ᠶᠠᠫᠣᠨ ᠬᠡᠯᠡ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
— «ᠶᠠᠫᠣᠨ ᠢᠶᠠᠷ» ᠭᠡᠳ ᠬᠣᠯᠪᠣᠭᠳᠠᠪᠠ —
ᠬᠠᠷᠠᠶᠢᠬᠤ: ᠤᠳᠤᠷᠢᠳᠬᠤ, ᠬᠠᠶᠢᠯᠲᠠ
 ᠶᠠᠫᠣᠨ ᠬᠡᠯᠡ
ᠵᠢᠵᠢᠭ ᠵᠢᠷᠤᠭ ᠢ ᠡᠭᠦᠰᠭᠡᠬᠦ ᠳ᠋ᠦ ᠠᠯᠳᠠᠭ᠎ᠠ ᠭᠠᠷᠤᠯ᠎ᠠ: Unable to save thumbnail to destination
ᠥᠪᠡᠷ ᠦᠨ ᠨᠡᠷ᠎ᠡ 日本語
ᠲᠠᠷᠬᠠᠯᠲᠠ ᠶᠠᠫᠣᠨ ᠪᠠ ᠳᠡᠯᠡᠬᠡᠢ ᠳᠠᠶᠠᠭᠠᠷ
ᠠᠷᠠᠳ ᠲᠦᠮᠡᠨ ᠶᠠᠫᠣᠨ
ᠲᠥᠷᠥᠯᠬᠢ ᠬᠡᠯᠡᠲᠡᠨ ᠦ ᠲᠣᠭ᠎ᠠ 130 ᠰᠠᠶ᠎ᠠ (ᠶᠠᠫᠣᠨ ᠤᠯᠤᠰ ᠤᠨ ᠬᠠᠷᠢᠶᠠᠲᠤ ᠢᠷᠭᠡᠳ ᠦᠨ ᠲᠣᠭᠠᠨ ᠳᠤ ᠦᠨᠳᠦᠰᠦᠯᠡᠭᠰᠡᠨ)
ᠬᠡᠯᠡᠨ ᠦ ᠠᠩᠬᠢᠯᠠᠯ
ᠪᠢᠴᠢᠭ ᠦᠰᠦᠭ ᠺᠠᠲ᠋ᠠᠺᠠᠨ᠎ᠠᠬᠢᠷᠤᠭᠤᠨ᠎ᠠᠬᠢᠲᠠᠳ ᠦᠰᠦᠭ
ᠠᠯᠪᠠᠨ ᠶᠣᠰᠣᠨ ᠤ ᠬᠡᠷᠡᠭᠯᠡᠭᠡ
ᠤᠯᠤᠰ ᠶᠠᠫᠣᠨ ᠶᠠᠫᠣᠨ
ᠲᠣᠬᠢᠷᠠᠭᠤᠯᠤᠭᠴᠢ ᠪᠠᠶᠢᠭᠤᠯᠤᠯᠭ᠎ᠠ  ᠶᠠᠫᠣᠨ ᠤᠯᠤᠰ᠂ ᠪᠣᠯᠪᠠᠰᠤᠷᠠᠯ ᠰᠤᠶᠤᠯ ᠰᠢᠨᠵᠢᠯᠡᠬᠦ ᠤᠬᠠᠭᠠᠨ ᠤ ᠶᠠᠮᠤ
ᠰᠤᠶᠤᠯ ᠤᠨ ᠬᠡᠯᠲᠡᠰ ᠦᠨ ᠰᠤᠶᠤᠯ ᠤᠨ ᠵᠥᠪᠯᠡᠯ
ᠲᠣᠮᠢᠶᠠᠯᠠᠪᠤᠷᠢ
ISO 639-1 ja
ISO 639-2 jpn
ISO 639-3 jpn

ᠶᠠᠫᠣᠨ ᠬᠡᠯᠡ (ᠶᠠᠫᠣᠨ ᠬᠡᠯᠡ ᠪᠡᠷ: 日本語, にほんご | ᠭᠠᠯᠢᠭ: ᠨᠢ ᠬᠣᠩ ᠭᠣ᠂ Ni hon go) ᠨᠢ ᠶᠠᠫᠣᠨ ᠤᠯᠤᠰ ᠪᠣᠯᠤᠨ ᠶᠠᠫᠣᠨ ᠬᠡᠯᠡ ᠪᠡᠷ ᠬᠡᠯᠡᠯᠴᠡᠭᠴᠢ ᠠᠷᠠᠳ ᠲᠦᠮᠡᠨ ᠦ ᠬᠡᠯᠡ ᠶᠤᠮ᠃ ᠶᠠᠫᠣᠨ ᠤ ᠬᠠᠤᠯᠢ ᠳᠤ 《ᠠᠯᠪᠠᠨ ᠶᠣᠰᠣᠨ ᠤ ᠬᠡᠯᠡ》 ᠬᠡᠮᠡᠨ ᠵᠢᠭᠠᠭᠰᠠᠨ ᠪᠠᠶᠢᠳᠠᠭ ᠪᠥᠭᠡᠳ ᠠᠯᠪᠠᠨ ᠬᠡᠷᠡᠭ ᠢ ᠤᠭ ᠬᠡᠯᠡ ᠪᠡᠷ ᠬᠥᠲᠦᠯᠵᠦ᠂ ᠪᠣᠯᠪᠠᠰᠤᠷᠠᠯ ᠤᠨ ᠰᠠᠯᠪᠤᠷᠢ ᠳᠤ ᠠᠯᠪᠠᠨ ᠶᠣᠰᠣᠭᠠᠷ 《ᠤᠯᠤᠰ ᠤᠨ ᠬᠡᠯᠡ》 ᠬᠡᠮᠡᠨ ᠵᠢᠭᠠᠳᠠᠭ᠃ ᠨᠡᠶᠢᠲᠡ ᠶᠠᠷᠢᠯᠴᠠᠭᠴᠢᠳ ᠤᠨ ᠲᠣᠭᠠᠨ ᠤ ᠬᠤᠪᠢ ᠳᠤ ᠲᠣᠳᠣᠷᠬᠠᠢ ᠲᠣᠭᠠᠴᠠᠭ᠎ᠠ ᠪᠠᠶᠢᠬᠤ ᠦᠭᠡᠢ ᠪᠣᠯᠪᠠᠴᠤ᠂ ᠶᠠᠫᠣᠨ ᠤᠯᠤᠰ ᠤᠨ ᠬᠠᠷᠢᠶᠠᠲᠤ ᠢᠷᠭᠡᠳ ᠮᠥᠨ ᠶᠠᠫᠣᠨ ᠤᠯᠤᠰ ᠠᠴᠠ ᠥᠭᠡᠷ᠎ᠡ ᠨᠤᠲᠤᠭ ᠲᠤ ᠠᠮᠢᠳᠤᠷᠠᠵᠤ ᠪᠠᠶᠢᠭ᠎ᠠ ᠶᠠᠫᠣᠨ ᠬᠦᠮᠦᠨ᠂ ᠶᠠᠫᠣᠨ (ᠶᠠᠮᠠᠲ᠋ᠣ) ᠤᠭᠰᠠᠭᠠᠨ ᠤ ᠬᠦᠮᠦᠨ ᠭᠡᠳ ᠲᠣᠭᠠᠴᠠᠪᠠᠯ 130 ᠰᠠᠶ᠎ᠠ ᠡᠴᠡ ᠢᠯᠡᠭᠦᠦ ᠶᠠᠷᠢᠯᠴᠠᠭᠴᠢ ᠲᠠᠢ ᠬᠡᠮᠡᠨ ᠦᠵᠡᠳᠡᠭ᠃ ᠨᠡᠶᠢᠲᠡ ᠶᠠᠷᠢᠯᠴᠠᠭᠴᠢᠳ ᠤᠨ ᠲᠣᠭ᠎ᠠ ᠪᠠᠷ ᠳᠡᠯᠡᠬᠡᠢ ᠳᠦ 10 ᠳ᠋ᠤᠭᠠᠷ ᠪᠠᠶᠢᠷᠢᠨ ᠳᠤ ᠵᠢᠭᠰᠠᠭᠠᠬᠤ ᠬᠡᠯᠡ ᠠᠵᠢ᠃ ᠶᠠᠫᠣᠨ ᠳᠤ ᠲᠥᠷᠦᠵᠤ ᠥᠰᠦᠭᠰᠡᠨ ᠬᠦᠮᠦᠨ ᠳᠤ ᠶᠠᠫᠣᠨ ᠬᠡᠯᠡ ᠨᠢ ᠲᠡᠳᠡᠨ ᠦ ᠡᠬᠡ ᠬᠡᠯᠡ ᠪᠣᠯᠳᠠᠭ᠃ ᠬᠡᠰᠡᠭ ᠡᠷᠳᠡᠮᠲᠡᠳ ᠥᠭᠦᠯᠡᠪᠦᠷᠢ ᠵᠦᠢ᠂ ᠳᠠᠭᠤᠳᠠᠯᠭ᠎ᠠ ᠵᠡᠷᠭᠡ ᠶᠢ ᠬᠠᠷᠠᠭᠠᠯᠵᠠᠨ ᠦᠵᠡᠵᠦ ᠠᠯᠲᠠᠢ ᠢᠵᠠᠭᠤᠷ ᠤᠨ ᠬᠡᠯᠡᠨ ᠳᠦ ᠬᠠᠮᠢᠶᠠᠷᠤᠭᠤᠯᠳᠠᠭ ᠪᠣᠯᠪᠠᠴᠤ ᠥᠪᠡᠷ ᠡᠷᠳᠡᠮᠲᠡᠳ ᠣᠨᠣᠯ ᠤᠨ ᠱᠠᠲᠤᠨ ᠳᠤ ᠶᠠᠪᠤᠭ᠎ᠠ ᠹᠦᠶᠦ ᠬᠡᠯᠡᠨ ᠦ ᠢᠵᠠᠭᠤᠷ᠂ ᠶᠠᠫᠣᠨᠢᠺ ᠬᠡᠯᠡᠨ ᠦ ᠢᠵᠠᠭᠤᠷᠲᠤ ᠬᠠᠮᠢᠶᠠᠷᠤᠨ᠎ᠠ ᠭᠡᠵᠦ ᠦᠵᠡᠳᠡᠭ (ᠡᠳᠡᠭᠡᠷ ᠨᠢ ᠠᠯᠪᠠᠨ ᠶᠣᠰᠣᠨ ᠤ ᠪᠤᠰᠤ ᠶᠤᠮ)᠃

ᠣᠨᠴᠠᠯᠢᠭ[ᠵᠠᠰᠠᠪᠤᠷᠢᠯᠠᠬᠤ | ᠺᠣᠳ᠋ ᠢᠶᠠᠷ ᠵᠠᠰᠠᠬᠣ]

 ᠶᠠᠫᠣᠨ ᠬᠡᠯᠡᠨ ᠦ ᠠᠪᠢᠶᠠᠯᠠᠪᠤᠷᠢ ᠵᠦᠢ ᠶᠢᠨ ᠬᠤᠪᠢ ᠳᠤ 「っ」「ん」 ᠬᠣᠶᠠᠷ ᠠᠪᠢᠶ᠎ᠠ  ᠢ ᠬᠠᠰᠤᠭᠠᠳ ᠡᠭᠡᠰᠢᠭ ᠢᠶᠡᠷ ᠠᠮᠢᠯᠠᠳᠠᠭ ᠦᠶ᠎ᠡ ᠨᠢ ᠳᠠᠭᠤᠳᠠᠯᠭ᠎ᠠ ᠶᠢᠨ ᠬᠤᠪᠢ ᠳᠤ ᠴᠢᠩᠭ᠎ᠠ ᠳᠠᠭᠤᠳᠠᠭᠳᠠᠳᠠᠭ᠃ ᠮᠥᠨ ᠬᠡᠯᠡᠨ ᠦ ᠡᠷᠭᠦᠯᠲᠡ ᠨᠢ ᠴᠢᠩᠭ᠎ᠠ᠂ ᠨᠠᠮ ᠭᠡᠰᠡᠨ ᠬᠣᠶᠠᠷ ᠲᠥᠷᠥᠯ ᠳᠦ ᠬᠤᠪᠢᠶᠠᠭᠳᠠᠨ᠎ᠠ᠃ 

ᠥᠭᠦᠯᠡᠪᠦᠷᠢ ᠵᠦᠢ ᠶᠢᠨ ᠬᠤᠪᠢ ᠳᠤ ᠠᠯᠲᠠᠢ ᠢᠵᠠᠭᠤᠷ ᠤᠨ ᠬᠡᠯᠡ ᠨᠦᠭᠦᠳ ᠲᠡᠢ ᠢᠵᠢᠯ 《ᠥᠭᠦᠯᠡᠭᠳᠡᠬᠦᠨ+ᠲᠤᠰᠤᠭᠳᠠᠬᠤᠨ+ᠥᠭᠦᠯᠡᠬᠦᠨ》 ᠭᠡᠰᠡᠨ ᠪᠦᠲᠦᠴᠡ ᠲᠡᠢ᠃ ᠬᠦᠨᠳᠦᠳᠬᠡᠯ ᠦᠨ ᠦᠭᠡ ᠬᠡᠯᠡᠯᠭᠡ ᠬᠡᠷᠡᠭᠯᠡᠬᠦ ᠦᠶ᠎ᠡ ᠳᠦ ᠥᠭᠦᠯᠡᠪᠦᠷᠢ ᠶᠢᠨ ᠪᠦᠲᠦᠴᠡ ᠥᠭᠡᠷᠡᠴᠢᠯᠡᠭᠳᠡᠬᠦ ᠦᠭᠡᠢ ᠪᠥᠭᠡᠳ ᠥᠭᠦᠯᠡᠪᠦᠷᠢ ᠳᠦ ᠣᠷᠣᠵᠤ ᠪᠤᠢ ᠨᠡᠷ᠎ᠡ ᠦᠭᠡ ᠪᠣᠯᠤᠨ ᠦᠢᠯᠡ ᠦᠭᠡ ᠲᠣᠭᠲᠠᠭᠰᠠᠨ ᠠᠯᠪᠠᠨ ᠶᠣᠰᠣᠨ ᠤ ᠬᠦᠨᠳᠦᠳᠬᠡᠯ ᠦᠨ ᠦᠭᠡ ᠪᠡᠷ ᠰᠣᠯᠢᠭᠳᠠᠳᠠᠭ᠃ 

ᠦᠭᠡ ᠶᠢᠨ ᠰᠠᠩ ᠨᠢ ᠶᠠᠮᠠᠲ᠋ᠣ᠋ ᠦᠭᠡ ᠪᠤᠶᠤ ᠤᠤᠭᠠᠯ ᠶᠠᠫᠣᠨ ᠦᠭᠡᠨ ᠡᠴᠡ ᠭᠠᠳᠠᠨ᠎ᠠ ᠬᠢᠲᠠᠳ ᠬᠡᠯᠡ ᠪᠡᠷ ᠳᠠᠮᠵᠢᠨ ᠣᠷᠣᠵᠤ ᠢᠷᠡᠭᠰᠡᠨ ᠺᠠᠩ ᠢᠶᠠ ᠪᠤᠶᠤ ᠬᠢᠲᠠᠳ ᠦᠭᠡ ᠴᠥᠭᠡᠨ ᠦᠭᠡᠢ᠃ 20 ᠳ᠋ᠤᠭᠠᠷ ᠵᠠᠭᠤᠨ ᠤ ᠰᠡᠭᠦᠯᠴᠢ ᠡᠴᠡ ᠥᠷᠥᠨᠡᠲᠦ ᠶᠢᠨ ᠬᠡᠯᠡᠨ ᠨᠦᠭᠦᠳ ᠡᠴᠡ ᠮᠠᠰᠢ ᠶᠡᠬᠡ ᠬᠠᠷᠢ ᠦᠭᠡ ᠣᠷᠣᠵᠤ ᠢᠷᠡᠭᠰᠡᠨ ᠪᠥᠭᠡᠳ ᠣᠳᠣ ᠴᠤ ᠨᠡᠮᠡᠭᠳᠡᠬᠦ ᠬᠠᠨᠳᠤᠯᠭ᠎ᠠ ᠲᠠᠢ ᠪᠠᠶᠢᠨ᠎ᠠ᠃   ᠶᠠᠫᠣᠨ ᠬᠡᠯᠡ ᠨᠢ ᠪᠥᠰᠡ ᠨᠤᠲᠤᠭ ᠠᠴᠠ ᠰᠢᠯᠲᠠᠭᠠᠯᠠᠨ ᠮᠠᠰᠢ ᠣᠯᠠᠨ ᠠᠶᠠᠯᠭᠤᠨ ᠳᠤ ᠬᠤᠪᠢᠶᠠᠭᠳᠠᠨ᠎ᠠ᠃ ᠳᠤᠮᠳᠠᠳᠤ ᠵᠠᠭᠤᠨ ᠤ ᠦᠶ᠎ᠡ ᠳᠦ ᠺᠢᠣᠲ᠋ᠣ ᠠᠶᠠᠯᠭ᠎ᠠ ᠪᠦᠬᠦ ᠶᠠᠫᠣᠨ ᠤ ᠭᠣᠣᠯ ᠠᠶᠠᠯᠭᠤ ᠪᠠᠶᠢᠭᠰᠠᠨ ᠪᠣᠯ ᠳᠤᠮᠳᠠᠳᠤ ᠵᠠᠭᠤᠨ ᠤ ᠰᠡᠭᠦᠯ ᠡᠴᠡ ᠡᠳᠣ᠋ ᠠᠶᠠᠯᠭᠤᠨ ᠤ ᠪᠠᠶᠢᠷᠢ ᠰᠠᠭᠤᠷᠢ ᠨᠡᠮᠡᠭᠳᠡᠭᠰᠡᠨ ᠪᠠᠶᠢᠨ᠎ᠠ᠃ ᠮᠡᠶᠢᠵᠢ ᠶᠢᠨ ᠶᠡᠬᠡ ᠬᠤᠪᠢᠰᠬᠠᠯ ᠤᠨ ᠣᠷᠭᠢᠯ ᠦᠶ᠎ᠡ ᠳᠦ ᠣᠷᠴᠢᠨ ᠴᠠᠭ ᠤᠨ ᠶᠠᠫᠣᠨ ᠬᠡᠯᠡ ᠨᠢ ᠲᠣᠤᠺᠢᠣ᠋ ᠠᠭᠤᠯᠠ ᠪᠠᠷ ᠲᠥᠪᠯᠡᠷᠡᠭᠰᠡᠨ ᠠᠶᠠᠯᠭᠤᠨ ᠳᠤ ᠰᠠᠭᠤᠷᠢᠯᠠᠭᠰᠠᠨ ᠢᠶᠠᠷ ᠡᠳᠦᠭᠡ ᠶᠢᠨ ᠰᠲ᠋ᠠᠨᠳᠠᠷᠲ ᠪᠠᠷᠢᠮᠵᠢᠶ᠎ᠠ ᠠᠶᠠᠯᠭᠤ ᠨᠢ ᠪᠤᠢ ᠪᠣᠯᠤᠭᠰᠠᠨ ᠪᠠᠶᠢᠨ᠎ᠠ᠃

ᠪᠢᠴᠢᠭ ᠦᠨ ᠬᠡᠯᠡ ᠶᠢ ᠲᠡᠮᠳᠡᠭᠯᠡᠬᠦ ᠬᠡᠷᠡᠭᠯᠡᠭᠳᠡᠬᠦᠨ ᠨᠢ ᠬᠢᠲᠠᠳ ᠦᠰᠦᠭ (ᠶᠠᠫᠣᠨ ᠺᠠᠨᠵᠢ ᠦᠰᠦᠭ ᠢ ᠪᠠᠭᠲᠠᠭᠠᠨ᠎ᠠ᠃ ᠤᠨ ᠳᠠᠭᠤᠳᠠᠯᠭ᠎ᠠ ᠪᠣᠯᠤᠨ ᠺᠥᠨ ᠳᠠᠭᠤᠳᠠᠯᠭ᠎ᠠ ᠪᠠᠷ ᠬᠡᠷᠡᠭᠯᠡᠨ᠎ᠡ), ᠬᠢᠷᠠᠭᠠᠨᠠᠺᠠᠲ᠋ᠠᠺᠠᠨ᠎ᠠ ᠦᠰᠦᠭ ᠪᠥᠭᠡᠳ ᠶᠠᠫᠣᠨ ᠬᠡᠯᠡᠨ ᠦ ᠭᠣᠣᠯ ᠪᠢᠴᠢᠭ ᠦᠰᠦᠭ ᠪᠣᠯᠳᠠᠭ᠃ ᠡᠳᠡᠭᠡᠷ ᠭᠤᠷᠪᠠᠨ ᠲᠥᠷᠥᠯ ᠦᠨ ᠦᠰᠦᠭ ᠢ ᠨᠡᠶᠢᠯᠡᠭᠦᠯᠦᠨ ᠪᠢᠴᠢᠭ ᠦᠨ ᠬᠡᠯᠡ ᠪᠡᠨ ᠲᠡᠮᠳᠡᠭᠯᠡᠨ᠎ᠡ᠃ ᠶᠠᠫᠣᠨ ᠪᠢᠴᠢᠭ ᠢᠶᠡᠷ ᠳᠡᠭᠡᠷ᠎ᠡ ᠡᠴᠡ ᠳᠣᠭᠣᠭᠰᠢ ᠪᠠᠨ᠂ ᠵᠡᠭᠦᠨ ᠡᠴᠡ ᠪᠠᠷᠠᠭᠤᠨ ᠲᠡᠰᠢ ᠪᠢᠴᠢᠬᠦ ᠪᠣᠯᠤᠮᠵᠢ ᠲᠠᠢ᠃ ᠡᠭᠦᠨ ᠡᠴᠡ ᠭᠠᠳᠠᠨ᠎ᠠ ᠯᠠᠲ᠋ᠢᠨ ᠦᠰᠦᠭ (ᠶᠠᠫᠣᠨ ᠢᠶᠠᠷ ᠷᠣᠮᠠ ᠵᠢᠢ), ᠭᠷᠧᠺ ᠦᠰᠦᠭ ᠢ (ᠠᠨᠠᠭᠠᠬᠤ ᠶᠢᠨ ᠰᠠᠯᠪᠤᠷᠢ ᠳᠤ) ᠥᠷᠭᠡᠨ ᠪᠢᠰᠢ ᠪᠣᠯᠪᠠᠴᠤ ᠢᠪᠴᠤᠤ ᠬᠦᠷᠢᠶᠡᠨ ᠦ ᠳᠤᠮᠳᠠ ᠬᠡᠷᠡᠭᠯᠡᠭᠰᠡᠭᠡᠷ ᠪᠠᠶᠢᠨ᠎ᠠ᠃  

ᠺᠠᠨᠠ ᠦᠰᠦᠭ ᠤᠨ ᠬᠦᠰᠦᠨᠦᠭᠲᠦ᠄ᠳᠡᠭᠡᠳᠦ ᠬᠡᠰᠡᠭ ᠨᠢ ᠬᠢᠷᠠᠭᠠᠨ᠎ᠠ᠂ ᠳᠤᠮᠳᠠ ᠬᠡᠰᠡᠭ ᠨᠢ ᠺᠠᠲ᠋ᠠᠺᠠᠨ᠎ᠠ᠂ ᠳᠣᠣᠷᠠᠳᠤ ᠬᠡᠰᠡᠭ ᠨᠢ ᠯᠠᠲ᠋ᠢᠨ ᠦᠰᠦᠭ ᠢᠶᠡᠷ ᠬᠠᠷᠢᠴᠠᠭᠤᠯᠤᠭᠰᠠᠨ

