ᠵᠦᠴᠢ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠵᠦᠴᠢ
ᠵᠦᠴᠢ ᠶᠢᠨ ᠤᠯᠤᠰ ᠤᠨ ᠬᠠᠨ
Juchi Khan.jpg
ᠵᠦᠴᠢ ᠬᠠᠨ ᠤ ᠬᠥᠰᠢᠶ᠎ᠡ
ᠡᠮᠦᠨᠡᠬᠢ ᠴᠢᠩᠭᠢᠰ ᠬᠠᠭᠠᠨ
ᠳᠠᠷᠠᠭᠠᠬᠢ ᠣᠷᠳᠣ (х.ш. 1204-1280)
ᠪᠠᠲᠤ (х.ш. 1205-1255)
ᠪᠡᠷᠬᠡ, 1257-1267 ᠤᠨ ᠨᠤᠭᠤᠳ ᠲᠤ ᠠᠯᠲᠠᠨ ᠣᠷᠳᠣ ᠤᠨ ᠬᠠᠨ
ᠲᠥᠷᠦᠭᠰᠡᠨ ᠵᠠᠭᠪᠤᠷ:Birth-date
ᠮᠣᠩᠭᠣᠯ
 ᠨᠠᠰᠤ ᠨᠥᠭᠦᠭᠴᠢᠭᠰᠡᠨ 1227 (45–46 ᠨᠠᠰᠤᠲᠠᠢ)
ᠧᠦ᠋ᠷᠣᠠᠽᠢ
ᠬᠠᠲᠤᠨ ᠰᠠᠷᠬᠠᠨ ᠬᠠᠲᠤᠨ
ᠪᠡᠬᠢᠲᠡᠮᠥᠰ ᠬᠠᠲᠤᠨ
ᠬᠤᠸᠠ ᠦᠵᠢᠨ ᠬᠠᠲᠤᠨ
ᠰᠤᠯᠲᠠᠨ ᠬᠠᠲᠤᠨ
ᠤᠷᠤᠭ ᠤᠨ ᠣᠪᠤᠭ ᠪᠣᠷᠵᠢᠭᠢᠨ
ᠤᠯᠤᠰ ᠭᠦᠷᠦᠨ ᠶᠡᠬᠡ ᠮᠣᠩᠭᠣᠯ ᠤᠯᠤᠰ
ᠠᠪᠤ ᠴᠢᠩᠭᠢᠰ ᠬᠠᠭᠠᠨ
ᠡᠵᠢ ᠪᠥᠷᠲᠡ ᠦᠵᠢᠨ

