ᠵᠦᠩᠭᠠᠷ ᠤᠨ ᠬᠠᠭᠠᠨᠲᠤ ᠤᠯᠤᠰ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠮᠣᠩᠭᠣᠯ ᠤᠯᠤᠰ ᠤᠳ 14-17 ᠍ ᠳ᠋ᠦᠭᠡᠷ ᠵᠠᠭᠤᠨ ᠳᠤ: ᠮᠣᠩᠭᠣᠯ ᠤᠯᠤᠰᠳᠥᠷᠪᠡᠨ ᠣᠶᠢᠷᠠᠳᠮᠣᠭᠣᠯᠢᠰᠲᠠᠨ
ᠮᠣᠩᠭᠣᠯ ᠤᠯᠤᠰ ᠤᠳ 17 ᠍ ᠳ᠋ᠦᠭᠡᠷ ᠵᠠᠭᠤᠨ ᠳᠤ: ᠮᠣᠩᠭᠣᠯ ᠤᠯᠤᠰᠵᠦᠩᠭᠠᠷᠬᠣᠱᠤᠳ ᠤᠨ ᠬᠠᠨᠲᠤ ᠤᠯᠤᠰᠬᠣᠲᠣᠭᠣᠶᠢᠳ ᠍ ᠤᠨ ᠬᠠᠨᠲᠤ ᠤᠯᠤᠰ᠂ ᠬᠠᠯᠢᠮᠠᠭᠡᠶᠢᠨ ᠬᠠᠨᠲᠤ ᠤᠯᠤᠰ᠂ ᠮᠣᠭᠣᠯᠢᠰᠲᠠᠨ
1750 ᠤᠨ ᠤ ᠦᠶ᠎ᠡ ᠶᠢᠨ ᠵᠦᠩᠭᠠᠷ ᠤᠨ ᠬᠠᠭᠠᠨᠲᠤ ᠤᠯᠤᠰ

ᠵᠦᠩᠭᠠᠷ ᠤᠨ ᠬᠠᠭᠠᠨᠲᠤ ᠤᠯᠤᠰ ᠣᠶᠢᠷᠠᠳ ᠤᠭᠰᠠᠭᠠᠨ ᠤ ᠤᠯᠤᠰ ᠪᠥᠭᠡᠳ ᠲᠡᠦᠬᠡᠴᠢᠳ ᠵᠦᠩᠭᠠᠷ ᠢ ᠨᠡᠭᠦᠳᠡᠯᠴᠢᠳ ᠦᠨ ᠰᠡᠭᠦᠯᠴᠢ ᠶᠢᠨ ᠡᠵᠡᠨᠲᠦ ᠭᠦᠷᠦᠨ ᠭᠡᠵᠦ ᠪᠢᠴᠢᠳᠡᠭ᠃ ᠴᠠᠭᠠᠨ ᠬᠡᠷᠡᠮ ᠦᠨ ᠪᠠᠷᠠᠭᠤᠨ ᠦᠵᠦᠭᠦᠷ ᠡᠴᠡ ᠣᠳᠣ ᠶᠢᠨ ᠬᠠᠰᠠᠭᠰᠲ᠋ᠠᠨ  ᠤ ᠵᠡᠭᠦᠨ ᠬᠡᠰᠡᠭ ᠬᠦᠷᠲᠡᠯ᠎ᠡ᠂ ᠬᠣᠶᠢᠳᠤ ᠬᠡᠰᠡᠭ  ᠰᠢᠪᠸᠷᠢᠶ ᠠ ᠬᠦᠷᠲᠡᠯᠡᠬᠢ ᠭᠠᠵᠠᠷ ᠨᠤᠲᠤᠭ ᠢ ᠡᠵᠡᠯᠡᠨ ᠣᠷᠣᠰᠢᠵᠤ ᠪᠠᠶᠢᠪᠠ᠃

1610 ᠤᠨ ᠠᠴᠠ ᠵᠦᠩᠭᠠᠷ ᠤᠨ ᠬᠠᠭᠠᠨᠲᠤ ᠤᠯᠤᠰ ᠤᠨ ᠰᠠᠭᠤᠷᠢ ᠲᠠᠯᠪᠢᠭᠳᠠᠬᠤ ᠦᠶ᠎ᠡ ᠪᠡᠨ ᠡᠴᠡ ᠣᠶᠢᠷᠠᠳ ᠍ ᠤᠨ ᠤᠳᠤᠷᠢᠳᠤᠭᠴᠢᠳ ᠬᠤᠩᠲᠠᠶᠢᠵᠢ ᠬᠡᠮᠡᠬᠦ ᠴᠣᠯᠠ ᠲᠠᠢ ᠪᠠᠶᠢᠪᠠ[1]᠃ 1678 ᠤᠨ ᠳᠤ ᠭᠠᠯᠳᠠᠨ ᠳᠠᠯᠠᠢ ᠯᠠᠮᠠᠡᠴᠠ ᠪᠣᠱᠣᠭᠳᠤ ᠬᠠᠨ ᠴᠣᠯᠠ ᠬᠦᠷᠲᠡᠭᠰᠡᠨ ᠦᠶᠡᠰ ᠡᠬᠢᠯᠡᠨ ᠰᠡᠸᠡᠩᠷᠠᠪᠳᠠᠨᠭᠠᠯᠳᠠᠨᠴᠡᠷᠡᠩ ᠬᠠᠭᠠᠨᠳᠠᠪᠠᠭᠠᠴᠢ(ᠲᠠᠸᠠᠴᠢ) ᠨᠠᠷ ᠬᠠᠭᠠᠨ ᠴᠣᠯᠠᠲᠠᠢ ᠪᠠᠷ ᠵᠠᠰᠠᠭᠯᠠᠵᠤ ᠪᠠᠶᠢᠭᠰᠠᠨ ᠠᠵᠢ᠃


ᠣᠶᠢᠷᠠᠳ ᠤᠨ ᠴᠣᠷᠣᠰᠥᠭᠡᠯᠡᠳ ᠠᠶᠢᠮᠠᠭ ᠤᠳ ᠣᠶᠢᠷᠠᠳ ᠤᠨ ᠴᠡᠷᠢᠭ ᠦᠨ ᠵᠡᠭᠦᠨ ᠲᠠᠯ᠎ᠠ ᠳᠤ ᠵᠢᠭᠰᠠᠳᠠᠭ ᠪᠠᠶᠢᠭᠰᠠᠨ ᠲᠤᠯᠠ ᠬᠣᠵᠢᠮ ᠵᠤᠩᠭ᠋ᠠᠷᠴᠤᠳ ᠭᠡᠵᠦ ᠨᠡᠷᠡᠯᠡᠭᠳᠡᠬᠦ ᠪᠣᠯᠵᠠᠢ᠃ ᠴᠣᠷᠣᠰ ᠤᠳ 17 ᠍ ᠳ᠋ᠦᠭᠡᠷ ᠵᠠᠭᠤᠨ ᠳᠤ ᠬᠦᠴᠦᠷᠬᠡᠭᠵᠢᠨ ᠤᠷᠢᠳᠤ ᠨᠢ ᠣᠶᠢᠷᠠᠳ ᠢ ᠲᠡᠷᠢᠭᠦᠯᠡᠵᠦ ᠪᠠᠶᠢᠭᠰᠠᠨ ᠬᠣᠱᠤᠳ ᠠᠶᠢᠮᠠᠭ ᠤᠨ ᠣᠷᠣᠨ ᠳᠤ ᠣᠶᠢᠷᠠᠳ ᠢ ᠲᠣᠯᠣᠭᠠᠶᠢᠯᠠᠨ ᠬᠦᠴᠦᠷᠬᠡᠭ ᠤᠯᠤᠰ ᠪᠠᠶᠢᠭᠤᠯᠤᠭᠰᠠᠨ ᠨᠢ ᠵᠦᠩᠭᠠᠷ ᠤᠨ ᠤᠯᠤᠰ ᠪᠣᠯᠤᠭᠰᠠᠨ ᠶᠤᠮ᠃

ᠲᠡᠦᠬᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠵᠦᠩᠭᠠᠷ ᠤᠨ ᠤᠯᠤᠰ ᠪᠠᠶᠢᠭᠤᠯᠤᠭᠳᠠᠭᠰᠠᠨ ᠨᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠣᠩᠭᠣᠯ 1720 ᠤᠨ

ᠶᠡᠬᠡ ᠮᠣᠩᠭᠣᠯ ᠤᠯᠤᠰ ᠪᠠᠶᠢᠭᠤᠯᠤᠭᠳᠠᠰᠤᠨ ᠤ ᠳᠠᠷᠠᠭ᠎ᠠ ᠴᠢᠩᠭᠢᠰ ᠬᠠᠭᠠᠨ ᠬᠦᠦ ᠵᠦᠴᠢ ᠪᠡᠷ ᠤᠳᠤᠷᠢᠳᠤᠭᠤᠯᠤᠭᠰᠠᠨ ᠴᠡᠷᠢᠭ ᠢᠯᠡᠭᠡᠵᠦ ᠣᠢ ᠶᠢᠨ ᠢᠷᠭᠡᠳ ᠢ ᠳᠠᠭᠠᠭᠤᠯᠬᠤ ᠪᠠᠷ ᠣᠴᠢᠬᠤ ᠳᠤ ᠣᠶᠢᠷᠠᠳ ᠤᠨ ᠨᠣᠶᠠᠨ ᠬᠤᠳᠤᠭ᠎ᠠ ᠪᠡᠬᠢ ᠣᠶᠢᠷᠠᠳ ᠤᠳ ᠢᠶᠠᠨ ᠳᠠᠭᠠᠭᠤᠯᠤᠨ ᠤᠭᠲᠤᠨ ᠢᠷᠡᠵᠦ ᠶᠡᠬᠡ ᠮᠣᠩᠭᠣᠯ ᠤᠯᠤᠰ ᠲᠤ ᠨᠢᠭᠡᠳᠦᠭᠰᠡᠨ ᠶᠤᠮ᠃ ᠡᠶᠢᠮᠦ ᠤᠴᠢᠷ ᠠᠴᠠ ᠴᠢᠩᠭᠢᠰ ᠬᠠᠭᠠᠨ ᠬᠤᠲᠤᠭ᠎ᠠ ᠪᠡᠬᠢ ᠶᠢᠨ ᠬᠦᠦ ᠢᠨᠠᠯᠴᠢ ᠳᠤ ᠥᠪᠡᠷ ᠦᠨ ᠥᠬᠢᠨ ᠴᠡᠶᠢᠵᠢᠨ ᠢ᠂ ᠲᠡᠭᠦᠨ ᠦ ᠳᠡᠭᠦᠦ ᠲᠥᠷᠥᠯᠴᠢ ᠳᠦ ᠵᠦᠴᠢ ᠶᠢᠨ ᠥᠬᠢᠨ ᠬᠣᠯᠤᠶᠢᠬᠠᠨ ᠢ ᠬᠠᠲᠤᠨ ᠪᠣᠯᠭᠠᠨ ᠥᠭᠴᠦ ᠬᠤᠳᠠ ᠬᠤᠳᠠᠭᠠᠢ ᠪᠣᠯᠵᠤ᠂ ᠣᠶᠢᠷᠠᠳ ᠤᠳ ᠢ ᠶᠡᠬᠡ ᠮᠣᠩᠭᠣᠯ ᠤᠯᠤᠰ ᠤᠨ ᠪᠣᠭᠣᠷᠴᠢ ᠶᠢᠨ ᠬᠠᠷᠢᠶᠠᠨ ᠳᠤ 4 ᠲᠦᠮᠡᠨ ᠪᠣᠯᠭᠠᠵᠠᠢ᠃ ᠡᠨᠡ ᠴᠠᠭ ᠠᠴᠠ ᠳᠥᠷᠪᠡᠨ ᠣᠶᠢᠷᠠᠳ ᠭᠡᠳᠡᠭ ᠨᠡᠷ᠎ᠡ ᠭᠠᠷᠴᠠᠢ᠃ ᠡᠭᠦᠨ ᠦ ᠳᠠᠷᠠᠭ᠎ᠠ ᠣᠶᠢᠷᠠᠳ ᠤᠳ ᠪᠠᠷᠠᠭᠤᠨ ᠵᠦᠭ ᠨᠡᠭᠦᠵᠦ ᠶᠡᠨᠢᠰᠧᠢ ᠮᠥᠷᠡᠨ ᠦ ᠡᠬᠢ ᠳᠡᠯᠭᠡᠷ ᠮᠥᠷᠡᠨ ᠦ ᠰᠠᠪᠠ ᠪᠠᠷ ᠣᠴᠢᠵᠤ ᠨᠤᠲᠤᠭᠯᠠᠵᠤ ᠪᠠᠶᠢᠭᠠᠳ ᠠᠷᠪᠠᠨ ᠭᠤᠷᠪᠠᠳᠤᠭᠠᠷ ᠵᠠᠭᠤᠨ ᠤ ᠬᠠᠭᠠᠰ ᠲᠤ ᠵᠠᠪᠬᠠᠨ᠂ ᠠᠯᠲᠠᠢ ᠶᠢᠨ ᠠᠭᠤᠯᠠ ᠶᠢᠨ ᠵᠡᠭᠦᠨ ᠪᠡᠯ ᠬᠦᠷᠴᠦ ᠨᠤᠲᠤᠭᠯᠠᠭᠰᠠᠨ ᠪᠥᠭᠡᠳ ᠲᠡᠳᠡ ᠠᠷᠢᠭᠪᠤᠬ᠎ᠠ᠂ ᠬᠠᠶᠢᠳᠤ ᠨᠠᠷ ᠤᠨ ᠬᠠᠷᠢᠶᠠᠲᠤ ᠨᠤᠭᠤᠳ ᠪᠣᠯᠵᠠᠢ᠃ ᠠᠷᠪᠠᠨ ᠳᠥᠷᠪᠡᠳᠦᠭᠡᠷ ᠵᠠᠭᠤᠨ ᠤ ᠰᠡᠭᠦᠯᠴᠢ ᠦᠶᠡᠰ ᠣᠶᠢᠷᠠᠳ ᠤᠳ ᠴᠢᠩᠭᠢᠰ ᠦᠨ ᠤᠭᠰᠠᠭ᠎ᠠ ᠶᠢᠨ ᠮᠣᠩᠭᠣᠯ ᠬᠠᠭᠠᠳ ᠤᠨ ᠮᠡᠳᠡᠯ ᠡᠴᠡ ᠭᠠᠷᠴᠤ ᠲᠤᠰᠠᠭᠠᠷᠯᠠᠬᠤ ᠶᠢᠨ ᠲᠥᠯᠥᠭᠡ ᠲᠡᠮᠡᠴᠡᠬᠦ ᠪᠣᠯᠤᠭᠰᠠᠨ ᠢᠶᠠᠷ ᠡᠯᠪᠡᠭ ᠬᠠᠭᠠᠨ ᠦ ᠦᠶ᠎ᠡ ᠳᠦ ᠣᠤᠭᠠᠯ ᠮᠣᠩᠭᠣᠯ ᠣᠷᠣᠨ ᠪᠠᠷᠠᠭᠤᠨ᠂ ᠵᠡᠭᠦᠨ ᠮᠣᠩᠭᠣᠯ᠂ ᠤᠷᠢᠶᠠᠩᠬᠠᠢ ᠶᠢᠨ 3 ᠬᠢᠵᠠᠭᠠᠷ ᠪᠣᠯᠵᠤ ᠬᠤᠪᠢᠶᠠᠭᠳᠠᠨ ᠬᠣᠭᠣᠷᠣᠨᠳᠣ ᠪᠠᠨ ᠲᠡᠮᠡᠴᠡᠯᠳᠦᠬᠦ ᠦᠶ᠎ᠡ ᠡᠬᠢᠯᠡᠵᠡᠢ᠃ ᠠᠷᠪᠠᠨ ᠲᠠᠪᠣ ᠵᠢᠷᠭᠤᠳᠤᠭᠠᠷ ᠵᠠᠭᠤᠨ ᠤ ᠦᠶ᠎ᠡ ᠳᠦ ᠣᠶᠢᠷᠠᠳ ᠤᠳ ᠳᠠᠬᠢᠨ ᠪᠠᠷᠠᠭᠤᠨ ᠲᠡᠰᠢ ᠨᠡᠭᠦᠳᠡᠯᠯᠡᠨ ᠠᠯᠲᠠᠢ ᠶᠢᠨ ᠠᠭᠤᠯᠠ᠂ ᠡᠷᠴᠢᠰ ᠮᠥᠷᠡᠨ ᠦ ᠡᠬᠢ᠂ ᠪᠠᠷᠬᠡᠯ᠂ ᠬᠠᠮᠢ᠂ ᠣᠷᠳᠣᠰ ᠤᠨ ᠪᠠᠷᠠᠭᠤᠨ ᠬᠣᠶᠢᠭᠤᠷ ᠣᠴᠢᠵᠤ ᠰᠠᠭᠤᠷᠢᠰᠢᠭᠰᠠᠨ ᠶᠤᠮ᠃ ᠲᠡᠳᠡ ᠳᠥᠷᠪᠡᠨ ᠣᠶᠢᠷᠠᠳ ᠤᠨ ᠴᠢᠭᠤᠯᠭᠠᠨ ᠭᠡᠳᠡᠭ ᠡᠷᠬᠡ ᠪᠠᠷᠢᠬᠤ ᠵᠥᠪᠯᠡᠯᠳᠦᠬᠦ ᠳᠡᠭᠡᠳᠦ ᠪᠠᠶᠢᠭᠤᠯᠤᠯᠭ᠎ᠠ ᠪᠠᠶᠢᠭᠤᠯᠵᠤ ᠪᠦᠪᠡᠢ ᠮᠢᠷᠵᠡ᠂ ᠳᠠᠷᠠᠭ᠎ᠠ ᠨᠢ ᠪᠠᠶᠢᠪᠠᠭᠠᠰ ᠤᠳᠤᠷᠢᠳᠥᠵᠤ ᠪᠠᠶᠢᠪᠠ᠃

