ᠠᠯᠲᠠᠨ ᠣᠷᠳᠣ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
— «ᠵᠦᠴᠢ ᠶᠢᠨ ᠤᠯᠤᠰ» ᠭᠡᠳ ᠬᠣᠯᠪᠣᠭᠳᠠᠪᠠ —
ᠬᠠᠷᠠᠶᠢᠬᠤ: ᠤᠳᠤᠷᠢᠳᠬᠤ, ᠬᠠᠶᠢᠯᠲᠠ
ᠠᠯᠪᠠᠨ ᠬᠡᠯᠡ ᠮᠣᠩᠭᠣᠯ ᠬᠡᠯᠡ
ᠠᠷᠠᠳ ᠲᠦᠮᠡᠨ  ᠮᠣᠩᠭᠣᠯ
1240
 -  ᠠᠯᠲᠠᠨ ᠣᠷᠳᠣᠨ ᠤ ᠤᠯᠤᠰ ᠪᠠᠶᠢᠭᠤᠯᠤᠭᠳᠠᠪᠠ 1240 
 -  ᠠᠯᠲᠠᠨ ᠣᠷᠳᠣᠨ ᠤ ᠤᠯᠠᠭᠰᠠᠨ ᠤ ᠵᠠᠯᠭᠠᠮᠵᠢᠯᠠᠭᠴᠢ ᠶᠡᠬᠡ ᠣᠷᠳᠣ ᠺᠷ ᠤᠮ ᠤᠨ ᠬᠠᠨᠯᠢᠭ ᠲᠤ ᠡᠵᠡᠯᠡᠭᠳᠡᠨ ᠤᠨᠠᠪᠠ 1502 

ᠠᠯᠲᠠᠨ ᠣᠷᠳᠣ ᠨᠢ ᠶᠡᠬᠡ ᠮᠣᠩᠭᠣᠯ ᠤᠯᠤᠰ ᠤᠨ ᠪᠦᠷᠢᠯᠳᠦᠬᠦᠨ ᠬᠡᠰᠡᠭ᠂ ᠴᠢᠩᠭᠢᠰ ᠬᠠᠭᠠᠨ ᠤ ᠠᠴᠢ ᠪᠠᠲᠤ ᠬᠠᠭᠠᠨ ᠤ ᠤᠳᠤᠷᠢᠳᠤᠯᠭᠠᠨ ᠳᠣᠣᠷ᠎ᠠ ᠳᠤᠨᠠᠢ ᠮᠥᠷᠡᠨ ᠡᠴᠡ ᠪᠠᠯᠬᠠᠰ ᠨᠠᠭᠤᠷ ᠬᠦᠷᠲᠡᠯᠡᠬᠢ ᠨᠤᠲᠤᠭ ᠲᠤ ᠣᠷᠣᠰᠢᠨ ᠲᠣᠭᠲᠠᠨᠢᠭᠰᠠᠨ ᠮᠣᠩᠭᠣᠯᠴᠤᠳ ᠤᠨ ᠤᠯᠤᠰ ᠶᠤᠮ᠃

ᠴᠢᠩᠭᠢᠰ ᠦᠨ ᠵᠠᠯᠭᠠᠮᠵᠢᠯᠠᠭᠴᠢ ᠥᠭᠡᠲᠡᠢ ᠶᠢᠨ ᠣᠷᠣᠰ ᠷᠤ ᠢᠯᠡᠭᠡᠭᠰᠡᠨ ᠭᠤᠷᠪᠠᠨ ᠳᠣᠪᠲᠣᠯᠭᠠᠨ ᠤ ᠨᠢᠭᠡ ᠶᠢ 1235 ᠣᠨ ᠳᠤ ᠪᠠᠲᠤ ᠬᠠᠭᠠᠨ ᠤᠳᠤᠷᠢᠳᠤᠨ ᠶᠠᠪᠤᠭᠰᠠᠨ ᠶᠤᠮ᠃ ᠮᠣᠩᠭᠣᠯᠴᠤᠳ ᠤᠷᠠᠯ ᠮᠥᠷᠡᠨ ᠢ 1237 ᠣᠨ ᠳᠤ ᠭᠠᠲᠤᠯᠤᠨ ᠲᠥᠪ ᠣᠷᠣᠰ ᠲᠤ ᠨᠡᠪᠲᠡᠷᠡᠭᠡᠳ ᠮᠣᠰᠺᠸᠠᠺᠢᠶᠠᠪ ᠵᠡᠷᠭᠡ ᠣᠯᠠᠨ ᠬᠣᠲᠤ ᠨᠤᠭᠤᠳ ᠢ ᠳᠣᠪᠲᠣᠯᠤᠨ ᠡᠵᠡᠯᠡᠵᠡᠢ᠃ ᠣᠷᠣᠰ ᠠᠴᠠ ᠮᠣᠩᠭᠣᠯᠴᠤᠳ ᠫᠣᠯᠢᠰᠢᠰᠡᠯᠧᠽᠤᠩᠭᠠᠷᠢ ᠳᠤ ᠣᠴᠢᠵᠤ 1240 ᠣᠨ ᠳᠤ ᠯᠦᠪᠯᠢᠨᠬᠠᠷᠢᠺᠣᠸ ᠢ ᠭᠠᠵᠠᠷ ᠲᠠᠢ ᠲᠡᠭᠰᠢᠯᠡᠭᠰᠡᠨ ᠪᠠᠶᠢᠨ᠎ᠠ᠃ ᠪᠠᠲᠤ 1241 ᠣᠨ ᠤ ᠳᠥᠷᠪᠡᠳᠦᠭᠡᠷ ᠰᠠᠷ᠎ᠠ ᠳᠤ ᠯᠧᠭᠨᠢᠼ ᠤᠨ ᠣᠶᠢᠷᠠᠯᠴᠠᠭ᠎ᠠ ᠰᠡᠯᠧᠽ᠂ ᠫᠣᠯᠢᠰᠢ᠂ ᠲᠧᠦ᠋ᠲ᠋ᠣᠨ ᠤ ᠴᠡᠷᠢᠭ ᠦᠨ ᠨᠢᠭᠡᠳᠦᠭᠰᠡᠨ ᠠᠷᠮᠢ ᠶᠢ ᠪᠤᠲᠠ ᠴᠣᠬᠢᠭᠰᠠᠨ᠃

ᠨᠧᠣᠰᠲ᠋ᠠᠳ ᠤᠨ ᠪᠡᠬᠢᠯᠡᠯᠲᠡ ᠪᠡᠷ ᠳᠣᠪᠲᠣᠯᠭ᠎ᠠ ᠵᠣᠭᠰᠣᠵᠤ᠂ ᠵᠡᠭᠦᠨ ᠵᠦᠭ ᠪᠤᠴᠠᠨ ᠢᠵᠢᠯ ᠮᠥᠷᠡᠨ ᠦ ᠰᠠᠪᠠ ᠳᠤ ᠪᠠᠲᠤ ᠥᠪᠡᠷ ᠦᠨ ᠭᠣᠶᠣᠮᠰᠣᠭ ᠲᠣᠷᠭᠠᠨ ᠭᠡᠷ ᠢᠶᠡᠨ ᠪᠠᠷᠢᠵᠠᠢ᠃ ᠠᠷᠪᠠᠨ ᠳᠥᠷᠪᠡᠳᠦᠭᠡᠷ ᠵᠠᠭᠤᠨ ᠤ ᠰᠡᠭᠦᠯᠡᠷ ᠠᠯᠲᠠᠨ ᠣᠷᠳᠣᠨ ᠤ ᠤᠯᠤᠰ ᠮᠦᠰᠺᠣᠸᠢ (ᠮᠣᠰᠺᠸᠠ) ᠍ ᠍ ᠦᠨ ᠪᠣᠰᠤᠯᠭ᠎ᠠ ᠨᠤᠭᠤᠳ ᠠᠴᠠ ᠪᠣᠯᠵᠤ ᠰᠤᠯᠢᠳᠠᠭᠰᠠᠨ ᠪᠠ ᠲᠡᠮᠦᠷ 1395 ᠣᠨ ᠳᠤ ᠠᠯᠲᠠᠨ ᠣᠷᠳᠣᠨ ᠤ ᠤᠯᠤᠰ ᠢ ᠨᠢᠭᠡᠳᠬᠡᠭᠰᠡᠨ ᠴᠤ ᠲᠡᠭᠦᠨ ᠢ ᠨᠠᠰᠤ ᠪᠠᠷᠠᠮᠠᠭᠴᠠ ᠠᠰᠲᠷᠠᠬᠠᠨᠢᠺᠠᠽᠠᠨᠢᠺᠷ ᠤᠮᠰᠢᠪᠸᠷᠢᠶ ᠠ ᠭᠡᠬᠦ ᠳᠥᠷᠪᠡᠨ ᠤᠯᠤᠰ ᠲᠤ ᠬᠤᠪᠢᠶᠠᠭᠳᠠᠵᠠᠢ᠃ 1480 ᠍ ᠍ ᠊ᠭᠠᠳ ᠣᠨ ᠳᠤ III ᠢᠸᠠᠩ ᠸᠠᠰᠡᠯᠸᠢᠴ ᠲᠠᠲᠠᠪᠤᠷᠢ ᠲᠥᠯᠥᠬᠦ ᠪᠡᠨ ᠪᠣᠯᠢᠵᠤ ᠤᠯᠠᠮ ᠢᠶᠠᠷ 1502 ᠣᠨ ᠳᠤ ᠺᠷ ᠤᠮ ᠤᠨ ᠬᠠᠨᠯᠢᠭ ᠲᠤ ᠡᠵᠡᠯᠡᠭᠳᠡᠨ ᠠᠯᠲᠠᠨ ᠣᠷᠳᠣᠨ ᠤ ᠤᠯᠤᠰ ᠣᠷᠣᠰᠢᠨ ᠲᠣᠭᠲᠠᠨᠢᠬᠤ ᠪᠠᠨ ᠪᠣᠯᠢᠭᠰᠠᠨ ᠪᠠᠶᠢᠨa. ᠠᠯᠲᠠᠨ ᠣᠷᠳᠣᠨ ᠤ ᠤᠯᠤᠰ ᠤᠨᠠᠭᠰᠠᠨ ᠴᠤ ᠺᠷ ᠤᠮ ᠤᠨ ᠬᠠᠨᠯᠢᠭ ᠬᠦᠴᠦᠷᠬᠡᠭᠵᠢᠵᠦ ᠣᠷᠣᠰ ᠤᠯᠤᠰ ᠷᠤ ᠦᠶ᠎ᠡ ᠦᠶ᠎ᠡ ᠬᠦᠴᠦᠲᠡᠢ ᠳᠣᠪᠲᠣᠯᠬᠤ ᠪᠣᠯᠤᠭᠰᠠᠨ ᠲᠤᠯᠠ ᠣᠷᠣᠰ ᠳᠣᠪᠲᠣᠯᠭᠠᠨ ᠢ ᠨᠢ ᠪᠣᠯᠢᠭᠤᠯᠬᠤ ᠶᠢᠨ ᠲᠤᠯᠠᠳᠠ ᠡᠳ᠋ ᠪᠠᠷᠠᠭ᠎ᠠ ᠪᠠᠷ ᠠᠯᠪᠠ ᠪᠠᠷᠢᠵᠤ ᠪᠠᠶᠢᠪᠠ᠃ 1685 ᠣᠨ ᠳᠤ ᠣᠷᠣᠰ ᠤᠨ I ᠫᠧᠲ᠋ᠷ ᠬᠠᠭᠠᠨ ᠵᠣᠯᠢᠶᠠᠰᠤᠨ ᠤ ᠮᠥᠩᠭᠥ ᠲᠥᠯᠥᠬᠦ ᠶᠢ ᠪᠦᠷᠢᠮᠦᠰᠦᠨ ᠪᠣᠯᠢᠭᠤᠯᠤᠭᠰᠠᠨ ᠪᠥᠭᠡᠳ ᠵᠣᠯᠢᠶᠠᠰᠤᠨ ᠤ ᠮᠥᠩᠭᠥ ᠲᠥᠯᠦᠵᠦ ᠪᠠᠶᠢᠭᠰᠠᠨ ᠨᠢ ᠠᠯᠲᠠᠨ ᠣᠷᠳᠣᠨ ᠤ ᠨᠣᠶᠠᠷᠬᠠᠯ ᠦᠷᠭᠦᠯᠵᠢᠯᠡᠵᠦ ᠪᠠᠶᠢᠭᠰᠠᠨ ᠡᠰᠡᠪᠡᠯ ᠺᠷ ᠤᠮ ᠤᠨ ᠬᠠᠷᠠᠭᠠᠲᠤ ᠪᠠᠶᠢᠳᠠᠯ ᠲᠠᠢ ᠪᠠᠶᠢᠭᠰᠠᠨ ᠭᠡᠰᠡᠨ ᠦᠭᠡ ᠪᠢᠰᠢ ᠶᠤᠮ᠃

ᠠᠯᠲᠠᠨ ᠣᠷᠳᠣᠨ ᠤ ᠤᠯᠤᠰ ᠢ ᠶᠠᠪᠤᠭᠠᠨ ᠳᠠᠭᠠᠨ ᠪᠦᠷᠢᠮᠦᠰᠦᠨ ᠲᠦᠷᠡᠭᠵᠢᠵᠦ ᠲᠦᠷᠦᠭ ᠦᠨ ᠪᠤᠶᠤ ᠲᠠᠲ᠋ᠠᠷ ᠦᠨᠳᠦᠰᠦᠲᠡᠨ ᠦ ᠤᠯᠤᠰ ᠪᠣᠯᠤᠭᠰᠠᠨ ᠭᠡᠵᠦ ᠦᠵᠡᠳᠡᠭ ᠪᠠ ᠬᠡᠳᠦᠢ ᠳᠦ᠂ ᠬᠡᠷᠬᠢᠨ ᠲᠦᠷᠢᠭᠵᠢᠭᠰᠡᠨ ᠲᠠᠯ᠎ᠠ ᠪᠠᠷ ᠡᠷᠳᠡᠮᠲᠡᠳ ᠮᠠᠷᠭᠤᠭᠰᠠᠭᠠᠷ ᠪᠠᠶᠢᠨ᠎ᠠ᠃ ᠺᠷ ᠤᠮ ᠤᠨ ᠬᠠᠨ I ᠮᠧᠬᠮᠧᠳ ᠭᠷᠧᠢ 1515 ᠣᠨ ᠳᠤ ᠥᠪᠡᠷ ᠢ ᠪᠡᠨ 《ᠪᠦᠬᠦ ᠮᠤᠭᠤᠯᠴᠢ ᠨᠤᠭᠤᠳ ᠤᠨ ᠫᠠᠳᠠᠰᠢᠬᠤ》 ᠴᠣᠯᠠ ᠳᠤ ᠡᠷᠭᠦᠮᠵᠢᠯᠡᠵᠡᠢ᠃[1][2] ᠮᠥᠨ ᠥᠪᠡᠷ ᠦᠨ ᠬᠠᠷᠢᠶᠠᠲᠤ ᠲᠠᠲ᠋ᠠᠷ ᠤᠳ ᠢ ᠮᠤᠭᠤᠯ ᠪᠤᠶᠤ ᠮᠣᠩᠭᠣᠯ ᠭᠡᠵᠦ ᠨᠡᠷᠡᠯᠡᠬᠦ ᠶᠢ ᠣᠷᠣᠯᠳᠤᠭᠰᠠᠨ ᠴᠤ ᠲᠠᠲᠠᠷᠠᠴᠢ ᠨᠤᠭᠤᠳ ᠤᠨ ᠳᠡᠶᠢᠯᠦᠩᠬᠢ ᠨᠢ ᠲᠦᠷᠦᠭ ᠭᠠᠷᠤᠯ ᠲᠠᠢ ᠲᠤᠯᠠ ᠡᠨᠡ ᠨᠡᠷ᠎ᠡ ᠶᠢ ᠬᠦᠯᠢᠶᠡᠵᠦ ᠠᠪᠰᠠᠩ ᠢᠶᠢ᠃ ᠺᠷ ᠤᠮ ᠤᠨ ᠬᠠᠨᠯᠢᠭᠠᠰᠲᠷᠠᠬᠠᠩ ᠤᠨ ᠬᠠᠨᠯᠢᠭᠬᠠᠰᠠᠩ ᠤᠨ ᠬᠠᠨᠯᠢᠭᠡᠶᠢᠨ ᠬᠠᠩᠭ᠎ᠠ ᠨᠤᠭᠤᠳ ᠪᠦᠭᠦᠳᠡ ᠵᠦᠴᠢ ᠶᠢᠨ ᠤᠭᠰᠠᠭᠠᠨ ᠤ ᠬᠢ ᠪᠠᠶᠢᠪᠠ᠃

ᠭᠠᠵᠠᠷ ᠤᠨ ᠵᠢᠷᠤᠭ[ᠵᠠᠰᠠᠪᠤᠷᠢᠯᠠᠬᠤ | ᠺᠣᠳ᠋ ᠢᠶᠠᠷ ᠵᠠᠰᠠᠬᠣ]

  1. ᠭᠠᠪᠤᠷᠢᠨᠰᠺ ᠦ ᠣ᠃ ᠫᠣᠸᠧᠯᠢᠲ᠋ᠧᠯᠢ ᠳᠪᠤᠬᠤ ᠮᠠᠰᠲ᠋ᠧᠷᠢᠺᠣᠸ᠃ ᠲ᠃1: ᠺᠷ ᠤᠮᠰᠺᠧ ᠬᠠᠨ ᠤ XV-XVI ᠰᠲ᠋ᠣᠯᠧᠲ᠋ᠢᠢ ᠢ ᠪᠣᠷᠢᠪᠠ ᠵᠠ ᠨᠠᠰᠤᠯᠧᠳᠰᠳᠪᠠ ᠸᠧᠯᠢᠺᠣᠢ ᠣᠷᠳ᠋ ᠍ ᠍ ᠤ᠃ (2007)
  2. ᠴᠢᠰᠲ III ᠮᠧᠬᠮᠧᠳ I ᠭᠧᠷᠠᠢ 1515-1523 «ПАДИШАХ ВСЕХ МОГУЛОВ»᠎ᠠ ᠸ 1515 ᠭᠣᠳᠤ ᠺᠷ ᠤᠮᠰᠺ ᠦ ᠬᠠᠨ ᠮᠧᠬᠮᠧᠳ I ᠭᠧᠷᠠᠢ ᠸᠵᠢᠯ ᠰᠧᠪᠧ ᠳᠠᠵᠧ ᠲᠤᠲᠤᠯ «ᠫᠠᠳᠠᠰᠢᠬᠤ ᠸᠰᠧᠬ ᠮᠣᠭᠤᠯᠠᠪᠠ (ᠮᠣᠩᠭᠣᠯᠠᠪᠠ)»᠂ ᠣᠷᠢᠶᠸᠨᠲᠤᠷᠢᠢᠰᠢ ᠤᠵᠧ ᠨᠧ ᠨᠠ ᠸᠧᠯᠢᠴᠢᠶ᠎ᠡ ᠵᠣᠯᠣᠲᠣᠷᠳ᠋ ᠍ ᠍ ᠤᠨᠰᠺᠢᠬ ᠬᠠᠨᠨᠣᠸ ᠪᠠᠲ ᠤᠢ ᠢ ᠲᠤᠬᠤᠲᠠ ᠤᠱᠠ᠂ ᠨᠣ ᠨᠠ ᠰᠠᠮᠤᠭ᠎ᠠ ᠴᠢᠩᠭᠢᠰᠬᠠᠨ᠎ᠠ《

ᠪᠢᠴᠢᠭᠡᠰᠦ