ᠵᠦᠴᠢ (1180 ᠤᠨ ᠤ ᠣᠷᠴᠢᠮ – 1227) ᠨᠢ ᠶᠡᠬᠡ ᠮᠣᠩᠭᠣᠯ ᠤᠯᠤᠰ ᠢ ᠦᠨᠳᠦᠰᠦᠯᠡᠭᠴᠢ ᠴᠢᠩᠭᠢᠰ ᠬᠠᠭᠠᠨ ᠪᠣᠯᠤᠨ ᠶᠡᠬᠡ ᠬᠠᠲᠤᠨ ᠪᠥᠷᠲᠡ ᠨᠠᠷ ᠤᠨ ᠳᠤᠮᠳᠠ ᠠᠴᠠ ᠲᠦᠷᠦᠭᠰᠡᠨ ᠳᠥᠷᠪᠡᠨ ᠬᠦᠦ ᠶᠢᠨ ᠠᠬᠠᠮᠠᠳ ᠨᠢ ᠶᠤᠮ᠃ ᠲᠡᠷᠡ ᠪᠡᠷ ᠠᠩᠬ᠎ᠠ 1207 ᠤᠨ ᠳᠤ ᠪᠠᠷᠠᠭᠤᠨ ᠭᠠᠷ ᠤᠨ ᠴᠡᠷᠢᠭ ᠤᠳᠤᠷᠢᠳᠤᠨ ᠣᠢ ᠶᠢᠨ ᠢᠷᠭᠡᠨ᠂ ᠬᠢᠷᠭᠢᠰ᠂ ᠬᠣᠷᠢ ᠲᠦᠮᠡᠨ ᠳᠦ ᠵᠡᠷᠭᠡ ᠪᠠᠶᠢᠭᠠᠯᠢ ᠨᠠᠭᠤᠷ ᠠᠴᠠ ᠪᠠᠷᠠᠭᠤᠨ ᠲᠡᠰᠢ ᠣᠷᠣᠰᠢᠬᠤ ᠤᠯᠤᠰ ᠠᠶᠢᠮᠠᠭ ᠤᠳ ᠢ ᠪᠠᠶᠢᠯᠳᠤᠨ ᠳᠠᠭᠠᠭᠤᠯᠤᠭᠰᠠᠨ᠃ ᠤᠯᠠᠮ ᠢᠶᠠᠷ 1211-1217 ᠤᠨ ᠤ ᠣᠷᠴᠢᠮ ᠳᠤ ᠠᠯᠲᠠᠨ ᠤᠯᠤᠰ ᠲᠠᠢ ᠬᠢᠭᠰᠡᠨ ᠠᠶᠠᠨ ᠳᠠᠶᠢᠨ ᠳᠤ ᠣᠷᠣᠯᠴᠠᠵᠤ ᠶᠠᠪᠤᠭᠰᠠᠨ᠃ 1218 ᠤᠨ ᠳᠤ ᠬᠢᠷᠭᠢᠰ᠂ ᠬᠣᠷᠢ ᠲᠦᠮᠡᠳ ᠦᠨ ᠪᠣᠰᠤᠯᠭ᠎ᠠ ᠶᠢ ᠳᠠᠷᠤᠭᠰᠠᠨ᠃ ᠤᠯᠠᠮ ᠢᠶᠠᠷ 1219-1225 ᠤᠨ ᠤ ᠬᠣᠭᠣᠷᠣᠨᠳᠣ ᠬᠣᠷᠧᠽᠮ ᠢ ᠳᠠᠶᠢᠯᠠᠬᠤ ᠳᠤ ᠣᠷᠣᠯᠴᠠᠵᠠᠢ᠃ ᠴᠢᠩᠭᠢᠰ ᠬᠠᠭᠠᠨ ᠨᠤᠲᠤᠭ ᠪᠤᠴᠠᠬᠤ ᠪᠣᠯᠬᠤ ᠳᠤ ᠲᠡᠭᠦᠨ ᠳᠦ ᠴᠡᠷᠢᠭ ᠲᠠᠰᠤᠯᠤᠨ ᠥᠭᠭᠦᠭᠡᠳ ᠡᠷᠴᠢᠰ ᠮᠥᠷᠡᠨ ᠡᠴᠡ ᠪᠠᠷᠠᠭᠤᠨ ᠲᠡᠰᠢ ᠪᠦᠬᠦ ᠭᠠᠵᠠᠷ ᠢ ᠥᠭᠴᠦ᠂ ᠳᠠᠶᠢᠯᠠᠭᠤᠯᠬᠤ ᠵᠠᠷᠯᠢᠭ ᠪᠠᠭᠤᠯᠭᠠᠭᠰᠠᠨ ᠪᠠᠶᠢᠳᠠᠭ᠃ ᠭᠡᠬᠦ ᠳᠦ ᠪᠡᠨ ᠲᠡᠷᠡᠪᠡᠷ ᠡᠪᠡᠳᠴᠢᠨ ᠦ ᠤᠴᠢᠷ 1225-1226 ᠤᠨ ᠤ ᠣᠷᠴᠢᠮ ᠳᠤ ᠨᠠᠰᠤ ᠨᠥᠭᠴᠢᠭᠰᠡᠨ᠃

ᠭᠡᠷ ᠪᠦᠯᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠡᠴᠢᠭᠡ: ᠴᠢᠩᠭᠢᠰ ᠬᠠᠭᠠᠨ

ᠡᠬᠡ: ᠪᠥᠷᠲᠡ ᠬᠠᠲᠤᠨ

ᠬᠠᠲᠤᠳ:

ᠬᠡᠷᠡᠶᠢᠳ ᠦᠨ ᠨᠢᠬᠲ᠋ᠢᠮᠥᠰ ᠦᠵᠢᠨ: ᠰᠣᠷᠬᠠᠭᠲᠠᠨᠢ ᠪᠡᠬᠢ ᠶᠢᠨ ᠡᠭᠡᠴᠢ᠃

ᠬᠣᠩᠭᠢᠷᠠᠳ ᠤᠨ ᠰᠠᠷᠬᠠᠨ ᠬᠠᠲᠤᠨ: ᠬᠣᠩᠭᠢᠷᠠᠳ ᠤᠨ ᠳᠠᠷᠢ ᠲᠠᠢ ᠨᠣᠶᠠᠨ ᠤ ᠥᠬᠢᠨ᠃

ᠬᠣᠩᠭᠢᠷᠠᠳ ᠤᠨ ᠬᠤᠸᠠ ᠦᠵᠢᠨ: ᠬᠣᠩᠭᠢᠷᠠᠳ ᠤᠨ ᠡᠯᠴᠢ ᠨᠣᠶᠠᠨᠥᠬᠢᠨ᠃

ᠬᠥᠪᠡᠭᠦᠳ: ᠵᠦᠴᠢ ᠳᠣᠣᠷ᠎ᠠ ᠬᠠᠶᠠᠵᠤ 14 ᠬᠦᠦ[1], ᠨᠢᠭᠡ ᠥᠬᠢᠨ ᠲᠠᠢ ᠪᠠᠶᠢᠪᠠ:

