ᠵᠦᠷᠬᠢᠨ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ

ᠵᠦᠷᠬᠢᠨ[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠠᠷᠤᠯ ᠡᠭᠦᠰᠦᠯ

ᠮᠣᠩᠭᠣᠯ ᠪᠢᠴᠢᠭ ᠢᠶᠡᠷ ᠵᠢᠷᠦᠭᠡ ᠪᠤᠶᠤ ᠵᠢᠷᠦᠬᠡ ᠭᠡᠰᠡᠨ ᠮᠣᠩᠭᠣᠯ ᠦᠭᠡ᠃ ᠶᠡᠬᠡᠬᠡᠨ ᠵᠢᠷᠦᠬᠡ ᠵᠣᠷᠢᠭ ᠲᠠᠢ ᠭᠡᠰᠡᠨ ᠤᠳᠬ᠎ᠠ ᠲᠠᠢ᠃ ᠬᠠᠪᠤᠯ ᠬᠠᠭᠠᠨ ᠠᠬᠠᠮᠠᠳ ᠬᠥᠪᠡᠭᠦᠨ ᠥᠬᠢᠨ ᠪᠠᠷᠬᠠᠭ ᠲᠤ ᠪᠠᠨ ᠵᠢᠷᠦᠬᠡ ᠵᠣᠷᠢᠭᠲᠠᠢ ᠡᠷᠡᠰ ᠢ ᠢᠯᠭᠠᠨ ᠥᠭᠭᠦᠭᠰᠡᠨ ᠢᠶᠡᠷ ᠵᠦᠷᠬᠡᠨ ᠣᠪᠤᠭ ᠪᠤᠢ ᠪᠣᠯᠵᠠᠢ᠃

ᠵᠦᠷᠬᠢᠨ ᠣᠪᠤᠭ ᠤᠨ ᠤᠭ ᠭᠠᠷᠤᠯ ᠨᠢ ᠬᠠᠪᠤᠯ ᠬᠠᠨ ᠤ ᠳᠣᠯᠣᠭᠠᠨ ᠬᠥᠪᠡᠭᠦᠨ ᠦ ᠠᠬ᠎ᠠ ᠨᠢ ᠥᠬᠢᠨᠪᠠᠷᠬᠠᠭ ᠪᠦᠯᠦᠭᠡ᠃ ᠲᠡᠭᠦᠨ ᠦ ᠬᠥᠪᠡᠭᠦᠨ ᠰᠣᠷᠬᠠᠲᠤ ᠵᠦᠷᠬᠢ᠂ ᠵᠦᠷᠬᠢᠨ ᠦ ᠡᠴᠢᠭᠡ᠂ ᠬᠠᠪᠤᠯ ᠬᠠᠨ ᠤ ᠬᠥᠪ ᠦᠳ ᠦᠨ ᠠᠬᠠᠮᠠᠳ ᠲᠤᠯᠠ ᠬᠠᠷᠢᠶᠠᠲᠤ ᠢᠷᠭᠡᠳ ᠦᠨ ᠳᠣᠲᠣᠷ᠎ᠠ ᠠᠴᠠ

ᠡᠷᠡᠬᠡᠢ ᠳᠦ ᠪᠡᠨ ᠡᠷᠴᠢᠮᠲᠡᠢ
ᠡᠯᠢᠭᠡᠨ ᠳᠦ ᠪᠡᠨ ᠰᠢᠭᠦᠰᠦ ᠲᠡᠢ
ᠠᠭᠤᠰᠬᠢᠨ ᠳᠤ ᠪᠠᠨ ᠠᠭᠤᠷ ᠲᠠᠢ
ᠤᠷᠤᠭᠤᠯ ᠳᠤ ᠪᠠᠨ ᠬᠢᠯᠢᠩ ᠲᠡᠢ
ᠬᠦᠴᠦᠲᠦ ᠪᠥᠬᠡ ᠪᠠ
ᠡᠷᠳᠡᠮᠲᠦ ᠡᠷᠡᠰ ᠢ

ᠢᠯᠭᠠᠵᠤ ᠬᠥᠪᠡᠭᠦᠨ ᠳᠤ ᠪᠡᠨ ᠥᠭᠪᠡ᠃ ᠡᠶᠢᠨᠬᠦᠦ ᠠᠭᠤᠷ ᠣᠮᠤᠭ ᠲᠠᠢ᠂ ᠴᠢᠩᠭ᠎ᠠ ᠵᠢᠷᠦᠬᠡ ᠲᠡᠢ ᠬᠦᠮᠦᠰ ᠨᠡᠶᠢᠯᠡᠭᠰᠡᠨ ᠲᠤᠯᠠ ᠵᠦᠷᠬᠢᠨ ᠭᠡᠵᠦ ᠨᠡᠷᠡᠯᠡᠵᠡᠢ᠃

ᠴᠢᠩᠭᠢᠰ ᠬᠠᠭᠠᠨ ᠵᠦᠷᠬᠢᠨ ᠨᠠᠷ ᠢ ᠥᠪᠡᠷᠲᠡᠭᠡᠨ ᠨᠢᠭᠡᠳᠬᠡᠭᠰᠡᠨ ᠲᠡᠦᠬᠡ

ᠴᠢᠩᠭᠢᠰ ᠬᠠᠭᠠᠨ ᠤ ᠠᠭᠤᠷᠤᠭ ᠭᠡᠷ (ᠡᠷ᠎ᠡ ᠭᠡᠷ) ᠬᠠᠷᠢᠯ ᠳᠤ ᠨᠠᠭᠤᠷ ᠲᠤ ᠪᠠᠶᠢᠭᠰᠠᠨ ᠪᠢᠯᠡ᠃ ᠵᠦᠷᠬᠢᠨ ᠨᠠᠷ᠂ ᠴᠢᠩᠭᠢᠰ ᠦᠨ ᠠᠷᠤ ᠭᠡᠷ ᠲᠦ ᠬᠣᠴᠣᠷᠤᠭᠰᠠᠨ ᠬᠦᠮᠦᠰ ᠢ ᠳᠣᠪᠲᠣᠯᠵᠤ᠂ ᠲᠠᠪᠢᠨ ᠬᠦᠮᠦᠨ ᠦ ᠬᠤᠪᠴᠠᠰᠤ ᠶᠢ ᠲᠣᠨᠣᠭᠠᠳ ᠠᠷᠪᠠᠨ ᠬᠦᠮᠦᠨ ᠢ ᠠᠯᠠᠵᠠᠢ᠃ ᠵᠦᠷᠬᠢᠨ ᠨᠠᠷ ᠢᠩᠭᠢᠵᠦ ᠰᠦᠢᠳᠭᠡᠪᠡ ᠭᠡᠵᠦ ᠪᠢᠳᠡᠨ ᠦ ᠠᠷᠤ ᠭᠡᠷ ᠲᠦ ᠬᠣᠴᠣᠷᠤᠭᠰᠠᠳ᠂ ᠴᠢᠩᠭᠢᠰ ᠬᠠᠭᠠᠨ ᠳᠤ ᠮᠡᠳᠡᠭᠳᠡᠪᠡᠯ᠂ ᠴᠢᠩᠭᠢᠰ ᠬᠠᠭᠠᠨ ᠮᠠᠰᠢ ᠬᠢᠯᠢᠩᠨᠡᠵᠦ ᠦᠭᠦᠯᠡᠷᠦᠨ: 《ᠵᠦᠷᠬᠢᠨ ᠨᠠᠷ ᠪᠢᠳᠡᠨ ᠢ ᠶᠠᠭᠠᠬᠢᠭᠠᠳ ᠢᠩᠭᠢᠵᠦ ᠪᠠᠶᠢᠭ᠎ᠠ ᠪᠢᠯᠡ? ᠣᠨᠣᠨ ᠤ ᠰᠢᠭᠤᠢ ᠳᠤ ᠬᠤᠷᠢᠮᠯᠠᠵᠤ ᠪᠠᠶᠢᠬᠤ ᠳᠤ ᠲᠣᠭᠣᠭᠠᠴᠢ ᠱᠢᠬᠢᠷᠦ ᠶᠢ ᠲᠡᠳᠡ ᠵᠠᠨᠴᠢᠪᠠ᠃ ᠪᠡᠯᠭᠦᠲᠡᠢ ᠶᠢᠨ ᠮᠥᠷ ᠦᠨ ᠴᠠᠪᠴᠢᠪᠠ᠃ ᠨᠠᠶᠢᠷᠠᠮᠳᠠᠶ᠎ᠠ ᠭᠡᠬᠦ ᠳᠦ ᠪᠢᠳᠡ ᠬᠣᠷᠢᠵᠢᠩ ᠬᠠᠲᠤᠨ᠂ ᠬᠤᠭᠤᠷᠴᠢᠨ ᠬᠠᠲᠤᠨ ᠬᠣᠶᠠᠷ ᠢ ᠪᠤᠴᠠᠭᠠᠵᠤ ᠥᠭᠭᠦᠭᠰᠡᠨ ᠪᠢᠯᠡ᠃ ᠲᠡᠭᠦᠨ ᠦ ᠬᠣᠶᠢᠨ᠎ᠠ ᠡᠴᠢᠭᠡ ᠡᠪᠦᠭᠡᠳᠦᠢ ᠮᠢᠨᠢ ᠬᠣᠣᠷᠯᠠᠭᠰᠠᠨ ᠡᠷᠲᠡᠨ ᠦ ᠥᠰᠢᠶᠡᠲᠦ ᠲᠠᠲ᠋ᠠᠷ ᠢ ᠬᠠᠪᠰᠤᠷᠤᠨ ᠪᠠᠶᠢᠯᠳᠤᠶ᠎ᠠ ᠭᠡᠳ ᠵᠦᠷᠬᠡᠢ ᠨᠠᠷ ᠢ ᠵᠢᠷᠭᠤᠭᠠᠨ ᠡᠳᠦᠷ ᠬᠦᠯᠢᠶᠡᠭᠰᠡᠨ ᠪᠣᠯᠪᠠᠴᠤ᠂ ᠲᠡᠳᠡ ᠢᠷᠡᠭᠰᠡᠨ ᠦᠭᠡᠢ᠃ ᠣᠳᠣ ᠪᠠᠰᠠ ᠳᠠᠶᠢᠰᠤᠨ ᠤ ᠬᠠᠵᠠᠭᠤ ᠪᠠᠷ ᠳᠠᠶᠢᠰᠤᠨ ᠪᠣᠯᠪᠠ》 ᠭᠡᠳ ᠴᠢᠩᠭᠢᠰ ᠬᠠᠭᠠᠨ᠂ ᠵᠦᠷᠬᠢᠨ ᠲᠡᠢ ᠪᠠᠶᠢᠯᠳᠤᠬᠤ ᠪᠠᠷ ᠮᠣᠷᠢᠯᠠᠪᠠ᠃ ᠵᠦᠷᠬᠢᠨ ᠨᠠᠷ ᠢ ᠬᠡᠷᠡᠯᠦᠨ ᠦ ᠬᠥᠳᠡᠭᠡ ᠠᠷᠠᠯ ᠤᠨ ᠳᠣᠯᠣᠭᠠᠨ ᠪᠣᠯᠳᠠᠭ ᠭᠡᠳᠡᠭ ᠭᠠᠵᠠᠷᠪ ᠠᠶᠤᠬᠤ ᠳᠤ ᠳᠠᠭᠠᠷᠢᠨ ᠣᠷᠣᠪᠠᠯ ᠰᠠᠴᠠ ᠪᠡᠬᠢ ᠲᠠᠶᠢᠴᠤ ᠬᠣᠶᠠᠷ᠂ ᠴᠥᠭᠡᠨ ᠬᠦᠮᠦᠰ ᠢ ᠠᠪᠴᠤ ᠳᠤᠲᠠᠭᠠᠪᠠ᠃ ᠬᠣᠶᠢᠨ᠎ᠠ ᠠᠴᠠ ᠨᠢ ᠨᠡᠬᠡᠵᠦ ᠲᠡᠯᠡᠲᠦ ᠠᠮᠠ ᠭᠡᠳᠡᠭ ᠭᠠᠵᠠᠷ ᠭᠦᠢᠴᠡᠵᠦ᠂ ᠰᠠᠴᠠ ᠪᠡᠬᠢ ᠲᠠᠶᠢᠴᠦ ᠬᠣᠶᠠᠷ ᠢ ᠪᠠᠷᠢᠪᠠ᠃ ᠪᠠᠷᠢ ᠳᠤ ᠴᠢᠩᠭᠢᠰ ᠬᠠᠭᠠᠨ᠂ ᠰᠠᠴᠠ ᠲᠠᠶᠢᠴᠤ ᠬᠣᠶᠠᠷ ᠲᠤ ᠦᠭᠦᠯᠡᠷᠦᠨ: 《ᠤᠷᠢᠳ ᠪᠢᠳᠡ ᠤᠤ ᠭᠡᠵᠦ ᠬᠡᠯᠡᠯᠴᠡᠭᠰᠡᠨ ᠪᠢᠯᠡ?》 ᠭᠡᠪᠡᠯ᠂ ᠰᠠᠴᠠ ᠲᠠᠶᠢᠴᠤ ᠬᠣᠶᠠᠷ ᠦᠭᠦᠯᠡᠷᠦᠨ: 《ᠪᠢᠳᠡ ᠬᠡᠯᠡᠭᠰᠡᠨ ᠦᠭᠡᠨ ᠳᠦ ᠪᠡᠨ ᠬᠦᠷᠢᠶ᠎ᠡ ᠭᠦᠢ ᠪᠣᠯ ᠦᠭᠡᠨ ᠳᠦ ᠮᠢᠨᠢ ᠬᠦᠷᠭᠡ》 ᠭᠡᠪᠡᠯ᠂ ᠲᠡᠳᠡᠨ ᠦ ᠤᠷᠢᠳᠤ ᠬᠡᠯᠡᠭᠰᠡᠨ ᠦᠭᠡ ᠶᠢ ᠰᠠᠨᠠᠭᠤᠯᠵᠤ᠂ ᠬᠡᠯᠡᠭᠰᠡᠨ ᠦᠭᠡᠨ ᠳᠦ ᠨᠢ ᠬᠦᠷᠭᠡᠵᠦ ᠲᠡᠳᠡᠨ ᠢ ᠪᠦᠲᠦᠭᠡᠵᠦ ᠠᠯᠠᠪᠠ᠃

ᠰᠠᠴᠠ ᠲᠠᠶᠢᠴᠤ ᠬᠣᠶᠠᠷ ᠢ ᠳᠠᠭᠤᠰᠬᠠᠭᠠᠳ ᠵᠦᠷᠬᠢᠨ ᠦ ᠢᠷᠭᠡᠨ ᠢ ᠬᠥᠳᠡᠯᠭᠡᠵᠦ᠂ ᠢᠷᠡᠬᠦ ᠳᠦ ᠲᠡᠳᠡᠨ ᠦ ᠳᠣᠲᠣᠷ᠎ᠠ ᠵᠠᠯᠠᠶᠢᠷ ᠤᠨ ᠲᠡᠯᠡᠭᠡᠲᠦ ᠪᠠᠶᠠᠨ ᠤ ᠬᠥᠪᠡᠭᠦᠨ ᠭᠦᠨ ᠭᠤᠸ᠎ᠠ᠂ ᠴᠢᠯᠠᠭᠤᠨ ᠬᠠᠶᠢᠴᠢ᠂ ᠵᠢᠪᠡᠭᠡ ᠪᠡᠨ ᠭᠤᠷᠪᠠ ᠪᠠᠶᠢᠪᠠ᠃ ᠭᠦᠨ ᠭᠤᠸ᠎ᠠ᠂ ᠮᠤᠬᠤᠯᠠᠢ (ᠮᠤᠬᠤᠯᠢ) ᠪᠤᠬ᠎ᠠ ᠬᠣᠶᠠᠷ ᠬᠥᠪᠡᠭᠦᠨ ᠢᠶᠡᠨ ᠴᠢᠩᠭᠢᠰ ᠲᠦ ᠠᠭᠤᠯᠵᠠᠭᠤᠯᠤᠨ ᠥᠭᠴᠦ ᠦᠭᠦᠯᠡᠷᠦᠨ:

ᠪᠣᠰᠬ᠎ᠠ ᠶᠢᠨ ᠴᠢᠨᠢ
ᠪᠣᠭᠣᠯ ᠪᠣᠯᠲᠤᠭᠠᠢ!
ᠪᠣᠰᠬᠠᠨ ᠠᠴᠠ ᠴᠢᠨᠢ
ᠪᠤᠯᠲᠠᠵᠤ ᠵᠠᠶᠢᠯᠠᠪᠠᠯ
ᠪᠣᠷᠪᠢᠢ ᠢᠨᠦ ᠣᠭᠲᠣᠯ!
ᠡᠭᠦᠳᠡᠨ ᠦ ᠴᠢᠨᠢ
ᠥᠮᠴᠢ ᠪᠣᠯᠲᠤᠭᠠᠢ!
ᠡᠭᠦᠳᠡᠨ ᠡᠴᠡ ᠴᠢᠨᠢ
ᠳᠤᠲᠠᠭᠠᠵᠤ ᠵᠠᠶᠢᠯᠠᠪᠠᠯ
ᠡᠯᠡᠭᠡᠢ ᠨᠢ ᠡᠮᠡᠲᠡᠯ᠎ᠡ!》

ᠭᠡᠪ᠃ ᠴᠢᠯᠠᠭᠤᠨ ᠬᠠᠶᠢᠴᠢ ᠲᠦᠩᠭᠡ ᠬᠠᠰᠢ ᠬᠣᠶᠠᠷ ᠬᠥᠪᠡᠭᠦᠨ ᠢᠶᠡᠨ ᠠᠭᠤᠯᠵᠠᠭᠤᠯᠤᠨ ᠥᠭᠴᠦ ᠥᠭᠦᠷᠦᠨ:

ᠠᠯᠲᠠᠨ ᠪᠣᠰᠬ ᠤ ᠴᠢᠨᠢ
ᠠᠰᠢᠳᠠ ᠰᠠᠬᠢᠵᠤ ᠪᠠᠶᠢᠭ᠃
ᠠᠯᠲᠠᠨ ᠪᠣᠰᠬᠠᠨ ᠠᠴᠠ ᠴᠢᠨᠢ
ᠠᠩᠭᠢ ᠳᠤ ᠣᠳᠬᠤ ᠪᠣᠯ
ᠠᠮᠢᠢ ᠨᠢ ᠲᠠᠰᠤᠯᠵᠤ ᠠᠯᠠ
ᠥᠷᠭᠡᠨ ᠡᠭᠦᠳᠡ ᠶᠢ ᠴᠢᠨᠢ
ᠡᠷᠭᠦᠵᠦ ᠥᠭᠴᠦ ᠪᠠᠶᠢᠭ
ᠥᠷᠭᠡᠨ ᠡᠭᠦᠳᠡᠨ ᠡᠴᠡ ᠴᠢᠨᠢ
ᠥᠭᠡᠷ᠎ᠡ ᠵᠦᠭ ᠶᠠᠪᠤᠪᠠᠯ
ᠥᠷᠥᠢ ᠨᠢ ᠡᠮᠲᠡᠯᠵᠦ ᠠᠯᠠ》

