ᠵᠦᠭᠳᠡᠷᠳᠡᠮᠡᠳ ᠦᠨ ᠭᠦᠷᠦᠷᠠᠭᠴᠠ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠵᠦᠭᠳᠡᠷᠳᠡᠮᠡᠳ ᠦᠨ ᠭᠦᠷᠦᠷᠠᠭᠴᠠ
ᠵᠢᠵᠢᠭ ᠵᠢᠷᠤᠭ ᠢ ᠡᠭᠦᠰᠭᠡᠬᠦ ᠳ᠋ᠦ ᠠᠯᠳᠠᠭ᠎ᠠ ᠭᠠᠷᠤᠯ᠎ᠠ: Unable to save thumbnail to destination

ᠵ᠃ᠭᠦᠷᠦᠷᠠᠭᠴᠠ
ᠢᠨᠲ᠋ᠧᠷᠺᠣᠰᠮᠠᠰ ᠍ ᠤᠨ ᠰᠠᠨᠰᠠᠷ ᠤᠨ ᠨᠢᠰᠦᠭᠴᠢ
ᠢᠷᠭᠡᠨᠰᠢᠯ Flag of Mongolia.svg ᠮᠣᠩᠭᠣᠯ
ᠲᠦᠷᠦᠭᠰᠡᠨ 1947 ᠣᠨ ᠤ 12 ᠰᠠᠷ᠎ᠠ ᠶᠢᠨ 5 (1947-12-05) (71 ᠨᠠᠰᠣᠳᠠᠢ)
ᠪᠦᠭᠦᠳᠡ ᠨᠠᠶᠢᠷᠠᠮᠳᠠᠬᠤ ᠮᠣᠩᠭᠣᠯ ᠠᠷᠠᠳ ᠤᠯᠤᠰᠪᠤᠯᠠᠭᠠᠨ ᠠᠶᠢᠮᠠᠭ᠂ ᠭᠤᠷᠪᠠᠨᠪᠤᠯᠠᠭ ᠰᠤᠮᠤ
ᠪᠤᠰᠤᠳ ᠠᠵᠢᠯ ᠨᠢᠰᠦᠯᠭᠡ ᠶᠢᠨ ᠢᠨᠵᠧᠨᠧᠷ
ᠴᠣᠯᠠ ᠬᠣᠰᠢᠭᠤᠴᠢ ᠭᠧᠨᠧᠷᠠᠯ
ᠰᠠᠨᠰᠠᠷ ᠲᠤ ᠥᠩᠭᠡᠷᠡᠭᠦᠯᠦᠭᠰᠡᠨ ᠬᠤᠭᠤᠴᠠᠭ᠎ᠠ 7 ᠬᠣᠨᠣᠭ 20 ᠴᠠᠭ 42 ᠮᠢᠨᠦ᠋ᠲ
ᠰᠣᠩᠭᠣᠯᠲᠠ 1978 ᠣᠨ ᠤ ᠢᠨᠲ᠋ᠧᠷᠺᠣᠰᠮᠠᠰ
ᠳᠠᠭᠠᠭᠠᠯᠭᠠᠪᠤᠷᠢ ᠰᠣᠶᠽ-39
ᠳᠠᠭᠠᠭᠠᠯᠭᠠᠪᠤᠷᠢ ᠶᠢᠨ ᠲᠡᠮᠳᠡᠭ Soyuz39 patch.png

ᠵᠦᠭᠳᠡᠷᠳᠡᠮᠡᠳ ᠦᠨ ᠭᠦᠷᠦᠷᠠᠭᠴᠠ (1947 ᠣᠨ ᠤ 12 ᠍ ᠳᠦᠭᠡᠷ ᠰᠠᠷ᠎ᠠ ᠍ ᠤᠨ 05) ᠨᠢ ᠮᠣᠩᠭᠣᠯ ᠤᠯᠤᠰ ᠠᠴᠠ ᠰᠠᠨᠰᠠᠷ ᠲᠤ ᠨᠢᠰᠦᠭᠰᠡᠨ ᠠᠩᠬᠠᠨ ᠤ᠂ ᠳᠡᠯᠡᠬᠡᠢ ᠶᠢᠨ 101 ᠳ᠋ᠡᠬᠢ᠂ ᠠᠽᠢᠶ᠎ᠠ ᠍ ᠶᠢᠨ ᠬᠣᠶᠠᠷ ᠳ᠋ᠡᠬᠢ ᠬᠦᠮᠦᠨ ᠶᠤᠮ᠃