17 ᠳ᠋ᠦᠭᠡᠷ ᠵᠠᠭᠤᠨ ᠳᠤ (16 ᠳ᠋ᠦᠭᠡᠷ ᠵᠠᠭᠤᠨ ᠤ ᠰᠡᠭᠦᠯ?) ᠲᠣᠷᠭᠤᠳᠳᠥᠷᠪᠡᠳ  ᠦᠨ ᠵᠠᠷᠢᠮ ᠨᠢ ᠪᠠᠷᠠᠭᠤᠨ ᠬᠣᠶᠢᠰᠢ ᠨᠡᠭᠦᠵᠦ ᠢᠵᠢᠯ ᠮᠥᠷᠡᠨ ᠳᠦ᠂ ᠬᠣᠱᠤᠳ ᠨᠠᠷ 1630 ᠊ᠭᠠᠳ ᠤᠨ ᠳᠤ ᠲᠥᠪᠡᠳᠬᠥᠬᠡ ᠨᠠᠭᠤᠷ ᠲᠤ ᠣᠴᠢᠵᠤ ᠨᠤᠲᠤᠭᠯᠠᠵᠠᠢ᠃ ᠢᠵᠢᠯ ᠮᠥᠷᠡᠨ ᠳᠦ ᠣᠴᠢᠭᠰᠠᠳ ᠢ ᠣᠤᠭᠠᠯ ᠣᠶᠢᠷ᠎ᠠ ᠬᠠᠪᠢ ᠶᠢᠨ ᠬᠢᠨ ᠨᠢ ᠶᠠᠪᠤᠭᠠᠨ ᠳᠠᠭᠠᠨ ᠬᠠᠯᠢᠮᠠᠭ ᠭᠡᠳᠡᠭ ᠪᠣᠯᠤᠭᠰᠠᠨ ᠶᠤᠮ᠃ ᠭᠠᠳᠠᠭᠰᠢ ᠨᠡᠭᠦᠵᠦ ᠣᠳᠤᠯ ᠦᠭᠡᠢ ᠦᠯᠡᠳᠡᠭᠰᠡᠳ ᠦᠨ ᠣᠯᠠᠨ ᠨᠢ ᠴᠣᠷᠣᠰ ᠣᠪᠣᠭᠲᠠᠨ ᠨᠤᠭᠤᠳ ᠪᠠᠶᠢᠯ᠎ᠠ᠃ ᠲᠡᠳᠡᠨ ᠦ ᠨᠥᠯᠥᠭᠡ ᠣᠶᠢᠷᠠᠳ ᠤᠳ ᠤᠨ ᠳᠤᠮᠳᠠ ᠥᠰᠴᠦ ᠡᠷᠬᠡ ᠪᠠᠷᠢᠬᠤ ᠣᠪᠤᠭ ᠪᠣᠯᠤᠭᠰᠠᠨ ᠦᠶ᠎ᠡ ᠪᠠᠶᠢᠳᠠᠭ᠃ ᠴᠣᠷᠣᠰ ᠣᠪᠣᠭᠲᠠᠨ ᠤ ᠲᠡᠷᠢᠭᠦᠨ ᠡᠷᠳᠡᠨᠢᠪᠠᠭᠠᠲᠤᠷ ᠬᠤᠩᠲᠠᠶᠢᠵᠢ 1640 ᠤᠨ ᠳᠤ ᠲᠠᠷᠪᠠᠭᠠᠲᠠᠢ ᠶᠢᠨ ᠨᠢᠷᠤᠭᠤᠨ ᠤ 《ᠤᠯᠠᠭᠠᠨ ᠪᠤᠷᠠᠭ᠎ᠠ》ᠣᠳᠣ ᠶᠢᠨ ᠲᠠᠴᠸᠠᠩ ᠬᠣᠲᠠ ᠭᠡᠳᠡᠭ ᠭᠠᠵᠠᠷ ᠮᠣᠩᠭᠣᠯ ᠨᠣᠶᠠᠳ ᠤᠨ ᠴᠢᠭᠤᠯᠭᠠᠨ ᠬᠢᠬᠦ ᠶᠢ ᠰᠠᠨᠠᠭᠠᠴᠢᠯᠠᠵᠠᠢ᠃ ᠡᠨᠡ ᠴᠢᠭᠤᠯᠭᠠᠨ ᠳᠤ ᠬᠠᠯᠬ᠎ᠠ ᠪᠣᠯᠤᠨ ᠣᠶᠢᠷᠠᠳ ᠠᠴᠠ 28 ᠨᠣᠶᠠᠨ ᠣᠷᠣᠯᠴᠠᠭᠰᠠᠨ ᠤ ᠳᠣᠲᠣᠷ᠎ᠠ ᠡᠷᠳᠡᠨᠢ ᠪᠢᠰᠢᠷᠡᠯᠲᠦ ᠵᠠᠰᠠᠭᠲᠤ ᠬᠠᠭᠠᠨ ᠰᠦᠪᠠᠳᠠᠢ᠂ ᠲᠦᠰᠢᠶᠡᠲᠦ ᠬᠠᠭᠠᠨ ᠭᠣᠮᠪᠣᠳᠣᠷᠵᠢ᠂ ᠰᠡᠴᠡᠨ ᠬᠠᠨ ᠨᠣᠶᠠᠳ ᠤᠨ ᠲᠥᠯᠥᠭᠡᠯᠡᠯ᠂ ᠣᠶᠢᠷᠠᠳ ᠤᠨ ᠡᠷᠳᠡᠨᠢᠪᠠᠭᠠᠲᠤᠷ ᠬᠤᠩᠲᠠᠶᠢᠵᠢ᠂ ᠬᠥᠨᠳᠡᠯᠡᠨ ᠤᠸᠠᠰ ᠭᠦᠦᠰᠢ ᠬᠠᠭᠠᠨ ᠲᠥᠷᠦᠪᠠᠶᠢᠬᠤ᠂ ᠬᠥᠬᠡ ᠨᠠᠭᠤᠷ᠂ ᠢᠵᠢᠯ ᠮᠥᠷᠡᠨ ᠦ ᠲᠣᠷᠭᠤᠳ ᠤᠨ ᠲᠥᠯᠥᠭᠡᠯᠡᠭᠴᠢ᠂ ᠬᠠᠯᠬ᠎ᠠ ᠣᠶᠢᠷᠠᠳ ᠤᠨ ᠱᠠᠰᠢᠨ ᠤ ᠵᠢᠳᠬᠦᠯᠲᠡᠨ ᠨᠦᠭᠦᠳ ᠣᠷᠣᠯᠴᠠᠭᠰᠠᠨ ᠶᠤᠮ᠃ ᠡᠨᠡ ᠴᠢᠭᠤᠯᠭᠠᠨ ᠢᠶᠠᠷ ᠳᠥᠴᠢᠨ ᠳᠥᠷᠪᠡ ᠬᠣᠶᠠᠷ ᠤᠨ 《ᠶᠡᠬᠡ ᠴᠠᠭᠠᠵᠠ》 ᠭᠡᠳᠡᠭ 120 ᠵᠦᠢᠯ ᠪᠦᠬᠦᠢ ᠬᠠᠤᠯᠢ ᠪᠠᠲᠤᠯᠠᠪᠠ᠃ ᠡᠨᠡᠬᠦ ᠶᠡᠬᠡ ᠴᠠᠭᠠᠵᠠ ᠶᠢᠨ ᠭᠣᠣᠯ ᠦᠵᠡᠯ ᠰᠠᠨᠠᠭ᠎ᠠ ᠨᠢ: - ᠮᠠᠨᠵᠤ ᠭᠦᠷᠦᠨ ᠦ ᠵᠦᠭ ᠡᠴᠡ ᠡᠵᠡᠯᠡᠨ ᠲᠦᠷᠢᠮᠡᠭᠡᠶᠢᠯᠡᠬᠦ ᠠᠶᠤᠯ ᠵᠠᠨᠤᠯ ᠨᠢᠭᠤᠷᠯᠠᠵᠤ ᠪᠠᠶᠢᠭ᠎ᠠ ᠨᠥᠬᠥᠴᠡᠯ ᠳᠦ:

  1. ᠮᠠᠨᠵᠤ ᠶᠢᠨ ᠡᠵᠡᠯᠡᠨ ᠲᠦᠷᠢᠮᠡᠭᠡᠶᠢᠯᠡᠬᠦ ᠠᠶᠤᠯ ᠤᠨ ᠡᠰᠡᠷᠬᠦ ᠲᠡᠮᠡᠴᠡᠬᠦ ᠶᠠᠪᠤᠳᠠᠯ ᠪᠣᠯ ᠬᠦᠮᠦᠨ ᠠᠮᠠ ᠶᠢᠨ ᠨᠡᠶᠢᠲᠡ ᠲᠠᠪᠬᠣᠷᠭᠠᠨ ᠤ ᠡᠭᠦᠷᠭᠡ ᠬᠠᠷᠢᠭᠤᠴᠠᠯᠭ᠎ᠠ ᠪᠣᠯᠭᠠᠬᠤ
  2. ᠰᠢᠷ᠎ᠠ ᠶᠢᠨ ᠱᠠᠰᠢᠨ ᠢ ᠤᠯᠤᠰ ᠤᠨ ᠱᠠᠰᠢᠨ ᠪᠣᠯᠭᠠᠨ ᠬᠠᠤᠯᠢᠴᠢᠯᠠᠵᠤ ᠱᠠᠰᠢᠨ ᠤ ᠨᠥᠯᠦᠭᠡᠨ ᠳᠣᠣᠷ᠎ᠠ ᠮᠣᠩᠭᠣᠯ ᠣᠪᠣᠭᠲᠠᠨ ᠤ ᠡᠪ ᠨᠢᠭᠡᠳᠦᠯ ᠢ ᠪᠡᠬᠢᠵᠢᠭᠦᠯᠬᠦ
  3. ᠲᠣᠮᠣ ᠨᠣᠶᠠᠳ ᠤᠨ ᠬᠣᠭᠣᠷᠣᠨᠳᠣ ᠶᠢᠨ ᠵᠥᠷᠢᠴᠡᠯ ᠰᠥᠷᠭᠡᠯᠳᠦᠭᠡᠨ ᠢ ᠵᠣᠭᠰᠣᠭᠠᠵᠤ ᠬᠦᠴᠦ ᠪᠡᠨ ᠲᠥᠪᠯᠡᠷᠡᠭᠦᠯᠬᠦ ᠵᠡᠷᠭᠡ ᠭᠣᠣᠯ ᠠᠰᠠᠭᠤᠳᠠᠯ ᠤᠳ ᠢ ᠬᠠᠤᠯᠢᠴᠢᠯᠠᠵᠤ ᠥᠭᠭᠦᠭᠰᠡᠨ ᠶᠤᠮ᠃

ᠮᠣᠩᠭᠣᠯ ᠣᠪᠣᠭᠲᠠᠨ ᠤ ᠤᠯᠤᠰ ᠲᠥᠷᠥ ᠶᠢᠨ ᠨᠢᠭᠡᠳᠦᠯ ᠢ ᠰᠡᠷᠭᠦᠭᠡᠬᠦ ᠡᠨᠡ ᠴᠢᠭᠤᠯᠭᠠᠨ ᠤ ᠰᠢᠢᠳᠪᠦᠷᠢ ᠡᠷᠳᠡᠨᠢᠪᠠᠭᠠᠲᠤᠷ ᠬᠤᠩ ᠲᠠᠶᠢᠵᠢ ᠣᠶᠢᠷᠠᠳ ᠤᠨ ᠰᠢᠷ᠎ᠠ ᠶᠢᠨ ᠱᠠᠰᠢᠨ ᠤ ᠲᠡᠷᠢᠭᠦᠨ ᠵᠠᠶ᠎ᠠ ᠪᠠᠨᠳᠢᠳᠠ ᠨᠠᠮᠬᠠᠶᠢᠵᠠᠮᠼᠤ ᠨᠠᠷ ᠤᠨ ᠬᠦᠴᠦᠨ ᠴᠢᠷᠮᠠᠶᠢᠯᠲᠠ ᠪᠠᠷ ᠣᠶᠢᠷᠠᠳ ᠨᠤᠲᠤᠭ ᠲᠤ ᠵᠣᠬᠢᠬᠤ ᠦᠷ᠎ᠡ ᠳ᠋ᠦᠩ ᠳᠦ ᠬᠦᠷᠴᠦ ᠣᠶᠢᠷᠠᠳ ᠤᠨ ᠳᠣᠲᠣᠭᠠᠳᠤ ᠵᠥᠷᠢᠴᠡᠯ ᠵᠣᠭᠰᠣᠵᠤ ᠠᠵᠤ ᠠᠬᠤᠢ ᠶᠢᠨ ᠪᠠᠶᠢᠳᠠᠯ ᠨᠢ ᠰᠠᠶᠢᠵᠢᠷᠠᠵᠤ ᠣᠷᠣᠰ᠂ ᠬᠠᠰᠠᠭ ᠲᠠᠢ ᠬᠣᠯᠪᠣᠭ᠎ᠠ ᠬᠠᠷᠢᠯᠴᠠᠭ᠎ᠠ ᠲᠣᠭᠲᠠᠭᠠᠴᠠᠢ᠃ ᠭᠡᠲᠡᠯ᠎ᠡ 1671 ᠤᠨ ᠳᠤ ᠡᠷᠳᠡᠨᠢᠪᠠᠭᠠᠲᠤᠷ ᠬᠤᠩ ᠲᠠᠶᠢᠵᠢ ᠶᠢ ᠲᠡᠭᠦᠨ ᠦ ᠲᠣᠷᠭᠤᠳ ᠬᠠᠲᠤᠨ ᠶᠤᠮᠠᠭᠠᠰ ᠠᠴᠠ ᠲᠦᠷᠦᠭᠰᠡᠨ ᠰᠡᠩᠭᠡ ᠵᠠᠯᠭᠠᠮᠵᠢᠯᠠᠬᠤ ᠪᠠᠶᠢᠭᠰᠠᠨ ᠢ ᠬᠤᠩ ᠲᠠᠶᠢᠵᠢ ᠶᠢᠨ ᠬᠢᠷᠭᠢᠰ ᠬᠠᠲᠤᠨ ᠳᠠᠷᠠᠪᠠᠯᠵᠢ ᠠᠴᠠ ᠲᠦᠷᠦᠭᠰᠡᠨ ᠬᠦᠦ ᠰᠡᠴᠡᠨ᠂ ᠵᠣᠳᠣᠪᠠ ᠬᠣᠶᠠᠷ ᠡᠪᠰᠡᠵᠦ ᠬᠣᠷᠢᠶᠠᠭᠰᠠᠨ ᠪᠠᠶᠢᠨ᠎ᠠ᠃ ᠡᠨᠡ ᠲᠤᠬᠠᠢ ᠮᠡᠳᠡᠭᠡ ᠶᠢ ᠶᠤᠮᠠᠭᠠᠰ ᠬᠠᠲᠤᠨ ᠲᠥᠪᠡᠳ ᠦᠨ ᠳᠠᠯᠠᠢ ᠯᠠᠮ᠎ᠠ ᠶᠢᠨ ᠳᠡᠷᠭᠡᠳᠡ ᠱᠠᠪᠢᠯᠠᠨ ᠰᠠᠭᠤᠵᠤ ᠪᠠᠶᠢᠭᠰᠠᠨ ᠬᠦᠦ ᠭᠠᠯᠳᠠᠨ ᠳᠤ ᠪᠠᠨ ᠬᠦᠷᠭᠡᠵᠦ ᠶᠠᠭᠠᠷᠠᠯᠲᠠᠢ ᠢᠷ᠎ᠡ ᠬᠡᠮᠡᠨ ᠳᠠᠭᠤᠳᠠᠭᠰᠠᠨ ᠪᠠᠶᠢᠨ᠎ᠠ᠃ ᠭᠠᠯᠳᠠᠨ (1644-1697) ᠤᠯᠠᠭᠠᠨ ᠤ ᠱᠠᠰᠢᠨ ᠤ ᠰᠠᠬᠢᠯ ᠰᠠᠨᠸᠠᠷ ᠢᠶᠠᠨ ᠳᠠᠯᠠᠢ ᠪᠠᠭᠰᠢ ᠳᠤ ᠪᠠᠨ ᠪᠤᠴᠠᠭᠠᠵᠤ ᠥᠭᠭᠦᠭᠡᠳ ᠨᠤᠲᠤᠭ ᠲᠤ ᠪᠠᠨ ᠢᠷᠡᠵᠦ᠂ ᠠᠯᠳᠠᠷ ᠬᠣᠰᠢᠭᠤᠴᠢ᠂ ᠳᠠᠨᠽᠠᠨ ᠨᠠᠷ ᠤᠨ ᠲᠤᠰᠠᠯᠠᠯᠴᠠᠭ᠎ᠠ ᠶᠢ ᠠᠪᠴᠤ ᠬᠤᠤᠪᠢᠯᠳᠤᠭᠴᠢ ᠶᠢᠨ ᠡᠰᠡᠷᠬᠦ ᠲᠡᠮᠡᠴᠡᠬᠦ ᠳᠦ ᠪᠡᠨ ᠣᠶᠢᠷᠠᠳ ᠤᠨ ᠴᠢᠭᠤᠯᠭᠠᠨ ᠳᠠᠷᠤᠭ᠎ᠠ ᠸᠠᠴᠢᠷᠳᠣ ᠰᠡᠴᠡᠨ (ᠬᠣᠱᠤᠳ ᠠᠶᠢᠮᠠᠭ ᠤᠨ ᠬᠦᠮᠦᠨ) ᠍ ᠦ ᠳᠡᠮᠵᠢᠯᠭᠡ ᠶᠢ ᠠᠪᠤᠭᠰᠠᠨ ᠪᠠᠶᠢᠨ᠎ᠠ᠃ ᠸᠠᠴᠢᠷᠳᠣ ᠰᠡᠴᠡᠨ ᠬᠠᠭᠠᠨ ᠤ ᠥᠬᠢᠨ ᠠᠨᠤ ᠶᠢ ᠭᠠᠯᠳᠠᠨ ᠬᠠᠲᠤᠨ ᠪᠣᠯᠭᠠᠨ ᠠᠪᠴᠤ ᠬᠤᠳᠠ ᠤᠷᠤᠭ ᠢ ᠣᠶᠢᠷᠠᠲᠤᠭᠤᠯᠤᠭᠴᠢ ᠬᠡᠦᠬᠡᠨ ᠡᠷᠳᠡᠨᠢ ᠪᠣᠯᠭᠠᠵᠠᠢ᠃ ᠭᠠᠯᠳᠠᠨ᠂ ᠰᠡᠴᠡᠨ ᠢ ᠤᠰᠠᠳᠬᠠᠭᠠᠳ ᠵᠣᠳᠣᠪ ᠢ ᠬᠥᠬᠡ ᠨᠠᠭᠤᠷ ᠤᠨ ᠵᠦᠭ ᠵᠢᠭᠤᠲᠠᠭᠠᠯᠭᠠᠨ ᠥᠪᠡᠷ ᠦᠨ ᠬᠣᠯᠪᠣᠭᠠᠲᠠᠨ ᠠᠭᠰᠠᠨ ᠠᠯᠳᠠᠷ ᠬᠣᠰᠢᠭᠤᠴᠢ ᠶᠢ 1671 ᠤᠨ ᠳᠤ᠂ ᠳᠠᠨᠽᠠᠨ ᠢ 1673 ᠤᠨ ᠳᠤ ᠥᠪᠡᠷ ᠲᠦ ᠪᠡᠨ ᠨᠢᠭᠡᠳᠬᠡᠨ (ᠭᠠᠵᠠᠷ ᠨᠤᠲᠤᠭ ᠬᠠᠷᠢᠶᠠᠲᠤ ᠠᠷᠠᠳ ᠤᠨ ᠨᠢ ᠬᠠᠮᠲᠤ) ᠠᠪᠤᠮᠠᠭᠴᠠ ᠬᠠᠳᠠᠮ ᠠᠪᠤ ᠸᠠᠴᠢᠷᠳᠣ ᠰᠡᠴᠡᠨ᠂ ᠠᠪᠠᠭ᠎ᠠ ᠠᠬ᠎ᠠ ᠴᠥᠬᠥᠷ ᠨᠢ ᠭᠠᠯᠳᠠᠨ ᠠᠴᠠ ᠪᠣᠯᠭᠣᠮᠵᠢᠯᠠᠬᠤ ᠳᠤ ᠪᠠᠨ ᠲᠡᠭᠦᠨ ᠢ ᠠᠶᠤᠯᠭᠠᠨ ᠰᠦᠷᠳᠡᠭᠦᠯᠬᠦ ᠵᠣᠷᠢᠯᠭ᠎ᠠ ᠪᠠᠷ ᠭᠠᠯᠳᠠᠨ ᠤ ᠵᠠᠬᠢᠷᠭᠠᠨ ᠳᠤ ᠣᠷᠣᠭᠰᠠᠨ ᠵᠠᠷᠢᠮ ᠠᠶᠢᠮᠠᠭ ᠢ ᠳᠣᠪᠲᠣᠯᠤᠨ ᠪᠤᠯᠢᠶᠠᠨ ᠠᠪᠴᠠᠢ᠃ 1675 ᠤᠨ ᠳᠤ ᠬᠠᠳᠠᠮ ᠠᠪᠤ ᠲᠡᠭᠦᠨ ᠦ ᠬᠦᠦ ᠯᠤᠪᠰᠠᠩᠭᠣᠮᠪᠷᠠᠪᠳᠠᠨ ᠨᠠᠷ ᠰᠢᠨ᠎ᠡ ᠪᠡᠷ ᠬᠤᠤᠪᠢᠯᠳᠤᠭᠠᠨ ᠵᠣᠬᠢᠶᠠᠨ ᠪᠠᠶᠢᠭᠤᠯᠵᠤ ᠪᠠᠶᠢᠭ᠎ᠠ ᠶᠢ ᠭᠠᠯᠳᠠᠨ ᠮᠡᠳᠡᠵᠦ ᠥᠷᠢᠰᠦᠨ ᠴᠣᠬᠢᠯᠲᠠ ᠥᠭᠭᠦᠭᠰᠡᠨ ᠳᠦ ᠸᠠᠴᠢᠷᠳᠣ ᠰᠡᠴᠡᠨ᠂ ᠬᠠᠰᠠᠭ ᠲᠤ ᠵᠢᠭᠤᠳᠠᠬᠤ ᠳᠤ ᠬᠥᠭᠡᠭᠡᠨ ᠪᠠᠷᠢᠵᠤ ᠠᠪᠤᠭᠠᠳ ᠪᠣᠷᠲᠠᠯ ᠭᠡᠳᠡᠭ ᠭᠠᠵᠠᠷ ᠭᠥᠷᠥᠭᠡᠴᠢᠨ ᠦ ᠬᠣᠶᠠᠷ ᠣᠲᠣᠭ ᠢ ᠵᠠᠬᠢᠷᠤᠭᠤᠯᠤᠨ ᠰᠠᠭᠤᠯᠭᠠᠵᠠᠢ᠃ (ᠸᠠᠴᠢᠷᠳᠣ ᠰᠡᠴᠡᠨ 1680 ᠤᠨ ᠳᠤ ᠨᠠᠰᠤ ᠪᠠᠷᠠᠭᠰᠠᠨ) ᠨᠥᠭᠥᠭᠡ ᠠᠪᠠᠭ᠎ᠠ ᠠᠬ᠎ᠠ ᠨᠢ ᠴᠡᠺᠦ᠋ᠷ ᠢ 1676 ᠤᠨ ᠳᠤ ᠪᠤᠲᠠ ᠴᠣᠬᠢᠭᠰᠠᠨ ᠢᠶᠠᠷ ᠣᠶᠢᠷᠠᠳ ᠤᠨ ᠭᠠᠵᠠᠷ ᠨᠤᠲᠤᠭ ᠣᠯᠠᠨ ᠠᠶᠢᠮᠠᠭ ᠭᠠᠯᠳᠠᠨ ᠤ ᠮᠡᠳᠡᠯ ᠳᠦ ᠣᠷᠣᠵᠤ ᠲᠡᠷᠡ ᠪᠡᠷ 1676 ᠤᠨ ᠳᠤ ᠣᠶᠢᠷᠠᠳ ᠤᠨ ᠬᠠᠭᠠᠨ ᠰᠢᠷᠡᠭᠡᠨ ᠳᠦ ᠰᠠᠭᠤᠴᠠᠢ᠃ 1679 ᠤᠨ ᠳᠤ ᠭᠠᠯᠳᠠᠨ ᠬᠠᠭᠠᠨ ᠳᠤ ᠳᠠᠯᠠᠢ ᠯᠠᠮᠠ ᠪᠣᠱᠣᠭᠳᠤ ᠴᠣᠯᠠ ᠬᠠᠶᠢᠷᠠᠯᠠᠭᠰᠠᠨ᠃ ᠠᠷᠪᠠᠨ ᠵᠢᠷᠭᠤᠳᠤᠭᠠᠷ ᠵᠠᠭᠤᠨ ᠤ ᠡᠬᠢᠨ ᠳᠦ ᠣᠶᠢᠷᠠᠳ ᠤᠨ 40 ᠬᠣᠰᠢᠭᠤ ᠨᠢ 2 ᠭᠠᠷ ᠪᠣᠯᠵᠤ ᠬᠤᠪᠢᠶᠠᠭᠳᠠᠵᠠᠢ᠃ ᠴᠢᠷᠣᠰ᠂ ᠰᠢᠷᠠᠰ᠂ ᠮᠠᠬᠠᠰᠠ ᠭᠡᠰᠡᠨ 3 ᠠᠶᠢᠮᠠᠭ ᠤᠨ 20 ᠬᠣᠱᠤᠳ ᠵᠦᠩᠭᠠᠷ ᠣᠶᠢᠷᠠᠳ ᠪᠣᠯᠳᠠᠭ ᠪᠠᠶᠢᠪᠠ᠃ ᠪᠠᠷᠠᠭᠤᠨ ᠭᠠᠷ ᠤᠨ ᠣᠯᠠᠩᠬᠢ ᠨᠢ ᠭᠠᠳᠠᠭᠰᠢ ᠨᠡᠭᠦᠭᠡᠳ ᠵᠦᠩᠭᠠᠷ ᠤᠨ ᠬᠢᠨ ᠨᠢ ᠨᠤᠲᠤᠭ ᠲᠤ ᠪᠠᠨ ᠦᠯᠡᠳᠡᠭᠰᠡᠨ ᠤᠴᠢᠷ ᠠᠴᠠ ᠭᠠᠯᠳᠠᠨ ᠤᠯᠤᠰ ᠢᠶᠠᠨ ᠵᠦᠩᠭᠠᠷ ᠤᠨ ᠬᠠᠭᠠᠨᠲᠤ ᠤᠯᠤᠰ ᠭᠡᠵᠦ ᠨᠡᠷᠡᠯᠡᠪᠡ᠃ (ᠡᠮᠦᠨᠡᠬᠢ ᠲᠡᠦᠬᠡ ᠪᠢᠴᠢᠯᠭᠡ ᠳᠦ ᠵᠦᠩᠭᠠᠷ ᠢ ᠡᠷᠳᠡᠨᠢᠪᠠᠭᠠᠲᠤᠷ ᠬᠤᠩᠲᠠᠶᠢᠵᠢ ᠪᠠᠶᠢᠭᠤᠯᠤᠭᠰᠠᠨ ᠭᠡᠵᠦ ᠪᠢᠴᠢᠭᠰᠡᠨ ᠪᠠᠶᠢᠳᠠᠭ)᠃ ᠭᠠᠯᠳᠠᠨ ᠵᠦᠩᠭᠠᠷ ᠤᠨ ᠵᠠᠰᠠᠭ ᠵᠠᠬᠢᠷᠭᠠᠨ ᠤ ᠬᠠᠭᠤᠴᠢᠨ ᠵᠣᠬᠢᠶᠠᠨ ᠪᠠᠶᠢᠭᠤᠯᠤᠯᠲᠠ ᠪᠣᠯᠬᠤ ᠬᠣᠰᠢᠭᠤ ᠨᠤᠭᠤᠳ ᠢ ᠡᠪᠳᠡᠵᠦ᠂ ᠬᠠᠭᠠᠨ ᠤ ᠬᠠᠷᠢᠶᠠᠲᠤ ᠶᠢ ᠭᠠᠯ ᠭᠣᠯᠣᠮᠲᠠ ᠭᠡᠰᠡᠨ ᠤᠳᠬ᠎ᠠ ᠪᠠᠷ "ᠣᠲᠣᠭ", ᠨᠣᠶᠠᠳ ᠤᠨ ᠬᠠᠷᠢᠶᠠᠲᠤ ᠶᠢ "ᠠᠩᠭᠢ" ᠭᠡᠳᠡᠭ ᠪᠣᠯᠤᠯ᠎ᠠ᠃ ᠡᠨᠡ ᠨᠢ ᠨᠣᠶᠠᠳ ᠤᠨ ᠡᠷᠬᠡ ᠮᠡᠳᠡᠯ᠂ ᠡᠳ᠋ ᠍ ᠦᠨ ᠵᠠᠰᠠᠭ ᠤᠨ ᠬᠦᠴᠦ ᠶᠢ ᠬᠢᠵᠠᠭᠠᠷᠯᠠᠭᠰᠠᠨ ᠠᠷᠭ᠎ᠠ ᠬᠡᠮᠵᠢᠶ᠎ᠡ ᠪᠠᠶᠢᠪᠠ᠃ ᠭᠠᠯᠳᠠᠨ 《ᠵᠠᠬᠢᠶ᠎ᠠ ᠵᠠᠷᠯᠢᠭ》 ᠭᠠᠷᠭᠠᠵᠤ ᠵᠠᠰᠠᠭ ᠵᠠᠬᠢᠷᠭ᠎ᠠ ᠬᠣᠲᠠ ᠠᠶᠢᠯ᠂ ᠠᠷᠪᠠᠨ᠂ ᠬᠣᠷᠢᠨ᠂ ᠳᠥᠴᠢᠨ ᠣᠲᠣᠭ ᠭᠡᠵᠦ ᠬᠤᠪᠢᠶᠠᠵᠤ ᠬᠠᠷᠢᠶᠠᠲᠤ ᠠᠷᠠᠳ ᠤᠳ ᠨᠢᠭᠡ ᠣᠲᠣᠭ ᠠᠴᠠ ᠨᠥᠭᠥᠭᠡ ᠳᠦ ᠳᠤᠷ᠎ᠠ ᠪᠠᠷ ᠢᠶᠠᠨ ᠰᠢᠯᠵᠢᠬᠦ ᠶᠢ ᠵᠣᠭᠰᠣᠪᠠ᠃ ᠣᠲᠣᠭ ᠤᠨ ᠵᠠᠬᠢᠷᠤᠭᠴᠢ ᠶᠢ《ᠵᠠᠶᠢᠰᠠᠩ》᠂ ᠳᠥᠴᠢᠨ ᠦ ᠵᠠᠬᠢᠷᠤᠭᠴᠢ ᠶᠢ 《ᠳᠡᠮᠴᠢ》 ᠭᠡᠳᠡᠭ ᠪᠠᠶᠢᠪᠠ᠃ ᠵᠠᠷᠭᠤ ᠰᠢᠭᠦᠬᠦ᠂ ᠮᠠᠷᠭᠤᠭᠠᠨ ᠲᠠᠰᠤᠯᠬᠤ ᠶᠠᠪᠤᠳᠠᠯ ᠢ ᠴᠢᠩᠭᠠᠳᠬᠠᠵᠠᠢ᠃ ᠵᠠᠷᠭᠤ ᠪᠤᠷᠤᠭᠤ ᠬᠠᠭᠠᠯᠪᠠᠯ᠂ ᠵᠠᠷᠴᠢ ᠶᠢ ᠣᠭᠴᠠᠷᠠᠭᠤᠯᠳᠠᠭ ᠪᠣᠯᠭᠠᠪᠠ᠃ 1654 ᠤᠨ ᠠᠴᠠ ᠡᠮᠦᠨᠡᠬᠢ ᠪᠤᠶᠤ ᠡᠴᠢᠭᠡ ᠶᠢᠨ ᠦᠶ᠎ᠡ ᠶᠢᠨ ᠥᠷᠢ ᠲᠥᠯᠥᠪᠦᠷᠢ ᠶᠢ ᠬᠦᠴᠦᠨ ᠦᠭᠡᠢ ᠪᠣᠯᠭᠠᠪᠠ᠃ ᠭᠠᠯᠳᠠᠨ ᠵᠦᠩᠭᠠᠷ ᠲᠤ ᠠᠩᠬ᠎ᠠ ᠤᠳᠠᠭ᠎ᠠ ᠵᠣᠭᠣᠰ ᠴᠢᠳᠬᠤᠭᠤᠯᠤᠭᠰᠠᠨ ᠶᠤᠮ᠃ ᠪᠤᠷᠬᠠᠨ ᠤ ᠱᠠᠰᠢᠨ ᠤ ᠰᠦᠮ᠎ᠡ ᠬᠡᠶᠢᠳ ᠦᠳ ᠵᠠᠰᠠᠠ ᠪᠠᠶᠢᠭᠤᠯᠤᠭᠰᠠᠨ ᠶᠤᠮ᠃ ᠣᠷᠭᠣᠳᠠᠯ ᠪᠣᠰᠬᠠᠭᠤᠯ ᠡᠲᠡᠭᠡᠳ ᠢ ᠪᠠᠷᠢᠵᠤ ᠥᠭᠭᠦᠭᠰᠡᠨ ᠬᠦᠮᠦᠨ ᠳᠦ ᠲᠡᠭᠦᠨ ᠦ ᠮᠠᠯ ᠬᠥᠷᠥᠩᠭᠡ ᠡᠴᠡ ᠤᠷᠮᠠᠰᠢᠭᠤᠯᠤᠯ ᠪᠣᠯᠭᠠᠨ ᠥᠭᠬᠦ ᠵᠢᠷᠤᠮ ᠲᠣᠭᠲᠠᠭᠠᠭᠰᠠᠨ ᠪᠠᠶᠢᠨ᠎ᠠ᠃ ᠭᠠᠯᠳᠠᠨ ᠲᠣᠳᠣ᠂ ᠳᠥᠷᠪᠡᠯᠵᠢᠨ᠂ ᠲᠦᠪᠡᠳ ᠦᠰᠦᠭ ᠲᠡᠢ ᠠᠯᠲᠠᠨ ᠲᠠᠮᠠᠭ᠎ᠠ ᠭᠤᠷᠪᠠ ᠪᠠᠶᠢᠴᠠᠢ᠃ ᠬᠠᠭᠠᠨ ᠠᠴᠠ ᠳᠣᠭᠣᠭᠰᠢᠬᠢ ᠠᠯᠪᠠᠨ ᠤ ᠬᠦᠮᠦᠰ ᠲᠦ ᠮᠥᠩᠭᠥ᠂ ᠵᠡᠰ᠂ ᠲᠡᠮᠦᠷ᠂ ᠴᠠᠭᠠᠨ ᠲᠤᠭᠤᠯᠭᠠᠨ ᠲᠠᠮᠠᠭ᠎ᠠ ᠥᠭᠴᠦ ᠵᠢᠨᠳᠠᠯᠠᠳᠠᠭ ᠪᠣᠯᠤᠭᠰᠠᠨ ᠪᠠᠶᠢᠨ᠎ᠠ᠃ ᠨᠣᠭᠣᠭᠠᠨ ᠪᠤᠶᠤ ᠠᠯᠠᠭ ᠥᠩᠭᠡ ᠲᠡᠢ ᠲᠤᠭ ᠬᠡᠷᠡᠭᠯᠡᠵᠦ ᠪᠠᠶᠢᠪᠠ᠃ ᠭᠠᠯᠳᠠᠨ ᠮᠠᠨᠵᠤ ᠭᠦᠷᠦᠨ ᠲᠡᠢ ᠬᠥᠷᠰᠢ ᠤᠯᠤᠰ ᠤᠨ ᠬᠤᠪᠢ ᠳᠤ ᠬᠤᠳᠠᠯᠳᠤᠭ᠎ᠠ ᠬᠢᠵᠦ ᠡᠷᠬᠡ ᠲᠡᠭᠰᠢ ᠬᠠᠷᠢᠯᠴᠠᠵᠤ ᠪᠠᠶᠢᠬᠤ ᠬᠦᠰᠡᠯᠲᠡ ᠲᠠᠯᠪᠢᠵᠤ ᠪᠠᠶᠢᠭᠰᠠᠨ ᠪᠣᠯᠪᠠᠴᠤ ᠡᠩᠬᠡ-ᠠᠮᠤᠭᠤᠯᠠᠩ ᠬᠠᠭᠠᠨ ᠥᠭᠡᠯᠡᠳ ᠠᠶᠢᠮᠠᠭ (ᠣᠶᠢᠷᠠᠳ ᠢ ᠬᠡᠯᠡᠵᠦ ᠪᠠᠶᠢᠨ᠎ᠠ) ᠍ ᠳᠦ ᠸᠠᠴᠢᠷᠳᠣ ᠬᠠᠨ᠂ ᠠᠪᠯᠠᠢ ᠨᠣᠶᠠᠨ᠂ ᠭᠠᠯᠳᠠᠨ ᠲᠠᠶᠢᠵᠢ ᠭᠡᠵᠦ ᠯᠠ ᠪᠠᠶᠢᠭᠰᠠᠨ᠂ ᠶᠡᠷᠦ ᠪᠣᠱᠣᠭᠳᠣ ᠬᠠᠭᠠᠨ ᠭᠡᠵᠦ ᠶᠠᠪᠤᠭᠰᠠᠨ ᠭᠠᠵᠠᠷ ᠦᠭᠡᠢ ᠬᠡᠮᠡᠨ ᠭᠠᠯᠳᠠᠨ ᠢ ᠶᠡᠬᠡᠳᠡ ᠳᠣᠣᠷ᠎ᠠ ᠳᠤ ᠦᠵᠡᠭᠰᠡᠨ ᠬᠠᠷᠢᠭᠤ ᠥᠭᠴᠦ ᠪᠠᠶᠢᠴᠠᠢ᠃ ᠭᠡᠪᠡᠴᠦ ᠭᠠᠯᠳᠠᠨ ᠪᠡᠭᠡᠵᠢᠩ ᠳᠦ ᠢᠷᠡᠵᠦ ᠵᠢᠯ ᠪᠦᠷᠢ ᠡᠯᠴᠢ ᠢᠯᠡᠭᠡᠵᠦ ᠣᠯᠠᠨ ᠮᠢᠩᠭᠠᠨ ᠬᠠᠰᠠᠭ ᠢᠶᠠᠷ ᠥᠷᠭᠡᠨ ᠬᠡᠷᠡᠭᠯᠡᠭᠡᠨ ᠦ ᠵᠦᠢᠯ ᠢᠶᠡᠨ ᠲᠡᠭᠡᠭᠡᠪᠦᠷᠢᠯᠡᠵᠦ ᠠᠪᠳᠠᠭ ᠪᠠᠶᠢᠪᠠ᠃ ᠭᠡᠲᠡᠯ᠎ᠡ 1683 ᠤᠨ ᠳᠤ ᠮᠠᠨᠵᠤ ᠨᠠᠷ ᠣᠶᠢᠷᠠᠳ ᠤᠨ 200 ᠠᠴᠠ ᠢᠯᠡᠭᠦᠦ ᠬᠦᠮᠦᠨ ᠲᠡᠢ ᠡᠯᠴᠢ ᠶᠢ ᠴᠠᠭᠠᠨ ᠬᠡᠷᠡᠮ ᠦᠨ ᠬᠠᠭᠠᠯᠭ᠎ᠠ ᠪᠠᠷ ᠣᠷᠣᠭᠤᠯᠬᠤ ᠶᠢ ᠬᠤᠷᠢᠭᠯᠠᠪᠠ᠃ ᠭᠠᠯᠳᠠᠨ ᠲᠦᠷᠺᠸᠰᠲ᠋ᠠᠨ᠂ ᠰᠠᠮᠠᠷᠺᠠᠨᠳ᠂ ᠪᠤᠬᠤᠷ ᠵᠡᠷᠭᠡ ᠪᠠᠷᠠᠭᠤᠨ ᠵᠦᠭ ᠲᠤ ᠭᠠᠵᠠᠷ ᠨᠤᠲᠤᠭ ᠢᠶᠠᠨ ᠲᠡᠯᠡᠵᠦ ᠬᠤᠳᠠᠯᠳᠤᠭᠠᠨ ᠤ ᠵᠠᠮ ᠳᠤ ᠨᠣᠶᠠᠷᠬᠠᠬᠤ᠂ ᠴᠡᠷᠢᠭ ᠵᠡᠪᠰᠡᠭ ᠦᠨ ᠴᠢᠳᠠᠪᠬᠢ ᠪᠠᠨ ᠨᠡᠮᠡᠭᠳᠡᠭᠦᠯᠬᠦ ᠶᠢᠨ ᠲᠤᠯᠠᠳᠠ ᠵᠦᠩᠭᠠᠷ ᠲᠤ ᠠᠮᠢᠳᠤᠷᠠᠵᠤ ᠠᠭᠰᠠᠨ ᠣᠷᠣᠰ᠂ ᠰᠸᠸᠳᠡᠨ ᠭᠠᠷᠤᠯ ᠲᠠᠢ ᠤᠷᠠᠨ ᠳᠠᠷᠬᠠᠨ ᠨᠤᠭᠤᠳ ᠢᠶᠠᠷ ᠭᠠᠯᠲᠤ ᠵᠡᠪᠰᠡᠭ᠂ ᠬᠤᠶᠠᠭ᠂ ᠳᠤᠭᠤᠯᠠᠭ᠎ᠠ᠂ ᠵᠢᠳᠠ᠂ ᠢᠯᠳᠦ ᠬᠢᠯᠭᠡᠵᠦ ᠪᠠᠶᠢᠵᠠᠢ᠃