ᠭᠡᠪᠡ᠃ ᠵᠢᠪᠡᠭᠡ ᠶᠢ ᠬᠠᠰᠠᠷ ᠲᠤ ᠥᠭᠪᠡ᠃ ᠵᠢᠪᠡᠭᠡ ᠪᠡᠨ ᠵᠦᠷᠬᠢᠨ ᠦ ᠨᠤᠲᠤᠭ ᠠᠴᠠ ᠪᠣᠷᠬᠤᠯ ᠨᠡᠷᠡᠲᠦ ᠬᠥᠪᠡᠭᠦᠨ ᠢ ᠣᠯᠵᠤ ᠠᠪᠤᠭᠰᠠᠨ ᠢᠶᠠᠨ ᠥᠭᠡᠯᠦᠨ ᠡᠬᠡ ᠳᠦ ᠠᠭᠤᠯᠵᠠᠵᠤ ᠥᠭᠪᠡ᠃ ᠥᠭᠡᠯᠦᠨ ᠡᠬᠡ᠂ ᠮᠡᠷᠬᠢᠳ ᠦᠨ ᠣᠯᠵᠤ ᠠᠪᠤᠭᠰᠠᠨ ᠬᠦᠴᠦᠭᠦ ᠨᠡᠷᠡᠲᠦ ᠬᠥᠪᠡᠭᠦᠨ ᠪᠠ ᠲᠠᠶᠢᠴᠢᠭᠤᠳ ᠤᠨ ᠪᠡᠰᠦᠲᠦ ᠶᠢᠨ ᠨᠤᠲᠤᠭ ᠠᠴᠠ ᠣᠯᠵᠤ ᠠᠪᠤᠭᠰᠠᠨ ᠬᠥᠬᠥᠴᠦ᠂ ᠲᠠᠲ᠋ᠠᠷ ᠤᠨ ᠨᠤᠲᠤᠭ ᠠᠴᠠ ᠣᠯᠵᠤ ᠠᠪᠤᠭᠰᠠᠨ ᠰᠢᠭᠢᠬᠤᠲᠤᠭ᠂ ᠵᠦᠷᠬᠢᠨ ᠦ ᠨᠤᠲᠤᠭ ᠠᠴᠠ ᠣᠯᠵᠤ ᠠᠪᠤᠭᠰᠠᠨ ᠪᠣᠷᠬᠤᠯ ᠡᠨᠡ ᠳᠥᠷᠪᠡᠨ ᠬᠥᠪᠡᠭᠦᠨ ᠢ ᠭᠡᠷ ᠳᠣᠲᠣᠷ᠎ᠠ ᠪᠠᠨ ᠠᠰᠠᠷᠠᠵᠤ ᠪᠠᠶᠢᠪᠠ᠃ ᠥᠭᠡᠯᠦᠨ ᠡᠬᠡ ᠬᠥᠪᠡᠭᠦᠳ ᠳᠤ ᠪᠡᠨ ᠥᠭᠦᠷᠦᠨ: 《ᠡᠳᠡᠨ ᠢ ᠡᠳᠦᠷ ᠦᠵᠡᠬᠦ ᠨᠢᠳᠦ᠂ ᠰᠥᠨᠢ ᠰᠤᠨᠤᠰᠬᠤ ᠴᠢᠬᠢ ᠪᠣᠯᠭᠠᠶ᠎ᠠ》 ᠭᠡᠪᠡ᠃

