᠩ ᠫᠣᠷᠲ᠋ᠤᠭᠠᠯ ᠤᠨ ᠬᠥᠯᠥᠭ ᠣᠩᠭᠣᠴᠠ ᠪᠣᠭᠣᠮᠲᠠᠳ ᠨᠢ ᠵᠣᠭᠰᠣᠵᠠᠢ᠃ 17 ᠍ ᠳᠦᠭᠡᠷ ᠵᠠᠭᠤᠨ ᠠᠴᠠ ᠶᠠᠫᠣᠨᠴᠤᠳ ᠧᠦ᠋ᠷᠣᠫᠠ ᠶᠢᠨ ᠬᠤᠳᠠᠯᠳᠤᠭᠠᠴᠢᠳ ᠲᠠᠢ ᠬᠤᠳᠠᠯᠳᠤᠭ᠎ᠠ ᠪᠠᠨ ᠥᠷᠭᠡᠵᠢᠭᠦᠯᠵᠦ ᠪᠠᠶᠢᠭᠰᠠᠨ ᠴᠤ᠂ ᠱᠠᠰᠢᠨ ᠤ ᠭᠠᠵᠢ ᠨᠥᠯᠥᠭᠡ ᠭᠠᠵᠠᠷ ᠠᠪᠤᠭᠰᠠᠨ ᠢᠶᠠᠷ ᠬᠤᠳᠠᠯᠳᠤᠭ᠎ᠠ ᠪᠠᠨ ᠪᠦᠷᠢᠨ ᠬᠠᠭᠠᠭᠰᠠᠨ ᠶᠤᠮ᠃ 1603-1868 ᠤᠨ ᠢ ᠡᠳ᠋᠎ᠠ ᠶᠢᠨ ᠦᠶ᠎ᠡ ᠭᠡᠵᠦ ᠨᠡᠷᠡᠯᠡᠳᠡᠭ ᠪᠠ ᠡᠨᠡ ᠦᠶ᠎ᠡ ᠶᠢᠨ ᠶᠠᠫᠣᠨ ᠳᠤ ᠬᠣᠲᠠᠵᠢᠯᠲᠠ ᠲᠥᠪᠯᠡᠷᠡᠵᠦ᠂ 400000 ᠭᠠᠷᠤᠢ ᠣᠷᠣᠰᠢᠨ ᠰᠠᠭᠤᠭᠴᠢ ᠲᠠᠢ 2 /ᠣᠰᠠᠺᠠ᠂ ᠺᠶᠣᠣᠲᠠ/ ᠬᠣᠲᠠ ᠪᠠᠶᠢᠭᠰᠠᠨ ᠪᠠ ᠡᠳᠣ ᠬᠣᠲᠠ 1 ᠰᠠᠶ᠎ᠠ ᠭᠠᠷᠤᠢ ᠢᠷᠭᠡᠨ ᠲᠡᠢ ᠪᠠᠶᠢᠭᠰᠠᠨ ᠪᠠᠶᠢᠨ᠎ᠠ᠃ ᠣᠤᠰᠠᠺᠠ ᠺᠶᠣᠣᠲᠠ ᠨᠢ ᠭᠠᠷ ᠤᠷᠠᠯᠠᠯ ᠬᠤᠳᠠᠯᠳᠤᠭᠠᠨ ᠤ ᠪᠥᠰᠡ ᠪᠠᠶᠢᠭᠰᠠᠨ ᠪᠣᠯ ᠡᠳᠣ ᠨᠢ ᠬᠦᠨᠡᠰᠦᠨ ᠦ ᠬᠡᠷᠡᠭᠯᠡᠭᠡ᠂ ᠥᠷᠭᠡᠨ ᠬᠡᠷᠡᠭᠯᠡᠭᠡᠨ ᠦ ᠪᠠᠷᠠᠭ᠎ᠠ ᠶᠢ ᠬᠠᠩᠭᠠᠳᠠᠭ ᠬᠣᠲᠠ ᠪᠠᠶᠢᠪᠠ᠃ ᠪᠤᠳᠠᠭ᠎ᠠ ᠡᠳ᠋ ᠍ ᠦᠨ ᠵᠠᠰᠠᠭ ᠤᠨ ᠭᠣᠣᠯ ᠦᠨᠳᠦᠰᠦ ᠪᠠᠶᠢᠭᠰᠠᠨ ᠪᠠ ᠲᠠᠲᠠᠪᠤᠷᠢ ᠬᠡᠲᠦᠷᠬᠡᠢ ᠥᠨᠳᠥᠷ᠂ ᠲᠠᠷᠢᠶᠠᠴᠢᠳ 40 ᠬᠤᠪᠢ ᠤᠨ ᠲᠠᠲᠠᠪᠤᠷᠢ ᠲᠥᠯᠦᠳᠡᠭ ᠪᠠᠶᠢᠪᠠ᠃ 1868 ᠤᠨ ᠳᠤ ᠶᠠᠫᠣᠨ ᠳᠤ ᠮᠧᠢᠵᠤ ᠶᠢᠨ ᠬᠤᠪᠢᠰᠬᠠᠯ ᠶᠠᠪᠤᠭᠳᠠᠵᠤ᠂ ᠪᠠᠷᠠᠭᠤᠨ ᠤ ᠬᠤᠳᠠᠯᠳᠤᠭᠠᠴᠢᠳ ᠲᠤ ᠥᠪᠡᠷ ᠦᠨ ᠪᠣᠭᠣᠮᠲᠠ ᠶᠢ ᠨᠡᠭᠡᠭᠡᠭᠰᠡᠨ ᠪᠠᠶᠢᠨ᠎ᠠ᠃ ᠡᠨᠡ ᠦᠶ᠎ᠡ ᠳᠦ ᠮᠧᠢᠵᠤ ᠶᠢᠨ ᠵᠠᠰᠠᠭ ᠤᠨ ᠭᠠᠵᠠᠷ 《ᠪᠠᠶᠠᠨ ᠣᠷᠣᠨ᠂ ᠬᠦᠴᠦᠷᠬᠡᠭ ᠠᠷᠮᠢ ᠶᠢᠨ ᠪᠣᠳᠣᠳᠠᠯᠭ᠎ᠠ》 ᠪᠠᠷᠢᠮᠲᠠᠯᠠᠵᠤ ᠪᠠᠶᠢᠪᠠ᠃ ᠮᠢᠩᠭ᠎ᠠ ᠮᠢᠩᠭᠠᠨ ᠣᠶᠤᠲᠠᠨ ᠢᠶᠠᠨ ᠪᠠᠷᠠᠭᠤᠨ ᠤ ᠣᠷᠣᠨ ᠨᠤᠭᠤᠳ ᠲᠤ ᠡᠷᠳᠡᠮ ᠮᠡᠳᠡᠯᠭᠡ ᠡᠵᠡᠮᠰᠢᠭᠦᠯᠬᠦ ᠪᠡᠷ ᠶᠠᠪᠤᠭᠤᠯᠵᠤ᠂ 3000 ᠭᠠᠷᠤᠢ ᠪᠠᠷᠠᠭᠤᠨ ᠤ ᠪᠠᠭᠰᠢ ᠨᠠᠷ ᠢ ᠵᠠᠯᠠᠵᠤ ᠣᠷᠴᠢᠨ ᠦᠶ᠎ᠡ ᠶᠢᠨ ᠰᠢᠨᠵᠢᠯᠡᠬᠦ ᠤᠬᠠᠭᠠᠨ᠂ ᠮᠠᠲ᠋ᠧᠮᠠᠲ᠋ᠢᠺ᠂ ᠭᠠᠳᠠᠭᠠᠳᠤ ᠬᠡᠯᠡ᠂ ᠲᠧᠭᠨᠣᠯᠣᠭᠢ ᠵᠢᠭᠠᠯᠭᠠᠵᠤ ᠪᠠᠶᠢᠪᠠ᠃ ᠵᠠᠰᠠᠭ ᠤᠨ ᠭᠠᠵᠠᠷ ᠮᠥᠨ ᠲᠡᠮᠦᠷ ᠵᠠᠮ᠂ ᠵᠠᠮ᠂ ᠪᠠᠷᠢᠵᠤ ᠤᠯᠤᠰ ᠣᠷᠣᠨ ᠤ ᠪᠠᠨ ᠬᠡᠲᠦ ᠶᠢᠨ ᠬᠥᠭᠵᠢᠯ ᠳᠡᠪᠰᠢᠯ ᠳᠦ ᠪᠡᠯᠡᠳᠴᠦ ᠡᠬᠢᠯᠡᠭᠰᠡᠨ ᠶᠤᠮ᠃ ᠡᠨᠡ ᠦᠶ᠎ᠡ ᠳᠦ ᠮᠧᠢᠵᠤ ᠶᠢᠨ ᠵᠠᠰᠠᠭ ᠤᠨ ᠭᠠᠵᠠᠷ ᠦᠢᠯᠡᠳᠪᠦᠷᠢᠯᠡᠯ ᠶᠠᠪᠤᠭᠤᠯᠵᠤ᠂ ᠪᠢᠽᠢᠨ᠋ᠧᠰ ᠡᠷᠬᠢᠯᠡᠬᠦ ᠨᠢ ᠬᠤᠪᠢ ᠤᠨ ᠰᠧᠺᠲ᠋ᠣᠷ ᠤᠨ ᠬᠢᠬᠦ ᠵᠦᠢᠯ᠂ ᠬᠠᠷᠢᠨ ᠪᠢᠽᠢᠨ᠋ᠧᠰ ᠡᠷᠬᠢᠯᠡᠬᠦ ᠲᠠᠭᠠᠲᠠᠢ ᠨᠥᠬᠥᠴᠡᠯ ᠦᠨ ᠪᠦᠷᠢᠳᠦᠭᠦᠯᠬᠦ ᠨᠢ ᠵᠠᠰᠠᠭ ᠤᠨ ᠭᠠᠵᠠᠷ ᠤᠨ ᠡᠭᠦᠷᠭᠡ ᠭᠡᠵᠦ ᠦᠵᠡᠵᠦ ᠪᠠᠶᠢᠪᠠ᠃ ᠡᠨᠡ ᠪᠣᠳᠣᠯᠭ᠎ᠠ ᠶᠢᠨ ᠦᠷ᠎ᠡ ᠪᠡᠷ ᠶᠠᠫᠣᠨ ᠳᠤ ᠲᠣᠮᠣᠬᠠᠨ ᠬᠡᠮᠵᠢᠶᠡᠨ ᠦ ᠺᠣᠮᠫᠠᠨᠢ ᠨᠤᠭᠤᠳ ᠪᠤᠢ ᠪᠣᠯᠤᠭᠰᠠᠨ ᠶᠤᠮ᠃ 1930 ᠍ ᠊ᠭᠠᠳ ᠤᠨ ᠤ ᠦᠶ᠎ᠡ ᠳᠦ᠂ ᠶᠠᠫᠣᠨ ᠤ ᠳᠤᠮᠳᠠᠴᠢ ᠴᠠᠯᠢᠩ ᠠᠮᠧᠷᠢᠺᠠ ᠶᠢᠨ ᠨᠢᠭᠡᠳᠦᠭᠰᠡᠨ ᠤᠯᠤᠰ ᠶᠢᠨ ᠬᠢ ᠠᠴᠠ 10 ᠳᠠᠬᠢᠨ ᠪᠠᠭ᠎ᠠ᠂ ᠪᠦᠲᠦᠭᠡᠭᠳᠡᠬᠦᠨ ᠦ ᠦᠨ᠎ᠡ ᠶᠢᠨ ᠲᠦᠪᠰᠢᠨ ᠠᠮᠧᠷᠢᠺᠠ ᠶᠢᠨ ᠨᠢᠭᠡᠳᠦᠭᠰᠡᠨ ᠤᠯᠤᠰ ᠤᠨ 44% ᠯᠠ ᠪᠠᠶᠢᠪᠠ᠃ ᠳᠠᠶᠢᠨ ᠤ ᠳᠠᠷᠠᠭᠠᠬᠢ ᠦᠶ᠎ᠡ ᠪᠤᠶᠤ 1960-1980 ᠤᠨ ᠤ ᠶᠠᠫᠣᠨ ᠤ ᠡᠳ᠋ ᠍ ᠦᠨ ᠵᠠᠰᠠᠭ ᠢ ᠭᠠᠶᠢᠬᠠᠮᠰᠢᠭᠲᠤ ᠦᠶ᠎ᠡ ᠭᠡᠵᠦ ᠨᠡᠷᠡᠯᠡᠬᠦ ᠨᠢ ᠪᠤᠢ᠃ 1980 ᠍ ᠊ᠭᠠᠳ ᠤᠨ ᠤ ᠦᠶᠡᠰ ᠶᠠᠫᠣᠨ ᠤ ᠡᠳ᠋ ᠍ ᠦᠨ ᠵᠠᠰᠠᠭ ᠪᠠᠭ᠎ᠠ ᠴᠠᠯᠢᠩ ᠠᠴᠠ ᠶᠡᠬᠡ ᠴᠠᠯᠢᠩ ᠷᠤ ᠰᠢᠯᠵᠢᠬᠦ ᠪᠣᠯᠤᠭᠰᠠᠨ ᠪᠢᠯᠡ᠃ ᠭᠡᠪᠡᠴᠦ 1990 ᠍ ᠊ᠭᠡᠳ ᠤᠨ ᠤ ᠤᠨᠠᠯᠲᠠ ᠠᠴᠠ ᠡᠳ᠋ ᠍ ᠦᠨ ᠵᠠᠰᠠᠭ ᠤᠨ ᠥᠰᠦᠯᠲᠡ ᠨᠢ ᠤᠳᠠᠭᠠᠰᠢᠷᠠᠭᠰᠠᠨ ᠪᠠᠶᠢᠨ᠎ᠠ᠃ ᠮᠥᠨ ᠡᠳ᠋ ᠍ ᠦᠨ ᠵᠠᠰᠠᠭ ᠨᠢ ᠬᠡᠲᠦ ᠦᠷᠡᠯᠭᠡᠨ ᠪᠠᠶᠢᠭᠰᠠᠨ ᠢᠶᠠᠷ᠂ ᠣᠯᠠᠨ ᠨᠡᠶᠢᠲᠡ ᠶᠢᠨ ᠶᠡᠬᠡᠬᠡᠨ ᠲᠥᠰᠥᠪ ᠲᠡᠢ ᠲᠥᠰᠥᠯ ᠦᠳ ᠢ ᠰᠠᠩᠬᠦᠵᠢᠭᠦᠯᠦᠭᠰᠡᠨ ᠢᠶᠡᠷ ᠲᠥᠰᠥᠪ ᠦᠨ ᠲᠣᠮᠣᠬᠠᠨ ᠠᠯᠳᠠᠭᠳᠠᠯ ᠳᠤ ᠣᠷᠣᠭᠰᠠᠨ ᠪᠠᠶᠢᠨ᠎ᠠ᠃ 1998 ᠤᠨ ᠭᠡᠬᠦ ᠳᠦ᠂ ᠣᠯᠠᠨ ᠨᠡᠶᠢᠲᠡ ᠶᠢᠨ ᠲᠥᠰᠥᠯ ᠦᠳ ᠦᠨ ᠡᠳ᠋ ᠍ ᠦᠨ ᠵᠠᠰᠠᠭ ᠳᠠᠬᠢ ᠡᠷᠢᠯ ᠳᠦ ᠵᠣᠭᠰᠣᠩᠭᠢ ᠪᠠᠶᠢᠳᠠᠯ ᠳᠤ ᠣᠷᠣᠭᠰᠠᠨ ᠶᠤᠮ᠃ ᠶᠠᠫᠣᠨ ᠤ ᠵᠠᠰᠠᠭ ᠤᠨ ᠭᠠᠵᠠᠷ ᠡᠨᠡ ᠦᠶᠡᠰ ᠪᠦᠲᠦᠴᠡ ᠶᠢᠨ ᠰᠢᠨᠡᠴᠢᠯᠡᠯᠲᠡ ᠬᠢᠵᠦ᠂ ᠬᠤᠪᠢᠴᠠᠭ᠎ᠠ᠂ ᠬᠥᠷᠥᠩᠭᠡ ᠶᠢᠨ ᠵᠠᠬ᠎ᠠ ᠵᠡᠭᠡᠯᠢ ᠳᠡᠭᠡᠷᠡᠬᠢ ᠢᠯᠡᠭᠦᠳᠡᠯ ᠢ ᠰᠢᠬᠠᠬᠤ ᠪᠣᠳᠣᠯᠭ᠎ᠠ ᠶᠠᠪᠤᠭᠤᠯᠤᠭᠰᠠᠨ ᠴᠤ ᠡᠨᠡ ᠨᠢ 1999-2004 ᠤᠨ ᠨᠤᠭᠤᠳ ᠲᠤ ᠳᠧᠹᠯᠢᠶᠠᠼᠢ ᠡᠭᠦᠰᠬᠦ ᠰᠢᠯᠲᠠᠭᠠᠨ ᠪᠣᠯᠤᠭᠰᠠᠨ᠃ 1998 ᠤᠨ ᠳᠤ ᠫᠷᠢᠨᠴᠲ᠋ᠣᠨ ᠤ ᠡᠳ᠋ ᠍ ᠦᠨ ᠵᠠᠰᠠᠭ ᠤᠨ ᠤᠬᠠᠭᠠᠨ ᠤ ᠫᠷᠣᠹᠧᠰᠰᠣᠷ ᠫᠠᠦ᠋ᠯ ᠺᠷᠤᠭᠮᠠᠨ ᠥᠪᠡᠷ ᠦᠨ ᠪᠦᠲᠦᠭᠡᠯ ᠳᠦ ᠪᠡᠨ ᠶᠠᠫᠣᠨ ᠤ ᠡᠳ᠋ ᠍ ᠦᠨ ᠵᠠᠰᠠᠭ ᠢᠨᠹᠯᠢᠶᠠᠼ ᠢ ᠶᠡᠬᠡᠰᠭᠡᠬᠦ ᠬᠡᠷᠡᠭᠲᠡᠢ᠃ ᠡᠭᠦᠨ ᠦ ᠦᠷ᠎ᠡ ᠳ᠋ᠦᠩ ᠳᠦ ᠤᠷᠲᠤ ᠬᠤᠭᠤᠴᠠᠭᠠᠨ ᠤ ᠬᠦ ᠶᠢᠨ ᠬᠡᠮᠵᠢᠶ᠎ᠡ ᠶᠢ ᠪᠠᠭᠤᠷᠠᠭᠤᠯᠤᠨ᠂ ᠵᠠᠷᠤᠴᠠᠭᠤᠯᠤᠯᠲᠠ ᠶᠢ ᠶᠡᠬᠡᠰᠬᠡᠨ᠎ᠡ ᠭᠡᠵᠡᠢ᠃ ᠬᠠᠷᠢᠨ ᠶᠠᠫᠣᠨ ᠺᠷᠤᠭᠮᠠᠨ ᠤ ᠡᠨᠡ ᠣᠨᠣᠯ ᠳᠤ ᠦᠨᠳᠦᠰᠦᠯᠡᠨ ᠲᠣᠭ᠎ᠠ ᠶᠢ ᠪᠠᠭᠠᠰᠭᠠᠬᠤ ᠥᠭᠡᠷ᠎ᠡ ᠠᠷᠭ᠎ᠠ ᠬᠡᠷᠡᠭᠯᠡᠭᠰᠡᠨ ᠪᠠᠶᠢᠨ᠎ᠠ᠃ ᠮᠥᠩᠭᠥ ᠶᠢ ᠰᠢᠨ᠎ᠡ ᠪᠡᠷ ᠬᠡᠪᠯᠡᠨ ᠭᠠᠷᠭᠠᠵᠤ ᠶᠡᠬᠡ ᠬᠡᠮᠵᠢᠶ᠎ᠡ ᠪᠡᠷ ᠨᠡᠶᠢᠯᠡᠭᠦᠯᠦᠯᠲᠡ ᠳᠦ ᠭᠠᠷᠭᠠᠯ ᠦᠭᠡᠢ ᠪᠡᠷ᠂ ᠢᠨᠹᠯᠢᠶᠠᠼᠢ ᠥᠰᠬᠡᠬᠦ ᠶᠢᠨ ᠲᠤᠯᠠᠳᠠ ᠳᠣᠲᠣᠭᠠᠳᠤ ᠶᠢᠨ ᠮᠥᠩᠭᠥᠨ ᠦ ᠨᠡᠶᠢᠯᠡᠭᠦᠯᠦᠯᠲᠡ ᠪᠡᠨ ᠥᠷᠭᠡᠵᠢᠭᠦᠯᠦᠭᠰᠡᠨ ᠪᠠᠶᠢᠨ᠎ᠠ᠃ ᠡᠬᠢᠨ ᠳᠦ ᠪᠡᠨ ᠡᠨᠡ ᠪᠣᠳᠣᠯᠭ᠎ᠠ ᠥᠰᠦᠯᠲᠡᠳ ᠬᠦᠷᠭᠡᠭᠡ ᠦᠭᠡᠢ ᠴᠤ᠂ ᠠᠭᠠᠵᠢᠮ ᠢᠶᠠᠷ ᠢᠨᠹᠯᠢᠶᠠᠼ ᠤᠨ ᠲᠠᠭᠠᠮᠠᠭᠯᠠᠯ ᠳᠤ ᠨᠥᠯᠦᠭᠡᠯᠡᠵᠦ ᠡᠬᠢᠯᠡᠭᠰᠡᠨ ᠪᠠᠶᠢᠨ᠎ᠠ᠃ 2005 ᠤᠨ ᠤ ᠰᠡᠭᠦᠯᠡᠷ᠂ ᠡᠳ᠋ ᠍ ᠦᠨ ᠵᠠᠰᠠᠭ ᠲᠣᠭᠲᠠᠪᠤᠷᠢᠲᠠᠢ ᠰᠡᠷᠭᠦᠵᠦ ᠡᠬᠢᠯᠡᠭᠰᠡᠨ ᠪᠠᠶᠢᠨ᠎ᠠ᠃ ᠲᠤᠬᠠᠢ ᠶᠢᠨ ᠤᠨ ᠤ ДНБ ᠍ ᠦ ᠥᠰᠦᠯᠲᠡ 2.8% ᠪᠠᠶᠢᠭᠰᠠᠨ ᠨᠢ᠂ ᠲᠤᠬᠠᠢ ᠶᠢᠨ ᠤᠨ ᠤ 4 ᠍ ᠳᠦᠭᠡᠷ ᠤᠯᠠᠷᠢᠯ ᠳᠤ ᠠᠮᠧᠷᠢᠺᠠ ᠶᠢᠨ ᠨᠢᠭᠡᠳᠦᠭᠰᠡᠨ ᠤᠯᠤᠰ᠂ ᠧᠦ᠋ᠷᠣᠫᠠ ᠶᠢᠨ ᠬᠣᠯᠪᠣᠭ᠎ᠠ ᠲᠠᠢ ᠬᠠᠷᠢᠴᠠᠭᠤᠯᠬᠤ ᠳᠤ 5.5% ᠍ ᠪᠠᠷ ᠢᠯᠡᠭᠦᠦ ᠪᠠᠶᠢᠴᠠᠢ᠃ ᠡᠮᠦᠨᠡᠬᠢ ᠰᠡᠷᠭᠦᠯᠲᠡ ᠶᠢᠨ ᠬᠠᠨᠳᠤᠯᠭ᠎ᠠ ᠠᠴᠠ ᠢᠯᠭᠠᠭ᠎ᠠ ᠲᠠᠢ ᠨᠢ᠂ ᠥᠰᠦᠯᠲᠡᠳ ᠨᠥᠯᠦᠭᠡᠯᠡᠭᠰᠡᠨ ᠭᠣᠣᠯ ᠬᠦᠴᠦᠨ ᠵᠦᠢᠯ ᠨᠢ ᠳᠣᠲᠣᠭᠠᠳᠤ ᠶᠢᠨ ᠬᠡᠷᠡᠭᠯᠡᠭᠡ ᠪᠠᠶᠢᠪᠠ᠃ ᠵᠡᠭᠡᠯᠢ ᠶᠢᠨ ᠬᠦᠦ ᠤᠳᠠᠭᠠᠨ ᠬᠤᠭᠤᠴᠠᠭᠠᠨ ᠤ ᠲᠤᠷᠰᠢ ᠪᠠᠷᠤᠭ 0 ᠪᠣᠯᠤᠭᠠᠳ ᠪᠠᠶᠢᠭᠰᠠᠨ ᠬᠡᠳᠦᠢ ᠴᠤ ᠲᠣᠭ᠎ᠠ ᠶᠢ ᠪᠠᠭᠠᠰᠭᠠᠬᠤ ᠪᠣᠳᠣᠯᠭ᠎ᠠ ᠦᠨ᠎ᠡ ᠶᠢᠨ ᠳᠧᠹᠯᠢᠶᠠᠼ ᠢ ᠵᠣᠭᠰᠣᠭᠠᠬᠤ ᠳᠤ ᠠᠮᠵᠢᠯᠲᠠ ᠣᠯᠵᠤ ᠴᠢᠳᠠᠭ᠎ᠠ ᠦᠭᠡᠢ ᠶᠤᠮ᠃ ᠡᠨᠡ ᠨᠢ ᠫᠠᠦ᠋ᠯ ᠺᠷᠤᠭᠮᠠᠨ ᠪᠣᠯᠤᠨ ᠵᠠᠷᠢᠮ ᠡᠳ᠋ ᠍ ᠦᠨ ᠵᠠᠰᠠᠭᠴᠢᠳ᠂ ᠶᠠᠫᠣᠨ ᠤ ᠤᠯᠤᠰ ᠲᠥᠷᠦᠴᠢᠳ ᠢ ᠰᠠᠨᠠᠭ᠎ᠠ ᠲᠠᠢ ᠭᠢᠫᠧᠷ ᠢᠨᠹᠯᠢᠶᠠᠼᠢ ᠡᠭᠦᠰᠭᠡᠬᠦ ᠲᠠᠯ᠎ᠠ ᠪᠠᠷ ᠶᠠᠷᠢᠬᠤ ᠳᠤ ᠬᠦᠷᠭᠡᠵᠡᠢ᠃ 2006 ᠤᠨ ᠤ 7 ᠰᠠᠷ᠎ᠠ ᠳᠤ 0 ᠬᠤᠪᠢ ᠤᠨ ᠪᠣᠳᠣᠯᠭ᠎ᠠ ᠳᠠᠭᠤᠰᠬᠠᠪᠤᠷᠢ ᠪᠣᠯᠵᠠᠢ᠃ 2008 ᠤᠨ ᠳᠤ ᠶᠠᠫᠣᠨ ᠤ ᠲᠥᠪ ᠪᠠᠩᠬᠢ ᠳᠧᠹᠯᠢᠶᠠᠼ ᠤᠨ ᠪᠣᠳᠣᠯᠭ᠎ᠠ ᠪᠠᠨ ᠶᠠᠪᠤᠭᠤᠯᠵᠤ᠂ ᠨᠢᠺᠺᠧᠢ 225 ᠪᠠᠷᠤᠭ 50% ᠍ ᠪᠠᠷ ᠪᠠᠭᠤᠷᠠᠭᠰᠠᠨ (2007 ᠤᠨ ᠤ 6 ᠰᠠᠷ᠎ᠠ ᠠᠴᠠ 2008 ᠤᠨ ᠤ 12 ᠰᠠᠷ᠎ᠠ ᠬᠦᠷᠲᠡᠯ᠎ᠡ) ᠪᠠᠶᠢᠭᠰᠠᠨ ᠴᠤ ᠬᠥᠭᠵᠢᠩᠭᠦᠢ ᠣᠷᠣᠨ ᠨᠤᠭᠤᠳ ᠳᠣᠲᠣᠷ᠎ᠠ ᠪᠠᠨ ᠬᠠᠮᠤᠭ ᠤᠨ ᠪᠠᠭ᠎ᠠ ᠬᠦᠦ ᠲᠡᠢ ᠨᠢ ᠪᠠᠶᠢᠭᠰᠠᠨ᠃ ᠡᠳ᠋ ᠍ ᠦᠨ ᠵᠠᠰᠠᠭ ᠤᠨ ᠡᠺᠣᠨᠣᠮᠢᠰ ᠲᠤ ᠰᠡᠳᠬᠦᠯ ᠳᠦ ᠶᠠᠫᠣᠨ ᠳᠠᠮᠫᠤᠷᠠᠯ ᠤᠨ ᠲᠤᠬᠠᠢ ᠬᠠᠤᠯᠢ᠂ ᠭᠠᠵᠠᠷ ᠥᠮᠴᠢᠯᠡᠯ ᠦᠨ ᠬᠠᠤᠯᠢ᠂ ᠲᠠᠲᠠᠪᠤᠷᠢ ᠶᠢᠨ ᠬᠠᠤᠯᠢ ᠶᠢᠨ ᠱᠠᠭᠠᠷᠳᠠᠯᠭ᠎ᠠ ᠪᠠᠨ ᠴᠢᠩᠭᠠᠳᠬᠠᠬᠤ ᠨᠢ ᠡᠳ᠋ ᠍ ᠦᠨ ᠵᠠᠰᠠᠭ ᠲᠤ ᠨᠢ ᠨᠡᠮᠡᠷᠢ ᠪᠣᠯᠤᠨ᠎ᠠ ᠭᠡᠵᠡᠢ᠃ ᠰᠡᠭᠦᠯ ᠦᠨ ᠵᠢᠯ ᠤᠨᠳ ᠲᠤ ᠶᠠᠫᠣᠨ ᠳᠡᠯᠡᠬᠡᠢ ᠶᠢᠨ 15 ᠪᠣᠷᠣᠯᠠᠭᠤᠯᠤᠭᠴᠢ ᠦᠨᠳᠦᠰᠦᠲᠡᠨ ᠦ ᠬᠠᠮᠤᠭ ᠤᠨ ᠲᠣᠮᠣ ᠡᠺᠰᠫᠣᠷᠲ ᠤᠨ ᠵᠠᠬ᠎ᠠ ᠵᠡᠭᠡᠯᠢ ᠪᠣᠯᠤᠭᠠᠳ ᠪᠠᠶᠢᠨ᠎ᠠ᠃ ᠳᠡᠳ᠋ ᠪᠦᠲᠦᠴᠡ 2005 ᠤᠨ ᠤ ᠪᠠᠶᠢᠳᠠᠯ ᠢᠶᠠᠷ ᠶᠠᠫᠣᠨ ᠡᠷᠴᠢᠮ ᠬᠦᠴᠦᠨ ᠦ ᠪᠡᠨ ᠬᠠᠭᠠᠰ ᠢ ᠭᠠᠵᠠᠷ ᠤᠨ ᠲᠣᠰᠣ᠂ ᠲᠠᠪᠤᠨ ᠤ ᠨᠢᠭᠡ ᠶᠢ ᠨᠡᠭᠦᠷᠡᠰᠦᠨ ᠡᠴᠡ᠂ 14% ᠍ ᠢ ᠪᠠᠶᠢᠭᠠᠯᠢ ᠶᠢᠨ ᠬᠦᠶᠢᠨ᠎ᠡ ᠡᠴᠡ ᠭᠠᠷᠭᠠᠵᠤ ᠠᠪᠴᠤ ᠪᠠᠶᠢᠴᠠᠢ᠃ ᠶᠠᠫᠣᠨ ᠤ ᠡᠷᠴᠢᠮ ᠬᠦᠴᠦᠨ ᠦ ᠳᠥᠷᠪᠡᠨ ᠦ ᠨᠢᠭᠡ ᠶᠢ ᠴᠥᠮ᠎ᠡ ᠶᠢᠨ ᠡᠷᠴᠢᠮ ᠬᠦᠴᠦᠨ ᠡᠴᠡ ᠭᠠᠷᠭᠠᠵᠤ ᠠᠪᠳᠠᠭ ᠪᠠᠶᠢᠭᠰᠠᠨ ᠬᠡᠳᠦᠢ ᠴᠤ ᠹᠦᠺᠤᠱᠠᠮᠠᠭ ᠤᠨ ᠣᠰᠣᠯ ᠤᠨ ᠳᠠᠷᠠᠭ᠎ᠠ ᠶᠠᠫᠣᠨ ᠤ ᠴᠥᠮ᠎ᠡ ᠶᠢᠨ ᠡᠷᠴᠢᠮ ᠬᠦᠴᠦᠨ ᠦ ᠬᠥᠲᠥᠯᠪᠦᠷᠢ ᠳᠠᠭᠤᠰᠬᠠᠪᠤᠷᠢ ᠪᠣᠯᠤᠭᠰᠠᠨ ᠪᠠᠶᠢᠨ᠎ᠠ᠃  ᠶᠠᠫᠣᠨ 1.2 ᠰᠠᠶ᠎ᠠ ᠺᠢᠯᠣᠮᠧᠲ᠋ᠷ ᠵᠠᠰᠠᠮᠠᠯ ᠵᠠᠮ ᠲᠠᠢ ᠪᠠ ᠭᠣᠣᠯ ᠲᠡᠭᠡᠭᠡᠪᠦᠷᠢᠯᠡᠯᠲᠡ ᠶᠢ ᠭᠦᠢᠴᠡᠳᠭᠡᠳᠡᠭ᠃ ᠶᠠᠫᠣᠨ ᠤ ᠠᠷᠪᠠ ᠭᠠᠷᠤᠢ ᠭᠠᠯᠲᠤ ᠲᠡᠷᠭᠡᠨ ᠦ ᠺᠣᠮᠫᠠᠨᠢ ᠪᠥᠰᠡ ᠨᠤᠲᠤᠭ ᠤᠨ ᠪᠣᠯᠤᠨ ᠣᠷᠣᠨ ᠨᠤᠲᠤᠭ ᠤᠨ ᠵᠣᠷᠴᠢᠭᠴᠢ ᠲᠡᠭᠡᠭᠡᠪᠦᠷᠢᠯᠡᠯᠲᠡ ᠶᠢᠨ ᠵᠠᠬ᠎ᠠ ᠵᠡᠭᠡᠯᠢ ᠳᠡᠭᠡᠷ᠎ᠡ ᠥᠷᠢᠰᠦᠯᠳᠦᠳᠡᠭ ᠪᠠᠶᠢᠨ᠎ᠠ᠃ ᠵᠢᠱᠢᠶ᠎ᠡ ᠨᠢ: ЖР ᠫᠦᠰᠡ᠂ ᠺᠢᠨᠲ᠋ᠴᠦ ᠺᠣᠷᠫᠣᠷᠠᠼᠢ᠂ ᠰᠡᠢᠪᠦ ᠭᠠᠯᠲᠤ ᠲᠡᠷᠭᠡ᠂ ᠺᠢᠣ ᠺᠣᠷᠫᠣᠷᠠᠼᠢ᠃ ᠡᠨᠡᠬᠦ ᠺᠣᠮᠫᠠᠨᠢ ᠨᠤᠭᠤᠳ ᠤᠨ ᠭᠣᠣᠯ ᠪᠣᠳᠣᠯᠭ᠎ᠠ ᠨᠢ ᠪᠠᠭᠤᠳᠠᠯ ᠤᠳ ᠲᠠᠢ ᠣᠶᠢᠷᠠᠬᠠᠨ ᠦᠯᠦ ᠬᠥᠳᠡᠯᠬᠦ ᠬᠥᠷᠥᠩᠭᠡ ᠪᠣᠯᠤᠨ ᠳᠡᠯᠭᠡᠭᠦᠷ ᠡᠵᠡᠮᠰᠢᠬᠦ ᠪᠢᠯᠡ᠃ ᠵᠠᠷᠢᠮ ᠥᠨᠳᠥᠷ ᠬᠤᠷᠳᠤᠨ ᠤ ᠰᠢᠩᠺᠠᠨ ᠰᠡᠨ ᠦᠳ ᠭᠣᠣᠯ ᠬᠣᠲᠤ ᠨᠤᠭᠤᠳ ᠢ ᠬᠣᠭᠣᠷᠣᠨᠳᠣ ᠨᠢ ᠬᠣᠯᠪᠣᠭᠰᠠᠨ ᠪᠠᠶᠢᠳᠠᠭ᠃ ᠪᠦᠬᠦ ᠭᠠᠯᠲᠤ ᠲᠡᠷᠭᠡ ᠴᠠᠭ ᠢᠶᠠᠨ ᠨᠠᠷᠢᠨ ᠪᠠᠷᠢᠳᠠᠭ ᠢᠶᠠᠷ ᠢᠶᠠᠨ ᠨᠡᠷ᠎ᠡ ᠳᠦ ᠭᠠᠷᠤᠭᠰᠠᠨ᠃ ᠬᠣᠲᠠ ᠬᠣᠭᠣᠷᠣᠨᠳᠣ ᠠᠶᠠᠯᠬᠤ 176 ᠨᠢᠰᠬᠦ ᠣᠩᠭᠣᠴᠠᠨ ᠤ ᠪᠠᠭᠤᠳᠠᠯ ᠲᠠᠢ᠃ ᠳᠣᠲᠣᠭᠠᠳᠤ ᠶᠢᠨ ᠬᠠᠮᠤᠭ ᠤᠨ ᠲᠣᠮᠣ ᠨᠢᠰᠬᠦ ᠣᠩᠭᠣᠴᠠᠨ ᠤ ᠪᠠᠭᠤᠳᠠᠯ ᠲᠣᠤᠺᠢᠣ᠋ ᠣᠯᠠᠨ ᠤᠯᠤᠰ ᠤᠨ ᠨᠢᠰᠬᠦ ᠣᠩᠭᠣᠴᠠᠨ ᠤ ᠪᠠᠭᠤᠳᠠᠯ ᠨᠢ ᠠᠽᠢ ᠳᠤ ᠪᠠᠨ ᠬᠠᠮᠤᠭ ᠤᠨ ᠵᠠᠪ ᠦᠭᠡᠢ 2 ᠳᠠᠬᠢ ᠨᠢᠰᠬᠦ ᠣᠩᠭᠣᠴᠠᠨ ᠤ ᠪᠠᠭᠤᠳᠠᠯ ᠳᠤ ᠲᠣᠭᠠᠴᠠᠭᠳᠠᠳᠠᠭ᠃ ᠬᠠᠮᠤᠭ ᠤᠨ ᠲᠣᠮᠣ ᠣᠯᠠᠨ ᠤᠯᠤᠰ ᠤᠨ ᠨᠢᠰᠬᠦ ᠣᠩᠭᠣᠴᠠᠨ ᠤ ᠪᠠᠭᠤᠳᠠᠯ ᠨᠢ ᠨᠠᠷᠢᠲ᠋ᠠ᠂ ᠺᠠᠨᠰᠠᠢ᠂ ᠴᠢᠪᠤ ᠶᠢᠨ ᠣᠯᠠᠨ ᠤᠯᠤᠰ ᠤᠨ ᠨᠢᠰᠬᠦ ᠣᠩᠭᠣᠴᠠᠨ ᠤ ᠪᠠᠭᠤᠳᠠᠯ᠂ ᠪᠠ ᠬᠠᠮᠤᠭ ᠤᠨ ᠲᠣᠮᠣ ᠪᠣᠭᠣᠮᠲᠠ ᠨᠢ ᠨᠠᠭᠤᠶᠠ ᠦᠨ ᠪᠣᠭᠣᠮᠲᠠ ᠶᠤᠮ᠃ ᠡᠷᠴᠢᠮ ᠬᠦᠴᠦᠨ ᠦ ᠲᠦᠭᠦᠬᠡᠢ ᠡᠳ᠋ ᠨᠢ ᠢᠮᠫᠣᠷᠲ ᠠᠴᠠ ᠪᠦᠷᠢᠨ ᠬᠠᠮᠢᠶᠠᠷᠤᠯ ᠲᠠᠢ ᠪᠠᠶᠢᠳᠠᠭ ᠠᠴᠠ ᠶᠠᠫᠣᠨᠴᠤᠳ ᠡᠷᠴᠢᠮ ᠬᠦᠴᠦᠨ ᠦ ᠡᠬᠡ ᠡᠭᠦᠰᠪᠦᠷᠢ ᠪᠡᠨ ᠲᠥᠷᠦᠯᠵᠢᠭᠦᠯᠬᠦ ᠵᠣᠷᠢᠯᠭ᠎ᠠ ᠲᠠᠯᠪᠢᠨ ᠠᠵᠢᠯᠯᠠᠵᠤ ᠪᠠᠶᠢᠨ᠎ᠠ᠃ 1970 ᠍ ᠊ᠭᠠᠳ ᠤᠨ ᠤ ᠭᠠᠵᠠᠷ ᠤᠨ ᠲᠣᠰᠤᠨ ᠤ ᠬᠢᠮᠤᠷᠠᠯ ᠠᠴᠠ ᠰᠢᠯᠲᠠᠭᠠᠯᠠᠵᠤ᠂ ᠭᠠᠵᠠᠷ ᠤᠨ ᠲᠣᠰᠤᠨ ᠠᠴᠠ ᠭᠠᠷᠭᠠᠵᠤ ᠠᠪᠳᠠᠭ ᠡᠷᠴᠢᠮ ᠬᠦᠴᠦᠨ ᠦ ᠬᠡᠷᠡᠭᠯᠡᠭᠡ ᠪᠡᠨ 1973 ᠤᠨ ᠳᠤ 75% ᠪᠠᠶᠢᠭᠰᠠᠨ ᠪᠣᠯ ᠣᠳᠣ 57% ᠪᠣᠯᠭᠠᠵᠤ ᠪᠠᠭᠤᠷᠠᠭᠤᠯᠵᠠᠢ᠃ ᠡᠷᠴᠢᠮ ᠬᠦᠴᠦᠨ ᠦ ᠪᠤᠰᠤᠳ ᠴᠢᠬᠤᠯᠠ ᠲᠦᠭᠦᠬᠡᠢ ᠡᠳ᠋ ᠍ ᠦᠳ ᠪᠣᠯ ᠨᠡᠭᠦᠷᠡᠰᠦ᠂ ᠰᠢᠩᠭᠡᠷᠡᠭᠦᠯᠦᠭᠰᠡᠨ ᠪᠠᠶᠢᠭᠠᠯᠢ ᠶᠢᠨ ᠬᠡᠢ᠂ ᠴᠥᠮ᠎ᠡ ᠶᠢᠨ ᠡᠷᠴᠢᠮ ᠬᠦᠴᠦ᠂ ᠤᠰᠤᠨ ᠤ ᠡᠨᠧᠷᠭᠢ ᠶᠤᠮ᠃ ᠭᠠᠵᠠᠷ ᠤᠨ ᠲᠣᠰᠤᠨ ᠤ ᠡᠷᠢᠯ ᠳᠦ 2000 ᠰ ᠡᠴᠡ ᠳᠡᠭᠡᠭᠰᠢ ᠬᠥᠳᠡᠯᠭᠡᠭᠦᠷ ᠦᠨ ᠬᠦᠴᠦᠨ ᠴᠢᠳᠠᠯ ᠲᠠᠢ ᠠᠦ᠋ᠲ᠋ᠣᠮᠠᠰᠢᠨ ᠳᠤ ᠲᠠᠯᠪᠢᠬᠤ ᠲᠠᠲᠠᠪᠤᠷᠢ ᠶᠢᠨ ᠬᠡᠮᠵᠢᠶ᠎ᠡ ᠶᠢ ᠥᠰᠬᠡᠬᠦ ᠳᠦ ᠬᠦᠷᠴᠡᠢ᠃ ᠺᠧᠷᠣᠰᠢᠨ ᠶᠠᠫᠣᠨ ᠤ ᠬᠣᠶᠢᠳᠤ ᠬᠡᠰᠡᠭ ᠲᠦ ᠭᠡᠷ ᠦᠨ ᠬᠠᠯᠠᠭᠠᠭᠤᠷ ᠲᠤ ᠥᠷᠭᠡᠨ ᠢᠶᠡᠷ ᠬᠡᠷᠡᠭᠯᠡᠭᠳᠡᠬᠦ ᠪᠣᠯᠵᠠᠢ᠃ ᠣᠯᠠᠨ ᠲᠠᠺᠰᠢ ᠺᠣᠮᠫᠠᠨᠢ ᠨᠤᠭᠤᠳ ᠰᠢᠩᠭᠡᠷᠡᠭᠦᠯᠦᠭᠰᠡᠨ ᠪᠠᠶᠢᠭᠠᠯᠢ ᠶᠢᠨ ᠬᠡᠢ ᠶᠢᠨ ᠲᠠᠩᠺ ᠤᠳ ᠢ ᠠᠰᠢᠭᠯᠠᠨ ᠦᠢᠯᠡ ᠠᠵᠢᠯᠯᠠᠭ᠎ᠠ ᠶᠢ ᠪᠠᠨ ᠶᠠᠪᠤᠭᠤᠯᠳᠠᠭ ᠪᠠᠶᠢᠨ᠎ᠠ᠃ ᠲᠦᠯᠡᠰᠢᠨ ᠦ ᠬᠡᠮᠨᠡᠯᠲᠡ ᠳᠦ ᠭᠠᠷᠭᠠᠭᠰᠠᠨ ᠰᠡᠭᠦᠯ ᠦᠨ ᠦᠶ᠎ᠡ ᠶᠢᠨ ᠲᠣᠮᠣᠬᠠᠨ ᠠᠮᠵᠢᠯᠲᠠ ᠪᠣᠯ ᠴᠠᠬᠢᠯᠭᠠᠨ᠂ ᠪᠧᠨ᠋ᠽᠢᠨ ᠬᠣᠣᠰᠯᠠᠭᠰᠠᠨ ᠮᠠᠰᠢᠨ ᠶᠤᠮ᠃ ᠶᠠᠫᠣᠨ ᠤ ᠡᠳ᠋ ᠍ ᠦᠨ ᠵᠠᠰᠠᠭ ᠤᠨ ᠰᠡᠷᠭᠦᠯᠲᠡ ᠶᠢᠨ ᠦᠶ᠎ᠡ ᠳᠦ ᠠᠵᠢᠯᠯᠠᠵᠤ ᠪᠠᠶᠢᠭᠰᠠᠨ ᠶᠡᠷᠦᠩᠬᠡᠢ ᠰᠠᠶᠢᠳ ᠱᠢᠨᠵᠠ ᠠᠪ ᠰ ᠤᠳ ᠤᠨ ᠠᠷᠠᠪ᠂ ᠠᠷᠠᠪ ᠤᠨ ᠨᠢᠭᠡᠳᠦᠭᠰᠡᠨ ᠡᠮᠠᠷ ᠲᠤ ᠤᠯᠤᠰ ᠤᠳ ᠲᠠᠢ ᠭᠠᠵᠠᠷ ᠤᠨ ᠲᠣᠰᠤᠨ ᠤ ᠦᠨ᠎ᠡ ᠶᠢ ᠥᠰᠬᠡᠬᠦ ᠲᠤᠬᠠᠢ ᠬᠡᠯᠡᠯᠴᠡᠭᠡᠷ ᠲᠦ ᠭᠠᠷ ᠤᠨ ᠦᠰᠦᠭ ᠵᠢᠷᠤᠭᠰᠠᠨ ᠪᠠᠶᠢᠨ᠎ᠠ᠃ ᠦᠢᠯᠡᠴᠢᠯᠡᠭᠡ ᠶᠠᠫᠣᠨ ᠤ ᠦᠢᠯᠡᠴᠢᠯᠡᠭᠡᠨ ᠦ ᠰᠠᠯᠪᠤᠷᠢ ᠡᠳ᠋ ᠍ ᠦᠨ ᠵᠠᠰᠠᠭ ᠤᠨ ᠨᠡᠶᠢᠲᠡ ᠦᠷᠢᠯᠡᠳᠪᠦᠷᠢᠯᠡᠯᠲᠡ ᠶᠢᠨ ᠳᠥᠷᠪᠡᠨ ᠦ ᠭᠤᠷᠪᠠ ᠶᠢ ᠳᠠᠩ ᠢᠶᠠᠷ ᠢᠶᠠᠨ ᠡᠵᠡᠯᠡᠳᠡᠭ ᠪᠠᠶᠢᠨ᠎ᠠ᠃ ᠪᠠᠩᠬᠢ᠂ ᠳᠠᠭᠠᠳᠬᠠᠯ᠂ ᠦᠯᠦ ᠬᠥᠳᠡᠯᠬᠦ ᠬᠥᠷᠥᠩᠭᠡ ᠵᠠᠭᠤᠴᠢᠯᠠᠯ᠂ ᠲᠡᠭᠡᠭᠡᠪᠦᠷᠢ᠂ ᠬᠠᠷᠢᠯᠴᠠᠭ᠎ᠠ ᠬᠣᠯᠪᠣᠭ᠎ᠠ ᠭᠡᠬᠦ ᠮᠡᠲᠦ ᠰᠠᠯᠪᠤᠷᠢ ᠳᠤ ᠦᠢᠯᠡ ᠠᠵᠢᠯᠯᠠᠭ᠎ᠠ ᠶᠢ ᠪᠠᠨ ᠶᠠᠪᠤᠭᠤᠯᠳᠠᠭ ᠮᠢᠴᠦᠪᠰᠢ ЮФЖ, ᠮᠢᠽᠤᠬᠠ᠂ НТТ᠂ ТЕПКО, ᠨᠣᠮᠤᠷᠠ᠂ ᠮᠢᠴᠦᠪᠰᠢ ᠦᠯᠦ ᠬᠥᠳᠡᠯᠬᠦ ᠬᠥᠷᠥᠩᠭᠡ ᠵᠠᠭᠤᠴᠢᠯᠠᠯ᠂ ᠲᠣᠤᠺᠢᠣ᠋ ᠤᠰᠤᠨ ᠲᠡᠭᠡᠭᠡᠪᠦᠷᠢ᠂ ᠮᠢᠼᠢ ᠰᠤᠮᠢᠮᠣᠲ᠋ᠣ᠂ ЖР ᠢᠰᠦ ᠳᠦ᠂ ᠰᠡᠪᠢᠨ ᠡᠨᠳᠡ ᠠᠢ᠂ ᠶᠠᠫᠣᠨ ᠨᠢᠰᠦᠯᠭᠡ ᠵᠡᠷᠭᠡ ᠳᠡᠯᠡᠬᠡᠢ ᠳᠦ ᠲᠣᠮᠣᠬᠠᠨ ᠳᠤ ᠲᠣᠭᠠᠴᠠᠭᠳᠠᠳᠠᠭ ᠺᠣᠮᠫᠠᠨᠢ ᠨᠤᠭᠤᠳ ᠪᠤᠢ᠃ ᠤᠯᠤᠰ ᠤᠨ ᠥᠮᠴᠢᠲᠤ ᠶᠠᠫᠣᠨ ᠰᠢᠤᠳᠠᠨ ᠬᠡᠮᠡᠬᠦ ᠤᠯᠤᠰ ᠤᠨ ᠲᠣᠮᠣᠬᠠᠨ ᠬᠠᠳᠠᠭᠠᠯᠠᠮᠵᠢ᠂ ᠳᠠᠭᠠᠳᠬᠠᠯ ᠤᠨ ᠦᠢᠯᠡᠴᠢᠯᠡᠭᠡ ᠦᠵᠡᠭᠦᠯᠦᠭᠴᠢ ᠡᠨᠡ ᠪᠠᠶᠢᠭᠤᠯᠤᠯᠭ᠎ᠠ ᠶᠢ 2014 ᠤᠨ ᠭᠡᠬᠦ ᠳᠦ ᠬᠤᠪᠢᠴᠢᠯᠠᠬᠤ ᠰᠢᠢᠳᠪᠦᠷᠢ ᠭᠠᠷᠭᠠᠭᠠᠳ ᠪᠠᠶᠢᠨ᠎ᠠ᠃ ᠹᠣᠷᠪᠰ ᠰ ᠭᠠᠷᠭᠠᠭᠰᠠᠨ ᠳᠡᠯᠡᠬᠡᠢ ᠶᠢᠨ 2000 ᠺᠣᠮᠫᠠᠨᠢᠢ 326 ᠺᠣᠮᠫᠠᠨᠢ ᠨᠢ ᠶᠠᠫᠣᠨ ᠳᠤ ᠲᠥᠪ ᠲᠡᠢ ᠪᠠᠶᠢᠭᠰᠠᠨ ᠨᠢ 16.3% ᠍ ᠶᠢ ᠡᠵᠡᠯᠡᠵᠦ ᠪᠠᠶᠢᠨ᠎ᠠ᠃ ᠶᠠᠫᠣᠨ ᠤ 6 ᠺᠧᠢᠷᠠᠴᠦ ᠨᠢ ᠮᠢᠴᠦᠪᠰᠢ᠂ ᠰᠤᠮᠤᠲ᠋ᠣᠮᠣ᠂ ᠹᠦᠶᠣ᠂ ᠮᠢᠼᠢ᠂ ᠳᠠᠢ- ᠢᠴᠢ ᠺᠠᠩ ᠢᠶ᠎ᠠ᠂ ᠰᠠᠩᠸᠠ ᠭᠷᠦᠶᠢᠫ ᠤᠳ ᠶᠤᠮ᠃ ᠠᠵᠤ ᠦᠢᠯᠡᠳᠪᠦᠷᠢ ᠶᠠᠫᠣᠨ ᠤ ᠠᠵᠤ ᠦᠢᠯᠡᠳᠪᠦᠷᠢ ᠶᠢᠨ ᠰᠠᠯᠪᠤᠷᠢ ᠲᠥᠷᠦᠯᠵᠢᠯᠲᠡ ᠰᠠᠶᠢᠲᠠᠢ᠂ ᠥᠨᠳᠥᠷ ᠠᠮᠵᠢᠯᠲᠠ ᠲᠠᠢ ᠣᠯᠠᠨ ᠲᠥᠷᠥᠯ ᠦᠨ ᠳᠡᠪᠰᠢᠯᠲᠡᠲᠦ ᠦᠢᠯᠡᠳᠪᠦᠷᠢ ᠨᠦᠭᠦᠳ ᠲᠡᠢ᠃ ᠠᠵᠤ ᠦᠢᠯᠡᠳᠪᠦᠷᠢᠵᠢᠯᠲᠡ ᠨᠢ ᠴᠥᠭᠡᠬᠡᠨ ᠪᠦᠰ ᠦᠳ ᠲᠦ ᠲᠥᠪᠯᠡᠷᠡᠭᠰᠡᠨ᠃ ᠡᠭᠦᠨ ᠳᠦ: ᠲᠣᠤᠺᠢᠣ᠋ ᠍ ᠶᠢᠨ ᠡᠷᠭᠢᠨ ᠲᠣᠭᠣᠷᠢᠨ ᠳᠣᠬᠢ ᠺᠠᠨᠲ᠋ᠣ ᠶᠢᠨ ᠪᠥᠰᠡ- ᠴᠢᠪᠠ᠂ ᠺᠠᠨᠠᠭᠠᠪᠠ᠂ ᠰᠠᠶᠢᠲᠤᠮᠠ᠂ ᠲᠣᠤᠺᠢᠣ᠋ ᠮᠤᠵᠢᠭᠤᠳᠠ᠂ ᠲᠣᠺᠠᠢ ᠪᠥᠰᠡ- ᠠᠶᠤᠴᠢ᠂ ᠭᠢᠹᠦ᠋, ᠮᠢ ᠪᠡᠨ᠂ ᠱᠢᠰᠣᠺᠠ ᠮᠤᠵᠢᠭᠤᠳᠠ᠂ ᠺᠢᠨᠺᠢ ᠪᠥᠰᠡ- ᠣᠰᠠᠺᠠ᠂ ᠺᠶᠣᠣᠲᠠ᠂ ᠺᠣᠪ᠂ ᠬᠣᠩᠰᠢᠭᠤ ᠶᠢᠨ ᠪᠠᠷᠠᠭᠤᠨ ᠡᠮᠦᠨᠡᠲᠦ ᠬᠡᠰᠡᠭ᠂ ᠬᠣᠶᠢᠳᠤ ᠱᠢᠺᠣᠺᠦ᠂ ᠺᠶᠰᠶ ᠶᠢᠨ ᠬᠣᠶᠢᠳᠤ ᠬᠡᠰᠡᠭ ᠣᠷᠣᠨ᠎ᠠ᠃  ᠶᠠᠫᠣᠨ ᠣᠯᠠᠨ ᠰᠠᠯᠪᠤᠷᠢ ᠳᠤ ᠲᠧᠭᠨᠣᠯᠣᠭᠢ ᠶᠢᠨ ᠥᠨᠳᠥᠷ ᠳᠡᠪᠰᠢᠯ ᠢ ᠠᠰᠢᠭᠯᠠᠳᠠᠭ᠃ ᠡᠭᠦᠨ ᠳᠦ: ᠴᠠᠬᠢᠯᠭᠠᠨ ᠬᠡᠷᠡᠭᠰᠡᠯ᠂ ᠠᠦ᠋ᠲ᠋ᠣᠮᠠᠰᠢᠨ ᠤ ᠦᠢᠯᠡᠳᠪᠦᠷᠢᠯᠡᠯ᠂ ᠬᠠᠭᠠᠰ ᠤᠳᠤᠷᠢᠳᠤᠯᠭ᠎ᠠ ᠲᠠᠢ ᠦᠢᠯᠡᠳᠪᠦᠷᠢ᠂ ᠬᠠᠷᠢᠶᠠᠵᠦᠢ ᠶᠢᠨ ᠮᠢᠨᠳᠠᠰᠤ᠂ ᠬᠠᠷᠢᠶᠠᠵᠦᠢ ᠶᠢᠨ ᠴᠠᠬᠢᠯᠭᠠᠨ ᠬᠡᠷᠡᠭᠰᠡᠯ᠂ ᠹᠠᠺᠰ ᠤᠨ ᠬᠣᠯᠪᠣᠭ᠎ᠠ᠂ ᠬᠤᠪᠢᠯᠠᠬᠤ ᠮᠠᠰᠢᠨ ᠪᠣᠯᠤᠨ ᠬᠦᠨᠡᠰᠦ᠂ ᠪᠢᠣᠬᠢᠮᠢ ᠶᠢᠨ ᠢᠰᠦᠯᠲᠡ ᠶᠢᠨ ᠶᠠᠪᠤᠴᠠ ᠣᠷᠣᠨ᠎ᠠ᠃ ᠠᠭᠤᠯᠠ ᠠᠭᠤᠷᠬᠠᠢ ᠶᠠᠫᠣᠨ ᠳᠤ ᠠᠭᠤᠯᠠ ᠠᠭᠤᠷᠬᠠᠢ ᠶᠢᠨ ᠰᠠᠯᠪᠤᠷᠢ ᠬᠠᠮᠤᠭ ᠤᠨ ᠪᠠᠭ᠎ᠠ ᠬᠤᠪᠢ ᠶᠢ ᠡᠵᠡᠯᠡᠳᠡᠭ ᠤᠴᠢᠷ ᠨᠢ ᠪᠠᠶᠢᠭᠠᠯᠢ ᠶᠢᠨ ᠪᠠᠶᠠᠯᠢᠭ ᠤᠨ ᠨᠥᠭᠡᠴᠡ ᠮᠠᠰᠢ ᠬᠣᠮᠰᠠ ᠶᠤᠮ᠃ ᠶᠠᠫᠣᠨ ᠤ ᠠᠭᠤᠯᠠ ᠠᠭᠤᠷᠬᠠᠢ ᠣᠯᠪᠤᠷᠢᠯᠠᠯᠲᠠ ᠶᠢᠨ ᠰᠠᠯᠪᠤᠷᠢ 1980 ᠍ ᠊ᠭᠠᠳ ᠤᠨ ᠠᠴᠠ ᠣᠭᠴᠣᠮ ᠪᠠᠭᠤᠷᠠᠭᠰᠠᠨ᠃ ᠳᠣᠲᠣᠭᠠᠳᠤ ᠶᠢᠨ ᠨᠡᠭᠦᠷᠡᠰᠦ ᠣᠯᠪᠤᠷᠢᠯᠠᠯᠲᠠ 1960 