ᠵᠦᠩᠭ᠋ᠠᠷᠴᠤᠳ ᠤᠨ ᠡᠬᠡ ᠨᠤᠲᠤᠭ ᠤᠷᠤᠭᠤ ᠪᠠᠨ ᠬᠢᠭᠰᠡᠨ ᠨᠡᠭᠦᠳᠡᠯ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ

ᠪᠠᠷᠠᠭᠤᠨ ᠮᠣᠩᠭᠣᠯ ᠤᠨ ᠬᠣᠯᠪᠣᠭ᠎ᠠ ᠨᠢ ᠵᠡᠭᠦᠨ ᠵᠠᠬ᠎ ᠠ ᠨᠢ ᠢᠯᠢ ᠶᠢᠨ ᠬᠥᠨᠳᠡᠢ ᠡᠴᠡ ᠪᠠᠷᠠᠭᠤᠨᠲᠠᠢ ᠬᠣᠪᠲᠣ᠂ ᠤᠮᠠᠷ᠎ᠠ ᠶᠢᠨ ᠰᠠᠶ᠋ᠢᠠᠨ ᠠᠴᠠ ᠡᠮᠦᠨ᠎ᠡ ᠶᠢᠨ ᠠᠯᠲᠠᠨ ᠳᠤᠭᠰᠢ ᠶᠢᠨ ᠨᠢᠷᠤᠭᠤᠨ ᠬᠦᠷᠲᠡᠯ᠎ᠡ ᠥᠷᠭᠡᠨ ᠠᠭᠤᠳᠠᠮ ᠨᠤᠲᠤᠭ ᠲᠤ ᠵᠦᠩᠭᠠᠷ ᠤᠨ ᠡᠵᠡᠨᠲᠦ ᠤᠯᠤᠰ ᠢᠶᠠᠨ ᠪᠠᠶᠢᠭᠤᠯᠵᠤ ᠶᠠᠪᠤᠯ᠎ᠠ᠃ ᠲᠣᠭᠣᠨ᠂ ᠡᠰᠡᠨ ᠬᠠᠭᠠᠨ ᠤ ᠦᠶ᠎ᠡ ᠳᠦ ᠪᠦᠬᠦ ᠮᠣᠩᠭᠣᠯ ᠢ ᠭᠠᠷ ᠲᠤ ᠪᠠᠨ ᠠᠳᠬᠤᠵᠤ᠂ ᠨᠠᠩᠭᠢᠶᠠᠳ ᠤᠨ ᠮᠢᠩ ᠤᠯᠤᠰ ᠤᠨ ᠬᠠᠭᠠᠨ ᠢ ᠣᠯᠵᠯᠠᠵᠤ᠂ ᠰᠦᠷ ᠬᠦᠴᠦ ᠶᠢ ᠪᠠᠳᠠᠷᠠᠭᠤᠯᠵᠤ ᠪᠠᠶᠢᠪᠠ᠃ ᠲᠡᠷᠡ ᠦᠶ᠎ᠡ ᠶᠢᠨ ᠨᠠᠩᠭᠢᠶᠠᠳ ᠤᠨ ᠲᠡᠦᠬᠡᠨ ᠳᠦ ᠪᠠᠷᠠᠭᠤᠨ ᠮᠣᠩᠭᠣᠯ ᠤᠨ ᠡᠷ᠎ᠡ ᠨᠢ ᠪᠢᠷ᠎ᠠ ᠲᠠᠢ᠂ ᠮᠣᠷᠢ ᠨᠢ ᠰᠢᠨᠳᠠᠰᠤ ᠲᠠᠢ᠂ ᠴᠡᠷᠢᠭ ᠨᠢ ᠰᠢᠷᠤᠭᠦᠨ ᠬᠡᠮᠡᠨ ᠳᠠᠯᠳᠢᠷᠴᠤ ᠪᠢᠴᠢᠭᠰᠡᠨ ᠪᠠᠶᠢᠳᠠᠭ᠃ 1453 ᠤᠨ ᠳᠤ ᠡᠰᠡᠨ ᠬᠠᠭᠠᠨ ᠲᠩᠷᠢ ᠳᠦ ᠬᠠᠯᠢᠵᠤ᠂ ᠪᠠᠷᠠᠭᠤᠨ ᠮᠣᠩᠭᠣᠯ ᠤᠨ ᠬᠣᠯᠪᠣᠭ᠎ᠠ ᠬᠦᠴᠦᠨ ᠳᠣᠷᠣᠶᠢᠲᠠᠬᠤ ᠳᠤ ᠵᠡᠭᠦᠨ ᠮᠣᠩᠭᠣᠯ ᠳᠤ ᠲᠡᠳᠡᠨ ᠦ ᠨᠥᠯᠦᠭᠡ ᠪᠠᠭᠤᠷᠠᠴᠠᠢ᠃ ᠲᠡᠭᠦᠨ ᠡᠴᠡ ᠬᠣᠶᠢᠰᠢ 150 ᠭᠠᠷᠤᠢ ᠵᠢᠯ ᠵᠦᠩᠭᠠᠷ ᠳᠠᠩ ᠢᠶᠠᠷ ᠢᠶᠠᠨ ᠦᠯᠡᠳᠡᠭᠰᠡᠨ ᠶᠤᠮ᠃ 17 ᠳ᠋ᠤᠭᠠᠷ ᠵᠠᠭᠤᠨ ᠤ ᠡᠬᠢ ᠪᠡᠷ ᠪᠠᠷᠠᠭᠤᠨ ᠮᠣᠩᠭᠣᠯ ᠢ ᠬᠠᠷᠠᠬᠤᠯ ᠬᠠᠭᠠᠨ ᠨᠢᠭᠡᠳᠬᠡᠨ ᠵᠠᠬᠢᠷᠴᠤ᠂《ᠬᠤᠩᠲᠠᠶᠢᠵᠢ ᠬᠠᠭᠠᠨ》ᠭᠡᠵᠦ ᠥᠪᠡᠷ ᠢ ᠪᠡᠨ ᠨᠡᠷᠡᠯᠡᠨ ᠰᠠᠭᠤᠪᠠ᠃ ᠲᠡᠭᠦᠨ ᠦ ᠬᠦᠦ ᠪᠠᠭᠠᠲᠤᠷ ᠬᠤᠩᠲᠠᠶᠢᠵᠢ ᠶᠢᠨ ᠦᠶ᠎ᠡ ᠳᠦ ᠨᠢᠭᠡᠳᠦᠭᠰᠡᠨ ᠪᠠᠷᠠᠭᠤᠨ ᠮᠣᠩᠭᠣᠯ ᠤᠨ ᠨᠣᠶᠠᠳ ᠡᠷᠬᠡ ᠴᠢᠯᠦᠭᠡ ᠬᠠᠶᠢᠵᠤ᠂ ᠡᠪᠡᠰᠦᠨ ᠦ ᠰᠥᠯ ᠳᠠᠭᠠᠨ᠂ ᠬᠣᠱᠤᠳ᠂ ᠲᠣᠷᠭᠤᠳ ᠠᠶᠢᠮᠠᠭ ᠤᠳ ᠵᠦᠩᠭᠠᠷ ᠤᠨ ᠨᠤᠲᠤᠭ ᠢ ᠲᠡᠯᠡᠬᠦ ᠪᠡᠷ ᠬᠣᠶᠠᠷ ᠲᠡᠰᠢ ᠪᠡᠨ ᠰᠠᠯᠠᠨ ᠨᠡᠭᠦᠭᠰᠡᠨ ᠪᠠᠶᠢᠨ᠎ᠠ᠃

ᠬᠣᠱᠤᠳ ᠤᠨ ᠭᠦᠦᠰᠢ ᠬᠠᠭᠠᠨ ᠲᠥᠷᠦᠪᠠᠶᠢᠬᠤ ᠥᠪᠡᠷ ᠦᠨ ᠠᠯᠪᠠᠲᠤ ᠪᠠᠨ ᠠᠪᠴᠤ᠂ ᠡᠮᠦᠨ᠎ᠡ ᠵᠦᠭ ᠲᠤ ᠨᠡᠭᠦᠵᠦ᠂ ᠠᠯᠲᠠᠨ ᠳᠤᠭᠰᠢ ᠶᠢᠨ ᠨᠢᠷᠤᠭᠤᠨ ᠠᠴᠠ ᠵᠡᠭᠦᠨᠰᠢ ᠪᠡᠨ ᠴᠠᠶᠢᠳᠠᠮ ᠢ ᠲᠤᠭᠤᠯᠤᠨ᠂ ᠬᠥᠬᠡᠨᠠᠭᠤᠷ ᠲᠤ ᠬᠦᠷᠴᠦ᠂ ᠤᠯᠠᠮ ᠢᠶᠠᠷ 1637 ᠤᠨ ᠳᠤ ᡀᠠᠰᠠ ᠶᠢ ᠳᠠᠶᠢᠯᠠᠷ᠎ᠠ ᠮᠣᠷᠳᠠᠨ᠂ ᠲᠦᠪᠡᠳ ᠢ ᠡᠷᠬᠡᠨ ᠳᠦ ᠪᠡᠨ ᠣᠷᠣᠭᠤᠯᠵᠤ᠂ ᠰᠢᠷ᠎ᠠ ᠮᠠᠯᠠᠭᠠᠶᠢᠲᠠᠨ ᠭᠡᠯᠦᠭᠪᠠ ᠶᠢᠨ ᠶᠣᠰᠣ ᠶᠢ ᠡᠷᠭᠦᠬᠦ ᠪᠣᠯᠤᠯ᠎ᠠ᠃ ᠴᠠᠶᠢᠳᠠᠮ ᠢ ᠲᠠᠪᠤ ᠬᠤᠪᠢᠶᠠᠵᠤ᠂《ᠲᠠᠪᠤᠨ ᠴᠠᠶᠢᠳᠠᠮ ᠭᠡᠵᠦ ᠨᠡᠷᠡᠯᠡᠵᠦ ᠪᠠᠶᠢᠭᠰᠠᠨ ᠨᠢ ᠬᠣᠱᠤᠳ ᠤᠨ ᠬᠥᠬᠡᠲᠦ ᠪᠡᠶᠢᠰᠡ᠂ ᠬᠤᠷᠯᠢᠭ ᠪᠡᠶᠢᠰᠡ᠂ ᠪᠠᠷᠠᠭᠤᠨ ᠵᠠᠰᠠᠭ᠂ ᠵᠡᠭᠦᠨ ᠵᠠᠰᠠᠭ᠂ ᠲᠡᠢᠨᠡᠷ ᠨᠠᠷ ᠤᠨ ᠲᠠᠪᠤᠨ ᠨᠤᠲᠤᠭ ᠶᠤᠮ᠃ ᠲᠡᠳᠡ ᠵᠠᠰᠠᠭ ᠵᠠᠬᠢᠷᠭᠠᠨ ᠤ ᠬᠤᠪᠢ ᠳᠤ 21 ᠬᠣᠰᠢᠭᠤᠨ ᠳᠤ ᠬᠤᠪᠢᠶᠠᠭᠳᠠᠬᠤ 2000 ᠭᠠᠷᠤᠢ ᠡᠷᠦᠬᠡ ᠡᠴᠡ ᠪᠦᠷᠢᠳᠴᠦ ᠪᠠᠶᠢᠪᠠ᠃ ᠭᠠᠰ ᠨᠠᠭᠤᠷ᠂ ᠲᠡᠶᠢᠨᠡᠷ ᠨᠠᠭᠤᠷ ᠤᠨ ᠬᠠᠪᠢ ᠳᠤ ᠨᠤᠲᠤᠭᠯᠠᠵᠤ ᠪᠠᠶᠢᠭᠰᠠᠨ ᠮᠣᠩᠭᠣᠯᠴᠤᠳ ᠢ《ᠳᠡᠭᠡᠳᠦ ᠮᠣᠩᠭᠣᠯ》ᠪᠠ ᠬᠥᠬᠡᠨᠢᠭᠤᠷ ᠤᠨ ᠮᠣᠩᠭᠣᠯᠴᠤᠳ ᠬᠡᠮᠡᠨ ᠬᠣᠵᠢᠮ ᠨᠡᠷᠡᠯᠡᠬᠦ ᠪᠣᠯᠵᠠᠢ᠃

1618 ᠤᠨ ᠳᠤ ᠲᠣᠷᠭᠤᠳ ᠤᠨ ᠬᠣ ᠦᠷᠯᠦᠭ (ᠪᠣᠷᠣ ᠦᠷᠯᠦᠭ ᠴᠤ ᠭᠡᠳᠡᠭ) ᠲᠠᠪᠤᠨ ᠮᠢᠩᠭᠠᠨ ᠡᠷᠦᠬᠡ ᠠᠯᠪᠠᠲᠤ ᠪᠠᠨ ᠳᠠᠭᠠᠭᠤᠯᠤᠨ᠂ ᠪᠠᠷᠠᠭᠤᠨ ᠬᠣᠶᠢᠰᠢ ᠨᠡᠭᠦᠳᠡᠯᠯᠡᠵᠦ᠂ ᠵᠠᠮ ᠳᠤ ᠪᠠᠨ ᠲᠠᠭᠠᠷᠠᠭᠰᠠᠨ ᠨᠡᠭᠦᠳᠡᠯᠴᠢᠨ ᠠᠶᠢᠮᠠᠭ ᠤᠳ ᠢ ᠠᠷᠴᠢᠭᠰᠠᠭᠠᠷ 1630 ᠤᠨ ᠳᠤ ᠦᠷᠠᠯ ᠤᠨ ᠨᠢᠷᠤᠭᠤ ᠶᠢ ᠳᠠᠪᠠᠨ᠂ ᠣᠷᠣᠰ ᠤᠨ ᠲᠠᠯ᠎ᠠ ᠤᠷᠤᠭᠤ ᠴᠥᠮᠥᠷᠡᠨ ᠣᠷᠣᠬᠤ ᠳᠤ᠂ ᠲᠡᠭᠦᠨ ᠦ 6 ᠬᠦᠦ ᠨᠢ 2.5 ᠲᠦᠮᠡᠨ ᠲᠣᠷᠭᠤᠳ ᠢ ᠤᠳᠤᠷᠢᠳᠥᠵᠤ ᠶᠠᠪᠤᠵᠠᠢ᠃ ᠲᠡᠳᠡ ᠴᠠᠭᠠᠰᠢᠯᠠᠭᠰᠠᠭᠠᠷ ᠨᠣᠭᠠᠢ᠂ ᠺᠢᠫᠴᠠᠺ᠂ ᠲᠠᠲ᠋ᠠᠷ ᠤᠨ ᠵᠠᠷᠢᠮ ᠠᠶᠢᠮᠠᠭ ᠤᠳ᠂ ᠤᠷᠣᠰ ᠤᠨ ᠲᠣᠰᠬᠣᠳ ᠢ ᠡᠷᠬᠡᠰᠢᠶᠡᠯ ᠳᠦ ᠪᠡᠨ ᠣᠷᠣᠭᠤᠯᠤᠭᠰᠠᠭᠠᠷ ᠠᠰᠲᠠᠷᠬᠠᠨ ᠳᠤ ᠲᠤᠯᠤᠭᠰᠠᠨ ᠪᠠᠶᠢᠨ᠎ᠠ᠃ 1643ᠤᠨ ᠳᠤ ᠠᠰᠲᠠᠷᠬᠠᠨ ᠢ ᠡᠵᠡᠯᠡᠬᠦ ᠲᠤᠯᠤᠯᠳᠤᠭᠠᠨ ᠳᠤ ᠬᠣᠲᠠ ᠶᠢᠨ ᠬᠠᠨᠠᠨ ᠤ ᠭᠠᠳᠠᠨ᠎ᠠ ᠪᠣᠷᠣ ᠥᠷᠯᠥᠭ ᠠᠯᠠᠭᠳᠠᠵᠤ᠂ ᠲᠡᠭᠦᠨ ᠦ ᠬᠦᠦ ᠰᠢᠬᠢᠷ ᠳᠠᠶᠢᠴᠢᠨ ᠬᠠᠭᠠᠨ ᠰᠠᠭᠤᠪᠠ᠃ ᠰᠢᠬᠢᠷ ᠳᠠᠶᠢᠴᠢᠨ ᠤ ᠬᠦᠦ ᠫᠦᠨᠴᠠᠭ ᠲᠠᠢ ᠣᠷᠣᠰ ᠤᠨ ᠬᠠᠭᠠᠨ ᠨᠠᠶᠢᠷᠠᠮᠳᠠᠯ ᠤᠨ ᠭᠡᠷ᠎ᠡ ᠪᠠᠶᠢᠭᠤᠯᠵᠤ᠂ ᠢᠵᠢᠯ ᠮᠥᠷᠡᠨ ᠦ ᠬᠥᠪᠡᠭᠡ ᠪᠡᠷ ᠲᠡᠳᠡᠨ ᠢ ᠨᠤᠲᠤᠭᠰᠢᠭᠤᠯᠬᠤ ᠪᠣᠯᠵᠠᠢ᠃ ᠢᠵᠢᠯ ᠦᠨ ᠲᠣᠷᠭᠤᠳ ᠤᠳ ᠬᠠᠪᠢ ᠣᠶᠢᠷ᠎ᠠ ᠪᠠᠨ ᠲᠦᠢᠪᠡᠭᠡᠭᠰᠡᠨ ᠴᠤ ᠣᠷᠣᠰ ᠤᠨ ᠬᠠᠭᠠᠨ ᠮᠡᠳᠡᠭᠡ ᠦᠭᠡᠢ ᠴᠠᠷᠢᠶᠠᠯᠠᠵᠤ᠂ ᠮᠦᠰᠠᠯᠮᠠᠨ ᠨᠤᠭᠤᠳ ᠲᠠᠢ ᠡᠮᠦᠨᠡᠲᠦ ᠲᠠᠯ᠎ᠠ ᠳᠤ ᠪᠠᠨ ᠳᠠᠶᠢᠲᠤᠵᠤ᠂ ᠰᠡᠬᠡᠭᠡ ᠮᠠᠭᠤ ᠲᠠᠢ ᠪᠠᠶᠢᠪᠠ᠃

ᠪᠠᠷᠠᠭᠤᠨ ᠮᠣᠩᠭᠣᠯ ᠤᠨ ᠬᠦᠴᠦᠨ ᠰᠤᠯᠠᠷᠠᠵᠤ᠂ ᠡᠮᠦᠨᠡᠲᠦ ᠶᠢᠨ ᠮᠠᠨᠵᠤ ᠨᠠᠷ ᠮᠣᠩᠭᠣᠯ ᠠᠶᠢᠮᠠᠭ ᠤᠳ ᠢ ᠡᠷᠬᠡᠰᠢᠶᠡᠯ ᠳᠦ ᠪᠡᠨ ᠣᠷᠣᠭᠤᠯᠵᠤ ᠡᠬᠢᠯᠡᠭᠰᠡᠨ ᠲᠤᠯᠠ 1640 ᠤᠨ ᠳᠤ ᠳᠥᠴᠢᠨ ᠳᠥᠷᠪᠡᠨ ᠦ ᠴᠠᠭᠠᠵᠠ ᠶᠢ ᠪᠠᠭᠠᠲᠤᠷ ᠬᠤᠩᠲᠠᠶᠢᠵᠢ ᠬᠠᠯᠬ᠎ᠠ ᠲᠠᠢ ᠨᠡᠶᠢᠯᠡᠨ ᠬᠢᠵᠦ᠂ ᠲᠡᠭᠦᠨ ᠢ ᠪᠡᠨ ᠬᠣᠲᠠᠯᠠ ᠪᠠᠷ ᠢᠶᠠᠨ ᠳᠠᠭᠠᠨ ᠮᠥᠷᠲᠡᠬᠦ ᠪᠣᠯᠵᠠᠢ᠃ ᠲᠡᠷᠡ ᠴᠠᠭᠠᠵᠠ ᠳᠤ ᠬᠣᠣ ᠦᠷᠯᠦᠭ᠂ ᠭᠦᠦᠰᠢ ᠬᠠᠭᠠᠨ ᠲᠥᠷᠦᠪᠠᠶᠢᠬᠤ ᠨᠠᠷ ᠲᠠᠮᠠᠭ᠎ᠠ ᠪᠠᠨ ᠦᠯᠡᠳᠡᠭᠡᠭᠰᠡᠨ ᠨᠢ ᠯᠠᠪᠲᠠᠢ ᠲᠡᠳᠡ ᠪᠦᠷᠢᠨ ᠰᠠᠯᠤᠭᠠᠳ ᠶᠠᠪᠤᠴᠢᠬᠠᠭ᠎ᠠ ᠦᠭᠡᠢ ᠪᠠᠶᠢᠭᠰᠠᠨ ᠢ ᠬᠠᠷᠠᠭᠤᠯᠵᠤ ᠪᠠᠶᠢᠨ᠎ᠠ᠃ ᠪᠠᠭᠠᠲᠤᠷ ᠬᠤᠩᠲᠠᠶᠢᠵᠢ ᠶᠢᠨ ᠬᠦᠦ ᠭᠠᠯᠳᠠᠨ (ᠪᠣᠱᠢᠭᠤᠳᠤ) ᠬᠠᠭᠠᠨ ᠰᠢᠷᠡᠭᠡᠨ ᠳᠦ ᠰᠠᠭᠤᠭᠠᠳ ᠵᠥᠰᠲᠡᠢ ᠡᠷᠡᠰ ᠦᠨ ᠴᠢᠳᠠᠯ᠂ ᠰᠤᠷᠠᠭᠰᠠᠨ ᠡᠷᠳᠡᠮ ᠳᠦ ᠪᠡᠨ ᠡᠷᠳᠦᠵᠦ᠂ ᠬᠠᠯᠬ᠎ᠠ ᠶᠢ ᠳᠠᠶᠢᠯᠠᠷ᠎ᠠ ᠮᠣᠷᠳᠠᠵᠤ᠂ ᠴᠢᠰᠤᠨ ᠳᠠᠯᠠᠢ ᠳᠤ ᠵᠢᠪᠡᠭᠦᠯᠦᠭᠰᠡᠨ ᠶᠤᠮ᠃ ᠣᠳᠣ ᠶᠢᠨ ᠵᠢᠭᠤᠯᠴᠢᠳ ᠤᠨ ᠪᠠᠭᠠᠵᠢ ᠪᠠᠶᠢᠳᠠᠭ ᠡᠯᠡᠰᠦᠨ ᠲᠠᠰᠤᠷᠬᠠᠢ ᠶᠢᠨ ᠠᠷᠤ ᠲᠠᠯ᠎ᠠ ᠶᠢᠨ ᠬᠥᠭᠡᠨᠡᠬᠠᠨ ᠠᠭᠤᠯᠠ ᠶᠢᠨ ᠨᠡᠷ᠎ᠡ ᠡᠭᠦᠰᠦᠭᠰᠡᠨ ᠳᠣᠮᠣᠭ ᠢ ᠳᠤᠷᠠᠳᠪᠠᠯ᠂ ᠭᠠᠯᠳᠠᠨ ᠪ ᠴᠡᠷᠢᠭ ᠬᠠᠯᠬ᠎ᠠ ᠶᠢᠨ ᠮᠢᠩᠭᠠᠨ ᠯᠠᠮᠠ ᠶᠢ ᠡᠨᠡ ᠠᠭᠤᠯᠠ ᠶᠢᠨ ᠥᠪᠥᠷ ᠳ᠋ᠡᠬᠢ ᠬᠦᠷᠢᠶᠡᠨ ᠳᠡᠭᠡᠷ᠎ᠡ ᠮᠠᠯ ᠮᠡᠲᠦ ᠵᠠᠰᠠᠵᠤ᠂ ᠬᠥᠩᠭᠡᠯᠡᠭᠰᠡᠨ ᠤᠴᠢᠷ ᠡᠯ᠎ᠡ ᠠᠭᠤᠯᠠ ᠶᠢ ᠬᠥᠭᠡᠨᠡᠬᠠᠨ ᠭᠡᠵᠦ ᠨᠡᠷᠡᠯᠡᠵᠡᠢ᠃ ᠬᠦᠴᠦᠲᠡᠨ ᠦ ᠳᠡᠷᠭᠡᠳᠡ ᠬᠦᠴᠦ ᠦᠭᠡᠢ ᠨᠢ ᠪᠤᠷᠤᠭᠤᠲᠠᠢ ᠬᠣᠷᠸ᠎ᠠ ᠬᠣᠶᠢᠨ᠎ᠠ ᠬᠠᠯᠬ᠎ᠠ ᠨᠤᠭᠤᠳ ᠠᠪᠤᠷᠠᠯ ᠡᠷᠢᠨ ᠵᠢᠭᠤᠲᠠᠭᠰᠠᠭᠠᠷ ᠮᠠᠨᠵᠤ ᠶᠢᠨ ᠡᠩᠬᠡ-ᠠᠮᠭᠤᠯᠠᠩ ᠬᠠᠭᠠᠨ ᠤ ᠨᠥᠮᠥᠷᠢ ᠳᠦ ᠣᠴᠢᠵᠤ᠂ ᠥᠷᠥᠰᠢᠶᠡᠯ ᠭᠤᠶᠤᠵᠠᠢ᠃ ᠭᠠᠯᠳᠠᠨ ᠤ ᠬᠢᠭᠰᠡᠨ ᠡᠯ᠎ᠡ ᠦᠢᠯᠡᠳᠦᠯ ᠮᠣᠩᠭᠣᠯ ᠢ ᠮᠠᠨᠵᠤ ᠳᠤ ᠡᠵᠡᠯᠡᠭᠦᠯᠬᠦ ᠨᠥᠬᠥᠴᠡᠯ ᠢ ᠬᠤᠷᠳᠤᠨ ᠪᠦᠷᠢᠳᠦᠭᠦᠯᠦᠭᠰᠡᠨ ᠶᠤᠮ᠃ ᠬᠠᠯᠬ᠎ᠠ ᠠᠶᠢᠮᠠᠭ ᠤᠳ ᠢ ᠬᠥᠭᠡᠭᠡᠭᠰᠡᠨ ᠭᠠᠯᠳᠠᠨ ᠤ ᠴᠡᠷᠢᠭ ᠴᠠᠭᠠᠨ ᠬᠡᠷᠡᠮ ᠳᠦ ᠳᠥᠬᠥᠵᠦ ᠣᠴᠢᠭᠠᠳ᠂ ᠮᠠᠨᠵᠤ ᠶᠢᠨ ᠶᠡᠬᠡ ᠴᠡᠷᠢᠭ᠂ ᠮᠣᠩᠭᠣᠯ ᠬᠠᠭᠠᠳ ᠤᠨ ᠨᠢᠭᠡᠳᠦᠭᠰᠡᠨ ᠴᠡᠷᠢᠭ ᠲᠡᠢ ᠲᠤᠯᠤᠵᠤ᠂ ᠶᠡᠬᠡ ᠲᠤᠯᠤᠯᠳᠤᠭᠠᠨ ᠪᠣᠯᠵᠠᠢ᠃ ᠲᠡᠷᠡ ᠲᠤᠯᠤᠯᠳᠤᠭᠠᠨ ᠳᠤ ᠵᠦᠩᠭᠠᠷ ᠤᠨ 12.5 ᠲᠦᠮᠡᠨ ᠮᠣᠷᠢᠲᠠᠨ ᠴᠡᠷᠢᠭ 1ᠲᠦᠮᠡᠨ ᠲᠡᠮᠡᠭᠡ ᠪᠡᠷ ᠪᠠᠮᠪᠠᠢ ᠬᠢᠵᠦ ᠳᠠᠭᠠᠷᠢᠯᠲᠠᠨ ᠳᠤ ᠣᠷᠣᠭᠰᠠᠨ ᠭᠡᠳᠡᠭ᠃ ᠮᠠᠨᠵᠤ ᠶᠢᠨ ᠴᠡᠷᠢᠭ ᠶᠡᠬᠡ ᠪᠤᠤ ᠬᠡᠷᠡᠭᠯᠡᠵᠦ᠂ ᠭᠠᠯᠳᠠᠨ ᠤ ᠲᠡᠮᠡᠭᠡᠨ ᠪᠡᠬᠢᠯᠡᠯᠲᠡ ᠶᠢ ᠦᠢᠮᠡᠭᠦᠯᠦᠨ ᠰᠠᠨᠳᠤᠷᠠᠭᠠᠵᠤ᠂ ᠴᠡᠷᠢᠭ ᠢ ᠨᠢ ᠳᠠᠷᠤᠬᠤ ᠳᠤ᠂ ᠭᠠᠯᠳᠠᠨ ᠪᠦᠰᠡᠯᠡᠯᠲᠡ ᠡᠴᠡ ᠵᠢᠭᠤᠳᠠᠨ ᠭᠠᠷᠴᠤ᠂ ᠰᠠᠷᠨᠢᠭᠰᠠᠨ ᠴᠡᠷᠢᠭ ᠢᠶᠡᠨ ᠴᠤᠭᠯᠠᠭᠤᠯᠤᠨ ᠭᠡᠷᠡᠯᠴᠢ ᠶᠢᠨ ᠭᠣᠣᠯ ᠳᠡᠭᠡᠷ᠎ᠡ ᠮᠠᠨᠵᠤ ᠶᠢᠨ ᠴᠡᠷᠢᠭ ᠲᠡᠢ ᠳᠠᠬᠢᠨ ᠲᠤᠯᠤᠯᠳᠤᠵᠤ ᠢᠯᠠᠭᠳᠠᠬᠤ ᠦᠶ᠎ᠡ ᠳᠦ ᠥᠪᠡᠷ ᠦᠨ ᠬᠠᠲᠤᠨ ᠠᠨᠤ ᠨᠢ ᠠᠯᠠᠳᠠᠭᠰᠠᠨ ᠶᠤᠮ᠃ ᠭᠠᠯᠳᠠᠨ ᠴᠥᠭᠡᠨ ᠨᠥᠬᠥᠳ ᠦᠨ ᠬᠠᠮᠲᠤ ᠵᠢᠭᠤᠲᠠᠭᠰᠠᠭᠠᠷ ᠢᠯᠢ ᠶᠢᠨ ᠬᠥᠨᠳᠡᠶ ᠳᠤ ᠪᠤᠴᠠᠵᠤ ᠢᠷᠡᠬᠦ ᠳᠦ᠂ ᠲᠡᠭᠦᠨ ᠦ ᠠᠬ᠎ᠠ᠂ ᠬᠣᠷᠣᠰᠤᠯ ᠳᠤ ᠠᠪᠲᠠᠭᠰᠠᠨ ᠰᠡᠸᠡᠩᠷᠠᠪᠳᠠᠨ ᠭᠠᠯᠳᠠᠨ ᠤ ᠬᠦᠮᠦᠨ ᠠᠮᠠ ᠶᠢ 1697ᠤᠨ ᠳᠤ ᠬᠣᠷᠢᠶᠠᠭᠰᠠᠨ ᠪᠠᠶᠢᠨ᠎ᠠ᠃

ᠰᠡᠸᠡᠩᠷᠠᠪᠳᠠᠨ ᠵᠦᠩᠭᠠᠷ ᠤᠨ ᠡᠵᠡᠨᠲᠦ ᠤᠯᠤᠰ ᠢ ᠵᠠᠬᠢᠷᠴᠤ ᠪᠠᠶᠢᠬᠤ ᠳᠤ ᠪᠠᠨ ᠮᠠᠨᠵᠤ᠂ ᠬᠠᠯᠬ᠎ᠠ ᠲᠠᠢ ᠣᠯᠠᠨ ᠤᠳᠠᠭ᠎ᠠ ᠥᠭᠭᠦᠭᠡ ᠠᠪᠤᠭ᠎ᠠ ᠲᠠᠢ ᠳᠠᠶᠢᠲᠤᠭᠰᠠᠨ ᠶᠤᠮ᠃ ᠮᠠᠨᠵᠤ ᠶᠢᠨ ᠡᠩᠬᠡ-ᠠᠮᠭᠤᠯᠠᠩ ᠬᠠᠭᠠᠨ 1719 ᠤᠨ ᠳᠤ ᠶᠡᠬᠡ ᠴᠡᠷᠢᠭ ᠢᠶᠡᠨ ᠶᠠᠪᠤᠭᠤᠯᠵᠤ᠂ ᠲᠡᠭᠦᠨ ᠦ ᠬᠦᠴᠦ ᠶᠢ ᠶᠡᠬᠡᠳᠡ ᠰᠤᠯᠠᠷᠠᠭᠤᠯᠵᠠᠢ᠃ 1727 ᠤᠨ ᠳᠤ ᠰᠡᠸᠡᠩᠷᠠᠪᠳᠠᠨ ᠬᠣᠣᠷᠯᠠᠭᠳᠠᠵᠤ᠂ ᠬᠦᠦ ᠭᠠᠯᠳᠠᠨᠴᠡᠷᠡᠨ ᠨᠢ ᠬᠠᠭᠠᠨ ᠰᠠᠭᠤᠪᠠ᠃ ᠭᠠᠯᠳᠠᠨᠴᠡᠷᠡᠨ 1730 ᠤᠨ ᠳᠤ ᠬᠠᠯᠬ᠎ᠠ ᠮᠣᠩᠭᠣᠯ ᠤᠨ ᠨᠤᠲᠤᠭ ᠢ ᠳᠠᠶᠢᠯᠠᠷ᠎ᠠ ᠡᠵᠡᠯᠡᠵᠦ᠂ ᠴᠠᠭᠠᠨ ᠬᠡᠷᠡᠮ ᠳᠦ ᠳᠠᠬᠢᠨ ᠲᠤᠯᠤᠭᠰᠠᠨ ᠪᠠᠶᠢᠨ᠎ᠠ᠃ ᠭᠡᠪᠡᠴᠦ ᠲᠡᠳᠡ 1732 ᠤᠨ ᠳᠤ ᠬᠠᠯᠬ᠎ᠠ᠂ ᠮᠠᠨᠵᠤ ᠶᠢᠨ ᠬᠠᠮᠲᠤᠷᠠᠭᠰᠠᠨ ᠴᠡᠷᠢᠭ ᠲᠦ ᠬᠢᠶᠠᠷ ᠵᠣᠬᠢᠭᠤᠯᠵᠤ᠂ ᠪᠠᠷᠠᠭᠤᠨ ᠮᠣᠩᠭᠣᠯ ᠳᠠᠬᠢᠵᠤ ᠬᠥᠯ ᠳᠡᠭᠡᠷ᠎ᠡ ᠪᠡᠨ ᠪᠣᠰᠴᠤ ᠢᠷᠡᠬᠦ ᠦᠭᠡᠢ ᠪᠣᠯᠲᠠᠯ᠎ ᠠ ᠳᠣᠷᠣᠶᠢᠲᠠᠪᠠ᠃ ᠮᠠᠨᠵᠤ ᠶᠢᠨ ᠲᠡᠦᠬᠡ ᠶᠢᠨ ᠡᠬᠢ ᠰᠤᠷᠪᠤᠯᠵᠢ ᠳᠤ ᠪᠢᠴᠢᠭᠰᠡᠨ ᠢᠶᠡᠷ ᠳᠥᠷᠪᠡᠨ ᠣᠶᠢᠷᠠᠳ ᠤᠨ ᠠᠷᠪᠠᠨ ᠤ ᠶᠢᠰᠦᠨ ᠬᠤᠪᠢ ᠪᠤᠶᠤ 60 ᠲᠦᠮᠡ ᠶᠢ ᠤᠰᠠᠳᠬᠠᠭᠰᠠᠨ ᠬᠡᠮᠡᠨ ᠦᠭᠦᠯᠡᠳᠡᠭ᠃ ᠭᠡᠬᠦ ᠳᠦ ᠪᠡᠨ ᠪᠠᠷᠠᠭᠤᠨ ᠮᠣᠩᠭᠣᠯ ᠪᠠᠶᠢᠭᠰᠠᠭᠠᠷ ᠯᠠ ᠪᠠᠶᠢᠭᠰᠠᠨ᠃ ᠪᠠᠷᠠᠭᠤᠨ ᠮᠣᠩᠭᠣᠯ ᠳᠣᠷᠣᠶᠢᠳᠠᠨ ᠳᠣᠷᠣᠶᠢᠲᠠᠭᠰᠠᠭᠠᠷ ᠮᠠᠨᠵᠤ ᠳᠤ ᠨᠢᠭᠡᠳᠬᠦ ᠶᠣᠰᠣᠯᠠᠯ 1754 ᠤᠨ ᠳᠤ ᠪᠡᠭᠡᠵᠢᠩ ᠳᠦ ᠪᠣᠯᠤᠭᠰᠠᠨ ᠤ ᠳᠠᠷᠠᠭ᠎ᠠ ᠨᠣᠶᠠᠨ ᠠᠮᠤᠷᠰᠠᠨᠠᠭ᠎ᠠ ᠪᠣᠰᠤᠯᠭ᠎ᠠ ᠭᠠᠷᠭᠠᠭᠰᠠᠨ ᠴᠤ᠂ ᠲᠡᠭᠦᠨ ᠦ ᠬᠣᠯᠪᠣᠭᠠᠲᠠᠨ ᠨᠤᠭᠤᠳ ᠬᠦᠷᠬᠦ ᠡᠴᠡ ᠡᠮᠦᠨ᠎ᠡ ᠮᠠᠨᠵᠤ ᠶᠢᠨ ᠨᠠᠶᠢᠮᠠᠨ ᠲᠤᠭ ᠤᠨ ᠴᠡᠷᠢᠭ ᠵᠦᠩᠭᠠᠷ ᠲᠤ ᠬᠦᠷᠴᠦ᠂ ᠠᠮᠤᠷᠰᠠᠨᠠᠭ᠎ᠠ  ᠳᠠᠪᠠᠭᠤ ᠬᠦᠴᠦᠨ ᠳᠦ ᠠᠪᠲᠠᠨ᠂ ᠬᠣᠶᠢᠰᠢ ᠵᠢᠭᠤᠲᠠᠭᠰᠠᠭᠠᠷ ᠵᠠᠮ ᠳᠤ ᠪᠠᠨ ᠤᠯᠠᠭᠠᠨ ᠪᠤᠷᠬᠠᠨ ᠢᠶᠠᠷ ᠥᠭᠡᠳᠡ ᠪᠣᠯᠵᠠᠢ᠃ ᠪᠠᠷᠠᠭᠤᠨ ᠮᠣᠩᠭᠣᠯ ᠤᠨ ᠲᠤᠰᠠᠭᠠᠷ ᠲᠣᠭᠲᠠᠨᠢᠯ ᠤᠨ ᠲᠡᠮᠡᠴᠡᠯ ᠡᠭᠦᠪᠡᠷ ᠰᠢᠪᠲᠤᠷᠭ᠎ᠠ ᠪᠣᠯᠤᠭᠰᠠᠨ ᠶᠤᠮ᠃ ᠦᠨᠡᠨ ᠢ ᠬᠡᠯᠡᠬᠦ ᠳᠦ ᠦᠨᠳᠦᠰᠦ ᠤᠭᠰᠠᠭ᠎ᠠ ᠶᠢ ᠪᠠᠨ ᠬᠠᠮᠠᠭᠠᠯᠠᠬᠤ ᠭᠡᠬᠦ ᠡᠴᠡ ᠪᠡᠨ ᠢᠯᠡᠭᠦᠦ ᠥᠪᠡᠷ ᠬᠣᠭᠣᠷᠣᠨᠳᠣ ᠪᠠᠨ ᠬᠡᠳᠦᠨ ᠨᠣᠶᠠᠳ ᠲᠡᠮᠡᠴᠡᠭᠰᠡᠭᠡᠷ ᠮᠣᠩᠭᠣᠯ ᠲᠦᠮᠡᠨ ᠪᠦᠬᠦᠯᠢ ᠪᠡᠷ ᠢᠶᠡᠨ ᠮᠠᠨᠵᠤ ᠶᠢᠨ ᠠᠮᠠᠨ ᠳᠤ ᠤᠨᠠᠭᠰᠠᠨ ᠪᠠᠶᠢᠨ᠎ᠠ᠃