  1. ᠣᠷᠳᠣ (1204-1280)
  2. ᠪᠠᠲᠤ (c. 1205-1255)
  3. ᠪᠡᠷᠬᠡᠠᠯᠲᠠᠨ ᠣᠷᠳᠣ ᠍ ᠢ 1257-1267 ᠤᠨ ᠳᠤ ᠵᠠᠬᠢᠷᠤᠭᠰᠠᠨ ᠬᠠᠭᠠᠨ[2]
  4. ᠪᠡᠷᠬᠡᠴᠢᠷ
  5. ᠱᠢᠪᠠᠨ
  6. ᠲᠠᠩᠭᠤᠳ
  7. ᠲᠡᠪᠠᠯ (ᠪᠤᠪᠠᠯ). ᠨᠣᠭᠠᠢ ᠬᠠᠨᠢ ᠡᠪᠦᠭᠡ ᠡᠴᠢᠭᠡ᠃
  8. ᠴᠢᠯᠠᠭᠤᠨ
  9. ᠰᠢᠨᠺᠥᠷ
  10. ᠴᠢᠮᠪᠠᠢ
  11. ᠮᠤᠬᠤᠮ ᠢᠶ᠎ᠡ ᠳᠦ
  12. ᠤᠳᠤᠷ
  13. ᠲᠤᠭ ᠲᠡᠮᠦᠷ᠂ ᠶᠡᠬᠡ ᠣᠷᠳᠣ ᠍ ᠤᠨ ᠰᠡᠭᠦᠯᠴᠢ ᠶᠢᠨ ᠬᠠᠭᠠᠳ ᠤᠨ ᠡᠪᠦᠭᠡ᠃
  14. ᠰᠢᠩᠭᠦᠮ

ᠥᠬᠢᠨ ᠨᠢ ᠠᠯᠮᠠᠯᠢᠺᠡᠶᠢᠨ ᠵᠠᠬᠢᠷᠤᠭᠴᠢ ᠴᠢᠷᠠᠯᠦᠺᠲᠡᠢ ᠭᠡᠷᠯᠡᠵᠡᠢ᠃

ᠤᠷᠤᠭ ᠤᠨ ᠮᠣᠳᠣ[ᠵᠠᠰᠠᠪᠤᠷᠢᠯᠠᠬᠤ | ᠺᠣᠳ᠋ ᠢᠶᠠᠷ ᠵᠠᠰᠠᠬᠣ]

 
 
 
 
 
 
 
 
 
 
 
 
ᠴᠢᠩᠭᠢᠰ ᠬᠠᠭᠠᠨ
 
ᠪᠥᠷᠲᠡ ᠦᠵᠢᠨ
 
 
 
 
 
 
 
 
 
 
 
 
 
 
 
 
 
 
 
 
 
 
 
 
 
 
 
 
 
 
 
 
 
 
 
 
 
 
 
 
 
 
 
 
 
 
 
 
 
 
 
 
 
 
 
 
 
 
 
 
 
 
 
 
 
 
 
 
 
 
 
ᠰᠠᠷᠬᠠᠨ ᠬᠠᠲᠤᠨ
 
 
ᠨᠢᠬᠲ᠋ᠢᠮᠥᠰ ᠦᠵᠢᠨ
 
 
 
 
 
ᠵᠦᠴᠢ
 
ᠬᠤᠸᠠ ᠦᠵᠢᠨ
 
ᠰᠤᠯᠲᠠᠨ ᠬᠠᠲᠤᠨ
 
 
 
 
 
 
 
 
 
 
 
 
 
 
 
 
 
 
 
 
 
 
 
 
 
 
 
 
 
 
 
 
 
 
 
 
 
 
 
 
 
 
 
 
 
 
 
 
 
 
 
ᠣᠷᠳᠣ
 
ᠱᠢᠪᠠᠨ
 
ᠰᠢᠩᠬᠤᠷ
 
 
 
 
 
ᠪᠠᠲᠤ ᠬᠠᠨ
 
ᠪᠡᠷᠬᠡ

ᠡᠰᠢᠯᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

  1. H.H.Howorth-History of the Mongols, part.II div.II, p.35
  2. ᠳᠡᠪ ᠲᠦ ᠮᠣᠷᠭᠠᠨThe Mongols, p. 224

ᠡᠰᠢᠯᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

http://wiki.uhaan.com/index.php?title=ᠵᠦᠴᠢ&oldid=482456》 ᠍  ᠡᠴᠡ ᠠᠪᠤᠭᠰᠠᠨ

ᠪᠢᠴᠢᠭᠡᠰᠦ