ᠤᠨ ᠳᠤ ᠣᠷᠭᠢᠯ ᠳᠤ ᠪᠠᠨ ᠬᠦᠷᠴᠦ 55 ᠰᠠᠶ᠎ᠠ ᠲᠣᠨ ᠪᠠᠶᠢᠭᠰᠠᠨ ᠠᠴᠠ ᠬᠣᠶᠢᠰᠢ ᠲᠣᠭᠲᠠᠮᠠᠯ ᠠᠭᠰᠢᠵᠤ 1985 ᠤᠨ ᠳᠤ 16 ᠰᠠᠶ᠎ᠠ ᠲᠣᠨ ᠪᠣᠯᠤᠭᠰᠠᠨ ᠪᠣᠯ ᠢᠮᠫᠣᠷᠲ ᠤᠨ ᠨᠡᠭᠦᠷᠡᠰᠦᠨ ᠦ ᠬᠡᠮᠵᠢᠶ᠎ᠡ ᠥᠰᠦᠨ 1987 ᠤᠨ ᠳᠤ 91 ᠰᠠᠶ᠎ᠠ ᠲᠣᠨ ᠪᠣᠯᠤᠭᠰᠠᠨ ᠪᠠᠶᠢᠨ᠎ᠠ᠃ ᠳᠣᠲᠣᠭᠠᠳᠤ ᠶᠢᠨ ᠨᠡᠭᠦᠷᠡᠰᠦ ᠣᠯᠪᠤᠷᠢᠯᠠᠯᠲᠠ ᠶᠢᠨ ᠺᠣᠮᠫᠠᠨᠢ ᠨᠤᠭᠤᠳ ᠣᠯᠪᠤᠷᠢᠯᠠᠯᠲᠠ ᠶᠢᠨ ᠥᠨᠳᠥᠷ ᠵᠠᠷᠤᠳᠠᠯ᠂ ᠢᠮᠫᠣᠷᠲ ᠤᠨ ᠬᠢᠮᠳᠠ ᠦᠨ᠎ᠡ ᠲᠡᠢ ᠨᠡᠭᠦᠷᠡᠰᠦ ᠲᠡᠢ ᠥᠷᠢᠰᠥᠯᠳᠥᠬᠦ ᠴᠢᠳᠠᠪᠤᠷᠢ ᠦᠭᠡᠢ ᠡᠴᠡ 1980 ᠍ ᠊ᠭᠠᠳ ᠤᠨ ᠨᠤᠭᠤᠳ ᠲᠤ ᠠᠯᠳᠠᠭᠳᠠᠯ ᠬᠦᠯᠢᠶᠡᠬᠦ ᠪᠣᠯᠤᠭᠰᠠᠨ᠃ 1980 ᠍ ᠊ᠭᠠᠳ ᠤᠨ ᠤ ᠰᠡᠭᠦᠯᠡᠷ ᠶᠠᠫᠣᠨ ᠣᠶᠢᠷᠠᠯᠴᠠᠭ᠎ᠠ ᠪᠠᠷ 1 ᠰᠠᠶ᠎ᠠ ᠲᠣᠨ ᠨᠡᠭᠦᠷᠡᠰᠦᠨ ᠦ ᠨᠥᠭᠡᠴᠡ ᠲᠡᠢ ᠦᠯᠡᠳᠡᠭᠰᠡᠨ ᠨᠢ ᠶᠡᠬᠡᠩᠬᠢ ᠨᠢ ᠬᠠᠲᠠᠭᠤ ᠪᠤᠶᠤ ᠺᠣᠺᠰᠵᠢᠭᠤᠯᠬᠤ ᠳᠤ ᠠᠰᠢᠭᠯᠠᠭᠳᠠᠵᠤ ᠪᠠᠶᠢᠪᠠ᠃ ᠶᠠᠫᠣᠨ ᠤᠯᠤᠰ ᠨᠡᠭᠦᠷᠡᠰᠦ ᠶᠢ ᠴᠠᠬᠢᠯᠭᠠᠨ ᠡᠷᠴᠢᠮ ᠬᠦᠴᠦ ᠭᠠᠷᠭᠠᠨ ᠠᠪᠬᠤ ᠳᠤ ᠠᠰᠢᠭᠯᠠᠳᠠᠭ᠃  ᠶᠠᠫᠣᠨ ᠬᠣᠩᠰᠢᠭᠤ ᠶᠢᠨ ᠪᠠᠷᠠᠭᠤᠨ ᠡᠷᠭᠢ ᠳᠡᠭᠡᠷ᠎ᠡ ᠭᠠᠵᠠᠷ ᠤᠨ ᠲᠣᠰᠤᠨ ᠤ ᠴᠣᠨᠣᠭ ᠤᠨ ᠥᠷᠦᠮᠳᠡᠯ ᠳᠦ ᠬᠢᠵᠦ ᠪᠠᠶᠢᠭᠰᠠᠨ ᠪᠠ ᠬᠣᠶᠢᠳᠤ ᠰᠠᠬᠠᠯᠢᠨ ᠳᠤ ᠭᠠᠵᠠᠷ ᠤᠨ ᠲᠣᠰᠤᠨ ᠤ ᠺᠣᠨᠼᠧᠰ ᠲᠡᠢ᠃ ᠬᠣᠺᠺᠠᠶᠢᠳᠠ᠂ ᠬᠣᠩᠰᠢᠭᠤ ᠶᠢᠨ ᠪᠠᠷᠠᠭᠤᠨ ᠬᠣᠶᠢᠳᠤ ᠬᠡᠰᠡᠭ ᠡᠴᠡ ᠪᠤᠰᠤᠳ ᠭᠠᠵᠠᠷ ᠲᠡᠮᠦᠷ ᠦᠨ ᠨᠥᠭᠡᠴᠡ ᠪᠡᠷ ᠭᠠᠴᠢᠭᠳᠠᠳᠠᠭ᠃ ᠬᠣᠩᠰᠤ᠂ ᠱᠢᠺᠣᠺᠦ᠂ ᠺᠠᠷᠠᠹᠦᠲᠠᠳ ᠲᠡᠮᠦᠷ ᠦᠨ ᠫᠢᠷ ᠲᠤ ᠣᠯᠳᠠᠭᠰᠠᠨ ᠪᠠᠶᠢᠨ᠎ᠠ᠃ ᠬᠣᠩᠰᠦ᠂ ᠬᠣᠺᠺᠠᠶᠢᠳᠠ᠂ ᠺᠠᠷᠠᠹᠦᠲᠣᠭ ᠤᠨ ᠬᠠᠪᠢ ᠳᠤ ᠵᠡᠰ᠂ ᠠᠯᠲᠠ ᠶᠡᠬᠡ ᠪᠢᠰᠢ ᠬᠡᠮᠵᠢᠶ᠎ᠡ ᠪᠡᠷ ᠣᠯᠪᠤᠷᠢᠯᠠᠳᠠᠭ ᠪᠠᠶᠢᠨ᠎ᠠ᠃  ᠶᠠᠫᠣᠨ ᠤ ᠨᠡᠭᠦᠷᠡᠰᠦᠨ ᠦ 45% ᠍ ᠢ ᠬᠣᠺᠺᠠᠶᠢᠳᠠ᠂ 40% ᠍ ᠶᠢ ᠺᠶᠰᠶᠤ ᠠᠴᠠ ᠲᠤᠰ ᠲᠤᠰ ᠣᠯᠪᠤᠷᠢᠯᠠᠳᠠᠭ᠃ ᠺᠶᠰᠶᠤ ᠦᠨ ᠨᠡᠭᠦᠷᠡᠰᠦᠨ ᠦ ᠴᠢᠨᠠᠷ ᠮᠠᠭᠤ ᠪᠠ ᠣᠯᠪᠤᠷᠢᠯᠠᠬᠤ ᠳᠤ ᠬᠠᠲᠠᠭᠤ ᠪᠠᠶᠢᠳᠠᠭ ᠴᠤ᠂ ᠠᠭᠤᠷᠬᠠᠢ ᠨᠢ ᠪᠣᠭᠣᠮᠲᠠ ᠲᠠᠢ ᠣᠶᠢᠷᠠᠬᠠᠨ ᠪᠠᠶᠢᠳᠠᠭ ᠲᠤᠯᠠ ᠲᠡᠭᠡᠭᠡᠪᠦᠷᠢᠯᠡᠬᠦ ᠳᠦ ᠳᠥᠬᠥᠮ ᠪᠠᠶᠢᠳᠠᠭ᠃ ᠬᠣᠺᠺᠠᠶᠢᠳ ᠲᠤ ᠨᠡᠭᠦᠷᠡᠰᠦᠨ ᠦ ᠠᠨ ᠴᠠᠪ ᠶᠡᠬᠡ ᠤᠴᠢᠷ ᠠᠴᠠ ᠭᠠᠷ ᠠᠷᠭ᠎ᠠ ᠪᠠᠷ ᠠᠵᠢᠯᠯᠠᠬᠤ ᠱᠠᠭᠠᠷᠳᠠᠯᠭ᠎ᠠ ᠲᠠᠢ ᠴᠤ᠂ ᠴᠢᠨᠠᠷ ᠰᠠᠶᠢᠲᠠᠢ ᠪᠠᠶᠢᠳᠠᠭ᠃ ᠬᠠᠷᠠᠮᠰᠠᠯᠲᠠᠢ ᠨᠢ ᠠᠭᠤᠷᠬᠠᠢ ᠨᠢ ᠭᠠᠵᠠᠷ ᠤᠨ ᠭᠦᠨᠳᠡ ᠪᠠᠶᠢᠷᠢᠯᠠᠳᠠᠭ ᠤᠴᠢᠷ ᠲᠡᠭᠡᠭᠡᠪᠦᠷᠢᠯᠡᠯᠲᠡ ᠶᠠᠪᠤᠭᠤᠯᠬᠤ ᠳᠤ ᠲᠥᠪᠡᠭᠲᠡᠢ᠃ ᠶᠠᠫᠣᠨ ᠤ ᠶᠡᠬᠡᠩᠬᠢ ᠠᠭᠤᠷᠬᠠᠢ ᠨᠤᠭᠤᠳ ᠬᠡᠪᠡᠭᠡᠢ ᠭᠠᠵᠠᠷ ᠪᠠᠶᠢᠷᠢᠯᠠᠳᠠᠭ ᠪᠠ ᠵᠠᠷᠢᠮ ᠬᠡᠰᠡᠭ ᠲᠦ ᠭᠠᠵᠠᠷ ᠳᠣᠣᠷ᠎ᠠ 9.7 ᠺᠢᠯᠣᠮᠧᠲ᠋ᠷ ᠤᠨ ᠥᠷᠭᠡᠨ ᠲᠠᠯᠠᠪᠠᠢ ᠶᠢ ᠡᠵᠡᠯᠡᠨ ᠲᠠᠷᠬᠠᠭᠰᠠᠨ ᠪᠠᠶᠢᠳᠠᠭ ᠲᠤᠯᠠ ᠴᠣᠨᠣᠭ ᠤᠨ ᠱᠠᠭᠠᠷᠳᠠᠯᠭ᠎ᠠ ᠪᠠᠶᠢᠳᠠᠭ ᠦᠭᠡᠢ᠃ ᠨᠢᠭᠡ ᠭᠠᠵᠠᠷ ᠠᠴᠠ ᠨᠥᠭᠥᠭᠡ ᠷᠤ ᠰᠢᠯᠵᠢᠭᠰᠡᠨ ᠡᠴᠡ ᠣᠯᠪᠤᠷᠢᠯᠠᠯᠲᠠ ᠶᠢᠨ ᠥᠷᠲᠡᠭ ᠶᠡᠬᠡ ᠲᠤᠰᠠᠳᠠᠭ᠃ ᠲᠡᠶᠢᠮᠦ ᠴᠤ ᠤᠴᠢᠷ ᠠᠴᠠ ᠨᠢᠭᠡ ᠠᠭᠤᠷᠬᠠᠶᠢᠴᠢᠨ ᠤ ᠡᠳᠦᠷ ᠦᠨ ᠤᠬᠠᠭᠰᠠᠨ ᠨᠡᠭᠦᠷᠡᠰᠦ ᠠᠮᠧᠷᠢᠺᠠ᠂ ᠪᠠᠷᠠᠭᠤᠨ ᠧᠦ᠋ᠷᠣᠫᠠ ᠶᠢᠨ ᠠᠭᠤᠷᠬᠠᠶᠢᠴᠢᠨ ᠠᠴᠠ ᠪᠠᠭ᠎ᠠ ᠪᠠᠶᠢᠳᠠᠭ ᠠᠴᠠ ᠳᠣᠲᠣᠭᠠᠳᠤ ᠶᠢᠨ ᠨᠡᠭᠦᠷᠡᠰᠦ ᠢᠮᠫᠣᠷᠲ ᠤᠨ ᠨᠡᠭᠦᠷᠡᠰᠦᠨ ᠡᠴᠡ ᠢᠯᠡᠭᠦᠦ ᠦᠨᠡᠲᠡᠢ ᠪᠠᠶᠢᠳᠠᠭ᠃  ᠨᠡᠭᠦᠷᠡᠰᠦ ᠣᠯᠪᠤᠷᠢᠯᠠᠯᠲᠠ ᠶᠢᠨ ᠰᠠᠯᠪᠤᠷᠢ ᠪᠠᠭᠤᠷᠴᠢ ᠪᠠᠶᠢᠭ᠎ᠠ ᠬᠡᠳᠦᠢ ᠴᠤ᠂ ᠳᠣᠲᠣᠭᠠᠳᠤ ᠶᠢᠨ ᠠᠭᠤᠯᠠ ᠠᠭᠤᠷᠬᠠᠢ ᠶᠢᠨ ᠰᠠᠯᠪᠤᠷᠢ ᠳᠤ ᠴᠢᠬᠤᠯᠠ ᠪᠠᠶᠢᠷᠢ ᠰᠠᠭᠤᠷᠢ ᠡᠵᠡᠯᠡᠭᠰᠡᠭᠡᠷ ᠪᠠᠶᠢᠨ᠎ᠠ᠃ 1988 ᠤᠨ ᠤ ᠪᠠᠶᠢᠳᠠᠯ ᠢᠶᠠᠷ ᠨᠡᠭᠦᠷᠡᠰᠦ ᠣᠯᠪᠤᠷᠢᠯᠠᠯᠲᠠ ᠶᠢᠨ ᠰᠠᠯᠪᠤᠷᠢ ᠳᠤ ᠨᠡᠶᠢᠲᠡ ᠠᠵᠢᠯᠯᠠᠬᠤ ᠬᠦᠴᠦᠨ ᠦ 0.2% ᠠᠵᠢᠯᠯᠠᠵᠤ ᠪᠠᠶᠢᠭᠰᠠᠨ ᠪᠠ ᠣᠯᠪᠤᠷᠢᠯᠠᠯᠲᠠ ᠶᠢᠨ ᠨᠡᠮᠡᠭᠦᠦ ᠥᠷᠲᠡᠭ 0.3% ᠪᠠᠶᠢᠪᠠ᠃ ᠳᠣᠲᠣᠭᠠᠳᠤ ᠶᠢᠨ ᠠᠭᠤᠯᠠ ᠠᠭᠤᠷᠬᠠᠢ ᠣᠯᠪᠤᠷᠢᠯᠠᠯᠲᠠᠳ ᠴᠢᠬᠤᠯᠠ ᠬᠡᠰᠡᠭ ᠢ ᠴᠠᠬᠢᠭᠤᠷ ᠡᠯᠡᠰᠦ᠂ ᠫᠢᠷᠣᠹᠢᠢᠲ᠂ ᠰᠢᠪᠠᠷᠯᠢᠭ ᠬᠥᠷᠥᠰᠥ᠂ ᠱᠣᠬᠣᠢ ᠶᠢᠨ ᠴᠢᠯᠠᠭᠤ ᠵᠡᠷᠭᠡ ᠮᠧᠲ᠋ᠠᠯ ᠪᠢᠰᠢ ᠪᠣᠳᠠᠰ ᠤᠳ ᠡᠵᠡᠯᠡᠳᠡᠭ ᠪᠠᠶᠢᠨ᠎ᠠ᠃ ᠴᠠᠬᠢᠭᠤᠷ᠂ ᠵᠡᠰ᠂ ᠠᠯᠲᠠ ᠵᠡᠷᠭᠡ ᠮᠧᠲ᠋ᠠᠯ ᠢ ᠪᠠᠭ᠎ᠠ ᠬᠡᠮᠵᠢᠶ᠎ᠡ ᠪᠡᠷ ᠳᠣᠲᠣᠭᠠᠳᠤ ᠳᠤ ᠪᠠᠨ ᠣᠯᠪᠤᠷᠢᠯᠠᠳᠠᠭ ᠪᠠᠶᠢᠨ᠎ᠠ᠃ ᠦᠨᠳᠦᠰᠦᠨ ᠦ ᠬᠡᠮᠵᠢᠶᠡᠨ ᠳᠦ ᠠᠵᠤ ᠦᠢᠯᠡᠳᠪᠦᠷᠢ ᠳᠦ ᠪᠡᠨ ᠠᠰᠢᠭᠯᠠᠵᠤ ᠪᠤᠢ ᠪᠦᠬᠦ ᠲᠡᠮᠦᠷ ᠦᠨ ᠬᠥᠳᠡᠷ ᠢ ᠢᠮᠫᠣᠷᠲ ᠢᠶᠠᠷ ᠣᠷᠣᠭᠤᠯᠵᠤ ᠢᠷᠡᠳᠡᠭ ᠪᠠᠶᠢᠨ᠎ᠠ᠃ ᠬᠥᠳᠡᠭᠡ ᠠᠵᠤ ᠠᠬᠤᠢ ᠶᠠᠫᠣᠨ ᠤ ᠭᠠᠵᠠᠷ ᠨᠤᠲᠤᠭ ᠤᠨ ᠶᠡᠷᠦ ᠳᠡᠭᠡᠨ 12% ᠨᠢ ᠲᠠᠷᠢᠶᠠᠯᠠᠩ ᠡᠷᠬᠢᠯᠡᠬᠦ ᠪᠣᠯᠤᠮᠵᠢ ᠲᠠᠢ᠃ ᠲᠠᠷᠢᠶᠠᠯᠠᠩ ᠤᠨ ᠲᠠᠯᠠᠪᠠᠢ ᠶᠢᠨ ᠬᠣᠮᠰᠠᠳᠠᠯ ᠠᠴᠠ ᠪᠣᠯᠵᠤ᠂ ᠹᠧᠷᠮ ᠦᠳ ᠪᠠᠭᠠᠬᠠᠨ ᠬᠡᠰᠡᠭ ᠲᠠᠯᠠᠪᠠᠢ ᠶᠢ ᠲᠠᠷᠢᠶᠠᠯᠠᠩ ᠡᠷᠬᠢᠯᠡᠬᠦ ᠳᠦ ᠪᠣᠯᠤᠮᠵᠢ ᠲᠠᠢ ᠪᠣᠯᠭᠠᠬᠤ ᠶᠢᠨ ᠲᠤᠯᠠᠳᠠ ᠰᠢᠷᠣᠢ ᠳᠡᠪᠢᠰᠦᠨ ᠶᠠᠩᠵᠤᠯᠠᠳᠠᠭ ᠪᠠᠶᠢᠨ᠎ᠠ᠃ ᠲᠡᠶᠢᠮᠦ ᠴᠤ ᠤᠴᠢᠷ ᠠᠴᠠ ᠨᠢᠭᠡᠴᠡ ᠲᠠᠯᠠᠪᠠᠢ ᠳᠠᠬᠢ ᠲᠠᠷᠢᠶᠠᠯᠠᠯᠲᠤ ᠶᠢᠨ ᠬᠡᠮᠵᠢᠶ᠎ᠡ ᠪᠡᠷ ᠢᠶᠡᠨ ᠳᠡᠯᠡᠬᠡᠢ ᠳᠦ ᠲᠡᠷᠢᠭᠦᠯᠡᠳᠡᠭ ᠪᠠᠶᠢᠨ᠎ᠠ᠃ 56000 km 2 –ᠠ ᠠᠴᠠ ᠪᠠᠭ᠎ᠠ ᠲᠠᠯᠠᠪᠠᠢ ᠳᠤ ᠲᠠᠷᠢᠶᠠᠯᠠᠩ ᠡᠷᠬᠢᠯᠡᠳᠡᠭ ᠠᠲᠠᠯ᠎ᠠ ᠪᠠᠨ ᠥᠪᠡᠷ ᠦᠨ ᠬᠡᠷᠡᠭᠯᠡᠭᠡᠨ ᠦ 50% ᠍ ᠢ ᠬᠠᠩᠭᠠᠳᠠᠭ ᠪᠠᠶᠢᠨ᠎ᠠ᠃  ᠶᠠᠫᠣᠨ ᠤ ᠬᠥᠳᠡᠭᠡ ᠠᠵᠤ ᠠᠬᠤᠢ ᠶᠢᠨ ᠰᠠᠯᠪᠤᠷᠢ ᠪᠠᠭ᠎ᠠ ᠬᠡᠮᠵᠢᠶ᠎ᠡ ᠲᠡᠢ ᠴᠤ᠂ ᠵᠠᠰᠠᠭ ᠤᠨ ᠭᠠᠵᠠᠷ ᠤᠨ ᠵᠣᠬᠢᠴᠠᠭᠤᠯᠤᠯᠲᠠ ᠪᠠᠷ ᠬᠠᠮᠠᠭᠠᠯᠠᠭᠳᠠᠵᠤ᠂ ᠦᠨ᠎ᠡ ᠪᠠᠭᠤᠷᠠᠭᠤᠯᠬᠤ ᠠᠯᠬᠤᠮ ᠤᠳ ᠢ ᠬᠢᠳᠡᠭ ᠪᠠᠶᠢᠨ᠎ᠠ᠃ ᠬᠣᠶᠢᠳᠤ ᠠᠮᠧᠷᠢᠺᠠ ᠶᠢᠨ ᠶᠡᠬᠡ ᠬᠡᠮᠵᠢᠶᠡᠨ ᠦ ᠤᠷᠭᠤᠴᠠ ᠠᠪᠬᠤ ᠪᠣᠳᠣᠯᠭ᠎ᠠ ᠶᠢᠨ ᠡᠰᠡᠷᠭᠦ ᠪᠡᠷ ᠪᠠᠭ᠎ᠠ ᠬᠡᠮᠵᠢᠶᠡᠨ ᠦ ᠴᠢᠨᠠᠷᠲᠠᠢ ᠤᠷᠭᠤᠴᠠ ᠠᠪᠬᠤ ᠪᠣᠳᠣᠯᠭ᠎ᠠ ᠪᠠᠷᠢᠮᠲᠠᠯᠠᠳᠠᠭ᠃ ᠢᠮᠫᠣᠷᠲ ᠤᠨ ᠪᠤᠳᠠᠭ᠎ᠠ ᠨᠢ ᠬᠠᠮᠤᠭ ᠤᠨ ᠶᠡᠬᠡ ᠬᠠᠮᠠᠭᠠᠯᠠᠯᠲᠠ ᠲᠠᠢ ᠪᠠᠶᠢᠳᠠᠭ ᠪᠠ 490% ᠍ ᠦᠨ ᠲᠠᠲᠠᠪᠤᠷᠢ ᠲᠠᠢ᠂ 1968-1988 ᠤᠨ ᠤ ᠳᠤᠮᠳᠠᠴᠢ ᠬᠡᠷᠡᠭᠯᠡᠭᠡᠨ ᠦ 7.2% ᠍ ᠠᠴᠠ ᠶᠡᠬᠡ ᠦᠭᠡᠢ ᠪᠠᠶᠢᠬᠤ ᠺᠣᠣᠲ ᠲᠣᠭᠲᠠᠭᠠᠭᠰᠠᠨ ᠪᠠᠶᠢᠨ᠎ᠠ᠃ ᠶᠠᠫᠣᠨ ᠥᠪᠡᠷ ᠦᠨ ᠬᠡᠷᠡᠭᠴᠡᠭᠡᠨ ᠦ ᠪᠤᠳᠠᠭ᠎ᠠ᠂ ᠪᠤᠭᠤᠳᠠᠢ ᠶᠢ ᠦᠢᠯᠡᠳᠪᠦᠷᠢᠯᠡᠳᠡᠭ ᠴᠤ ᠱᠠᠭᠠᠷᠳᠠᠯᠭ᠎ᠠ ᠲᠠᠢ ᠪᠤᠰᠤᠳ ᠦᠷ᠎ᠡ ᠲᠠᠷᠢᠶ᠎ᠠ ᠪᠣᠯᠤᠨ ᠲᠡᠵᠢᠭᠡᠯ ᠦᠨ ᠪᠤᠳᠠᠭᠠᠨ ᠤ 50% ᠍ ᠢ ᠭᠠᠳᠠᠨ᠎ᠠ ᠠᠴᠠ ᠢᠮᠫᠣᠷᠲᠯᠠᠳᠠᠭ ᠪᠠ ᠮᠢᠬᠠᠨ ᠤ ᠬᠡᠷᠡᠭᠯᠡᠭᠡᠨ ᠦ ᠶᠡᠬᠡᠩᠬᠢ ᠶᠢ ᠮᠥᠨ ᠢᠮᠫᠣᠷᠲᠯᠠᠳᠠᠭ ᠪᠠᠶᠢᠨ᠎ᠠ᠃ ᠶᠠᠫᠣᠨ ᠤ ᠪᠤᠭᠤᠳᠠᠢ᠂ ᠰᠣᠷᠣᠭ᠂ ᠰᠢᠷ᠎ᠠ ᠪᠤᠷᠴᠠᠭ ᠤᠨ ᠱᠣᠰᠢ ᠵᠡᠷᠭᠡ ᠶᠢᠨ ᠢᠮᠫᠣᠷᠲ ᠤᠨ ᠶᠡᠬᠡᠩᠬᠢ ᠶᠢ ᠬᠣᠶᠢᠳᠤ ᠠᠮᠧᠷᠢᠺᠠ ᠠᠴᠠ ᠠᠪᠳᠠᠭ ᠪᠠᠶᠢᠨ᠎ᠠ᠃ ᠧᠦᠢᠷᠣᠫᠠ ᠶᠢᠨ ᠬᠥᠳᠡᠭᠡ ᠠᠵᠤ ᠠᠬᠤᠢ ᠶᠢᠨ ᠪᠦᠲᠦᠭᠡᠭᠳᠡᠬᠦᠨ ᠦ ᠡᠺᠰᠫᠣᠷᠲ ᠤᠨ ᠲᠣᠮᠣᠬᠠᠨ ᠵᠠᠬ᠎ᠠ ᠵᠡᠭᠡᠯᠢ ᠶᠢᠨ ᠨᠢᠭᠡ ᠨᠢ ᠶᠠᠫᠣᠨ ᠶᠤᠮ᠃ ᠶᠠᠫᠣᠨ ᠤ ᠲᠣᠬᠣᠺᠦ᠂ ᠬᠣᠺᠺᠠᠶᠢᠳ ᠲᠤ ᠠᠯᠢᠮ᠎ᠠ ᠤᠷᠭᠤᠳᠠᠭ ᠪᠣᠯ ᠲᠣᠣᠷ᠂ ᠵᠦᠷᠵᠢ ᠱᠢᠺᠣᠺᠦ᠂ ᠺᠶᠰᠶᠤ ᠳᠦ ᠤᠷᠭᠤᠳᠠᠭ᠃ ᠲᠣᠣᠷ᠂ ᠵᠦᠷᠵᠢ ᠨᠢ ᠠᠩᠬ᠎ᠠ 18 ᠵᠠᠭᠤᠨ ᠤ ᠦᠶ᠎ᠡ ᠳᠦ ᠬᠣᠯᠠᠨᠳ᠋ ᠍ ᠤᠨ ᠬᠤᠳᠠᠯᠳᠤᠭᠠᠴᠢᠳ ᠢᠶᠠᠷ ᠶᠠᠫᠣᠨ ᠳᠤ ᠣᠷᠣᠵᠤ ᠢᠷᠡᠵᠦ ᠪᠠᠶᠢᠴᠠᠢ᠃ ᠵᠢᠭᠠᠰᠤ ᠠᠩᠨᠠᠭᠤᠷ: ᠶᠠᠫᠣᠨ 1989 ᠤᠨ ᠳᠤ 11.9 ᠰᠠᠶ᠎ᠠ ᠲᠣᠨ ᠵᠢᠭᠠᠰᠤ ᠪᠠᠷᠢᠭᠰᠠᠨ ᠢᠶᠠᠷ ᠢᠶᠠᠨ ᠳᠡᠯᠡᠬᠡᠢ ᠳᠦ 5 ᠍ ᠳᠦ ᠣᠷᠣᠳᠠᠭ ᠪᠠᠶᠢᠪᠠ᠃ 1973 ᠤᠨ ᠤ ᠡᠷᠴᠢᠮ ᠬᠦᠴᠦᠨ ᠦ ᠬᠢᠮᠤᠷᠠᠯ ᠠᠴᠠ ᠬᠣᠶᠢᠰᠢ᠂ ᠶᠠᠫᠣᠨ ᠤ ᠳᠠᠯᠠᠢ ᠶᠢᠨ ᠭᠦᠨ ᠦ ᠵᠢᠭᠠᠰᠤ ᠠᠩᠨᠠᠭᠤᠷ ᠪᠠᠭᠤᠷᠠᠭᠰᠠᠨ ᠪᠠ 1980 ᠍ ᠊ᠭᠠᠳ ᠤᠨ ᠳᠤ ᠳᠤᠮᠳᠠᠴᠢ ᠪᠠᠷ 2 ᠰᠠᠶ᠎ᠠ ᠲᠣᠨ ᠵᠢᠭᠠᠰᠤ ᠪᠠᠷᠢᠳᠠᠭ ᠪᠠᠶᠢᠪᠠ᠃ ᠠᠵᠢᠯᠯᠠᠬᠤ ᠬᠦᠴᠦ 2009 ᠤᠨ ᠤ 