ᠠᠶᠠᠨ ᠳᠠᠢᠨ ᠨᠤᠭᠤᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠵᠦᠩᠭᠠᠷ ᠤᠨ ᠬᠢᠯᠢ ᠬᠦᠴᠦᠷᠬᠡᠭ ᠦᠶ᠎ᠡ ᠳ᠋ᠡᠭᠡᠨ ᠣᠷᠳᠣᠰ ᠬᠦᠷᠴᠦ ᠪᠠᠶᠢᠪᠠ

ᠭᠠᠯᠳᠠᠨ ᠪᠣᠱᠤᠭᠳᠤ ᠬᠠᠭᠠᠨ ᠲᠥᠪ ᠪᠠ ᠳᠤᠮᠳᠠᠳᠤ ᠠᠽᠢᠶ᠎ᠠ ᠣᠷᠣᠭᠣ ᠣᠯᠠᠨ ᠤᠳᠠᠭ᠎ᠠ ᠶᠢᠨ ᠠᠶᠠᠨ ᠳᠠᠶᠢᠨ ᠶᠠᠪᠤᠭᠤᠯᠵᠤ ᠪᠦᠷ ᠡᠨᠡᠳᠬᠡᠭ ᠦᠨ ᠺᠠᠰᠮᠢᠷ ᠬᠦᠷᠦᠭᠰᠡᠨ ᠪᠠᠶᠢᠳᠠᠭ᠃ᠬᠢᠪᠢᠪᠤᠬᠤᠷᠰᠠᠮᠠᠷᠺᠠᠨᠳ᠋ᠮᠣᠭᠣᠯᠢᠰᠲᠠᠨᠺᠠᠰᠭᠢᠷᠢᠷᠺᠧᠨᠳᠲᠦᠷᠹᠠᠨᠺᠣᠺᠠᠨᠳ ᠵᠡᠷᠭᠡ ᠬᠠᠨᠯᠢᠭ ᠤᠳ᠂ᠬᠠᠮᠢᠹᠧᠷᠭᠠᠨ ᠵᠡᠷᠭᠡ ᠡᠵᠡᠮᠰᠢᠯ ᠭᠠᠵᠠᠷ ᠤᠳ ᠲᠡᠭᠦᠨ ᠳᠦ ᠪᠠᠭᠤᠵᠤ ᠥᠭᠴᠦ ᠠᠯᠪᠠ ᠲᠠᠲᠠᠪᠤᠷᠢ ᠲᠥᠯᠦᠵᠦ ᠪᠠᠶᠢᠭᠰᠠᠨ ᠠᠵᠢ᠃ ᠲᠡᠭᠦᠨ ᠦ ᠮᠡᠳᠡᠯ ᠳᠦ ᠳᠤᠮᠳᠠᠳᠤ ᠠᠽᠢᠶ᠎ᠠ ᠪᠠᠷᠤᠭ ᠪᠦᠬᠦᠯᠢ ᠪᠡᠷ ᠢᠶᠡᠨ ᠣᠷᠣᠵᠤ ᠮᠠᠨᠵᠤ᠂ ᠣᠷᠣᠰ ᠤᠯᠤᠰ ᠤᠳ ᠢ ᠵᠢᠭᠢᠷᠭᠡᠨ ᠪᠣᠯᠭᠣᠮᠵᠢᠯᠠᠬᠤ ᠳᠤ ᠬᠦᠷᠭᠡᠵᠡᠢ᠃ ᠭᠠᠯᠳᠠᠨ ᠬᠠᠭᠠᠨ ᠬᠣᠲᠣᠩ᠂ ᠤᠶᠢᠭᠤᠷ ᠴᠡᠷᠢᠭ ᠦᠳ ᠲᠡᠭᠡᠨ ᠣᠷᠣᠰ ᠴᠡᠷᠢᠭ ᠦᠨ ᠬᠤᠪᠴᠠᠰᠤ ᠡᠮᠦᠰᠬᠡᠭᠡᠳ "ᠡᠨᠡ ᠮᠠᠨ ᠤ ᠣᠷᠣᠰ ᠴᠡᠷᠢᠭ ᠦᠳ" ᠬᠡᠮᠡᠨ ᠮᠠᠨᠵᠤ ᠨᠠᠷ ᠢ ᠰᠦᠷᠳᠡᠭᠦᠯᠵᠦ ᠪᠠᠶᠢᠪᠠ᠃

ᠠᠷᠪᠠᠨ ᠨᠠᠢᠮᠠᠳᠣᠭᠠᠷ ᠵᠠᠭᠤᠨ ᠤ ᠡᠬᠢᠨ ᠳᠦ ᠵᠦᠩᠭᠠᠷ ᠤᠨ ᠰᠡᠸᠡᠩᠷᠠᠪᠳᠠᠨ ᠬᠠᠭᠠᠨ ᠶᠡᠨᠢᠰᠧᠢ ᠳᠤ ᠪᠠᠶᠢᠭᠰᠠᠨ ᠵᠦᠩᠭᠠᠷ ᠤᠨ ᠬᠠᠷᠢᠶᠠᠲᠤ ᠺᠢᠷᠭᠢᠽ ᠨᠣᠭᠣᠳ ᠢ ᠣᠷᠣᠰ ᠤᠨ ᠵᠠᠬᠢᠷᠭᠠᠨ ᠳᠤ ᠣᠷᠣᠬᠤ ᠠᠴᠠ ᠪᠣᠯᠭᠣᠮᠵᠢᠯᠠᠨ ᠡᠮᠦᠨ᠎ᠡ ᠵᠦᠭ ᠣᠳᠣ ᠶᠢᠨ ᠪᠠᠶᠢᠭ᠎ᠠ ᠨᠤᠲᠤᠭ ᠣᠷᠣᠭᠣ ᠨᠢ ᠨᠡᠭᠦᠯᠭᠡᠭᠰᠡᠨ ᠪᠠᠶᠢᠨ᠎ᠠ᠃ 1703 ᠤᠨ ᠤ 7 ᠰᠠᠷ᠎ᠠ ᠳᠤ 3000 ᠬᠦᠮᠦᠨ ᠲᠡᠢ ᠵᠦᠩᠭᠠᠷ ᠤᠨ ᠴᠡᠷᠢᠭ ᠬᠠᠩᠭᠠᠷᠢᠶ᠎ᠠ ᠶᠢᠨ ᠨᠤᠲᠤᠭ ᠲᠤ ᠣᠴᠢᠨ ᠨᠤᠲᠤᠭ ᠤᠨ ᠺᠢᠷᠭᠢᠽ ᠨᠣᠶᠠᠳ ᠤᠨ ᠲᠤᠰᠠᠯᠠᠮᠵᠢ ᠲᠠᠢ 15-20,000 ᠬᠦᠮᠦᠨ ᠪᠤᠶᠤ ᠬᠠᠩᠭᠠᠷᠢᠶ᠎ᠠ ᠶᠢᠨ ᠬᠦᠮᠦᠨ ᠠᠮᠠ ᠶᠢᠨ ᠶᠡᠬᠡᠩᠬᠢ ᠶᠢ ᠴᠤᠭᠯᠠᠭᠤᠯᠤᠨ 3 ᠵᠠᠮ ᠢᠶᠠᠷ ᠵᠦᠩᠭᠠᠷ ᠤᠨ ᠴᠡᠷᠢᠭ ᠦᠨ ᠬᠠᠮᠠᠭᠠᠯᠠᠯᠲᠠᠨ ᠳᠣᠣᠷ᠎ᠠ ᠵᠦᠩᠭᠠᠷ ᠤᠨ ᠬᠠᠭᠠᠨᠲᠤ ᠤᠯᠤᠰ ᠤᠨ ᠭᠦᠨ ᠣᠷᠣᠭᠣ ᠨᠡᠭᠦᠯᠭᠡᠨ ᠰᠢᠯᠵᠢᠭᠦᠯᠵᠡᠢ᠃[2] ᠨᠡᠭᠦᠨ ᠢᠷᠡᠭᠰᠡᠨ ᠺᠢᠷᠭᠢᠽᠢ ᠨᠦᠭᠦᠳ ᠵᠦᠩᠭᠠᠷ ᠤᠨ ᠴᠡᠷᠢᠭ ᠦᠨ ᠪᠣᠯᠤᠨ ᠬᠢᠯᠢ ᠶᠢᠨ ᠠᠯᠪᠠᠨ ᠳᠤ ᠬᠦᠴᠦᠨ ᠵᠢᠳᠬᠦᠵᠦ ᠪᠠᠶᠢᠭᠰᠠᠨ[2] ᠪᠠ ᠶᠠᠪᠤᠭᠠᠨ ᠳᠠᠭᠠᠨ ᠲᠡᠳᠡ ᠣᠳᠣ ᠶᠢᠨ ᠺᠢᠷᠭᠢᠽᠰᠲᠠᠨ ᠳᠤ ᠰᠢᠯᠵᠢᠨ ᠰᠠᠭᠤᠷᠢᠰᠢᠵᠠᠢ᠃ ᠬᠠᠩᠭᠠᠷᠢᠴᠣᠳ ᠤᠨ ᠶᠡᠬᠡᠩᠬᠢ ᠶᠢ ᠨᠡᠭᠦᠭᠰᠡᠨ ᠢ ᠣᠷᠣᠰ ᠤᠳ ᠠᠰᠢᠭᠯᠠᠨ 1704-1706 ᠤᠨ ᠳᠤ ᠮᠢᠨᠦ᠋ᠰ ᠤᠨ ᠬᠣᠲᠣᠭᠣᠷ ᠲᠤ ᠦᠯᠡᠳᠡᠭᠰᠡᠨ ᠺᠢᠷᠭᠢᠽᠢ ᠨᠦᠭᠦᠳ ᠣᠷᠣᠭᠣ ᠬᠡᠳᠦ ᠬᠡᠳᠦᠨ ᠳᠣᠪᠲᠣᠯᠭᠠᠨ ᠬᠢᠵᠦ ᠮᠥᠨ ᠵᠦᠩᠭᠠᠷ ᠡᠴᠡ ᠪᠤᠴᠠᠨ ᠢᠷᠡᠭᠰᠡᠨ ᠴᠥᠭᠡᠨ ᠲᠣᠭᠠᠨ ᠤ ᠺᠢᠷᠭᠢᠽ ᠦᠳ ᠢ ᠳᠣᠪᠲᠣᠯᠵᠠᠢ᠃[2] ᠬᠠᠩᠭᠠᠷᠢᠶ᠎ᠠ ᠶᠢᠨ ᠨᠤᠲᠤᠭ ᠢ ᠣᠷᠣᠰ ᠤᠳ ᠡᠵᠡᠯᠡᠭᠡᠳ ᠠᠪᠠᠺᠠᠨᠰᠺ ᠤᠨ ᠴᠡᠷᠢᠭ ᠦᠨ ᠰᠢᠪᠡᠭᠡ ᠶᠢ ᠶᠠᠭᠠᠷᠠᠨ ᠪᠠᠶᠢᠭᠤᠯᠵᠤ ᠴᠢᠨᠠᠭᠰᠢᠳᠠ ᠶᠢᠨ ᠳᠣᠪᠲᠣᠯᠭᠠᠨ ᠳᠤ ᠪᠠᠨ ᠠᠰᠢᠭᠯᠠᠬᠤ ᠪᠣᠯᠵᠠᠢ᠃

