ᠵᠦᠩᠭᠠᠷ ᠤᠨ ᠬᠠᠭᠠᠯᠭ᠎ᠠ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠬᠠᠳᠠᠮᠠᠯ ᠲᠣᠯᠢ
ᠮᠣᠩᠭᠣᠯ ᠨᠡᠷᠡᠶᠢᠳᠦᠯ
ᠺᠢᠷᠢᠯ ᠦᠰᠦᠭ ᠢᠶᠡᠷ
ᠮᠣᠩᠭᠣᠯᠵᠦᠩᠭᠠᠷ ᠤᠨ ᠬᠠᠭᠠᠯᠭ᠎ᠠ
ᠵᠦᠩᠭᠠᠷ ᠤᠨ ᠭᠦᠭᠦᠷᠭᠡ
ᠭᠠᠳᠠᠭᠠᠳᠤ ᠨᠡᠷᠡᠶᠢᠳᠦᠯ
ᠠᠩᠭᠯᠢDzungarian Gate
ᠣᠷᠣᠰᠳᠵᠤᠩᠭᠠᠷᠰᠺᠧ ᠸᠣᠷᠣᠲ᠋ᠠ
ᠬᠠᠰᠠᠭᠵᠧᠲіᠰᠤ қᠠқᠫᠠᠰ ᠤ
ᠵᠣңғᠠᠷᠤ қᠠқᠫᠠᠰ ᠤ
ᠬᠢᠲᠠᠳ阿拉山口
(Ālā Shānkǒu)
ᠲᠠᠶᠢᠯᠪᠤᠷᠢ: ᠲᠣᠭᠲᠠᠭᠰᠠᠨ ᠮᠣᠩᠭᠣᠯ ᠨᠡᠷ᠎ᠡ ᠪᠠᠶᠢᠬᠤ ᠦᠭᠡᠢ᠃ ᠬᠡᠷᠬᠢᠨ ᠣᠷᠴᠢᠭᠤᠯᠬᠤ ᠶᠢ ᠡᠷᠢᠯᠬᠢᠯᠡᠵᠦ ᠪᠠᠶᠢᠨ᠎ᠠ᠃
ᠹᠠᠢᠢᠯ:ᠵᠦᠩᠭᠠᠷ ᠤᠨ ᠬᠠᠭᠠᠯᠭ᠎ᠠ ᠭᠠᠵᠠᠷ ᠤᠨ ᠵᠢᠷᠤᠭ ᠲᠤ᠃png
ᠵᠦᠩᠭᠠᠷ ᠤᠨ ᠬᠠᠭᠠᠯᠭ᠎ᠠ ᠶᠢᠨ ᠪᠠᠶᠢᠭ᠎ᠠ ᠭᠠᠵᠠᠷ ᠢ ᠴᠢᠭᠲᠠᠯᠠᠪᠠ᠃

ᠵᠦᠩᠭᠠᠷ ᠤᠨ ᠬᠠᠭᠠᠯᠭ᠎ᠠ (ᠵᠦᠩᠭᠠᠷ ᠤᠨ ᠭᠦᠭᠦᠷᠭᠡ) ᠭᠡᠵᠦ ᠪᠠᠷᠠᠭᠤᠨ ᠲᠠᠯ᠎ᠠ ᠶᠢᠨ ᠵᠦᠩᠭᠠᠷ ᠤᠨ ᠠᠯᠲᠠᠢ᠂ ᠵᠡᠭᠦᠨ ᠲᠠᠯ᠎ᠠ ᠶᠢᠨ ᠪᠠᠷᠯᠤᠭ ᠨᠢᠷᠤᠭᠤᠨ ᠤ ᠵᠠᠪᠰᠠᠷ ᠢᠶᠠᠷ ᠭᠠᠷᠤᠭᠰᠠᠨ᠂ ᠤᠷᠤᠭᠰᠢ ᠪᠠᠨ ᠵᠦᠩᠭᠠᠷ ᠤᠨ ᠲᠠᠯ᠎ᠠ᠂ ᠬᠣᠶᠢᠰᠢ ᠪᠠᠨ ᠪᠠᠯᠬᠠᠰ-ᠠᠯᠠᠺᠡᠯ ᠦᠨ ᠬᠣᠲᠣᠭᠣᠷ ᠍ ᠢ ᠬᠣᠯᠪᠣᠭᠰᠠᠨ ᠳᠠᠯᠠᠢ ᠶᠢᠨ ᠲᠦᠪᠰᠢᠨ ᠡᠴᠡ ᠳᠡᠭᠡᠭᠰᠢ 300-400 ᠮ ᠥᠨᠳᠥᠷ᠂ 10 km ᠥᠷᠭᠡᠨ᠂ 50 km ᠤᠷᠲᠤ ᠬᠠᠷᠭᠤᠢ᠂ ᠬᠥᠨᠳᠡᠢ ᠭᠣᠪᠢ ᠭᠠᠵᠠᠷ ᠶᠤᠮ᠃

ᠬᠠᠰᠠᠭ ᠤᠨ ᠠᠯᠠᠺᠦᠯ ᠨᠠᠭᠤᠷ᠂ ᠬᠢᠲᠠᠳ ᠤᠨ ᠡᠪ ᠨᠠᠭᠤᠷ ᠬᠣᠶᠠᠷ ᠲᠠᠯ᠎ᠠ ᠳᠤ ᠨᠢ ᠪᠤᠢ᠃ ᠡᠪ ᠨᠠᠭᠤᠷ ᠮᠣᠩᠭᠣᠯ ᠤᠨ ᠥᠪᠡᠷᠲᠡᠭᠡᠨ ᠵᠠᠰᠠᠬᠤ ᠪᠣᠷᠲᠠᠯ ᠲᠣᠭᠣᠷᠢᠭ ᠲᠤ ᠪᠠᠶᠢᠷᠢᠯᠠᠳᠠᠭ᠃