6 ᠰᠠᠷ᠎ᠠ ᠳᠤ ᠶᠠᠫᠣᠨ ᠤ ᠠᠵᠢᠯ ᠦᠭᠡᠢᠳᠡᠯ ᠦᠨ ᠲᠦᠪᠰᠢᠨ 5.2% ᠪᠠᠶᠢᠭᠰᠠᠨ ᠢ ᠤᠴᠢᠷ ᠳᠤᠲᠠᠭᠳᠠᠯ ᠲᠠᠢ ᠭᠡᠵᠦ ᠦᠵᠡᠵᠡᠢ᠃ ᠤᠴᠢᠷ ᠨᠢ ᠮᠠᠰᠢ ᠪᠠᠭ᠎ᠠ ᠴᠠᠭ ᠢᠶᠠᠷ ᠴᠠᠭ ᠤᠨ ᠠᠵᠢᠯ ᠬᠢᠳᠡᠭ ᠬᠦᠮᠦᠰ ᠢ ᠠᠵᠢᠯ ᠲᠠᠢ ᠬᠦᠨᠳᠦ ᠲᠣᠭᠠᠴᠠᠵᠠᠢ᠃ ᠭᠡᠰᠡᠨ ᠬᠡᠳᠦᠢ ᠴᠤ ᠠᠵᠢᠯ ᠦᠭᠡᠢᠳᠡᠯ ᠦᠨ ᠬᠡᠮᠵᠢᠶ᠎ᠡ ᠲᠣᠭᠲᠠᠮᠠᠯ ᠪᠠᠭ᠎ᠠ ᠪᠠᠶᠢᠨ᠎ᠠ᠃ ᠡᠺᠣᠨᠣᠮᠢᠰ ᠲᠤ ᠰᠡᠳᠬᠦᠯ ᠳᠡᠭᠡᠷ᠎ᠡ ᠠᠵᠢᠯ ᠳᠤ ᠤᠷᠤᠬᠤ ᠡᠷᠭᠦᠳᠡᠯ ᠭᠠᠷᠭᠠᠭᠰᠠᠳ ᠤᠨ 0.59 ᠨᠢ ᠯᠠ ᠲᠠᠲᠠᠭᠠᠯᠵᠠᠭᠰᠠᠨ ᠬᠠᠷᠢᠭᠤ ᠰᠣᠨᠣᠰᠳᠠᠭ ᠭᠡᠰᠡᠨ ᠪᠠ ᠠᠵᠢᠯ ᠤᠨᠨ ᠳᠤᠮᠳᠠᠴᠢ ᠴᠠᠭ ᠴᠠᠭ ᠪᠠᠭᠠᠰᠠᠭᠰᠠᠭᠠᠷ ᠪᠠᠶᠢᠨ᠎ᠠ ᠭᠡᠵᠡᠢ᠃ ᠡᠭᠦᠨ ᠢ ᠳᠠᠭᠠᠭᠠᠳ ᠳᠤᠮᠳᠠᠴᠢ ᠴᠠᠯᠢᠩ 2.9% ᠍ ᠪᠠᠷ ᠪᠠᠭᠤᠷᠠᠭᠰᠠᠨ ᠪᠠᠶᠢᠨ᠎ᠠ᠃ 2008 ᠤᠨ ᠤ ᠪᠠᠶᠢᠳᠠᠯ ᠢᠶᠠᠷ ᠨᠡᠶᠢᠲᠡ ᠠᠵᠢᠯᠯᠠᠬᠤ ᠬᠦᠴᠦ 66 ᠰᠠᠶ᠋ᠢ ᠪᠠᠶᠢᠭᠰᠠᠨ ᠤ 40% ᠨᠢ ᠡᠮᠡᠭᠲᠡᠶᠢᠴᠦᠳ ᠪᠠᠶᠢᠭᠰᠠᠨ ᠨᠢ ᠣᠭᠴᠣᠮ ᠪᠠᠭᠤᠷᠠᠭᠰᠠᠭᠠᠷ ᠪᠠᠶᠢᠭ᠎ᠠ ᠪᠢᠯᠡ᠃ ᠶᠠᠫᠣᠨ ᠤ ᠠᠵᠢᠯᠯᠠᠬᠤ ᠬᠦᠴᠦᠨ ᠦ ᠡᠨᠡ ᠪᠠᠭᠤᠷᠠᠯᠲᠠ ᠲᠥᠷᠥᠯᠲᠡ ᠶᠢᠨ ᠲᠦᠪᠰᠢᠨ ᠮᠠᠰᠢ ᠪᠠᠭ᠎ᠠ ᠪᠠᠶᠢᠭ᠎ᠠ ᠲᠠᠢ ᠬᠣᠯᠪᠣᠭᠠᠲᠠᠢ ᠪᠢᠯᠡ᠃ 2005 ᠤᠨ ᠤ ᠡᠬᠢᠨ ᠦ ᠬᠠᠭᠠᠰ ᠲᠤ ᠨᠠᠰᠤ ᠪᠠᠷᠠᠭᠰᠠᠨ ᠬᠦᠮᠦᠨ ᠦ ᠲᠣᠭ᠎ᠠ᠂ ᠲᠥᠷᠥᠯᠲᠡ ᠶᠢᠨ ᠲᠣᠭᠠᠨ ᠠᠴᠠ ᠳᠠᠪᠠᠭᠰᠠᠨ ᠢᠶᠠᠷ ᠬᠦᠮᠦᠨ ᠠᠮᠠ ᠶᠢᠨ ᠲᠣᠭ᠎ᠠ ᠪᠠᠭᠤᠷᠴᠢ ᠡᠬᠢᠯᠡᠭᠰᠡᠨ ᠪᠠᠶᠢᠨ᠎ᠠ᠃ ᠲᠥᠷᠥᠯᠲᠡ ᠶᠢᠨ ᠲᠣᠭ᠎ᠠ ᠶᠢ ᠶᠡᠬᠡᠰᠬᠡᠬᠦ ᠶᠢᠨ ᠲᠤᠯᠠᠳᠠ ᠶᠠᠫᠣᠨ ᠤ ᠵᠠᠰᠠᠭ ᠤᠨ ᠭᠠᠵᠠᠷ ᠴᠠᠭᠠᠴᠢᠯᠠᠬᠤ ᠳᠤ ᠲᠠᠯᠪᠢᠳᠠᠭ ᠰᠠ ᠳᠤ ᠪᠠᠨ ᠪᠠᠭᠠᠰᠭᠠᠬᠤ ᠬᠡᠷᠡᠭᠲᠡᠢ᠃ ᠬᠥᠳᠡᠯᠮᠦᠷᠢᠴᠢᠳ ᠦᠨ ᠨᠢᠭᠡᠳᠦᠯ ᠨᠢ 12 ᠰᠠᠶ᠎ᠠ ᠭᠡᠰᠢᠭᠦᠨ ᠲᠡᠢ᠃ ᠬᠠᠤᠯᠢ᠂ ᠵᠠᠰᠠᠭ ᠤᠨ ᠭᠠᠵᠠᠷ ᠤᠨ ᠵᠣᠬᠢᠴᠠᠭᠤᠯᠤᠯᠲᠠ ᠶᠠᠫᠣᠨ 2012 ᠤᠨ ᠳᠤ ᠪᠢᠽᠢᠨ᠋ᠧᠰ ᠡᠷᠬᠢᠯᠡᠬᠦ ᠳᠦ ᠬᠢᠯᠪᠠᠷ ᠪᠠᠶᠢᠳᠠᠯ ᠤᠨ ᠢᠨᠳᠧᠺᠰ ᠢᠶᠡᠷ ᠢᠶᠡᠨ ᠳᠡᠯᠡᠬᠡᠢ ᠶᠢᠨ 183 ᠣᠷᠣᠨ ᠠᠴᠠ 20 ᠍ ᠳᠦ ᠣᠷᠣᠭᠰᠠᠨ ᠪᠠᠶᠢᠨ᠎ᠠ᠃ ᠶᠠᠫᠣᠨ ᠨᠢ ᠬᠥᠭᠵᠢᠩᠭᠦᠢ ᠣᠷᠣᠨ ᠨᠤᠭᠤᠳ ᠳᠣᠲᠣᠷ᠎ᠠ ᠪᠠᠨ ᠬᠠᠮᠤᠭ ᠤᠨ ᠪᠠᠭ᠎ᠠ ᠲᠠᠲᠠᠪᠤᠷᠢ ᠶᠢᠨ ᠬᠡᠮᠵᠢᠶ᠎ᠡ ᠲᠡᠢ ᠣᠷᠣᠨ ᠪᠠ ᠠᠵᠢᠯᠴᠢᠳ ᠤᠨ ᠶᠡᠬᠡᠩᠬᠢ ᠨᠢ ᠬᠤᠪᠢ ᠬᠦᠮᠦᠨ ᠦ ᠣᠷᠣᠯᠭ᠎ᠠ ᠶᠢᠨ ᠠᠯᠪᠠᠨ ᠲᠠᠲᠠᠪᠤᠷᠢ ᠲᠥᠯᠦᠳᠡᠭ ᠦᠭᠡᠢ᠂ ᠨᠡᠮᠡᠭᠦᠦ ᠥᠷᠲᠡᠭ ᠦᠨ ᠲᠠᠲᠠᠪᠤᠷᠢ ᠨᠢ 5% ᠪᠣᠯ ᠪᠠᠶᠢᠭᠤᠯᠤᠯᠭ᠎ᠠ ᠶᠢᠨ ᠲᠠᠲᠠᠪᠤᠷᠢ ᠶᠢᠨ ᠬᠡᠮᠵᠢᠶ᠎ᠡ ᠥᠨᠳᠥᠷ ᠪᠠᠶᠢᠳᠠᠭ᠃ ᠪᠠᠶᠢᠭᠤᠯᠤᠯᠭ᠎ᠠ ᠶᠢᠨ ᠲᠤᠬᠠᠢ ᠬᠠᠤᠯᠢ ᠪᠠᠷ ᠬᠤᠪᠢᠴᠠᠭ᠎ᠠ ᠡᠵᠡᠮᠰᠢᠭᠴᠢᠳ ᠮᠧᠨᠧᠵᠧᠷ ᠦᠳ ᠡᠴᠡ ᠢᠯᠡᠭᠦᠦ ᠡᠷᠬᠡ ᠮᠡᠳᠡᠯ ᠲᠡᠢ ᠴᠤ᠂ ᠬᠤᠪᠢᠴᠠᠭ᠎ᠠ ᠡᠵᠡᠮᠰᠢᠭᠴᠢᠳ ᠦᠨ ᠢᠳᠡᠪᠬᠢ ᠶᠡᠬᠡ ᠪᠢᠰᠢ ᠪᠠᠶᠢᠳᠠᠭ᠃ ᠵᠠᠰᠠᠭ ᠤᠨ ᠭᠠᠵᠠᠷ ᠨᠢ ᠳᠡᠯᠡᠬᠡᠢ ᠶᠢᠨ ᠬᠠᠮᠤᠭ ᠤᠨ ᠶᠡᠬᠡ ᠳᠣᠲᠣᠭᠠᠳᠤ ᠥᠷᠢ ᠲᠡᠢ ᠣᠷᠣᠨ ᠤ 2 ᠍ ᠷᠲ ᠣᠷᠣᠳᠠᠭ᠃ ᠶᠠᠫᠣᠨ ᠤ ᠲᠥᠪ ᠪᠠᠩᠬᠢ ᠨᠢ ᠬᠠᠮᠤᠭ ᠤᠨ ᠶᠡᠬᠡ ᠭᠠᠳᠠᠨ᠎ᠠ ᠶᠢᠨ ᠸᠠᠯᠶᠦ᠋ᠲ ᠬᠠᠳᠠᠭᠠᠯᠠᠳᠠᠭ ᠢᠶᠠᠷ ᠢᠶᠠᠨ ᠳᠡᠯᠡᠬᠡᠢ ᠳᠦ ᠬᠢᠲᠠᠳ ᠤᠨ ᠳᠠᠷᠤᠭ᠎ᠠ 2 ᠍ ᠷᠲ ᠣᠷᠣᠳᠠᠭ᠃ ᠭᠠᠳᠠᠭᠠᠳᠤ ᠬᠠᠷᠢᠯᠴᠠᠭ᠎ᠠ᠂ ᠭᠠᠳᠠᠭᠠᠳᠤ ᠬᠤᠳᠠᠯᠳᠤᠭ᠎ᠠ ᠶᠠᠫᠣᠨ ᠨᠢ ᠳᠡᠯᠡᠬᠡᠢ ᠶᠢᠨ 5 ᠳᠠᠬᠢ ᠲᠣᠮᠣ ᠢᠮᠫᠣᠷᠲ᠂ ᠡᠺᠰᠫᠣᠷᠲᠯᠠᠭᠴᠢ ᠶᠤᠮ᠃ ᠶᠠᠫᠣᠨ ᠲᠦᠭᠦᠬᠡᠢ ᠡᠳ᠋ ᠢᠮᠫᠤᠷᠲᠯᠠᠨ᠂ ᠲᠡᠭᠦᠨ ᠢ ᠪᠡᠨ ᠪᠣᠯᠪᠠᠰᠤᠷᠠᠭᠤᠯᠤᠨ ᠨᠡᠮᠡᠭᠦᠦ ᠥᠷᠲᠡᠭ ᠰᠢᠩᠭᠡᠭᠡᠨ ᠡᠺᠰᠫᠣᠷᠲᠯᠠᠳᠠᠭ ᠪᠠᠶᠢᠨ᠎ᠠ᠃ ᠰᠡᠭᠦᠯ ᠦᠨ ᠵᠢᠯ ᠤᠨᠳ ᠲᠤ ᠶᠠᠫᠣᠨ ᠳᠡᠯᠡᠬᠡᠢ ᠶᠢᠨ ᠬᠠᠮᠤᠭ ᠤᠨ ᠲᠣᠮᠣ ᠡᠺᠰᠫᠣᠷᠲ ᠤᠨ 15 ᠵᠠᠬ᠎ᠠ ᠵᠡᠭᠡᠯᠢ ᠶᠢᠨ ᠨᠢᠭᠡ ᠪᠣᠯᠤᠭᠠᠳ ᠪᠠᠶᠢᠭ᠎ᠠ ᠪᠢᠯᠡ᠃ ᠬᠣᠶᠠᠷ ᠲᠠᠯ᠎ᠠ ᠶᠢᠨ ᠬᠤᠳᠠᠯᠳᠤᠭ᠎ᠠ ᠶᠢ ᠬᠥᠩᠭᠡᠪᠴᠢᠯᠡᠬᠦ ᠶᠢᠨ ᠲᠤᠯᠠᠳᠠ ᠶᠠᠫᠣᠨᠴᠤᠳ ᠶᠡᠷᠦᠩᠬᠡᠢ ᠰᠠᠶᠢᠳ ᠲᠠᠷᠣ ᠠᠰᠣ ᠦᠨ ᠦᠶᠡᠰ ᠡᠳ᠋ ᠍ ᠦᠨ ᠵᠠᠰᠠᠭ ᠤᠨ ᠲᠦᠩᠰᠢᠯᠡᠯ ᠦᠨ ᠬᠡᠯᠡᠯᠴᠡᠭᠡᠷ ᠥᠨᠳᠥᠷ ᠬᠡᠮᠵᠢᠶᠡᠨ ᠳᠦ ᠪᠠᠶᠢᠭᠤᠯᠵᠤ ᠢᠷᠡᠵᠡᠢ᠃ ᠡᠭᠦᠨ ᠳᠦ: ᠣᠶᠤᠨ ᠤ ᠥᠮᠴᠢ ᠶᠢ ᠬᠠᠮᠠᠭᠠᠯᠠᠬᠤ ᠮᠧᠬᠠᠨᠢᠰᠮ ᠢ ᠬᠥᠭᠵᠢᠭᠦᠯᠬᠦ᠂ ᠬᠥᠷᠥᠩᠭᠡ ᠣᠷᠣᠭᠤᠯᠤᠯᠲᠠ ᠠᠶᠤᠯ ᠦᠭᠡᠢ ᠤᠷᠴᠢᠨ ᠳᠤ ᠬᠢᠬᠦ ᠭᠡᠬᠦ ᠮᠡᠲᠦ ᠠᠰᠠᠭᠤᠳᠠᠯ ᠢ ᠣᠷᠣᠭᠤᠯᠳᠠᠭ ᠪᠠᠶᠢᠨ᠎ᠠ᠃ ᠶᠠᠫᠣᠨ ᠨᠢ Association of South - East Asian Nations, ᠪᠷᠦᠨᠧᠢ᠂ ᠢᠨᠳᠥᠶᠢᠨᠧᠽ᠂ ᠮᠠᠯᠠᠶᠢᠽ᠂ ᠹᠢᠯᠢᠫᠫᠠᠨ᠂ ᠰᠢᠩᠭᠠᠫᠦᠷ᠂ ᠲᠠᠶᠢᠯᠠᠩ ᠳᠤ᠂ ᠸᠢᠶᠧᠲ᠋ᠨᠠᠮ᠂ ᠠᠦᠢᠰᠲᠷᠠᠯᠢᠶ᠎ᠠ᠂ ᠴᠢᠯᠢ᠂ ᠡᠨᠡᠳᠬᠡᠭ᠂ ᠮᠧᠺᠰᠢᠺ᠂ ᠫᠧᠷᠤ᠂ ᠰᠣᠯᠣᠩᠭᠣᠰ᠂ ᠰᠸᠢᠰ ᠵᠡᠷᠭᠡ ᠣᠷᠣᠨ ᠨᠤᠭᠤᠳ ᠲᠠᠢ ᠡᠳ᠋ ᠍ ᠦᠨ ᠵᠠᠰᠠᠭ ᠤᠨ ᠲᠦᠩᠰᠢᠯᠡᠯ ᠦᠨ ᠬᠡᠯᠡᠯᠴᠡᠭᠡᠷ ᠪᠠᠶᠢᠭᠤᠯᠤᠭᠠᠳ ᠪᠠᠶᠢᠨ᠎ᠠ᠃  ᠶᠠᠫᠣᠨ ᠤ ᠡᠺᠰᠫᠣᠷᠲ ᠤ ᠭᠣᠣᠯ ᠨᠡᠷ᠎ᠡ ᠶᠢᠨ ᠪᠦᠲᠦᠭᠡᠭᠳᠡᠬᠦᠨ ᠨᠦᠭᠦᠳ ᠨᠢ ᠮᠣᠲ᠋ᠣᠷᠲᠤ ᠲᠡᠷᠭᠡ 13.6%, ᠬᠠᠭᠠᠰ ᠤᠳᠤᠷᠢᠳᠤᠯᠭ᠎ᠠ ᠲᠠᠢ ᠮᠠᠰᠢᠨ 6.2%, ᠲᠡᠮᠦᠷ ᠪᠣᠯᠤᠨ ᠭᠠᠨ ᠪᠦᠲᠦᠭᠡᠭᠳᠡᠬᠦᠨ 5.5%, ᠠᠦ᠋ᠲ᠋ᠣᠮᠠᠰᠢᠨ ᠤ ᠰᠡᠯᠪᠢᠭ 4.6%, ᠡᠨᠧᠷᠭᠢ ᠭᠠᠷᠭᠠᠭᠴᠢ ᠮᠠᠰᠢᠨ 3.5% ᠍ ᠢ ᠲᠤᠰ ᠲᠤᠰ ᠡᠵᠡᠯᠡᠳᠡᠭ ᠪᠣᠯ ᠡᠺᠰᠫᠣᠷᠲ ᠤᠨ ᠲᠦᠩᠰᠢ ᠨᠦᠭᠦᠳ ᠲᠦ ᠬᠢᠲᠠᠳ 19.7%, ᠠᠮᠧᠷᠢᠺᠠ ᠶᠢᠨ ᠨᠢᠭᠡᠳᠦᠭᠰᠡᠨ ᠤᠯᠤᠰ 15.5%, ᠡᠮᠦᠨᠡᠲᠦ ᠰᠣᠯᠣᠩᠭᠣᠰ 8%, ᠰᠢᠶᠠᠩᠭᠠᠩ 5.2%, ᠲᠠᠶᠢᠯᠠᠨᠳ᠋ 4.6% ᠲᠤᠰ ᠲᠤᠰ ᠡᠵᠡᠯᠡᠵᠦ ᠪᠠᠶᠢᠨ᠎ᠠ᠃ ᠢᠮᠫᠣᠷᠲ ᠤᠨ ᠭᠣᠣᠯ ᠨᠡᠷ᠎ᠡ ᠶᠢᠨ ᠪᠦᠲᠦᠭᠡᠭᠳᠡᠬᠦᠨ ᠨᠦᠭᠦᠳ ᠨᠢ ᠴᠢᠯᠠᠭᠣᠨ ᠲᠣᠰᠣ 15.5%, ᠰᠢᠩᠭᠡᠷᠡᠭᠦᠯᠦᠭᠰᠡᠨ ᠪᠠᠶᠢᠭᠠᠯᠢ ᠶᠢᠨ ᠬᠡᠢ 5.7%, ᠬᠤᠪᠴᠠᠰᠤ 3.9%, ᠬᠠᠭᠠᠰ ᠳᠠᠮᠵᠢᠭᠤᠯᠤᠭᠴᠢ 3.5%, ᠳᠠᠭᠤᠤ ᠳᠦᠷᠦᠭᠰᠡᠨ ᠦ ᠠᠫᠫᠠᠷᠠᠲ 2.7% ᠍ ᠢ ᠲᠤᠰ ᠲᠤᠰ ᠡᠵᠡᠯᠡᠵᠦ ᠪᠠᠶᠢᠨ᠎ᠠ᠃ ᠶᠠᠫᠣᠨ ᠨᠢ ᠨᠡᠶᠢᠲᠡ ᠢᠮᠫᠣᠷᠲ ᠤᠨ ᠪᠠᠷᠠᠭᠠᠨ ᠤ ᠪᠠᠨ 21.5% ᠍ ᠢ ᠬᠢᠲᠠᠳ ᠠᠴᠠ᠂ 8.9% ᠍ ᠶᠢ ᠠᠮᠧᠷᠢᠺᠠ ᠶᠢᠨ ᠨᠢᠭᠡᠳᠦᠭᠰᠡᠨ ᠤᠯᠤᠰ ᠠᠴᠠ᠂ 6.6% ᠍ ᠶᠢ ᠠᠦᠢᠰᠲ᠋ᠷᠯᠢᠶ᠎ᠠ ᠠᠴᠠ᠂ 5.9% ᠍ ᠢ ᠰᠤᠤᠳᠢ ᠠᠷᠠᠪ ᠠᠴᠠ᠂ 5% ᠍ ᠢ АНЭ ᠍ ᠠᠴᠠ᠂ 4.7% ᠍ ᠶᠢ ᠡᠮᠦᠨᠡᠲᠦ ᠰᠣᠯᠣᠩᠭᠣᠰ ᠠᠴᠠ ᠲᠤᠰ ᠲᠤᠰ ᠣᠷᠣᠭᠤᠯᠵᠤ ᠢᠷᠡᠵᠦ ᠪᠠᠶᠢᠨ᠎ᠠ᠃  ᠶᠠᠫᠣᠨ ᠤ ᠡᠳ᠋ ᠍ ᠦᠨ ᠵᠠᠰᠠᠭ ᠤᠨ ᠥᠨᠥ ᠶᠢᠨ ᠪᠠᠶᠢᠳᠠᠯ 2008 ᠤᠨ ᠠᠴᠠ ᠬᠣᠶᠢᠰᠢ ᠶᠠᠫᠣᠨ ᠤ ᠡᠳ᠋ ᠍ ᠦᠨ ᠵᠠᠰᠠᠭ ᠰᠡᠷᠭᠦᠵᠦ ᠡᠬᠢᠯᠡᠭᠡᠳ ᠪᠠᠶᠢᠭ᠎ᠠ ᠪᠠ 2010 ᠤᠨ ᠳᠤ ᠪᠣᠳᠠᠲᠤ ДНБ ᠍ ᠦ ᠥᠰᠦᠯᠲᠡ 3.938% ᠪᠠᠶᠢᠭᠰᠠᠨ ᠨᠢ ᠬᠥᠭᠵᠢᠩᠭᠦᠢ ᠣᠷᠣᠨ ᠨᠤᠭᠤᠳ ᠳᠣᠲᠣᠷ᠎ᠠ ᠪᠠᠨ ᠬᠠᠮᠤᠭ ᠤᠨ ᠶᠡᠬᠡ ᠨᠢ ᠪᠠᠶᠢᠴᠠᠢ᠃ 2011 ᠤᠨ ᠳᠤ ᠪᠣᠯᠤᠭᠰᠠᠨ ᠽᠸᠨᠠᠮᠢ ᠶᠠᠫᠣᠨ ᠤ ᠡᠳ᠋ ᠍ ᠦᠨ ᠵᠠᠰᠠᠭ ᠲᠤ 235-310 ᠲᠡᠷᠪᠤᠮ $ ᠍ ᠦᠨ ᠬᠣᠬᠢᠷᠠᠯ ᠤᠴᠠᠷᠠᠭᠤᠯᠤᠭᠰᠠᠨ ᠪᠣᠯ ᠶᠠᠫᠣᠨ ᠤ ᠲᠥᠪ ᠪᠠᠩᠬᠢ 325 ᠲᠡᠷᠪᠤᠮ $ ᠰᠠᠩᠬᠦᠦ ᠶᠢᠨ ᠵᠠᠬ᠎ᠠ ᠵᠡᠭᠡᠯᠢ᠂ ᠢᠶᠠᠨ ᠤ ᠬᠠᠩᠰᠢ ᠪᠠᠨ ᠲᠣᠭᠲᠠᠪᠤᠷᠢᠵᠢᠭᠤᠯᠬᠤ ᠶᠢᠨ ᠲᠤᠯᠠᠳᠠ ᠨᠡᠶᠢᠯᠡᠭᠦᠯᠦᠭᠰᠡᠨ ᠪᠠᠶᠢᠨ᠎ᠠ᠃ 2012 ᠤᠨ ᠳᠤ ᠶᠠᠫᠣᠨ ᠤ ДНБ ᠍ ᠦᠨ ᠥᠰᠦᠯᠲᠡ ᠠᠩᠬ᠎ᠠ ᠤᠳᠤᠭ᠎ᠠ ᠪᠠᠨ ᠰᠥᠷᠭᠦ ᠤᠳᠬ᠎ᠠ ᠲᠠᠢ ᠭᠠᠷᠤᠭᠰᠠᠨ ᠨᠢ ᠳᠡᠯᠡᠬᠡᠢ ᠡᠳ᠋ ᠍ ᠦᠨ ᠵᠠᠰᠠᠭ ᠤᠨ ᠤᠳᠠᠭᠠᠰᠢᠷᠠᠯ ᠳᠤ ᠶᠠᠫᠣᠨ ᠣᠷᠣᠨ ᠰᠤᠯᠠ ᠲᠠᠯ᠎ᠠ ᠲᠠᠢ ᠪᠠᠶᠢᠭ᠎ᠠ ᠶᠢ ᠬᠠᠷᠠᠭᠤᠯᠵᠤ ᠪᠠᠶᠢᠨ᠎ᠠ᠃ ᠧᠦ᠋ᠷᠣᠽᠣᠨ᠂ ᠠᠽᠢᠶ᠎ᠠ ᠲᠡᠷᠡ ᠳᠤᠮᠳᠠ ᠪᠠᠨ ᠬᠢᠲᠠᠳ ᠤᠨ ᠬᠡᠲᠦ ᠥᠨᠳᠥᠷ ᠥᠰᠦᠯᠲᠡ ᠶᠢᠨ ᠤᠯᠠᠮ ᠠᠴᠠ ᠰᠠᠩᠬᠦᠦ᠂ ᠺᠠᠫᠢᠲ᠋ᠠᠯ ᠤᠨ ᠵᠠᠬ᠎ᠠ ᠵᠡᠭᠡᠯᠢ ᠳᠡᠭᠡᠷᠡᠬᠢ ᠶᠠᠫᠣᠨ ᠤ ᠪᠠᠶᠢᠷᠢ ᠰᠠᠭᠤᠷᠢ ᠰᠤᠯᠠᠷᠠᠬᠤ ᠡᠷᠦᠰᠳᠡᠯ ᠬᠦᠯᠢᠶᠡᠵᠦ ᠪᠣᠯᠬᠤ ᠴᠤ ᠭᠡᠰᠡᠨ᠃  ᠶᠠᠫᠣᠨ ᠢᠷᠡᠭᠡᠳᠦᠢ ᠶᠢᠨ ᠣᠷᠣᠯᠭ᠎ᠠ ᠶᠢᠨ ᠨᠥᠬᠥᠴᠡᠯ ᠪᠠᠶᠢᠳᠠᠯ᠂ ᠳᠧᠹᠯᠢᠶᠠᠼ ᠤᠨ ᠡᠰᠡᠷᠬᠦ ᠠᠷᠭ᠎ᠠ ᠬᠡᠮᠵᠢᠶᠡᠨ ᠳᠦ ᠠᠩᠬᠠᠷᠤᠯ ᠬᠠᠨᠳᠤᠭᠤᠯᠤᠭᠰᠠᠭᠠᠷ ᠪᠠᠶᠢᠨ᠎ᠠ᠃

ᠪᠢᠴᠢᠭᠡᠰᠦ