ᠵ᠃ᠭᠦᠷᠦᠷᠠᠭᠴᠠ 1947 ᠣᠨ ᠳᠤ ᠪᠤᠯᠠᠭᠠᠨ ᠠᠶᠢᠮᠠᠭ ᠤᠨ ᠭᠤᠷᠪᠠᠨᠪᠤᠯᠠᠭ ᠰᠤᠮᠤᠨ ᠳᠤ ᠲᠥᠷᠦᠵᠢᠭᠡ᠃

ᠰᠠᠨᠰᠠᠷ ᠲᠤ ᠨᠢᠰᠦᠭᠰᠡᠨ ᠨᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠵ᠃ᠭᠦᠷᠦᠷᠠᠭᠴᠠ 1966 ᠣᠨ ᠳᠤ ᠴᠡᠷᠢᠭ ᠦᠨ ᠠᠯᠪᠠᠨ ᠳᠤ ᠲᠠᠲᠠᠭᠳᠠᠵᠤ᠂ 1971 ᠣᠨ ᠳᠤ ᠵᠥᠪᠯᠡᠯᠲᠦ ᠬᠣᠯᠪᠣᠭᠠᠲᠤ ᠤᠯᠤᠰ ᠍ ᠤᠨ ᠹᠷᠦᠨᠽᠧ ᠬᠣᠲᠠ ᠶᠢᠨ ᠨᠢᠰᠬᠦ ᠶᠢᠨ ᠳᠠᠮᠵᠢᠶᠠᠨ ᠳᠤ ᠰᠤᠷᠤᠯᠴᠠᠭᠠᠳ᠂ 1973 ᠣᠨ ᠳᠤ ᠮᠣᠰᠺᠸᠠ ᠬᠣᠳᠠ ᠳᠤ ᠵᠢᠺᠣᠪᠰᠺ ᠤᠨ ᠨᠡᠷᠡᠮᠵᠢᠲᠦ ᠠᠭᠠᠷ ᠤᠨ ᠴᠡᠷᠢᠭ ᠦᠨ ᠠᠺᠠᠳᠧᠮᠢ ᠳᠤ ᠰᠤᠷᠤᠯᠴᠠᠨ ᠲᠡᠭᠦᠰᠴᠡᠢ᠃ 1978 ᠣᠨ ᠠᠴᠠ ᠲᠡᠷᠡ ᠪᠡᠷ ᠵᠥᠪᠯᠡᠯᠲᠦ ᠬᠣᠯᠪᠣᠭᠠᠲᠤ ᠤᠯᠤᠰ ᠳᠦ ᠶᠦᠷᠡᠢ ᠭᠠᠭᠠᠷᠢᠨᠢ ᠨᠡᠷᠡᠮᠵᠢᠲᠦ ᠰᠠᠨᠰᠠᠷ ᠤᠨ ᠨᠢᠰᠦᠭᠴᠢᠳ ᠢ ᠪᠡᠯᠡᠳᠬᠡᠬᠦ ᠰᠤᠷᠭᠠᠯᠲᠠ ᠶᠢᠨ ᠲᠥᠪ ᠲᠦ ᠮ᠃ᠭᠠᠩᠵᠣᠷᠢᠭᠡᠶᠢᠨ ᠬᠠᠮᠲᠤ ᠪᠠᠷ ᠪᠡᠯᠡᠳᠬᠡᠭᠳᠡᠵᠦ ᠡᠬᠢᠯᠡᠭᠰᠡᠨ ᠪᠠᠶᠢᠨ᠎ᠠ᠃ ᠡᠨᠡ ᠦᠶ᠎ᠡ ᠳᠦ ᠲᠡᠷᠡ ᠪᠡᠷ ᠠᠷᠠᠳ ᠤᠨ ᠠᠷᠮᠢ ᠍ ᠶᠢᠨ ᠠᠬᠠᠮᠠᠳ ᠴᠣᠯᠠ ᠲᠠᠢ ᠪᠠᠶᠢᠪᠠ᠃