ᠲᠠᠷᠬᠠᠯᠲᠠ[ᠵᠠᠰᠠᠪᠤᠷᠢᠯᠠᠬᠤ | ᠺᠣᠳ᠋ ᠢᠶᠠᠷ ᠵᠠᠰᠠᠬᠣ]

 ᠶᠠᠫᠣᠨ ᠬᠡᠯᠡ ᠶᠢ ᠶᠠᠫᠣᠨ ᠤᠯᠤᠰ ᠲᠤ ᠠᠯᠪᠠᠨ ᠶᠣᠰᠣᠭᠠᠷ ᠬᠡᠷᠡᠭᠯᠡᠨ᠎ᠡ᠃ ᠶᠠᠫᠣᠨ ᠠᠴᠠ ᠪᠤᠰᠤᠳ ᠤᠯᠤᠰ ᠲᠤ᠂ ᠭᠣᠣᠯ ᠲᠥᠯᠥᠪ ᠲᠥᠪ ᠠᠮᠧᠷᠢᠺᠠ ᠪᠣᠯᠤᠨ ᠡᠮᠦᠨᠡᠲᠦ ᠠᠮᠧᠷᠢᠺᠠ ᠶᠢᠨ ᠤᠯᠤᠰ ᠤᠳ᠂  ᠠᠮᠧᠷᠢᠺᠠ ᠶᠢᠨ ᠨᠢᠭᠡᠳᠦᠭᠰᠡᠨ ᠤᠯᠤᠰ ᠍ ᠤᠨ ᠬᠠᠸᠠᠶᠢ ᠶᠢᠨ ᠮᠤᠵᠢ ᠤᠯᠤᠰ ᠵᠡᠷᠭᠡ ᠤᠯᠤᠰ ᠤᠷᠤᠭᠤ ᠶᠠᠫᠣᠨ ᠬᠦᠮᠦᠰ ᠣᠯᠠᠨ ᠢᠶᠠᠷ ᠢᠶᠠᠨ ᠨᠡᠭᠦᠭᠰᠡᠨ ᠢᠶᠡᠷ ᠲᠤᠬᠠᠢ ᠶᠢᠨ ᠪᠥᠰᠡ ᠨᠤᠲᠤᠭ ᠤᠳ ᠲᠤ ᠬᠡᠷᠡᠭᠯᠡᠭᠳᠡᠬᠦ ᠪᠣᠯᠤᠭᠰᠠᠨ ᠠᠪᠠᠴᠤ 3 ᠪᠠ 4 ᠍ ᠳᠦᠭᠡᠷ ᠦᠶ᠎ᠡ ᠡᠴᠡ ᠪᠡᠨ ᠡᠬᠡ ᠬᠡᠯᠡ ᠪᠡᠨ ᠮᠠᠷᠲᠠᠬᠤ ᠨᠢ ᠶᠡᠬᠡᠰᠦᠭᠰᠡᠨ ᠪᠠᠶᠢᠨ᠎ᠠ᠃ ᠮᠥᠨ ᠶᠠᠫᠣᠨ ᠤ ᠡᠵᠡᠨᠲᠦ ᠭᠦᠷᠦᠨ ᠦ ᠡᠷᠬᠡ ᠮᠡᠳᠡᠯ ᠳᠣᠣᠷ᠎ᠠ ᠬᠠᠷᠢᠶᠠᠯᠠᠭᠳᠠᠨ ᠪᠠᠶᠢᠭᠰᠠᠨ ᠰᠣᠯᠣᠩᠭᠣᠰ ᠤᠨ ᠬᠣᠶᠢᠭ ᠲᠠᠶᠢᠸᠠᠨᠮᠠᠨᠵᠤ ᠪᠤᠶᠤ ᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ- ᠍  ᠤᠨ ᠮᠠᠨᠵᠤ  ᠶᠢᠨ ᠨᠤᠲᠤᠭ᠂ ᠰᠠᠬᠠᠯᠢᠨ ᠵᠡᠷᠭᠡ ᠭᠠᠵᠠᠷ ᠤᠳ ᠲᠤ ᠶᠠᠫᠣᠨ ᠬᠡᠯᠡ ᠶᠢ ᠡᠵᠡᠮᠰᠢᠭᠰᠡᠨ ᠢᠷᠭᠡᠳ ᠡᠳᠦᠭᠡ ᠶᠢ ᠬᠦᠷᠲᠡᠯ᠎ᠡ ᠶᠠᠫᠣᠨ ᠬᠡᠯᠡ ᠶᠢ ᠬᠡᠷᠡᠭᠯᠡᠭᠰᠡᠭᠡᠷ ᠪᠠᠶᠢᠨ᠎ᠠ᠃

ᠳᠡᠯᠡᠬᠡᠢ ᠶᠢᠨ ᠣᠯᠠᠨ ᠤᠯᠤᠰ ᠲᠤ ᠶᠠᠫᠣᠨ ᠬᠡᠯᠡ ᠶᠢ ᠰᠤᠷᠤᠯᠴᠠᠭᠴᠢ ᠥᠰᠬᠦ ᠬᠠᠨᠳᠤᠯᠭ᠎ᠠ ᠲᠠᠢ ᠪᠠᠶᠢᠭ᠎ᠠ ᠪᠥᠭᠡᠳ ᠡᠮᠦᠨᠡᠲᠦ ᠰᠣᠯᠣᠩᠭᠣᠰ ᠤᠯᠤᠰ ᠲᠤ ᠣᠶᠢᠷᠠᠯᠴᠠᠭ᠎ᠠ ᠪᠠᠷ 96,000 ᠬᠦᠮᠦᠨ᠂ ᠢᠨᠳᠣᠨᠧᠰᠢᠶ᠎ᠠ ᠤᠯᠤᠰ ᠲᠤ ᠣᠶᠢᠷᠠᠯᠴᠠᠭ᠎ᠠ ᠪᠠᠷ 72,000 ᠬᠦᠮᠦᠨ᠃ ᠵᠡᠭᠦᠨ ᠠᠽᠢᠶ᠎ᠠ ᠪᠣᠯᠤᠨ ᠵᠡᠭᠦᠨ ᠡᠮᠦᠨᠡᠲᠦ ᠠᠽᠢᠶ᠎ᠠ ᠳᠤ ᠰᠤᠷᠤᠯᠴᠠᠭᠴᠢ ᠬᠦᠮᠦᠰ ᠦᠨ ᠲᠣᠭ᠎ᠠ ᠨᠡᠶᠢᠲᠡ ᠬᠦᠮᠦᠰ ᠦᠨ 8 ᠬᠤᠪᠢ ᠶᠢ ᠡᠵᠡᠯᠡᠵᠦ ᠪᠠᠶᠢᠨ᠎ᠠ᠃ ᠶᠠᠫᠣᠨ ᠬᠡᠯᠡᠨ ᠦ ᠪᠣᠯᠪᠠᠰᠤᠷᠠᠯ ᠣᠯᠭᠤᠳᠠᠭ 128 ᠤᠯᠤᠰ᠂ 8 ᠪᠥᠰᠡ ᠨᠤᠲᠤᠭ ᠪᠠᠶᠢᠨ᠎ᠠ᠃ 

ᠭᠠᠳᠠᠭᠠᠳᠤ ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

Wikipedia
ᠸᠢᠺᠢ ᠤᠬᠠᠭᠠᠨ: ᠶᠠᠫᠣᠨ ᠬᠡᠯᠡᠡᠭᠡᠷᠡ

ᠪᠢᠴᠢᠭᠡᠰᠦ