ᠴᠢᠩᠭᠢᠰ ᠬᠠᠭᠠᠨ᠂ ᠨᠢᠭᠡᠨ ᠡᠳᠦᠷ ᠪᠦᠷᠢ ᠪᠥᠬᠡ᠂ ᠪᠡᠯᠭᠦᠲᠡᠢ ᠬᠣᠶᠠᠷ ᠢ ᠪᠠᠷᠢᠯᠳᠤᠭᠤᠯᠤᠶ᠎ᠠ ᠭᠡᠪ᠃ ᠪᠦᠷᠢ ᠪᠥᠬᠡ ᠵᠦᠷᠬᠢᠨ ᠳᠤ ᠪᠠᠶᠢᠭᠰᠠᠨ ᠪᠢᠯᠡ᠃ ᠪᠦᠷᠢ ᠪᠥᠬᠡ᠂ ᠤᠷᠢᠳᠤ ᠪᠡᠯᠭᠦᠲᠡᠢ ᠶᠢ ᠥᠷᠥᠭᠡᠰᠦᠨ ᠭᠠᠷ ᠢᠶᠠᠷ ᠪᠠᠷᠢᠵᠤ᠂ ᠥᠷᠥᠭᠡᠰᠦᠨ ᠬᠥᠯ ᠢᠶᠡᠷ ᠲᠠᠰᠢᠵᠤ ᠤᠨᠠᠭᠠᠳ ᠬᠥᠳᠡᠯᠭᠡᠯ ᠦᠭᠡᠢ ᠳᠠᠷᠤᠵᠤ ᠴᠢᠳᠠᠬᠤ ᠪᠦᠯᠦᠭᠡ᠃ ᠪᠦᠷᠢ ᠪᠥᠬᠡ᠂ ᠤᠯᠤᠰ ᠤᠨ ᠨᠡᠷᠡᠲᠡᠢ ᠪᠥᠬᠡ ᠪᠠᠶᠢᠭᠰᠠᠨ᠃ ᠡᠨᠡ ᠤᠳᠠᠭ᠎ᠠ ᠪᠦᠷᠢ ᠪᠥᠬᠡ ᠪᠡᠯᠭᠦᠲᠡᠢ ᠬᠣᠶᠠᠷ ᠢ ᠪᠠᠷᠢᠯᠳᠤᠭᠤᠯᠬᠤ ᠳᠤ ᠪᠦᠷᠢ ᠪᠥᠬᠡ ᠦᠯᠦ ᠢᠯᠠᠭᠳᠠᠬᠤ ᠬᠦᠮᠦᠨ ᠪᠠᠶᠢᠲᠠᠯ᠎ᠠ ᠤᠨᠠᠵᠤ ᠥᠭᠪᠡ᠃ ᠪᠡᠯᠭᠦᠲᠡᠢ᠂ ᠪᠦᠷᠢ ᠪᠥᠬᠥᠶᠢᠭ ᠠᠷᠠᠢ ᠭᠡᠵᠦ ᠮᠥᠷᠯᠡᠨ ᠳᠠᠷᠤᠵᠤ ᠰᠠᠭᠠᠷᠢ ᠪᠥᠰᠡ ᠳᠡᠭᠡᠷ᠎ᠡ ᠭᠠᠷᠤᠭᠠᠳ ᠴᠢᠩᠭᠢᠰ ᠬᠠᠭᠠᠨ ᠢ ᠨᠢᠳᠦ ᠪᠡᠷ ᠬᠢᠯᠠᠮᠬᠢᠵᠤ ᠬᠠᠷᠠᠪᠠᠯ ᠴᠢᠩᠭᠢᠰ ᠬᠠᠭᠠᠨ ᠬᠥᠮᠥᠬᠡᠢ ᠪᠡᠨ ᠵᠢᠭᠤᠪᠠ᠃ ᠪᠡᠯᠭᠦᠲᠡᠢ ᠤᠬᠠᠭᠠᠨ ᠣᠯᠵᠤ ᠪᠦᠷᠢ ᠪᠥᠬᠥᠶᠢᠭ ᠠᠭᠳᠠᠯᠠᠨ ᠪᠠᠷᠢᠵᠤ᠂ ᠴᠡᠭᠡᠵᠢ ᠪᠥᠭᠰᠡᠨ ᠡᠴᠡ ᠤᠭᠵᠠᠷᠠᠨ ᠲᠠᠲᠠᠵᠤ ᠨᠢᠷᠤᠭᠤ ᠶᠢ ᠨᠢ ᠬᠤᠭᠤᠯᠪᠠ᠃ ᠪᠦᠷᠢ ᠪᠥᠬᠡ᠂ ᠨᠢᠷᠤᠭᠤ ᠶᠢ ᠪᠠᠨ ᠬᠤᠭᠤᠯᠤᠭᠤᠯᠤᠭᠠᠳ ᠦᠭᠦᠯᠡᠷᠦᠨ: 《ᠪᠡᠯᠭᠦᠲᠡᠢ ᠳᠦ ᠪᠢ ᠦᠯᠦ ᠢᠯᠠᠭᠳᠠᠬᠤ ᠪᠢᠯᠡ᠃ ᠬᠠᠮᠢᠭ᠎ᠠ ᠠᠴᠠ ᠠᠶᠤᠵᠤ ᠠᠷᠭᠠᠳᠠᠵᠤ ᠵᠣᠷᠢᠭᠤᠳᠠ ᠤᠨᠠᠭᠠᠳ ᠠᠮᠢᠶ᠎ᠠ ᠠᠯᠳᠠᠪᠠ᠂ ᠪᠢ》 ᠭᠡᠳ ᠦᠬᠦᠪᠡ᠃ ᠲᠡᠭᠦᠨ ᠦ ᠨᠢᠷᠤᠭᠤ ᠶᠢ ᠪᠡᠯᠭᠦᠲᠡᠢ ᠬᠤᠭᠤᠯᠵᠤ ᠴᠢᠷᠴᠢ ᠠᠪᠠᠴᠢᠭᠠᠳ ᠬᠠᠶᠠᠪᠠ᠃ ᠬᠠᠪᠤᠯ ᠬᠠᠨ ᠤ ᠳᠣᠯᠣᠭᠠᠨ ᠬᠥᠪᠡᠭᠦᠨ ᠦ ᠠᠬᠠᠮᠠᠳ ᠨᠢ ᠥᠬᠢᠨᠪᠠᠷᠬᠠᠭ᠂ ᠬᠣᠶᠠᠳᠤᠭᠠᠷ ᠨᠢ ᠪᠠᠷᠲᠠᠨ ᠪᠠᠭᠠᠲᠤᠷ ᠪᠦᠯᠦᠭᠡ᠃ ᠲᠡᠭᠦᠨ ᠦ ᠬᠥᠪᠡᠭᠦᠨ ᠶᠡᠰᠦᠭᠡᠢ ᠪᠠᠭᠠᠲᠤᠷ᠂ ᠭᠤᠷᠪᠠᠳᠤᠭᠠᠷ ᠨᠢ ᠬᠤᠲᠤᠭᠲᠤ ᠮᠣᠩᠬᠣᠷ᠂ ᠲᠡᠭᠦᠨ ᠦ ᠬᠥᠪᠡᠭᠦᠨ ᠪᠦᠷᠢ ᠪᠥᠬᠡ᠂ ᠪᠦᠷᠢ ᠪᠥᠬᠡ ᠪᠠᠷᠢᠯᠳᠤᠬᠤ ᠳᠤ ᠪᠠᠨ ᠪᠠᠷᠲᠠᠨ ᠪᠠᠭᠠᠲᠤᠷ ᠤᠨ ᠬᠥᠪᠡᠭᠦᠳ ᠡᠴᠡ ᠢᠯᠡᠭᠦᠦ ᠪᠥᠭᠡᠳ ᠪᠠᠷᠬᠠᠭ ᠤᠨ ᠵᠣᠷᠢᠭᠲᠤ ᠬᠥᠪᠡᠭᠦᠳ ᠲᠡᠢ ᠨᠥᠬᠥᠷᠯᠡᠵᠦ ᠶᠠᠪᠤᠳᠠᠭ ᠪᠦᠯᠦᠭᠡ᠃ ᠤᠯᠤᠰ ᠤᠨ ᠪᠥᠬᠡ ᠪᠦᠷᠢ ᠡᠶᠢᠨᠬᠦᠦ ᠪᠡᠯᠭᠦᠲᠡᠢ ᠳᠦ ᠨᠢᠷᠤᠭᠤ ᠶᠢ ᠪᠠᠨ ᠬᠤᠭᠤᠯᠤᠭᠤᠯᠵᠤ ᠦᠬᠦᠪᠡ᠃

http://wiki.uhaan.com/index.php?title=ᠵᠦᠷᠬᠢᠨ&oldid=400934》 ᠍  ᠡᠴᠡ ᠠᠪᠤᠭᠰᠠᠨ

ᠪᠢᠴᠢᠭᠡᠰᠦ