ᠣᠶᠢᠷᠠᠳ ᠮᠣᠩᠭᠣᠯ ᠤᠯᠤᠰ ᠲᠤᠬᠠᠢ ᠶᠢᠨ ᠦᠶ᠎ᠡ ᠳ᠋ᠡᠭᠡᠨ ᠬᠢᠲᠠᠳ᠂ ᠳᠤᠮᠳᠠᠳᠤ ᠠᠽᠢᠶ᠎ᠠ ᠶᠢᠨ ᠭᠦᠭᠦᠷᠭᠡ ᠪᠣᠯᠤᠭᠰᠠᠨ ᠡᠷᠲᠡᠨ ᠦ ᠲᠡᠦᠬᠡᠲᠦ ᠲᠣᠷᠭᠠᠨ ᠵᠠᠮ ᠢ ᠬᠢᠨᠠᠯᠲᠠᠨ ᠳᠤ ᠪᠠᠨ ᠪᠠᠶᠢᠯᠭᠠᠵᠤ᠂ ᠤᠶᠢᠭᠤᠷ᠂ ᠲᠦᠷᠪᠠᠨ᠂ ᠦᠽᠪᠧᠺ᠂ ᠲᠠᠵᠢᠺᠢᠰᠲᠠᠨ ᠤ ᠬᠣᠲᠠ ᠨᠤᠭᠤᠳ ᠢ ᠡᠵᠡᠮᠰᠢᠵᠦ᠂ ᠺᠢᠷᠭᠢᠽ᠂ ᠬᠠᠰᠠᠭ ᠢ ᠡᠷᠬᠡᠰᠢᠶᠡᠵᠦ ᠪᠠᠶᠢᠯ᠎ᠠ᠃ ᠬᠠᠰᠠᠭ ᠦᠨ ᠳᠠᠶᠢᠨ ᠤ ᠲᠡᠦᠬᠡ ᠨᠢ ᠲᠡᠷᠡ ᠴᠢᠭ ᠢᠶᠡᠷ ᠢᠶᠡᠨ ᠵᠦᠩᠭᠠᠷ ᠲᠠᠢ ᠲᠤᠯᠤᠯᠳᠤᠭᠰᠠᠨ ᠮᠡᠷ ᠰᠡᠷ ᠮᠥᠷᠭᠥᠯᠳᠦᠭᠡᠨ ᠡᠴᠡ ᠪᠦᠷᠢᠳᠳᠡᠭ᠃ ᠰᠠᠶ᠋ᠢᠬᠠᠨ ᠮᠣᠩᠭᠣᠯ ᠵᠦᠴᠦᠭᠡᠴᠢᠳ ᠢ ᠤᠷᠢᠵᠤ ᠲᠣᠭᠯᠠᠭᠤᠯᠤᠭᠰᠠᠨ ᠬᠠᠰᠠᠭ ᠤᠳ ᠵᠦᠩᠭᠠᠷ ᠤᠨ ᠦᠯᠡᠮᠵᠢ ᠳᠠᠪᠠᠭᠤ ᠬᠦᠴᠦᠲᠡᠢ ᠴᠡᠷᠢᠭ ᠢ ᠪᠤᠲᠠ ᠴᠣᠬᠢᠳᠠᠭ ᠦᠢᠯᠡ ᠶᠠᠪᠤᠳᠠᠯ ᠪᠦᠬᠦᠢ ᠺᠠᠽᠺᠠᠰᠲᠠᠨ ᠤ《ᠠᠤᠭ᠎ᠠ ᠪᠠᠭᠠᠲᠤᠷᠯᠢᠭ》ᠺᠢᠨᠣᠨ ᠤ ᠲᠡᠦᠬᠡᠨ ᠤᠭ ᠰᠤᠷᠪᠤᠯᠵᠢ ᠨᠢ ᠵᠦᠩᠭᠠᠷ ᠤᠨ ᠬᠢᠯᠢ ᠶᠢᠨ ᠬᠠᠮᠠᠭᠠᠯᠠᠯᠲᠠ᠂ ᠬᠣᠶᠢᠳᠤ ᠤᠨ ᠪᠦᠯᠦᠭ ᠴᠡᠷᠢᠭ ᠣᠷᠣᠭᠣ ᠬᠠᠰᠠᠭ ᠤᠳ ᠥᠪᠡᠷᠰᠡᠳ ᠢᠶᠡᠨ ᠳᠠᠪᠠᠭᠤ ᠬᠦᠴᠦ ᠪᠡᠷ᠂ ᠭᠡᠨᠡᠳᠡᠭᠦᠯᠦᠨ ᠳᠣᠪᠲᠣᠯᠤᠭᠰᠠᠨ ᠵᠢᠵᠢᠭ ᠲᠤᠯᠤᠭᠠᠨ ᠪᠣᠯᠬᠤ ᠶᠢ ᠣᠷᠣᠰ ᠤᠨ ᠲᠡᠦᠬᠡᠴᠢᠳ ᠣᠨᠴᠠᠯᠠᠭᠠᠳ ᠪᠤᠢ᠃ ᠣᠨᠴᠠᠯᠠᠭᠠᠳ ᠵᠣᠭᠰᠣᠬᠤ ᠦᠭᠡᠢ 《ᠮᠢᠩᠭᠠᠨ ᠪᠠᠭᠠᠲᠤᠷᠯᠢᠭ ᠬᠠᠰᠠᠭ ᠬᠥᠪᠡᠭᠦᠨ ᠣᠶᠢᠷᠠᠳ ᠤᠨ ᠲᠤᠭ ᠢ ᠤᠨᠠᠭᠠᠭᠰᠠᠨ》 ᠶᠡᠬᠡ ᠲᠤᠯᠤᠭᠠᠨ ᠪᠣᠯᠤᠭᠰᠠᠨ ᠭᠡᠬᠦ ᠭᠠᠵᠠᠷ᠂ ᠤᠨ ᠰᠠᠷ᠎ᠠ᠂ ᠬᠣᠶᠠᠷ ᠲᠠᠯ᠎ᠠ ᠠᠴᠠ ᠣᠷᠣᠯᠴᠠᠭᠰᠠᠨ ᠴᠡᠷᠢᠭ ᠦᠨ ᠲᠣᠭ᠎ᠠ ᠶᠢ ᠴᠤ ᠨᠠᠷᠢᠪᠴᠢᠯᠠᠨ ᠭᠠᠷᠭᠠᠵᠠᠢ᠃

ᠳᠠᠪᠠᠭᠠᠴᠢ ᠬᠠᠭᠠᠨ ᠢ ᠪᠠᠭᠤᠯᠭᠠᠨ ᠠᠪᠤᠭᠰᠠᠨ ᠨᠢ
ᠵᠤᠩᠭ᠋ᠠᠷᠴᠤᠳ ᠢ ᠬᠢᠳᠤᠨ ᠤᠰᠠᠳᠬᠠᠵᠤ ᠪᠠᠶᠢᠭ᠎ᠠ ᠨᠢ᠂ ᠣᠷᠣᠢ-ᠵᠠᠯᠠᠭᠠᠲᠤ ᠠᠭᠤᠯᠠ ᠶᠢᠨ ᠣᠷᠴᠢᠮ᠃ 1755 ᠤᠨ
ᠵᠦᠩᠭᠠᠷ ᠢ ᠮᠥᠬᠥᠭᠡᠭᠰᠡᠨ ᠳᠦ ᠵᠣᠷᠢᠭᠤᠯᠤᠨ ᠪᠠᠷᠢᠭᠤᠯᠤᠭᠰᠠᠨ ᠳᠤᠭᠠᠩ᠂ ᠾᠸᠪᠸᠢ ᠮᠤᠵᠢ
ᠵᠦᠩᠭᠠᠷ ᠤᠨ ᠰᠡᠭᠦᠯ ᠦᠨ ᠬᠠᠭᠠᠨ ᠳᠠᠪᠠᠭᠠᠴᠢ

ᠧᠦ᠋ᠷᠣᠫᠠ ᠶᠢᠨ ᠺᠣᠯᠣᠨᠣᠴᠢᠯᠠᠭᠴᠢ ᠶᠡᠬᠡ ᠭᠦᠷᠦᠨ ᠨᠦᠭᠦᠳ ᠴᠤ ᠲᠠᠯ᠎ᠠ ᠵᠠᠰᠠᠵᠣ ᠪᠠᠶᠢᠭᠰᠠᠨ ᠮᠠᠨᠵᠤ ᠲᠠᠢ ᠵᠤᠩᠭ᠋ᠠᠷᠴᠤᠳ 1717 ᠍ ᠠᠴᠠ 1733 ᠤᠨ ᠢ ᠳᠠᠭᠤᠰᠲᠠᠯ᠎ᠠ ᠶᠣᠰᠣᠲᠠᠢ ᠯᠠ ᠰᠠᠯᠤᠮ ᠨᠢᠳᠦᠯᠡᠳᠡᠭᠰᠡᠨ ᠪᠠᠶᠢᠳᠠᠭ᠃ ᠮᠠᠨᠵᠤ ᠨᠤᠭᠤᠳ ᠮᠣᠩᠭᠣᠯ ᠲᠥᠷᠥ ᠶᠢᠨ ᠰᠡᠭᠦᠯᠴᠢ ᠶᠢᠨ ᠭᠣᠯᠣᠮᠲᠠ ᠶᠢ ᠪᠥᠬᠥᠭᠡᠬᠦ ᠭᠡᠵᠦ ᠤᠯᠠᠶᠢᠷᠠᠨ ᠣᠶᠢᠷ᠎ᠠ ᠣᠶᠢᠷᠠᠬᠠᠨ ᠴᠡᠷᠢᠭ ᠲᠠᠲᠠᠵᠤ᠂ ᠳᠠᠶᠢᠨ ᠤ ᠨᠦᠰᠡᠷ ᠵᠠᠷᠤᠳᠠᠯ ᠭᠠᠷᠭᠠᠭᠰᠠᠨ ᠤ ᠡᠴᠦᠰ ᠲᠦ ᠥᠪᠡᠷᠰᠡᠳ ᠢᠶᠡᠨ ᠲᠤᠶᠢᠯᠳᠠᠵᠠᠢ᠃ ᠠᠽᠢᠶ᠎ᠠ ᠲᠢᠪ ᠲᠦ ᠬᠠᠮᠤᠭ ᠤᠨ ᠨᠥᠯᠥᠭᠡ ᠲᠡᠢ ᠪᠡᠷ ᠣᠷᠣᠰᠢᠵᠤ ᠪᠠᠶᠢᠭᠰᠠᠨ ᠮᠠᠨᠵᠤ ᠴᠢᠩ ᠭᠦᠷᠦᠨ ᠲᠠᠯ᠎ᠠ ᠶᠢᠨ ᠨᠡᠭᠦᠳᠡᠯᠴᠢᠨ ᠮᠣᠩᠭᠣᠯᠴᠤᠳ ᠲᠠᠢ ᠬᠢᠭᠰᠡᠨ ᠳᠠᠶᠢᠨ ᠤ ᠵᠠᠷᠤᠳᠠᠯ ᠢᠶᠠᠨ ᠳᠡᠶᠢᠯᠬᠦ ᠪᠡᠨ ᠪᠠᠶᠢᠵᠤ᠂ ᠡᠵᠡᠮᠰᠢᠯ ᠨᠤᠲᠤᠭ ᠳᠠᠶᠠᠭᠠᠷ ᠨᠢ ᠦᠭᠡᠶᠢᠷᠡᠭᠰᠡᠨ ᠣᠯᠠᠨ ᠤ ᠪᠣᠰᠤᠯᠭ᠎ᠠ ᠣᠪᠣᠯᠵᠠᠭᠰᠠᠨ ᠪᠠᠶᠢᠨ᠎ᠠ᠃ ᠡᠶᠢᠨ ᠠᠷᠭ᠎ᠠ ᠦᠭᠡᠶᠢᠳᠡᠭᠰᠡᠨ ᠮᠠᠨᠵᠤ ᠭᠦᠷᠦᠨ ᠣᠶᠢᠷᠠᠳ ᠤᠳ ᠲᠠᠢ ᠭᠡᠷ᠎ᠡ ᠬᠢᠵᠦ ᠠᠯᠲᠠᠢ ᠶᠢᠨ ᠨᠢᠷᠤᠭᠤ ᠪᠠᠷ ᠬᠢᠯᠢ ᠲᠣᠭᠲᠠᠭᠠᠴᠠᠢ᠃

1740 ᠍ ᠊ᠭᠡᠳ ᠤᠨ ᠤ ᠡᠬᠢᠨ ᠳᠦ ᠬᠠᠰᠠᠭ ᠤᠨ ᠪᠠᠭ᠎ᠠ ᠪᠣᠯᠤᠨ ᠳᠤᠮᠳᠠ ᠵᠤᠵᠠ ᠭᠠᠯᠳᠠᠨᠴᠡᠷᠡᠩ ᠦᠨ ᠵᠠᠬᠢᠷᠭ᠎ᠠ ᠶᠢ ᠬᠦᠯᠢᠶᠡᠨ ᠵᠥᠪᠰᠢᠶᠡᠷᠡᠴᠡᠢ᠃

ᠤᠨᠠᠯᠲᠠ[ᠵᠠᠰᠠᠪᠤᠷᠢᠯᠠᠬᠤ | ᠺᠣᠳ᠋ ᠢᠶᠠᠷ ᠵᠠᠰᠠᠬᠣ]

ᠣᠷᠣᠰ᠂ ᠮᠠᠨᠵᠤ ᠨᠠᠷ ᠲᠥᠪ ᠠᠽᠢᠶ᠎ᠠ᠂ ᠰᠢᠪᠸᠷᠢ᠎ᠡ ᠶᠢ ᠡᠵᠡᠯᠡᠬᠦ ᠳᠦ ᠨᠢ ᠰᠠᠭᠠᠳ ᠪᠣᠯᠵᠤ ᠪᠠᠶᠢᠭᠰᠠᠨ ᠵᠦᠩᠭᠠᠷ ᠤᠨ ᠡᠰᠡᠷᠬᠦ ᠬᠤᠤᠪᠢᠯᠳᠤᠭᠠᠨ ᠨᠢ ᠢᠯᠡ ᠪᠣᠯᠤᠨ ᠳᠠᠯᠳᠠ ᠣᠯᠠᠨ ᠪᠠᠷᠢᠮᠲᠠ ᠪᠠᠷ ᠪᠠᠲᠤᠯᠠᠭᠳᠠᠳᠠᠭ᠃ ᠵᠦᠩᠭᠠᠷ ᠤᠨ ᠨᠣᠶᠠᠳ ᠢ ᠬᠠᠳᠬᠤᠨ ᠵᠥᠷᠢᠴᠡᠯᠳᠦᠭᠦᠯᠬᠦ᠂ ᠣᠮᠣᠭᠠᠶᠢᠲᠤᠭᠤᠯᠵᠤ ᠥᠭᠡᠭᠦᠰᠢᠭᠦᠯᠬᠦ ᠵᠠᠮ ᠢᠶᠠᠷ ᠡᠷᠴᠢᠯᠡᠭᠰᠡᠨ ᠬᠠᠷᠢ ᠭᠦᠷᠦᠨ ᠨᠦᠭᠦᠳ ᠦᠨ ᠪᠣᠳᠣᠯᠭ᠎ᠠ ᠡᠴᠦᠰ ᠦᠨ ᠪᠦᠯᠦᠭ ᠲᠦ ᠣᠶᠢᠷᠠᠳ ᠤᠨ ᠨᠤᠲᠤᠭ ᠲᠤ ᠬᠢᠮᠤᠷᠠᠯ ᠤᠨ ᠴᠤᠴᠢᠯ ᠢ ᠬᠠᠶᠠᠭᠰᠠᠨ ᠶᠤᠮ᠃

ᠡᠷᠴᠢᠰ ᠮᠥᠷᠡᠨ ᠬᠠᠪᠢ ᠪᠡᠷ ᠪᠠᠶᠢᠭᠰᠠᠨ ᠳᠥᠷᠪᠡᠳ ᠪᠠᠶᠠᠭᠣᠳ ᠨᠠᠷ ᠳᠠᠶᠢᠨ ᠠᠴᠠ ᠡᠮᠦᠨ᠎ᠡ ᠵᠦᠩᠭᠠᠷ ᠤᠨ ᠬᠠᠭᠠᠨ ᠲᠠᠢ ᠵᠥᠷᠢᠴᠡᠯᠳᠦᠨ ᠵᠡᠭᠦᠨ ᠲᠡᠰᠢ ᠠᠯᠲᠠᠢ ᠶᠢ ᠳᠠᠪᠠᠵᠤ ᠠᠭᠤᠯᠠ ᠶᠢᠨ ᠢᠶᠠᠨ ᠨᠥᠭᠥᠭᠡ ᠲᠠᠯ᠎ᠠ ᠳᠤ ᠭᠠᠷᠤᠭᠰᠠᠨ ᠪᠣᠯᠪᠠᠴᠤ 1753 ᠤᠨ ᠳᠤ ᠮᠠᠨᠵᠣ ᠳᠤ ᠪᠠᠷᠢᠭᠳᠠᠵᠤ ᠠᠷᠭ᠎ᠠ ᠦᠭᠡᠢ ᠶᠢᠨ ᠡᠷᠬᠡᠨ ᠳᠦ ᠵᠠᠬᠢᠷᠭᠠᠨ ᠳᠤ ᠨᠢ ᠣᠷᠣᠵᠠᠢ᠃ ᠮᠠᠨᠵᠤ ᠨᠠᠷ ᠲᠡᠳᠡ ᠶᠢ ᠡᠬᠢᠯᠡᠭᠡᠳ ᠣᠳᠣ ᠶᠢᠨ ᠪᠠᠶᠠᠨᠬᠣᠩᠭᠣᠷ ᠠᠶᠢᠮᠠᠭ ᠳᠠᠷᠠᠭ᠎ᠠ ᠳᠤ ᠨᠢ ᠤᠪᠰᠤ ᠨᠠᠭᠤᠷ ᠣᠷᠴᠢᠮ ᠰᠠᠭᠤᠯᠭᠠᠵᠠᠢ᠃

1755 ᠤᠨ ᠳᠤ ᠮᠠᠨᠵᠣ ᠨᠤᠭᠤᠳ ᠭᠣᠣᠯ ᠬᠦᠴᠦ ᠶᠢ ᠨᠢ ᠠᠷᠤ᠂ ᠥᠪᠥᠷ ᠮᠣᠩᠭᠣᠯ ᠠᠴᠠ ᠲᠠᠲᠠᠭᠰᠠᠨ ᠮᠣᠷᠢᠲᠠᠨ ᠡᠷᠡᠰ ᠡᠴᠡ ᠪᠦᠷᠢᠳᠦᠭᠦᠯᠦᠭᠰᠡᠨ 50 ᠮᠢᠩᠭ᠎ᠠ ᠣᠷᠴᠢᠮ ᠴᠡᠷᠢᠭ ᠢ ᠵᠦᠩᠭᠠᠷ ᠤᠯᠤᠰ ᠣᠷᠣᠭᠣ ᠭᠤᠷᠪᠠᠨ ᠵᠠᠮ ᠢᠶᠠᠷ ᠣᠷᠣᠭᠤᠯᠤᠭᠰᠠᠨ ᠪᠠᠶᠢᠨ᠎ᠠ᠃ ᠮᠠᠨᠵᠤ ᠴᠡᠷᠢᠭ ᠦᠨ ᠶᠡᠷᠦᠩᠬᠡᠶᠢᠯᠡᠨ ᠵᠠᠬᠢᠷᠤᠭᠴᠢ ᠪᠠᠷ ᠪᠠᠨᠳᠢ ᠬᠡᠮᠡᠬᠦ ᠥᠪᠥᠷᠯᠡᠭᠴᠢ ᠵᠠᠩᠵᠤᠨ ᠶᠠᠪᠤᠭᠰᠠᠨ ᠪᠣᠯ ᠲᠤᠰᠯᠠᠬᠤ ᠵᠠᠩᠵᠤᠨ ᠢᠶᠠᠷ ᠰᠠᠷᠠᠯ ᠭᠡᠬᠦ ᠣᠶᠢᠷᠠᠳ ᠤᠨ ᠨᠣᠶᠠᠨ ᠲᠣᠮᠢᠯᠠᠭᠳᠠᠭᠰᠠᠨ ᠪᠠᠶᠢᠯ᠎ᠠ᠃ ᠶᠡᠬᠡ ᠴᠡᠷᠢᠭ ᠦᠨ ᠮᠠᠩᠯᠠᠢ ᠠᠩᠭᠢ ᠶᠢ ᠵᠦᠩᠭᠠᠷ ᠤᠨ ᠬᠣᠶᠢᠳᠤ ᠠᠶᠢᠮᠠᠭ ᠤᠨ ᠴᠡᠷᠢᠭ ᠪᠦᠷᠢᠳᠦᠭᠦᠯᠵᠦ᠂ ᠣᠶᠢᠷᠠᠳ ᠤᠨ ᠨᠥᠯᠥᠭᠡ ᠪᠦᠬᠦᠢ ᠨᠣᠶᠠᠨ ᠬᠣᠶᠢᠳᠤ ᠤᠨ ᠠᠮᠤᠷᠰᠠᠨᠠᠭ᠎ᠠ ᠪᠠᠨ ᠲᠡᠷᠢᠭᠦᠯᠡᠭᠰᠡᠨ ᠶᠤᠮ᠃ ᠡᠨᠡ ᠪᠣᠯ ᠮᠣᠩᠭᠣᠯᠴᠤᠳ ᠤᠨ ᠢᠯᠠᠭᠳᠠᠳᠠᠭ ᠴᠣᠷ ᠤᠨ ᠭᠠᠭᠴᠠ ᠰᠢᠯᠲᠠᠭᠠᠨ᠃ ᠥᠪᠡᠷ ᠢ ᠪᠡᠨ ᠥᠪᠡᠷᠰᠡᠳ ᠢᠶᠡᠨ᠃ ᠠᠮᠤᠷᠰᠠᠨᠠᠭ᠎ᠠ ᠪᠠᠨ ᠮᠠᠩᠯᠠᠶᠢᠯᠠᠵᠤ ᠶᠠᠪᠤᠭᠰᠠᠨ ᠤᠴᠢᠷ ᠠᠴᠠ ᠣᠶᠢᠷᠠᠳ ᠤᠨ ᠠᠷᠠᠳ ᠲᠦᠮᠡᠨ ᠡᠨᠡ ᠤᠳᠠᠭ᠎ᠠ ᠳᠤ ᠮᠠᠨᠵᠤ ᠶᠢ ᠲᠡᠭᠡᠲᠡᠯ᠎ᠡ ᠪᠡᠨ ᠤᠯᠠᠶᠢᠷᠠᠨ ᠡᠰᠡᠷᠭᠦᠴᠡᠭᠡ ᠦᠭᠡᠢ ᠪᠢᠯᠡ᠃ ᠰᠢᠢᠳᠪᠦᠷᠢᠯᠡᠬᠦ ᠲᠤᠯᠤᠯᠳᠤᠭᠠᠨ ᠭᠡᠳᠡᠩ ᠠᠭᠤᠯᠠᠨ ᠳᠤ ᠪᠣᠯᠵᠤ ᠳᠠᠪᠠᠭᠠᠴᠢ ᠬᠠᠭᠠᠨ ᠤ 8000 ᠣᠷᠴᠢᠮ ᠴᠡᠷᠢᠭ ᠦᠯᠡᠮᠵᠢ ᠳᠠᠪᠠᠭᠤ ᠬᠦᠴᠦᠨ ᠦ ᠡᠰᠡᠷᠬᠦ ᠬᠡᠳᠦᠢ ᠪᠡᠷ ᠪᠠᠭᠠᠲᠤᠷᠯᠠᠨ ᠲᠤᠯᠤᠭᠰᠠᠨ ᠪᠣᠯᠪᠠᠴᠤ ᠲᠡᠰᠴᠥ ᠴᠢᠳᠠᠭᠰᠠᠨ ᠦᠭᠡᠢ᠃ ᠳᠠᠪᠠᠭᠠᠴᠢ ᠬᠠᠭᠠᠨ ᠺᠠᠰᠭᠢᠷ ᠤᠨ ᠨᠤᠲᠤᠭ ᠠᠴᠠ ᠪᠠᠷᠢᠭᠳᠠᠵᠤ᠂ ᠪᠡᠭᠡᠵᠢᠩ ᠬᠣᠳᠠᠨ ᠳᠤ ᠬᠦᠷᠭᠡᠭᠳᠡᠭᠰᠡᠨ ᠪᠠᠶᠢᠨ᠎ᠠ᠃

1755 ᠤᠨ ᠳᠤ ᠪᠤᠶᠤ ᠮᠠᠨᠵᠣ ᠨᠤᠭᠤᠳ ᠣᠶᠢᠷᠠᠳ ᠢ ᠡᠵᠡᠯᠡᠩᠭᠦᠲᠡ ᠣᠶᠢᠷᠠᠳ  ᠴᠡᠷᠢᠭᠯᠡᠨ ᠪᠣᠰᠤᠭᠰᠠᠨ ᠶᠤᠮ᠃ ᠡᠨᠡ ᠪᠣᠰᠤᠯᠭ᠎ᠠ ᠵᠥᠪᠬᠡᠨ ᠣᠶᠢᠷᠠᠳ ᠲᠦᠮᠡᠨ ᠦ ᠲᠡᠮᠡᠴᠡᠯ ᠪᠠᠶᠢᠭᠰᠠᠨ ᠦᠭᠡᠢ᠃ ᠬᠣᠲᠣᠭᠣᠶᠢᠳ ᠤᠨ ᠴᠢᠩᠭᠦᠩᠵᠠᠪ ᠢᠶᠠᠷ ᠲᠣᠯᠣᠭᠠᠶᠢᠯᠠᠭᠤᠯᠤᠭᠰᠠᠨ ᠪᠣᠰᠤᠯᠭ᠎ᠠ ᠬᠠᠯᠬ᠎ᠠ ᠮᠣᠩᠭᠣᠯ ᠳᠤ ᠴᠤ ᠡᠬᠢᠯᠡᠪᠡ᠃ ᠮᠠᠨᠵᠤ ᠶᠢᠨ ᠡᠵᠡᠨ ᠬᠠᠭᠠᠨ ᠡᠨᠡ ᠲᠤᠬᠠᠢ ᠰᠣᠨᠣᠰᠤᠭᠠᠳ 《ᠵᠢᠷᠠᠨ ᠤ ᠳᠣᠩᠰᠣᠯᠭᠠᠭ᠎ᠠ ᠡᠬᠢᠯᠡᠯ᠎ᠡ᠃》ᠭᠡᠵᠦ ᠠᠶᠢᠳᠠᠰ ᠳᠦᠭᠦᠷᠡᠩ ᠳᠠᠭᠤ ᠠᠯᠳᠠᠭᠰᠠᠨ ᠭᠡᠳᠡᠭ᠃ ᠦᠨᠡᠨ ᠳᠦ ᠪᠡᠨ ᠮᠠᠨᠵᠤ ᠨᠤᠭᠤᠳ ᠤᠭ ᠲᠡᠮᠡᠴᠡᠯ ᠢ ᠬᠤᠪᠢᠶᠠᠨ ᠲᠠᠰᠤᠯᠵᠤ᠂ ᠮᠣᠩᠭᠣᠯ ᠢ ᠮᠣᠩᠭᠣᠯ ᠢᠶᠠᠷ ᠨᠢ ᠬᠢᠷᠭᠠᠭᠤᠯᠤᠭ᠎ᠠ ᠦᠭᠡᠢ ᠪᠣᠯ ᠳᠠᠷᠤᠵᠤ ᠳᠡᠶᠢᠯᠬᠦ ᠦᠭᠡᠢ ᠪᠠᠶᠢᠭᠰᠠᠨ ᠨᠢ ᠲᠡᠦᠬᠡ ᠶᠢᠨ ᠰᠤᠷᠪᠤᠯᠵᠢ ᠨᠤᠭᠤᠳ ᠢᠶᠠᠷ ᠨᠣᠲᠠᠯᠠᠭᠳᠠᠳᠠᠭ᠃ ᠮᠣᠩᠭᠣᠯ ᠨᠤᠲᠤᠭ ᠤᠨ ᠴᠠᠭ ᠠᠭᠤᠷ ᠤᠨ ᠨᠥᠬᠥᠴᠡᠯ᠂ ᠣᠶᠢᠷᠠᠳ ᠤᠨ ᠣᠷᠣᠰᠢᠨ ᠠᠬᠤᠢ ᠭᠠᠵᠠᠷ ᠤᠨ ᠪᠡᠷᠬᠡ ᠰᠠᠭᠠᠳ ᠪᠠᠷᠲᠠᠭᠠᠨ ᠳᠤ ᠵᠥᠪᠬᠡᠨ ᠮᠣᠩᠭᠣᠯ ᠬᠦᠮᠦᠨ᠂ ᠮᠣᠩᠭᠣᠯ ᠮᠣᠷᠢ ᠯᠠ ᠲᠡᠰᠦᠨ ᠭᠠᠷᠴᠤ᠂ ᠢᠯᠠᠵᠤ ᠳᠡᠶᠢᠯᠬᠦ ᠪᠣᠯᠤᠮᠵᠢ ᠲᠠᠢ ᠪᠠᠶᠢᠭᠰᠠᠨ ᠨᠢ ᠭᠠᠰᠢᠭᠤᠨ ᠴᠤ ᠭᠡᠯ᠎ᠡ ᠪᠣᠳᠠᠲᠤ ᠦᠨᠡᠨ᠃ ᠣᠶᠢᠷᠠᠳ ᠤᠨ ᠪᠣᠰᠤᠭᠴᠢᠳ ᠡᠬᠢᠨ ᠦ ᠲᠤᠯᠤᠭᠠᠨ ᠨᠤᠭᠤᠳ ᠲᠤ ᠮᠠᠨᠵᠤ ᠶᠢᠨ 36 ᠮᠢᠩᠭᠠᠨ ᠴᠡᠷᠢᠭ ᠢ ᠬᠡᠭᠦᠷ ᠪᠣᠯᠭᠠᠵᠠᠢ᠃ ᠮᠠᠨᠵᠣ ᠨᠤᠭᠤᠳ ᠶᠠᠭᠠᠷᠠᠯᠲᠠᠢ ᠴᠡᠷᠢᠭ ᠲᠠᠲᠠᠵᠤ᠂ ᠪᠢᠯᠲᠠᠲᠤ ᠪᠤᠤ᠂ ᠦᠬᠡᠷ ᠪᠤᠤ ᠪᠠᠷ ᠵᠡᠪᠰᠡᠭᠯᠡᠭᠰᠡᠨ ᠦᠯᠡᠮᠵᠢ ᠬᠦᠴᠦ ᠶᠢ ᠮᠥᠨ ᠯᠠ ᠭᠤᠷᠪᠠᠨ ᠵᠠᠮ ᠢᠶᠠᠷ ᠵᠦᠩᠭᠠᠷ ᠤᠨ ᠨᠤᠲᠤᠭ ᠷᠤ ᠴᠥᠮᠦᠷᠡᠭᠦᠯᠦᠭᠰᠡᠨ ᠪᠠᠶᠢᠨ᠎ᠠ᠃ ᠠᠮᠤᠷᠰᠠᠨᠠᠭ᠎ᠠ ᠂ ᠳᠣᠩᠳᠣᠭᠮᠠᠨᠵᠢ᠂ ᠨᠢᠮ᠎ᠠ᠂ ᠵᠠᠨᠠᠭᠠᠷᠠᠪᠠ ᠨᠠᠷ ᠤᠨ ᠪᠠᠭᠠᠲᠤᠷ ᠤᠳ ᠢᠶᠠᠷ ᠲᠣᠯᠣᠭᠠᠶᠢᠯᠠᠭᠤᠯᠤᠭᠰᠠᠨ ᠣᠶᠢᠷᠠᠳ ᠤᠨ ᠳᠠᠶᠢᠴᠢᠳ ᠲᠡᠷᠡᠬᠥ ᠶᠡᠬᠡ ᠴᠡᠷᠢᠭ ᠢ ᠨᠢ ᠳᠠᠬᠢᠨ ᠬᠢᠶᠠᠷ ᠴᠤᠬᠢᠪᠠ᠃ ᠬᠠᠷᠠᠮᠰᠠᠯᠲᠠᠢ ᠨᠢ ᠡᠨᠡᠬᠦ ᠢᠯᠠᠯᠲᠠ ᠶᠢᠨ ᠳᠠᠷᠠᠭ᠎ᠠ ᠣᠶᠢᠷᠠᠳ ᠤᠳ ᠬᠠᠭᠠᠨ ᠰᠢᠷᠡᠭᠡᠨ ᠦ ᠲᠥᠯᠥᠭᠡ ᠮᠠᠷᠭᠤᠭᠠᠨ ᠡᠭᠦᠰᠬᠡᠵᠦ᠂ ᠬᠣᠭᠣᠷᠣᠨᠳᠣ ᠪᠠᠨ ᠵᠡᠪᠰᠡᠭ ᠵᠥᠷᠢᠭᠦᠯᠦᠭᠰᠡᠨ ᠪᠠᠶᠢᠳᠠᠭ᠃ ᠭᠣᠣᠯᠯᠠᠬᠤ ᠬᠣᠶᠠᠷ ᠤᠳᠤᠷᠢᠳᠤᠭᠴᠢ ᠳᠣᠩᠳᠣᠭᠮᠠᠨᠵᠢ᠂ ᠠᠮᠤᠷᠰᠠᠨᠠᠭ᠎ᠠ ᠨᠠᠷ ᠵᠥᠷᠢᠴᠡᠯᠳᠦᠵᠦ᠂ ᠳᠣᠩᠳᠣᠭᠮᠠᠨᠵᠢ ᠨᠢ ᠠᠮᠤᠷᠰᠠᠨᠠᠭ᠎ᠠ ᠪᠠᠨ ᠳᠣᠪᠲᠣᠯᠤᠨ ᠬᠠᠰᠠᠭ ᠣᠷᠣᠭᠣ ᠳᠤᠲᠠᠭᠠᠯᠭᠠᠵᠠᠢ᠃ ᠡᠨᠡᠬᠦ ᠦᠢᠯᠡ ᠶᠠᠪᠤᠳᠠᠯ ᠮᠠᠨᠵᠣ ᠨᠤᠭᠤᠳ ᠲᠤ ᠠᠰᠢᠭᠲᠠᠢ ᠪᠠᠶᠢᠪᠠ᠃ ᠭᠤᠷᠪᠠᠳᠠᠬᠢ ᠳᠣᠪᠲᠣᠯᠭ᠎ᠠ ᠴᠡᠷᠢᠭ᠂ ᠲᠧᠭᠨᠣᠯᠣᠭᠢ ᠶᠢᠨ ᠬᠤᠪᠢ ᠳᠤ ᠲᠤᠬᠠᠢ ᠶᠢᠨ ᠦᠶ᠎ᠡ ᠳ᠋ᠡᠭᠡᠨ ᠰᠣᠩᠭᠣᠮᠠᠯ᠂ ᠪᠠᠰᠠ ᠬᠦᠴᠦᠨ ᠦ ᠬᠤᠪᠢ ᠳᠤ ᠳᠡᠩᠳᠡᠭᠦᠦ ᠬᠣᠯᠠ ᠵᠥᠷᠢᠶ᠎ᠡ ᠲᠡᠢ ᠪᠠᠶᠢᠯ᠎ᠠ᠃ ᠡᠨᠡ ᠤᠳᠠᠭ᠎ᠠ ᠳᠤ ᠮᠠᠨᠵᠤ ᠶᠢᠨ ᠡᠵᠡᠨ ᠬᠠᠭᠠᠨ ᠣᠶᠢᠷᠠᠳ ᠤᠳ ᠢ ᠳᠠᠷᠤᠨ ᠳᠠᠭᠠᠭᠤᠯᠬᠤ ᠪᠤᠰᠤ ᠦᠭᠡᠶᠢᠷᠡᠲᠡᠯ᠎ᠡ ᠬᠢᠳᠤᠬᠤ ᠶᠢ ᠰᠢᠭᠤᠳ ᠵᠠᠷᠯᠢᠭᠯᠠᠵᠤ᠂ ᠠᠯᠠᠭᠰᠠᠨ ᠣᠶᠢᠷᠠᠳ ᠬᠦᠮᠦᠨ ᠦ ᠲᠣᠭ᠎ᠠ ᠪᠠᠷ ᠮᠥᠩᠭᠥᠨ ᠱᠠᠩᠨᠠᠯ ᠠᠮᠠᠯᠠᠭᠰᠠᠨ ᠪᠠᠶᠢᠨ᠎ᠠ᠃ ᠵᠦᠩᠭᠠᠷ ᠤᠨ ᠥᠷᠭᠡᠨ ᠠᠭᠤᠳᠠᠮ ᠨᠤᠲᠤᠭ ᠳᠠᠶᠠᠭᠠᠷ ᠡᠮᠬᠢ ᠵᠠᠮᠪᠠᠷᠠᠭ᠎ᠠ ᠦᠭᠡᠢ ᠴᠢᠰᠤᠲᠤ ᠬᠢᠳᠤᠯᠭ᠎ᠠ ᠡᠶᠢᠨᠬᠦᠦ ᠡᠬᠢᠯᠡᠵᠡᠢ᠃ ᠡᠮᠡᠭᠲᠡᠶᠢᠴᠦᠳ᠂ ᠬᠡᠦᠬᠡᠳ ᠦᠭᠡᠢ ᠬᠢᠲᠤᠭ᠎ᠠ ᠬᠠᠨᠴᠤᠶᠢᠯᠠᠨ 《ᠳᠡᠷ᠎ᠡ ᠠᠪᠴᠤ ᠦᠬᠦᠨ᠎ᠡ》 ᠬᠡᠮᠡᠨ ᠡᠴᠦᠰ ᠦᠨ ᠲᠡᠮᠡᠴᠡᠯ ᠳᠦ ᠪᠣᠰᠤᠨ ᠮᠠᠨᠵᠤ ᠶᠢᠨ ᠴᠡᠷᠢᠭ ᠲᠦ ᠨᠡᠯᠢᠶᠡᠳ ᠦᠭᠡᠢ ᠬᠣᠬᠢᠷᠠᠯ ᠤᠴᠠᠷᠠᠭᠤᠯᠵᠠᠢ᠃ ᠡᠭᠦᠨ ᠦ ᠳᠠᠷᠠᠭ᠎ᠠ ᠮᠠᠨᠵᠤ ᠶᠢᠨ ᠵᠠᠩᠵᠤᠳ ᠬᠡᠦᠬᠡᠳ᠂ ᠡᠮᠡᠭᠲᠡᠶᠢᠴᠦᠳ ᠢ ᠴᠤ ᠬᠠᠶᠢᠷᠠᠯᠠᠬᠤ ᠦᠭᠡᠢ ᠠᠯᠠᠬᠤ ᠶᠢ ᠲᠤᠰᠢᠶᠠᠭᠰᠠᠨ ᠪᠠᠶᠢᠨ᠎ᠠ᠃ 2 ᠵᠢᠯ ᠦᠨ ᠬᠤᠭᠤᠴᠠᠭᠠᠨ ᠳᠤ ᠵᠦᠩᠭᠠᠷ ᠤᠨ 600 ᠭᠠᠷᠤᠢ ᠮᠢᠩᠭᠠᠨ ᠬᠦᠮᠦᠨ ᠠᠮᠠ ᠠᠴᠠ ᠳᠥᠩᠭᠡᠵᠢ 100 ᠮᠢᠩᠭ᠎ᠠ ᠣᠷᠴᠢᠮ ᠬᠦᠮᠦᠨ ᠯᠠ ᠳᠦᠷᠪᠡᠵᠦ ᠨᠢᠭᠤᠭᠳᠠᠵᠤ᠂ ᠳᠠᠭᠠᠷ᠎ᠠ ᠣᠷᠣᠵᠤ ᠠᠮᠢ ᠭᠠᠷᠴᠠᠢ᠃ ᠠᠮᠢ ᠦᠷᠡᠭᠳᠡᠭᠰᠡᠳ ᠦᠨ ᠦᠯᠡᠮᠵᠢ ᠬᠡᠰᠡᠭ ᠨᠢ ᠡᠮᠡᠭᠲᠡᠶᠢᠴᠦᠳ᠂ ᠪᠠᠯᠴᠢᠷ ᠬᠡᠦᠬᠡᠳ ᠦᠳ ᠪᠠᠶᠢᠭᠰᠠᠨ ᠶᠤᠮ᠃ ᠬᠢᠳᠤᠯᠭ᠎ᠠ ᠶᠢᠨ ᠳᠠᠷᠠᠭ᠎ᠠ ᠵᠦᠩᠭᠠᠷ ᠤᠨ ᠨᠤᠲᠤᠭ ᠢᠶᠠᠷ ᠵᠣᠷᠴᠢᠭᠰᠠᠨ ᠮᠠᠨᠵᠤ ᠠᠮᠪᠠᠨ 《20 ᠬᠣᠨᠣᠭ ᠶᠠᠪᠤᠬᠤ ᠳᠤ ᠪᠣᠰᠤᠭ᠎ᠠ ᠬᠦᠮᠦᠨ ᠮᠠᠯ ᠤᠨ ᠪᠠᠷ᠎ᠠ ᠡᠰᠡ ᠬᠠᠷᠠᠭᠳᠠᠪᠠ》 ᠭᠡᠵᠦ ᠠᠶᠢᠯᠠᠳᠬᠠᠯ ᠳᠤ ᠪᠠᠨ ᠳᠤᠷᠠᠳᠣᠭᠰᠠᠨ ᠨᠢ ᠪᠠᠷᠢᠮᠲᠠ ᠪᠣᠯᠵᠤ ᠦᠯᠡᠳᠡᠵᠡᠢ᠃