ᠦᠷᠭᠦᠯᠵᠢᠯᠡᠭᠰᠡᠨ ᠶᠡᠬᠡ ᠠᠭᠤᠯᠠ ᠨᠢᠷᠤᠭᠤᠳ ᠢ ᠰᠡᠲᠡᠯᠦᠨ ᠵᠦᠩᠭᠠᠷ ᠤᠨ ᠬᠠᠭᠠᠯᠭ᠎ᠠ ᠪᠠᠷ ᠡᠷᠲᠡ ᠳᠡᠭᠡᠷ᠎ᠡ ᠴᠠᠭ ᠠᠴᠠ ᠮᠣᠷᠢᠲᠠᠨ ᠳᠠᠶᠢᠴᠢᠳ᠂ ᠨᠡᠭᠦᠳᠡᠯᠴᠢᠨ ᠠᠷᠠᠳ ᠲᠦᠮᠡᠨ᠂ ᠠᠶᠠᠯᠠᠭᠴᠢ ᠬᠤᠳᠠᠯᠳᠤᠭᠠᠴᠢᠳ ᠤᠨ ᠬᠥᠯ ᠴᠤᠪᠤᠵᠠᠢ᠃ ᠲᠤᠬᠠᠶᠢᠯᠠᠪᠠᠯ ᠲᠣᠷᠭᠠᠨ ᠵᠠᠮ᠂ ᠠᠷᠪᠠᠨ ᠭᠤᠷᠪᠠᠳᠤᠭᠠᠷ ᠵᠠᠭᠤᠨ ᠤ ᠴᠢᠩᠭᠢᠰ ᠬᠠᠭᠠᠨᠢ ᠴᠡᠷᠢᠭ᠂ 1771 ᠣᠨ ᠤ ᠬᠠᠯᠢᠮᠠᠭ ᠤᠨ ᠨᠡᠭᠦᠳᠡᠯ ᠡᠭᠦᠪᠡᠷ ᠭᠠᠷᠴᠤ ᠪᠠᠶᠢᠪᠠ᠃

1969 ᠣᠨ ᠳᠤ ᠵᠥᠪᠯᠡᠯᠲᠦ-ᠬᠢᠲᠠᠳ ᠤᠨ ᠬᠢᠯᠢ ᠶᠢᠨ ᠮᠥᠷᠭᠥᠯᠳᠦᠭᠡᠨ ᠪᠣᠯᠵᠤ ᠪᠠᠶᠢᠪᠠ᠃ ᠵᠥᠪᠯᠡᠯᠲᠦ ᠬᠣᠯᠪᠣᠭᠠᠲᠤ ᠤᠯᠤᠰ ᠵᠠᠳᠠᠷᠠᠭᠰᠠᠨ ᠠᠴᠠ ᠬᠣᠶᠢᠰᠢ ᠬᠠᠰᠠᠭ ᠬᠢᠲᠠᠳ ᠬᠣᠶᠠᠷ ᠤᠯᠤᠰ ᠤᠨ ᠬᠢᠯᠢ ᠶᠢᠨ ᠪᠣᠭᠣᠮᠲᠠ ᠪᠠᠶᠢᠷᠢᠯᠠᠵᠤ᠂ 1991 ᠣᠨ ᠳᠤ ᠬᠣᠶᠠᠷ ᠤᠯᠤᠰ ᠢ ᠬᠣᠯᠪᠣᠭᠰᠠᠨ ᠲᠡᠮᠦᠷ ᠵᠠᠮ ᠲᠠᠯᠪᠢᠭᠳᠠᠵᠠᠢ᠃ ᠬᠠᠰᠠᠭ ᠤᠨ ᠲᠠᠯ᠎ᠠ ᠳᠤ «ᠰᠠᠶᠢᠺᠠᠨ» ᠬᠡᠮᠡᠬᠦ ᠰᠠᠯᠬᠢ ᠰᠠᠯᠬᠢᠯᠠᠳᠠᠭ ᠤᠴᠢᠷ ᠰᠠᠯᠬᠢᠨ ᠴᠠᠬᠢᠯᠭᠠᠨ ᠰᠲ᠋ᠠᠨᠼ ᠪᠠᠷᠢᠬᠤ ᠪᠠᠷ ᠲᠥᠯᠥᠪᠯᠡᠭᠰᠡᠨ᠃[1]

ᠵᠡᠭᠦᠯᠲᠡ᠂ ᠲᠠᠶᠢᠯᠪᠤᠷᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠵᠠᠭᠪᠤᠷ:ᠯᠠᠪᠠᠯᠠᠬᠤ ᠬᠣᠯᠪᠣᠭᠠᠰᠤ
  1. ᠫᠷᠣᠭᠷᠠᠮ ᠢᠶᠠ ᠷᠠᠽᠠᠸᠢᠲ᠋ᠢᠶ᠎ᠠ ᠫᠣᠳᠣᠭᠣᠲᠤᠪᠠᠯ ᠫᠷᠣᠶᠧᠺᠲ ᠰᠲᠷᠣᠢᠲ᠋ᠧᠯᠰᠳᠪᠠ ᠸᠧᠲ᠋ᠷᠣᠡᠯᠧᠺᠲ᠋ᠷᠣᠰᠲ᠋ᠠᠨᠼᠢ ᠨᠠ ᠳᠵᠤᠩᠭᠠᠷᠰᠺᠢᠬ ᠸᠣᠷᠣᠳᠬᠤ

ᠪᠢᠴᠢᠭᠡᠰᠦ