1981 ᠣᠨ ᠤ 3 ᠰᠠᠷ᠎ᠠ ᠍ ᠤᠨ 22 ᠍ ᠳᠦ ᠪᠠᠶᠢᠺᠣᠨᠤᠷ ᠍ ᠤᠨ ᠰᠠᠨᠰᠠᠷ ᠤᠨ ᠪᠠᠭᠤᠳᠠᠯ ᠠᠴᠠ ᠵᠥᠪᠯᠡᠯᠲᠦ ᠬᠣᠯᠪᠣᠭᠠᠲᠤ ᠤᠯᠤᠰ ᠤᠨ ᠰᠠᠨᠰᠠᠷ ᠤᠨ ᠨᠢᠰᠦᠭᠴᠢ ᠸᠯᠠᠳᠢᠮᠢᠷ ᠵᠠᠨᠢᠪᠧᠺᠣᠸ ᠍ ᠤᠨ ᠬᠠᠮᠲᠤ ᠰᠣᠶᠽ-39 ᠬᠥᠯᠭᠡᠷ᠎ᠡ ᠰᠠᠨᠰᠠᠷ ᠲᠤ ᠬᠥᠷᠴᠢ ᠰᠠᠯᠢᠶᠦ᠋ᠲ-6 ᠰᠠᠨᠰᠠᠷ ᠤᠨ ᠰᠲ᠋ᠠᠨᠼᠲᠠᠢ ᠬᠣᠯᠪᠣᠭᠳᠠᠵᠠᠢ᠃ ᠸ᠃ᠵᠠᠨᠢᠪᠧᠺᠣᠸ᠂ ᠵ᠃ᠭᠦᠷᠦᠷᠠᠭᠴᠠ ᠨᠠᠷ ᠰᠠᠨᠰᠠᠷ ᠲᠤ 7 ᠬᠣᠨᠣᠭ᠂ 20 ᠴᠠᠭ 42 ᠮᠢᠨᠦ᠋ᠲ ᠢ ᠥᠩᠭᠡᠷᠡᠭᠦᠯᠵᠦ᠂ ᠳᠡᠯᠡᠬᠡᠢ ᠶᠢ 124 ᠤᠳᠠᠭ᠎ᠠ ᠲᠣᠭᠣᠷᠢᠭᠰᠠᠨ ᠤ ᠳᠠᠷᠠᠭ᠎ᠠ ᠡᠬᠡ ᠳᠡᠯᠡᠬᠡᠢ ᠳᠦ ᠪᠡᠨ ᠠᠮᠵᠢᠯᠲᠠ ᠲᠠᠢ ᠭᠠᠵᠠᠷᠳᠠᠭᠰᠠᠨ ᠶᠤᠮ᠃

ᠤᠯᠤᠰ ᠲᠥᠷᠥ ᠳᠦ[ᠵᠠᠰᠠᠪᠤᠷᠢᠯᠠᠬᠤ | ᠺᠣᠳ᠋ ᠢᠶᠠᠷ ᠵᠠᠰᠠᠬᠣ]

ᠲᠡᠷᠡ ᠪᠡᠷ 2000 - 2004 ᠣᠨ ᠳᠤ ᠨ᠃ᠡᠩᠬᠡᠪᠠᠶᠠᠷ ᠍ ᠤᠨ ᠲᠣᠯᠣᠭᠠᠶᠢᠯᠠᠭᠰᠠᠨ ᠵᠠᠰᠠᠭ ᠤᠨ ᠭᠠᠵᠠᠷ ᠲᠤ ᠪᠠᠲᠤᠯᠠᠨ ᠬᠠᠮᠠᠭᠠᠯᠠᠬᠤ ᠶᠢᠨ ᠰᠠᠶᠢᠳ ᠢᠶᠠᠷ ᠠᠵᠢᠯᠯᠠᠵᠤ ᠪᠠᠶᠢᠭᠠᠳ 2004 ᠣᠨ ᠳᠤ ᠤᠯᠤᠰ ᠤᠨ ᠶᠡᠬᠡ ᠬᠤᠷᠠᠯ ᠤᠨ ᠰᠣᠩᠭᠣᠭᠤᠯᠢ ᠶᠢᠨ 59 ᠍ ᠳᠦᠭᠡᠷ ᠲᠣᠭᠣᠷᠢᠭ ᠲᠤ ᠨᠡᠷ᠎ᠡ ᠳᠡᠪᠰᠢᠨ ᠥᠷᠢᠰᠦᠯᠳᠦᠵᠦ ᠰᠣᠩᠭᠣᠭᠳᠠᠭᠠᠳ ᠤᠯᠤᠰ ᠤᠨ ᠶᠡᠬᠡ ᠬᠤᠷᠠᠯ ᠍ ᠤᠨ ᠭᠡᠰᠢᠭᠦᠨ ᠢᠶᠡᠷ ᠠᠵᠢᠯᠯᠠᠵᠤ ᠪᠠᠶᠢᠪᠠ᠃

ᠱᠠᠩᠨᠠᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠲᠡᠷᠡ ᠪᠡᠷ ᠰᠠᠨᠰᠠᠷ ᠲᠤ ᠨᠢᠰᠦᠭᠰᠡᠨ ᠦ ᠪᠡᠨ ᠳᠠᠷᠠᠭ᠎ᠠ ᠵᠥᠪᠯᠡᠯᠲᠦ ᠬᠣᠯᠪᠣᠭᠠᠲᠤ ᠤᠯᠤᠰ ᠤᠨ ᠪᠠᠭᠠᠲᠤᠷᠪᠦᠭᠦᠳᠡ ᠨᠠᠶᠢᠷᠠᠮᠳᠠᠬᠤ ᠮᠣᠩᠭᠣᠯ ᠠᠷᠠᠳ ᠤᠯᠤᠰ ᠤᠨ ᠪᠠᠭᠠᠲᠤᠷ ᠴᠣᠯᠠᠣᠣᠷ ᠱᠠᠩᠨᠠᠭᠳᠠᠵᠠᠢ᠃

ᠪᠢᠴᠢᠭᠡᠰᠦ