ᠵᠧᠷᠷᠢ ᠤᠧᠰᠲ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ

ᠵᠧᠷᠷᠢ ᠠᠯᠠᠨ ᠤᠧᠰᠲ (ᠠᠩᠭᠯᠢ ᠪᠠᠷ Jerry Alan West, 1938 ᠣᠨ ᠤ ᠲᠠᠪᠤᠳᠤᠭᠠᠷ ᠰᠠᠷ᠎ᠠ ᠶᠢᠨ 28 ᠍ ᠳᠤ ᠪᠠᠷᠠᠭᠤᠨ ᠸᠢᠷᠵᠢᠨᠢᠶ ᠠ ᠪᠠᠨ ᠮᠤᠵᠢᠡᠶᠢᠨ ᠴᠧᠯᠢᠶᠠᠨ ᠬᠣᠲᠠᠣᠳᠣ ᠲᠦᠷᠦᠭᠰᠡᠨ) — 1960 ᠣᠨ ᠤ ᠣᠯᠢᠮᠫᠢᠺ ᠤᠨ ᠠᠪᠤᠷᠭᠤᠠᠮᠧᠷᠢᠺᠠ ᠶᠢᠨ ᠳᠣᠮᠣᠭᠲᠤ ᠰᠠᠭᠰᠤᠨ ᠪᠥᠮᠪᠥᠭᠡᠴᠢᠨ ᠶᠤᠮ᠃

ᠵᠠᠮᠨᠠᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠤᠧᠰᠲ 1959 ᠣᠨ ᠳᠤ

ᠮᠡᠷᠭᠡᠵᠢᠯ ᠦᠨ ᠵᠠᠮᠨᠠᠯ᠎ᠠ NBA ᠍ ᠦᠨ «ᠯᠠᠣᠰ-ᠠᠩᠵᠧᠯᠧᠰ ᠯᠧᠢᠺᠧᠷᠰ» ᠪᠠᠭ ᠲᠤ ᠲᠣᠭᠯᠠᠭᠴᠢ ᠶᠢᠨ ᠬᠤᠪᠢᠶᠠᠷᠢ (1960—1974) ᠥᠩᠭᠡᠷᠡᠭᠦᠯᠬᠦ ᠳᠦ ᠪᠡᠨ 1972 ᠣᠨ ᠳᠤ ᠲᠦᠷᠦᠭᠦᠯᠡᠭᠰᠡᠨ᠂ ᠰᠢᠪᠲᠤᠷᠭ᠎ᠠ ᠳᠤ ᠭᠢᠯᠠᠯᠵᠠᠭᠰᠠᠨ ᠲᠣᠭᠯᠠᠭᠴᠢ ᠶᠢ ᠠᠯᠳᠠᠷᠰᠢᠭᠤᠯᠳᠠᠭ ᠦᠨ᠎ᠡ ᠴᠡᠨ᠎ᠡ ᠲᠡᠢ ᠲᠣᠭᠯᠠᠭᠴᠢ ᠶᠢᠨ ᠱᠠᠩᠨᠠᠯ ᠢ ᠠᠩᠬ᠎ᠠ ᠤᠳᠤᠭ᠎ᠠ ᠪᠠᠨ ᠪᠤᠶᠤ 1969 ᠣᠨ ᠳᠤ ᠲᠦᠷᠢᠭᠦᠯᠦᠭᠡ ᠦᠭᠡᠢ ᠴᠤ ᠬᠦᠷᠲᠡᠭᠰᠡᠨ᠂ 1970 ᠣᠨ ᠤ ᠣᠨᠣᠭᠣᠨ ᠤ (31.2), 1972 ᠣᠨ ᠤ ᠳᠠᠮᠵᠢᠭᠤᠯᠤᠯᠲᠠ ᠶᠢᠨ (9.7) ᠠᠪᠤᠷᠭᠤ ᠪᠠᠷ᠂ ᠪᠦᠬᠦ ᠣᠳᠣᠳ ᠤᠨ ᠲᠣᠭᠯᠠᠯᠲᠠᠨ ᠳᠤ 14 ᠤᠳᠠᠭ᠎ᠠ ᠲᠤᠰ ᠲᠤᠰ ᠰᠢᠯᠭᠠᠷᠠᠭᠰᠠᠨ ᠡᠷᠬᠢᠮ᠃ ᠳᠠᠰᠬᠠᠯᠵᠢᠭᠤᠯᠤᠭᠴᠢ ᠪᠠᠷ 1976—1979 ᠣᠨ ᠳᠤ ᠠᠵᠢᠯᠯᠠᠭᠰᠠᠨ ᠪᠣᠯ ᠮᠧᠨᠧᠵᠧᠷ ᠢᠶᠡᠷ 1982—2002 ᠣᠨ ᠳᠤ ᠠᠵᠢᠯᠯᠠᠬᠤ ᠳᠤ ᠪᠠᠨ ᠪᠠᠭ᠎ᠠ ᠪᠠᠨ ᠵᠢᠷᠭᠤᠭ᠎ᠠ ᠲᠦᠷᠢᠭᠦᠯᠭᠡᠵᠦ᠂ ᠬᠣᠶᠠᠷ ᠴᠤ ᠤᠳᠠᠭ᠎ᠠ ᠰᠢᠯᠢᠳᠡᠭ ᠢᠶᠡᠷ ᠨᠡᠷᠡᠯᠡᠭᠳᠡᠵᠦ ᠪᠠᠶᠢᠯ᠎ᠠ᠃ ᠲᠡᠭᠦᠨᠴᠢᠯᠡᠨ ᠺᠣᠪᠢ ᠪᠷᠠᠶᠤᠨ ᠳᠤᠱᠠᠺᠢᠯ ᠣ'ᠨᠢᠯ ᠪᠣᠯᠤᠨ ᠹᠢᠯ ᠵᠧᠺᠰᠣᠨ ᠨᠠᠷ ᠢ «ᠯᠧᠢᠺᠧᠷᠰ ᠲᠡᠢ» ᠤᠧᠰᠲ ᠬᠣᠯᠪᠣᠵᠤ ᠥᠭᠭᠦᠭᠰᠡᠨ ᠢ ᠳᠤᠷᠠᠳᠬᠤ ᠬᠡᠷᠡᠭᠲᠡᠢ᠃

1970 ᠣᠨ ᠤ NBA ᠍ ᠦᠨ ᠰᠢᠪᠲᠤᠷᠭ᠎ᠠ ᠶᠢᠨ 3 ᠳᠠᠬᠢ ᠴᠤᠪᠤᠷᠠᠯ ᠳᠤ «ᠨᠶᠤ-ᠢᠣᠷᠺ ᠨᠢᠺᠰ ᠤᠨ» ᠡᠰᠡᠷᠬᠦ 18 ᠮᠧᠲ᠋ᠷᠡ ᠡᠴᠡ ᠴᠠᠭ ᠳᠠᠭᠤᠰᠬᠤ ᠲᠠᠢ ᠵᠡᠷᠭᠡᠴᠡᠨ ᠣᠨᠣᠭ᠎ᠠ ᠶᠢ ᠲᠡᠩᠴᠡᠭᠦᠯᠦᠭᠰᠡᠨ ᠢᠶᠡᠷ ᠢᠶᠡᠨ᠂ NBA ᠍ ᠦᠨ ᠲᠡᠦᠬᠡᠨ ᠳᠦ ᠫᠯᠧᠢ ᠣᠹᠹ ᠤᠨ ᠴᠤᠪᠤᠷᠠᠯ ᠳᠤ 46.3 ᠣᠨᠣᠭ᠎ᠠ ᠳᠤᠮᠳᠠᠵᠢᠯᠠᠭᠰᠠᠨ ᠦᠵᠡᠭᠦᠯᠦᠯᠲᠡ ᠪᠡᠷ ᠢᠶᠡᠨ᠂ NBA ᠍ ᠦᠨ ᠪᠡᠯᠭᠡᠳᠡᠯ ᠳᠦ ᠳᠦᠷᠰᠦ ᠪᠡᠨ ᠮᠥᠩᠬᠡᠯᠡᠭᠰᠡᠨ ᠢᠶᠡᠷ ᠢᠶᠡᠨ ᠤᠧᠰᠲ ᠨᠡᠩ ᠠᠯᠳᠠᠷᠲᠠᠢ᠃

«ᠯᠧᠢᠺᠧᠷᠰ ᠦᠨ» ᠰᠲᠡᠤᠹᠢᠯᠰ ᠼᠧᠨᠲᠷ ᠣᠷᠳᠣᠨ ᠤ ᠡᠭᠦᠳᠡᠨ ᠳᠦ ᠲᠡᠭᠦᠨ ᠦ ᠬᠥᠰᠢᠶ᠎ᠡ ᠪᠠᠶᠢᠷᠢᠰᠢᠳᠠᠭ ᠪᠢᠯᠡ᠃

ᠬᠤᠪᠢ ᠤᠨ ᠠᠮᠢᠳᠤᠷᠠᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠤᠧᠰᠲ 1960 ᠣᠨ ᠳᠤ ᠠᠬᠠᠯᠠᠬᠤ ᠰᠤᠷᠭᠠᠭᠤᠯᠢ ᠳᠤ ᠲᠠᠨᠢᠯᠴᠠᠭᠰᠠᠨ ᠮᠠᠷᠲᠠ ᠵᠧᠢ ᠶᠢᠨ ᠺᠧᠢᠨ ᠲᠡᠢ ᠭᠡᠷᠯᠡᠵᠦ ᠭᠤᠷᠪᠠᠨ ᠬᠦ ᠶᠢᠨ ᠡᠴᠢᠭᠡ ᠪᠣᠯᠤᠭᠰᠠᠨ ᠴᠤ 1976 ᠣᠨ ᠳᠤ ᠰᠠᠯᠠᠵᠠᠢ᠃ 1978 ᠣᠨ ᠳᠤ ᠣᠳᠣ ᠶᠢᠨ ᠭᠡᠷᠭᠡᠢ ᠺᠠᠷᠧᠨ ᠪᠤᠭ᠎ᠠ ᠲᠠᠢ ᠪᠠᠨ ᠭᠡᠷᠯᠡᠵᠦ ᠬᠣᠶᠠᠷ ᠬᠦ ᠶᠢᠨ ᠡᠴᠢᠭᠡ ᠪᠣᠯᠵᠠᠢ᠃

ᠯᠠᠪᠠᠯᠠᠬᠤ ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠠᠳᠠᠨ᠎ᠠ ᠶᠢᠨ ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]


ᠪᠢᠴᠢᠭᠡᠰᠦ