ᠬᠠᠯᠬ᠎ᠠ ᠶᠢᠨ ᠴᠡᠷᠢᠭ ᠡᠬᠢᠨ ᠦᠶ᠎ᠡ ᠶᠢᠨ ᠲᠤᠯᠤᠭᠠᠨ ᠳᠤ ᠣᠷᠣᠯᠴᠠᠭᠰᠠᠨ ᠴᠤ ᠬᠠᠯᠬ᠎ᠠ᠂ ᠥᠪᠥᠷ ᠮᠣᠩᠭᠣᠯ ᠳᠤ ᠮᠠᠨᠵᠤ ᠶᠢᠨ ᠡᠰᠡᠷᠬᠦ ᠪᠣᠰᠤᠯᠭ᠎ᠠ ᠦᠢᠮᠡᠭᠡᠨ ᠡᠬᠢᠯᠡᠭᠰᠡᠨ ᠲᠤᠯᠠ ᠮᠠᠨᠵᠤ ᠶᠢᠨ ᠬᠠᠭᠠᠨ ᠤ ᠲᠤᠰᠢᠶᠠᠯ ᠢᠶᠠᠷ ᠨᠤᠲᠤᠭ ᠪᠤᠴᠠᠭᠰᠠᠨ ᠢ ᠠᠮᠧᠷᠢᠺᠠ ᠶᠢᠨ ᠰᠤᠳᠤᠯᠤᠭᠠᠴᠢ ᠪᠧᠨ᠋ᠵᠠᠮᠢᠨ ᠯᠸᠢ ᠰᠤᠳᠤᠯᠭᠠᠨ ᠳᠤ ᠪᠠᠨ ᠳᠤᠷᠠᠳᠣᠵᠠᠢ᠃[3]

ᠮᠠᠨᠵᠤ ᠶᠢᠨ ᠲᠩᠷᠢ ᠶᠢ ᠲᠡᠳᠬᠦᠭᠴᠢ ᠬᠠᠭᠠᠨ ᠤ 18 ᠤᠨ ᠪᠤᠶᠤ 1755-1758 ᠤᠨ ᠳᠤ ᠵᠦᠩᠭᠠᠷ ᠤᠨ ᠬᠠᠭᠠᠨᠲᠤ ᠤᠯᠤᠰ ᠢ ᠮᠥᠬᠥᠭᠡᠨ ᠳᠠᠷᠤᠵᠤ ᠡᠵᠡᠯᠡᠨ ᠠᠪᠤᠭᠰᠠᠨ ᠭᠠᠵᠠᠷ ᠨᠤᠲᠤᠭ ᠢᠶᠠᠨ "ᠰᠢᠨ᠎ᠡ ᠬᠢᠵᠠᠭᠠᠷ" ᠭᠡᠵᠦ ᠨᠡᠷᠡᠯᠡᠵᠡᠢ᠃ ᠡᠨᠡ ᠲᠤᠬᠠᠢ «ᠶᠠᠮᠠᠷ ᠴᠤ ᠬᠦᠮᠦᠨ ᠦ ᠮᠦᠷ ᠦᠭᠡᠢ ᠮᠢᠩᠭ᠎ᠠ ᠮᠢᠩᠭᠠᠨ ᠪᠡᠷ᠎ᠡ ᠶᠢᠨ ᠬᠤᠯᠠ ᠲᠠᠯ᠎ᠠ ᠨᠤᠲᠤᠭ» ᠬᠡᠮᠡᠨ ᠪᠢᠴᠢᠭᠳᠡᠵᠦ ᠬᠣᠵᠢᠮ ᠳᠠᠭᠠᠷ᠎ᠠ ᠣᠷᠣᠭᠰᠠᠨ ᠤᠶᠢᠭᠤᠷ᠂ ᠬᠠᠰᠠᠭ᠂ ᠺᠢᠷᠭᠢᠽᠢ ᠨᠦᠭᠦᠳ ᠲᠦ ᠭᠠᠵᠠᠷ ᠢ ᠨᠢ ᠥᠭᠴᠡᠢ᠃ ᠠᠮᠢᠳᠤ ᠦᠯᠡᠳᠡᠭᠰᠡᠨ ᠴᠥᠭᠡᠨ ᠣᠶᠢᠷᠠᠳ ᠤᠳ ᠤᠨ ᠵᠠᠷᠢᠮ ᠨᠢ ᠢᠵᠢᠯ ᠮᠥᠷᠡᠨ ᠳ᠋ᠡᠬᠢ ᠬᠠᠯᠢᠮᠠᠭ ᠤᠳ ᠲᠤ ᠵᠢᠭᠤᠳᠠᠨ ᠣᠴᠢᠵᠤ ᠪᠤᠰᠤᠳ ᠨᠢ ᠮᠠᠨᠵᠤ ᠶᠢᠨ ᠵᠠᠬᠢᠷᠭᠠᠨ ᠳᠤ ᠣᠷᠣᠵᠠᠢ᠃

ᠬᠢᠳᠤᠯᠭ᠎ᠠ ᠳᠤ ᠮᠠᠨᠵᠤ ᠶᠢᠨ ᠡᠰᠡᠷᠬᠦ ᠰᠢᠷᠭᠠᠭᠤ ᠪᠠᠶᠢᠯᠳᠤᠭᠰᠠᠨ ᠬᠣᠶᠢᠳᠤᠥᠭᠡᠯᠡᠳᠵᠠᠬᠠᠴᠢᠨᠴᠣᠷᠣᠰ ᠳᠥᠷᠪᠡᠳᠪᠠᠶᠠᠳ ᠵᠡᠷᠭᠡ ᠠᠶᠢᠮᠠᠭ ᠤᠳ ᠶᠡᠬᠡᠬᠡᠨ ᠥᠷᠲᠦᠭᠰᠡᠨ ᠪᠠᠶᠢᠨ᠎ᠠ᠃ ᠪᠣᠰᠤᠯᠭ᠎ᠠ ᠶᠢ ᠳᠥᠷᠪᠡᠳ ᠦᠨ ᠭᠤᠷᠪᠠᠨ ᠰᠡᠷᠡᠩ ᠡᠴᠡ ᠪᠤᠰᠤᠳ ᠣᠶᠢᠷᠠᠳ ᠤᠨ ᠪᠦᠬᠦ ᠤᠳᠤᠷᠢᠳᠤᠭᠴᠢ ᠳᠡᠮᠵᠢᠨ ᠣᠷᠣᠯᠴᠠᠵᠠᠢ᠃ ᠮᠠᠨᠵᠤ ᠨᠠᠷ ᠵᠠᠬᠠᠴᠢᠨ ᠤ ᠨᠣᠶᠠᠨ ᠮᠠᠮᠤ ᠨᠤᠭᠤᠳ ᠢ ᠪᠠᠷᠢᠪᠴᠢᠯᠠᠨ ᠲᠩᠷᠢ ᠠᠭᠤᠯᠠ ᠶᠢᠨ ᠠᠷᠤ ᠪᠠᠷ ᠪᠠᠶᠢᠭᠰᠠᠨ ᠵᠠᠬᠠᠴᠢᠨᠤᠭ ᠤᠳ ᠢ ᠬᠣᠶᠢᠰᠢ ᠠᠯᠲᠠᠢ ᠳᠠᠪᠠᠲᠠᠯ᠎ᠠ ᠨᠡᠭᠦᠯᠭᠡᠨ ᠵᠠᠬᠢᠷᠭᠠᠨ ᠳᠤ ᠣᠷᠣᠭᠤᠯᠤᠭᠰᠠᠨ ᠴᠤ ᠠᠮᠤᠷᠰᠠᠨᠠᠭ᠎ᠠ ᠶᠢᠨ ᠪᠣᠰᠤᠯᠭ᠎ᠠ ᠶᠢᠨ ᠦᠶ᠎ᠡ ᠳᠦ ᠶᠡᠬᠡᠩᠬᠢ ᠨᠢ ᠲᠡᠭᠦᠨ ᠦ ᠲᠠᠯ᠎ᠠ ᠳᠤ ᠣᠷᠣᠨ ᠲᠤᠯᠤᠯᠳᠤᠭᠰᠠᠨ ᠪᠠ ᠠᠮᠤᠷᠰᠠᠨᠠᠭ᠎ᠠ ᠮᠠᠮᠤ ᠨᠤᠭᠤᠳ ᠢ ᠴᠠᠭᠠᠵᠠᠯᠠᠭᠰᠠᠨ ᠪᠠᠶᠢᠨ᠎ᠠ᠃ ᠮᠠᠨᠵᠤ ᠨᠠᠷ ᠵᠠᠬᠠᠴᠢᠨᠤᠭ ᠤᠳ ᠤᠨ ᠨᠡᠯᠢᠶᠡᠳ ᠬᠡᠰᠡᠭ ᠢ ᠬᠢᠲᠤᠵᠤ ᠮᠥᠨ ᠵᠦᠩᠭᠠᠷ ᠤᠨ ᠵᠠᠷᠢᠮ ᠡᠮᠡᠭᠲᠡᠢ᠂ ᠬᠡᠦᠬᠡᠳ ᠦᠳ ᠢ ᠨᠢ ᠮᠠᠨᠵᠤ ᠶᠢᠨ ᠤᠷᠢᠳᠤ ᠮᠤᠵᠢ᠂ ᠬᠢᠲᠠᠳ ᠤᠨ ᠭᠦᠨ ᠬᠦᠷᠲᠡᠯ᠎ᠡ ᠴᠥᠯᠡᠨ ᠮᠠᠨᠵᠤ ᠴᠡᠷᠢᠭ ᠦᠨ ᠪᠣᠭᠣᠯ ᠪᠣᠯᠭᠠᠵᠠᠢ᠃ ᠮᠥᠨ ᠵᠠᠷᠢᠮ ᠵᠠᠬᠠᠴᠢᠨᠤᠭ ᠤᠳ ᠢ ᠥᠪᠥᠷ ᠮᠣᠩᠭᠣᠯ ᠤᠨ ᠬᠥᠯᠦᠨ ᠪᠤᠶᠢᠷ ᠵᠡᠷᠭᠡ ᠵᠡᠭᠦᠨ ᠨᠤᠲᠤᠭ ᠢᠶᠠᠷ ᠴᠥᠯᠡᠭᠰᠡᠨ ᠪᠠᠶᠢᠨ᠎ᠠ᠃ ᠲᠣᠷᠭᠤᠳᠬᠣᠱᠤᠳ ᠨᠠᠷ ᠤᠨ ᠭᠠᠳᠠᠭᠰᠢ ᠨᠡᠭᠦᠯ ᠦᠭᠡᠢ ᠵᠦᠩᠭᠠᠷ ᠤᠨ ᠵᠠᠬᠢᠷᠭᠠᠨ ᠳᠤ ᠦᠯᠡᠳᠡᠭᠰᠡᠨ ᠬᠡᠰᠡᠭ ᠨᠢ ᠮᠥᠨ ᠯᠠ ᠬᠢᠳᠤᠯᠭ᠎ᠠ ᠳᠤ ᠥᠷᠲᠦᠭᠰᠡᠨ ᠪᠣᠯᠤᠯᠲᠠᠢ᠃ ᠵᠦᠩᠭᠠᠷ ᠤᠨ ᠬᠦᠴᠦᠷᠬᠡᠭ ᠤᠯᠤᠰ ᠤᠨ ᠭᠣᠣᠯ ᠴᠥᠮᠡ ᠶᠢ ᠪᠦᠷᠢᠳᠦᠭᠦᠯᠵᠦ ᠪᠠᠶᠢᠭᠰᠠᠨ ᠬᠣᠶᠢᠳᠤ᠂ ᠥᠭᠡᠯᠡᠳ᠂ ᠴᠣᠷᠣᠰ ᠤᠨ ᠲᠣᠮᠣᠬᠠᠨ ᠠᠶᠢᠮᠠᠭ ᠤᠳ ᠦᠨᠳᠦᠰᠦᠨ ᠳᠦ ᠪᠡᠨ ᠲᠡᠷᠡ ᠴᠢᠭ ᠲᠦ ᠪᠡᠨ ᠰᠦᠢᠷᠡᠵᠡᠢ᠃ ᠣᠳᠣ ᠴᠥᠭᠡᠨ ᠲᠣᠭᠠᠨ ᠤ ᠥᠭᠡᠯᠡᠳ ᠶᠠᠰᠤᠲᠠᠨ ᠮᠣᠩᠭᠣᠯ᠂ ᠬᠢᠲᠠᠳ ᠲᠤ ᠪᠠᠶᠢᠭ᠎ᠠ ᠪᠥᠭᠡᠳ ᠶᠠᠰᠤᠲᠠᠨ᠂ ᠠᠶᠢᠮᠠᠭ ᠤᠨ ᠬᠡᠮᠵᠢᠶ᠎ᠡ ᠲᠡᠢ ᠤᠭᠰᠠᠭᠠᠲᠠᠨ ᠤ ᠪᠦᠯᠦᠭ ᠪᠠᠶᠢᠭᠰᠠᠨ ᠬᠣᠶᠢᠳᠤ᠂ ᠴᠣᠷᠣᠰ ᠨᠠᠷ ᠶᠡᠬᠡᠩᠬᠢ ᠨᠢ ᠬᠢᠳᠤᠭᠳᠠᠵᠤ ᠣᠳᠣ ᠡᠨᠳᠡ ᠲᠠᠷᠠᠭᠰᠠᠨ ᠴᠥᠭᠡᠨ ᠲᠣᠭᠠᠨ ᠤ ᠣᠪᠤᠭ ᠲᠡᠳᠦᠢ ᠪᠣᠯᠤᠭᠰᠠᠨ ᠪᠠᠶᠢᠨ᠎ᠠ᠃ ᠮᠥᠨ ᠴᠢᠩᠭᠦᠩᠵᠠᠪ ᠢ ᠳᠡᠮᠵᠢᠭᠰᠡᠨ ᠬᠣᠲᠣᠭᠣᠶᠢᠳ ᠦᠳ ᠢ 5, 10 ᠠᠶᠢᠯ ᠪᠣᠯᠭᠠᠨ ᠬᠡᠰᠡᠭᠴᠢᠯᠡᠨ ᠬᠤᠪᠢᠶᠠᠵᠤ ᠬᠠᠯᠬ᠎ᠠ᠂ ᠥᠪᠥᠷ ᠮᠣᠩᠭᠣᠯ ᠳᠠᠶᠠᠭᠠᠷ ᠲᠠᠷᠬᠠᠭᠠᠨ ᠴᠥᠯᠡᠵᠦ ᠬᠦᠴᠦ ᠶᠢ ᠨᠢ ᠰᠠᠷᠨᠢᠭᠤᠯᠵᠠᠢ᠃ ᠣᠳᠣ ᠬᠣᠲᠣᠭᠣᠶᠢᠳ ᠤᠳ ᠵᠠᠪᠬᠠᠨᠬᠥᠪᠰᠥᠭᠥᠯ ᠠᠶᠢᠮᠠᠭ ᠳᠤ ᠲᠥᠪᠯᠡᠷᠡᠨ ᠰᠠᠭᠤᠷᠢᠰᠢᠵᠤ ᠪᠠᠶᠢᠨ᠎ᠠ᠃

ᠣᠶᠢᠷᠠᠳ ᠤᠳ ᠤᠨ ᠨᠤᠲᠤᠭᠯᠠᠵᠤ ᠪᠠᠶᠢᠭᠰᠠᠨ ᠬᠠᠰᠠᠭᠰᠲ᠋ᠠᠨ ᠤ ᠵᠡᠭᠦᠨ ᠬᠡᠰᠡᠭ᠂ ᠺᠢᠷᠭᠢᠽᠰᠲᠠᠨ ᠳᠤ ᠮᠣᠩᠭᠣᠯ ᠨᠡᠷ᠎ᠡ ᠲᠡᠢ ᠭᠠᠵᠠᠷ ᠤᠰᠤᠨ ᠤ ᠨᠡᠷ᠎ᠡ ᠨᠡᠯᠢᠶᠡᠳ ᠦᠭᠡᠢ ᠦᠯᠡᠳᠡᠭᠰᠡᠨ ᠪᠥᠭᠡᠳ ᠡᠷᠳᠡᠮᠲᠡᠳ ᠲᠡᠨᠳᠡ ᠡᠴᠡ ᠮᠣᠩᠭᠣᠯ ᠭᠠᠵᠠᠷ ᠤᠰᠤᠨ ᠤ ᠨᠡᠷ᠎ᠡ ᠨᠡᠮᠡᠵᠦ ᠣᠯᠤᠭᠰᠠᠭᠠᠷ ᠪᠠᠶᠢᠨ᠎ᠠ᠃[4] ᠺᠢᠷᠭᠢᠽᠰᠲ᠋ᠠᠨ ᠦ ᠵᠡᠭᠦᠨ ᠬᠡᠰᠡᠭ ᠲᠦ ᠳᠵᠢᠷᠭᠠᠯᠠᠨ ᠪᠤᠶᠤ "ᠵᠢᠷᠭᠠᠯᠠᠩ", ᠳᠡᠶᠷᠪᠧᠯ ᠳᠦᠵᠢᠨ ᠪᠤᠶᠤ "ᠳᠥᠷᠪᠡᠯᠵᠢᠨ", ᠠᠯᠲᠠᠢ ᠶᠢᠨ ᠪᠦᠭᠦᠳᠡ ᠨᠠᠶᠢᠷᠠᠮᠳᠠᠬᠤ ᠤᠯᠤᠰ ᠍ ᠦᠨ ᠡᠮᠦᠨᠡᠲᠦ ᠬᠡᠰᠡᠭ ᠢᠶᠡᠷ ᠬᠢᠨᠳᠠᠭᠠᠲᠤᠢ ᠪᠤᠶᠤ "ᠴᠢᠨᠳᠠᠭ᠎ᠠ ᠲᠠᠢ", ᠤᠰᠠᠳᠢ-ᠤᠯᠭᠠᠨ ᠪᠤᠶᠤ "ᠤᠯᠠᠭᠠᠨ", ᠣᠩᠭᠤᠲᠠᠢ ᠭᠡᠰᠡᠨ ᠬᠣᠲᠠ ᠨᠤᠭᠤᠳ ᠪᠤᠢ᠃ ᠮᠥᠨ ᠬᠠᠯᠢᠮᠠᠭ ᠤᠳ ᠤᠨ ᠪᠠᠶᠢᠭᠰᠠᠨ ᠬᠠᠰᠠᠭᠰᠲ᠋ᠠᠨ ᠤ ᠪᠠᠷᠠᠭᠤᠨ ᠬᠣᠶᠢᠳᠤ ᠬᠡᠰᠡᠭ ᠲᠦ ᠴᠠᠭᠠᠨ ᠨᠠᠭᠤᠷ ᠭᠡᠬᠦ ᠮᠡᠲᠦ ᠮᠣᠩᠭᠣᠯ ᠨᠡᠷ᠎ᠡ ᠲᠡᠢ ᠭᠠᠵᠠᠷ ᠤᠳ ᠪᠤᠢ᠃

1718 ᠤᠨ ᠳᠤ ᠣᠷᠣᠰ ᠤᠳ ᠵᠦᠩᠭᠠᠷ ᠤᠨ ᠴᠣᠷᠵᠢ ᠶᠢᠨ ᠬᠡᠶᠢᠳ ᠡᠴᠡ ᠬᠣᠯᠠ ᠦᠭᠡᠢ ᠤᠷᠤᠰᠢᠬᠤ ᠪᠤᠳ᠋ᠳ᠋ᠾᠠ ᠶᠢᠨ 7 ᠰᠦᠮ᠎ᠡ ᠲᠡᠢ ᠭᠠᠵᠠᠷ ᠢ ᠡᠵᠡᠯᠡᠵᠦ ᠰᠧᠮᠢᠫᠠᠯᠠᠲ᠋ᠢᠨᠰᠺ ᠭᠡᠰᠡᠨ ᠪᠡᠬᠢᠯᠡᠯᠲᠡ ᠪᠠᠶᠢᠭᠤᠯᠤᠭᠰᠠᠨ ᠨᠢ ᠬᠣᠵᠢᠮ ᠨᠢ ᠬᠣᠲᠠ ᠪᠣᠯᠤᠨ ᠥᠷᠭᠡᠵᠢᠵᠡᠢ᠃ ᠣᠷᠣᠰ ᠤᠳ ᠣᠶᠢᠷᠠᠳ ᠤᠨ ᠡᠳᠡᠭᠡᠷ ᠰᠦᠮ᠎ᠡ ᠶᠢᠨ ᠲᠠᠯ᠎ᠠ ᠪᠠᠷ ᠪᠦᠷ 1616 ᠤᠨ ᠳᠤ ᠮᠡᠳᠡᠵᠦ ᠪᠠᠶᠢᠪᠠ᠃ 1660—1670 ᠤᠨ ᠳᠤ ᠡᠨᠳᠡ ᠵᠦᠩᠭᠠᠷ ᠬᠠᠰᠠᠭ ᠤᠨ ᠲᠣᠮᠣᠬᠠᠨ ᠲᠤᠯᠤᠯᠳᠤᠭᠠᠨ ᠪᠣᠯᠤᠭᠰᠠᠨ ᠤᠴᠢᠷ 1734 ᠤᠨ ᠳᠤ ᠭᠧᠷᠬᠤᠷᠳᠠ ᠹᠷᠢᠳᠢᠷᠢᠬᠤ ᠮᠢᠯᠯᠧᠷ ᠢ ᠢᠷᠡᠬᠦ ᠳᠦ ᠰᠦᠮ᠎ᠡ ᠨᠦᠭᠦᠳ ᠨᠡᠯᠢᠶᠡᠳ ᠦᠭᠡᠢ ᠰᠦᠢᠷᠡᠭᠰᠡᠨ ᠪᠠᠶᠢᠳᠠᠯ ᠲᠠᠢ ᠪᠠᠶᠢᠪᠠ᠃ ᠠᠷᠪᠠᠨ ᠨᠠᠢᠮᠠᠳᠣᠭᠠᠷ ᠵᠠᠭᠤᠨ ᠤ ᠰᠡᠭᠦᠯ ᠳᠦ ᠨᠡᠷᠡᠲᠦ ᠰᠤᠳᠤᠯᠤᠭᠠᠴᠢ ᠫᠧᠲ᠋ᠧᠷ ᠫᠠᠯᠯᠠᠰ ᠰᠦᠮ᠎ᠡ ᠨᠦᠭᠦᠳ ᠦᠨ ᠵᠢᠷᠤᠭ ᠵᠢᠷᠤᠭᠰᠠᠨ ᠪᠠᠶᠢᠨ᠎ᠠ᠃ ᠰᠧᠮᠢᠫᠠᠯᠠᠲ᠋ᠢᠨᠰᠺ ᠢ 2007 ᠤᠨ ᠳᠤ ᠰᠧᠮᠧᠢ ᠨᠡᠷ᠎ᠡ ᠲᠡᠢ ᠪᠣᠯᠭᠠᠨ ᠥᠭᠡᠷᠡᠴᠢᠯᠡᠭᠰᠡᠨ ᠪᠥᠭᠡᠳ ᠡᠨᠡ ᠨᠢ ᠣᠶᠢᠷᠠᠳ ᠤᠨ ᠲᠡᠦᠬᠡ ᠶᠢ ᠪᠦᠳᠡᠭᠢᠷᠡᠭᠦᠯᠬᠦ ᠵᠣᠷᠢᠯᠭ᠎ᠠ ᠲᠠᠢ ᠬᠢᠭᠳᠡᠭᠰᠡᠨ ᠭᠡᠳᠡᠭ᠃ ᠬᠣᠲᠠ ᠶᠢᠨ ᠢᠷᠭᠡᠳ ᠦᠨ ᠳᠤᠮᠳᠠ ᠰᠢᠨ᠎ᠡ ᠨᠡᠷ᠎ᠡ ᠲᠡᠶᠢᠮᠦ ᠴᠤ ᠣᠨᠣᠪᠴᠢᠲᠠᠢ ᠨᠡᠷ᠎ᠡ ᠪᠢᠰᠢ ᠭᠡᠵᠦ ᠦᠵᠡᠬᠦ ᠬᠠᠨᠳᠤᠯᠭ᠎ᠠ ᠪᠠᠶᠢᠳᠠᠭ᠃ ᠮᠥᠨ ᠠᠯᠮᠠ-ᠠᠲ᠋ᠠ ᠬᠣᠲᠠ ᠶᠢ ᠠᠯᠮᠠᠲᠤ ᠪᠣᠯᠭᠠᠨ ᠥᠭᠡᠷᠡᠴᠢᠯᠡᠭᠰᠡᠨ ᠪᠠ ᠰᠧᠮᠧᠢ᠂ ᠠᠯᠮᠠᠲᠤ ᠨᠢ ᠬᠠᠰᠠᠭ ᠬᠡᠯᠡᠨ ᠳᠦ ᠴᠤ ᠶᠠᠮᠠᠷ ᠴᠤ ᠤᠳᠬ᠎ᠠ ᠢᠯᠡᠷᠬᠡᠶᠢᠯᠡᠳᠡᠭ ᠦᠭᠡᠢ ᠵᠣᠬᠢᠶᠠᠮᠠᠯ ᠦᠭᠡ ᠶᠤᠮ᠃

ᠣ᠃ᠲ᠃ ᠮᠣᠯᠴ ᠪᠠᠨᠨᠣᠸᠠ ᠠᠯᠲᠠᠢ ᠶᠢᠨ ᠪᠦᠭᠦᠳᠡ ᠨᠠᠶᠢᠷᠠᠮᠳᠠᠬᠤ ᠤᠯᠤᠰ ᠍ ᠤᠨ 5400 ᠭᠠᠵᠠᠷ ᠵᠦᠢ ᠶᠢᠨ ᠨᠡᠷ᠎ᠡ ᠶᠢ ᠰᠤᠳᠤᠯᠠᠭᠠᠳ 423 ᠨᠢ ᠮᠣᠩᠭᠣᠯ ᠭᠠᠷᠤᠯ ᠲᠠᠢ ᠶᠢ ᠲᠣᠭᠲᠠᠭᠠᠴᠠᠢ᠃ ᠡᠷᠴᠢᠰ ᠮᠥᠷᠡᠨ ᠳᠦ ᠴᠢᠳᠬᠤᠳᠠᠭ ᠪᠦᠬᠦᠳᠡᠷᠮᠡ ᠭᠣᠣᠯ ᠤᠨ ᠵᠡᠭᠦᠨ ᠡᠷᠭᠢ ᠡᠴᠡ ᠤᠷᠤᠭᠰᠢᠯᠠᠬᠤ ᠲᠤᠰᠤᠮ ᠮᠣᠩᠭᠣᠯ ᠨᠡᠷ᠎ᠡ ᠣᠯᠠᠰᠢᠷᠠᠵᠤ ᠪᠠᠶᠢᠭ᠎ᠠ ᠪᠣᠯ ᠪᠠᠷᠠᠭᠤᠨ ᠡᠷᠭᠢ ᠡᠴᠡ ᠨᠢ ᠬᠤᠶᠢᠰᠢᠯᠠᠬᠤ ᠲᠤᠰᠤᠮ ᠣᠷᠣᠰ ᠨᠡᠷ᠎ᠡ ᠣᠯᠠᠰᠢᠷᠠᠵᠤ ᠪᠠᠶᠢᠨ᠎ᠠ᠃ ᠵᠦᠩᠭᠠᠷ ᠤᠨ ᠬᠢᠳᠤᠯᠭ᠎ᠠ ᠠᠴᠠ ᠬᠣᠶᠢᠰᠢ ᠣᠯᠠᠨ ᠵᠠᠭᠤᠨ ᠵᠢᠯ ᠥᠩᠭᠡᠷᠡᠭᠰᠡᠨ ᠲᠤᠯᠠ ᠠᠭᠤᠯᠠ ᠤᠰᠤᠨ ᠤ ᠬᠢ ᠨᠢ ᠮᠣᠩᠭᠣᠯ ᠨᠡᠷ᠎ᠡ ᠮᠠᠷᠲᠠᠭᠳᠠᠨ ᠣᠷᠬᠢᠭᠳᠠᠬᠤ ᠶᠠᠪᠤᠳᠠᠯ ᠭᠠᠷᠴᠤ ᠪᠠᠶᠢᠨ᠎ᠠ᠃

ᠨᠡᠶᠢᠭᠡᠮ[ᠵᠠᠰᠠᠪᠤᠷᠢᠯᠠᠬᠤ | ᠺᠣᠳ᠋ ᠢᠶᠠᠷ ᠵᠠᠰᠠᠬᠣ]

ᠡᠳ᠋ ᠍ ᠦᠨ ᠵᠠᠰᠠᠭ᠂ ᠠᠵᠤ ᠠᠬᠤᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠵᠠᠰᠠᠭ ᠵᠠᠬᠢᠷᠭ᠎ᠠ᠂ ᠲᠥᠷᠥ ᠶᠢᠨ ᠪᠦᠲᠦᠴᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠵᠦᠩᠭᠠᠷ ᠪᠠᠶᠢᠭᠤᠯᠤᠭᠳᠠᠬᠤ ᠠᠴᠠ ᠡᠮᠦᠨ᠎ᠡ 17 ᠍ ᠳ᠋ᠦᠭᠡᠷ ᠵᠠᠭᠤᠨ ᠤ ᠡᠬᠢᠨ ᠡᠴᠡ ᠣᠶᠢᠷᠠᠳ ᠤᠳ ᠡᠷᠴᠢᠰ ᠤᠨ ᠳᠤᠮᠳᠠ ᠤᠷᠤᠰᠬᠠᠯ ᠬᠦᠷᠲᠡᠯ᠎ᠡ ᠨᠤᠲᠤᠭᠯᠠᠬᠤ ᠪᠣᠯᠤᠭᠰᠠᠨ ᠪᠥᠭᠡᠳ ᠭᠠᠯᠳᠠᠨ ᠤ ᠦᠶᠡᠰ ᠪᠠᠯᠬᠠᠰ ᠨᠠᠭᠤᠷ ᠍ ᠤᠨ ᠤᠷᠢᠳᠤ ᠲᠠᠯ᠎ᠠ ᠪᠠᠷ ᠨᠤᠲᠤᠭᠯᠠᠬᠤ ᠪᠣᠯᠵᠠᠢ᠃ ᠵᠠᠬᠠᠴᠢᠨ ᠨᠠᠷ ᠴᠢᠩᠭᠢᠯᠥᠷᠦᠩᠭᠡ ᠭᠣᠣᠯ᠂ ᠡᠷᠢᠶᠡᠨ ᠬᠠᠪᠢᠷᠭ᠎ᠠ ᠬᠠᠪᠢ ᠳᠤ ᠪᠠᠶᠢᠪᠠ᠃ ᠲᠡᠳᠡ ᠵᠦᠩᠭᠠᠷ ᠤᠨ ᠵᠡᠭᠦᠨ᠂ ᠡᠮᠦᠨᠡᠲᠦ ᠬᠢᠯᠢ ᠶᠢ ᠬᠠᠮᠠᠭᠠᠯᠠᠬᠤ ᠡᠭᠦᠷᠭᠡ ᠲᠡᠢ ᠪᠠᠶᠢᠭᠰᠠᠨ ᠪᠥᠭᠡᠳ ᠮᠠᠨᠵᠤ ᠨᠠᠷ ᠵᠠᠬᠠᠴᠢᠨ ᠢ ᠢᠯᠠᠵᠤ ᠴᠢᠳᠠᠪᠠᠯ ᠵᠦᠩᠭᠠᠷ ᠢ ᠡᠵᠡᠯᠡᠨ᠎ᠡ ᠭᠡᠵᠦ ᠬᠡᠯᠡᠵᠦ ᠪᠠᠶᠢᠴᠠᠢ᠃ ᠵᠠᠬᠠᠴᠢᠨ ᠨᠠᠷ ᠮᠠᠨᠵᠤ ᠶᠢᠨ ᠤᠳᠠᠭ᠎ᠠ ᠳᠠᠷᠠᠭ᠎ᠠ ᠶᠢᠨ ᠴᠣᠬᠢᠯᠲᠠ ᠶᠢ ᠥᠪᠡᠷᠰᠡᠳ ᠦᠨ ᠬᠦᠴᠦ ᠪᠡᠷ ᠨᠢᠴᠤᠭᠠᠵᠤ ᠪᠠᠶᠢᠪᠠ᠃

ᠮᠥᠨ ᠦᠵᠡᠬᠦ[ᠵᠠᠰᠠᠪᠤᠷᠢᠯᠠᠬᠤ | ᠺᠣᠳ᠋ ᠢᠶᠠᠷ ᠵᠠᠰᠠᠬᠣ]

ᠵᠢᠷᠤᠭ[ᠵᠠᠰᠠᠪᠤᠷᠢᠯᠠᠬᠤ | ᠺᠣᠳ᠋ ᠢᠶᠠᠷ ᠵᠠᠰᠠᠬᠣ]

ᠵᠡᠭᠦᠯᠲᠡ[ᠵᠠᠰᠠᠪᠤᠷᠢᠯᠠᠬᠤ | ᠺᠣᠳ᠋ ᠢᠶᠠᠷ ᠵᠠᠰᠠᠬᠣ]

  1. C.P.Atwood-Encyclopedia of Mongolia and the Mongol Empire, p.622
  2. ᠣᠷᠤᠭᠤᠯᠵᠤ ᠬᠡᠷᠡᠭᠯᠡᠭᠰᠡᠨ ᠠᠯᠳᠠᠭ᠎ᠠ ᠄ ᠬᠦᠴᠦᠨ ᠦᠭᠡᠢ <ref> ᠲᠡᠮᠳᠡᠭ ᠄ name ᠶ᠋ᠢᠨ ᠴᠢᠨᠠᠷ ᠨᠢ .E1.A0.AD.E1.A0.A4.E1.A0.B0.E1.A0.A7.E1.A0.A2.E1.A0.A8.E1.A0.A0.E1.A0.AA ᠪᠤᠯᠬᠤ ᠣᠷᠤᠯᠪᠤᠷᠢ ᠋ᠳ᠋ᠥ ᠦᠰᠦᠭ ᠬᠠᠨᠭᠭᠠᠭᠰᠠᠨ ᠦᠭᠡᠢ
  3. ᠮᠣᠩᠭᠣᠯ ᠤᠯᠤᠰ ᠤᠨ ᠶᠡᠬᠡ ᠰᠤᠷᠭᠠᠭᠤᠯᠢ ᠦᠨ "ᠲᠡᠦᠬᠡ" ᠰᠡᠳᠬᠦᠯ 2011 ᠤᠨ ᠤ ᠳ᠋ᠤᠭᠠᠷ᠃ Benjamin Levi "Ili region", "History" journal, NUM (National University of Mongolia), 2011
  4. [1]

ᠪᠢᠴᠢᠭᠡᠰᠦ