ᠬᠠᠷᠢᠨ ᠢᠵᠢᠯ ᠮᠥᠷᠡᠨ ᠦ ᠲᠣᠷᠭᠤᠳ ᠤᠳ ᠤᠨ ᠬᠤᠪᠢ ᠳᠤ ᠲᠡᠦᠬᠡ ᠥᠭᠡᠷ᠎ᠡ ᠪᠡᠷ ᠪᠢᠴᠢᠭᠳᠡᠵᠡᠢ᠃ ᠰᠢᠬᠢᠷ ᠳᠠᠶᠢᠴᠢᠨ ᠤ ᠬᠦᠦ ᠫᠦᠨᠴᠠᠭ ᠬᠠᠭᠠᠨ ᠰᠠᠭᠤᠵᠤ ᠪᠠᠶᠢᠬᠤ ᠳᠤ ᠵᠦᠩᠭᠠᠷ ᠤᠨ ᠬᠢᠨ ᠣᠯᠠᠨ ᠢᠶᠠᠷ ᠢᠶᠠᠨ ᠮᠠᠨᠵᠤ ᠠᠴᠠ ᠳᠠᠶᠢᠵᠢᠨ ᠬᠦᠷᠦᠭᠰᠡᠨ ᠶᠤᠮ᠃ ᠬᠣᠱᠤᠳ ᠤᠨ ᠬᠥᠨᠳᠡᠯᠡᠨ ᠤᠪᠠᠰ ᠥᠪᠡᠷ ᠦᠨ ᠢᠶᠡᠨ 3 ᠮᠢᠩᠭᠠᠨ ᠡᠷᠦᠬᠡ ᠠᠯᠪᠠᠲᠤ ᠪᠠᠨ ᠳᠠᠭᠠᠭᠤᠯᠤᠨ ᠣᠷᠣᠰ ᠤᠨ ᠨᠤᠲᠤᠭ ᠢᠵᠢᠯ ᠮᠥᠷᠡᠨ ᠦ ᠰᠠᠪᠠ ᠭᠠᠵᠠᠷ ᠬᠦᠷᠪᠡ᠃ ᠫᠦᠨᠴᠠᠭ ᠤᠨ ᠬᠦᠦ ᠠᠶᠢᠺ ᠬᠠᠭᠠᠨ ᠰᠠᠭᠤᠭᠰᠠᠨ ᠢᠶᠠᠷ ᠬᠠᠭᠠᠰ ᠵᠠᠭᠤᠨ ᠤ ᠲᠤᠷᠰᠢ ᠲᠣᠷᠭᠤᠳ ᠤᠳ ᠧᠦᠷᠦᠫᠡ ᠲᠦ ᠨᠡᠷ᠎ᠡ ᠪᠡᠨ ᠮᠥᠩᠬᠡᠯᠡᠵᠡᠢ᠃ ᠠᠶᠢᠺ ᠬᠠᠭᠠᠨ ᠳᠠᠯᠠᠢ ᠯᠠᠮᠠ ᠲᠠᠢ ᠬᠣᠯᠪᠣᠭ᠎ᠠ ᠲᠣᠭᠲᠠᠭᠠᠵᠤ᠂ ᠶᠡᠬᠡ ᠫᠡᠲ᠋ᠷ ᠬᠠᠭᠠᠨ ᠢᠵᠢᠯ ᠳᠤ ᠢᠷᠡᠨ᠂ ᠠᠶᠢᠺ ᠲᠠᠢ ᠵᠣᠯᠭᠠᠭᠰᠠᠨ ᠪᠢᠯᠡ᠃ ᠲᠣᠷᠭᠤᠳ ᠤᠨ ᠮᠣᠷᠢᠲᠤ ᠬᠣᠷᠢᠶ᠎ᠠ ᠪᠠᠶᠢᠭᠤᠯᠵᠤ᠂ ᠣᠷᠣᠰ ᠤᠨ ᠣᠲ᠋ᠲ᠋ᠠᠮᠠᠨ ᠲᠦᠷᠺ ᠲᠡᠢ ᠬᠢᠭᠰᠡᠨ ᠳᠠᠶᠢᠨ ᠳᠤ ᠲᠡᠳᠡ ᠵᠢᠩᠬᠢᠨᠢ ᠡᠷᠯᠢᠭ ᠨᠢ ᠪᠣᠯᠵᠤ ᠶᠠᠪᠤᠪᠠ᠃ 1707 ᠤᠨ ᠳᠤ ᠰᠸᠸᠳᠡᠨ ᠶᠢᠨ ᠬᠠᠭᠠᠨ ᠲᠠᠢ ᠬᠢᠭᠰᠡᠨ ᠳᠠᠶᠢᠨ ᠳᠤ ᠲᠣᠷᠭᠤᠳ ᠮᠣᠩᠭᠣᠯᠴᠤᠳ ᠭᠠᠷᠮᠠᠭᠠᠢ ᠭᠠᠪᠢᠶ᠎ᠠ ᠪᠠᠶᠢᠭᠤᠯᠤᠭᠰᠠᠨ ᠶᠤᠮ᠃ 1714ᠤᠨ ᠳᠤ ᠲᠣᠷᠭᠤᠳ ᠤᠷᠤᠭᠤ ᠮᠠᠨᠵᠤ ᠶᠢᠨ ᠬᠠᠭᠠᠨ ᠡᠯᠴᠢ ᠪᠡᠨ ᠢᠯᠡᠭᠡᠪᠡ᠃ ᠮᠠᠨᠵᠤ ᠶᠢᠨ ᠡᠯᠴᠢ ᠲᠡᠳᠡᠨ ᠢ ᠵᠦᠩᠭᠠᠷ ᠤᠨ ᠶᠢᠡᠨ ᠭᠣᠪᠢ ᠳᠤ ᠪᠤᠴᠠᠵᠤ ᠢᠷᠡᠭᠡᠳ ᠮᠠᠨᠵᠤ ᠳᠤ ᠲᠤᠰᠯᠠᠨ᠂ ᠰᠡᠸᠡᠩᠷᠠᠪᠳᠠᠨ ᠲᠠᠢ ᠳᠠᠶᠢᠲᠤᠬᠤ ᠶᠢ ᠢᠳᠬᠠᠭᠰᠠᠨ ᠶᠤᠮ᠃ ᠦᠪᠡᠷ ᠦᠨ ᠦᠬᠢᠨ ᠶᠢᠡᠨ ᠰᠡᠸᠡᠩᠷᠠᠪᠳᠠᠨ ᠳᠤ ᠰᠦᠢ ᠲᠠᠯᠪᠢᠵᠤ ᠥᠭᠭᠦᠭᠰᠡᠨ ᠠᠶᠢᠺ ᠬᠠᠭᠠᠨ ᠮᠠᠨᠵᠤ ᠶᠢᠨ ᠢᠳᠬᠠᠯᠭ᠎ᠠ ᠶᠢ ᠡᠷᠡᠰ ᠡᠰᠡᠷᠭᠦᠴᠡᠵᠡᠢ᠃ 1724 ᠤᠨ ᠳᠤ ᠠᠶᠢᠺ ᠬᠠᠭᠠᠨ ᠢ ᠲᠠᠭᠠᠯᠠᠯ ᠲᠡᠭᠦᠰᠦᠭᠰᠡᠨ ᠦ ᠳᠠᠷᠠᠭ᠎ᠠ ᠲᠡᠭᠦᠨ ᠦ ᠬᠦᠦ ᠰᠡᠷᠡᠩ ᠳᠦᠤᠨᠳᠤᠸ ᠬᠠᠭᠠᠨ ᠤ ᠣᠷᠣ ᠲᠦ ᠰᠠᠭᠤᠭᠰᠠᠨ ᠪᠣᠯᠪᠠᠴᠤ᠂ ᠲᠣᠮᠣ ᠠᠬ᠎ᠠ ᠳᠣᠩᠳᠣᠭ-ᠣᠮᠪᠣ ᠳᠤ ᠬᠠᠭᠠᠨ ᠰᠢᠷᠡᠭᠡ ᠪᠡᠨ ᠠᠯᠳᠠᠭᠰᠠᠨ ᠪᠢᠯᠡ᠃ 1741ᠤᠨ ᠳᠤ ᠳᠣᠩᠳᠣᠭ-ᠣᠮᠪᠣ ᠶᠢ ᠲᠩᠷᠢ ᠳᠦ ᠬᠠᠯᠢᠬᠤ ᠳᠤ᠂ ᠬᠦᠦ ᠳᠣᠩᠳᠣᠭ ᠲᠠᠶᠢᠵᠢ ᠬᠠᠭᠠᠨ ᠤ ᠣᠷᠣ ᠲᠦ ᠰᠠᠭᠤᠪᠠ᠃ ᠳᠣᠩᠳᠣᠭ ᠲᠠᠶᠢᠵᠢ ᠶᠢᠨ ᠦᠶ᠎ᠡ ᠳᠦ ᠵᠦᠩᠭᠠᠷ ᠲᠤ ᠶᠠᠪᠤᠭᠤᠯᠤᠭᠰᠠᠨ ᠮᠠᠨᠵᠤ ᠶᠢᠨ ᠬᠠᠷᠢᠶᠠᠰᠠᠯᠠᠯ ᠠᠴᠠ ᠵᠢᠭᠤᠲᠠᠭᠰᠠᠨ ᠬᠣᠱᠤᠳ᠂ ᠳᠥᠷᠪᠡᠳ᠂ ᠬᠣᠶᠢᠳᠤ ᠣᠪᠤᠭ ᠤᠨ ᠬᠢᠨ ᠶᠡᠬᠡ ᠪᠡᠷ ᠢᠷᠡᠵᠦ ᠢᠵᠢᠯ ᠮᠦᠷᠡᠨ ᠤ ᠬᠠᠪᠢ ᠪᠡᠷ ᠰᠠᠭᠤᠷᠢᠰᠢᠯ᠎ᠠ᠃ 1758ᠤᠨ ᠳᠤ ᠥᠪᠡᠷ ᠦᠨ ᠬᠦᠦ ᠤᠪᠠᠰᠢ ᠶᠢ ᠬᠠᠭᠠᠨ ᠰᠠᠭᠤᠯᠭᠠᠪᠠ᠃ ᠢᠵᠢᠯ ᠮᠥᠷᠡᠨ ᠦ ᠰᠠᠪᠠ ᠨᠤᠲᠤᠭ ᠲᠤ ᠬᠦᠴᠦᠷᠬᠡᠭᠵᠢᠭᠰᠡᠨ ᠤᠪᠠᠰᠢ ᠬᠠᠭᠠᠨ ᠤ ᠲᠣᠷᠭᠤᠳ ᠤᠳ ᠬᠠᠪᠢ ᠣᠶᠢᠷ᠎ᠠ ᠶᠢᠨ ᠬᠢᠨ ᠳᠤ ᠪᠠᠨ ᠬᠠᠯᠭᠠᠭ᠎ᠠ ᠲᠠᠢ ᠪᠠᠶᠢᠭᠰᠠᠨ ᠲᠤᠯᠠ ᠣᠷᠣᠰ ᠤᠨ 2 ᠳ᠋ᠤᠭᠠᠷ ᠶᠡᠯᠢᠰᠠᠪᠧᠽ ᠲᠡᠳᠡᠨ ᠢ ᠺᠠᠽᠠᠺ ᠤᠳ ᠢᠶᠠᠷ ᠬᠦᠷᠢᠶᠡᠯᠡᠭᠦᠯᠦᠨ ᠡᠷᠬᠡ ᠮᠡᠳᠡᠯ᠂ ᠦᠢᠯᠡ ᠠᠵᠢᠯᠯᠠᠭ᠎ᠠ ᠶᠢ ᠨᠢ ᠬᠢᠵᠠᠭᠠᠷᠯᠠᠵᠤ ᠡᠬᠢᠯᠡᠭᠰᠡᠨ ᠪᠢᠯᠡ᠃ ᠣᠷᠣᠰ ᠤᠳ ᠲᠣᠷᠭᠤᠳ ᠤᠳ ᠤᠨ ᠲᠦᠪᠡᠳ ᠲᠡᠢ ᠬᠣᠯᠪᠣᠭᠳᠠᠬᠤ ᠵᠠᠮ ᠢ ᠵᠣᠷᠢᠭᠤᠳᠠ ᠲᠠᠰᠤᠯᠵᠤ ᠡᠬᠢᠯᠡᠪᠡ᠃ ᠤᠯᠠᠮ ᠢᠶᠠᠷ ᠺᠠᠽᠠᠺ ᠤᠳ ᠲᠣᠷᠭᠤᠳ ᠤᠳ ᠤᠨ ᠤᠯᠠ ᠮᠥᠷ ᠢ ᠮᠥᠰᠬᠢᠬᠦ ᠪᠣᠯᠤᠭᠰᠠᠨ ᠶᠤᠮ᠃ ᠤᠪᠠᠰᠢ ᠬᠠᠭᠠᠨ ᠡᠨᠡ ᠪᠦᠬᠦ ᠦᠢᠯᠡ ᠶᠠᠪᠤᠳᠠᠯ ᠢ ᠰᠠᠶᠢᠲᠤᠷ ᠮᠡᠳᠡᠵᠦ᠂ ᠣᠷᠣᠰ ᠤᠨ ᠮᠡᠬᠡᠨ ᠡᠴᠡ ᠤᠳᠠᠭ᠎ᠠ ᠳᠠᠷᠠᠭ᠎ᠠ ᠮᠤᠯᠲᠤᠷᠠᠨ ᠭᠠᠷᠴᠤ᠂ ᠲᠡᠳᠡᠨ ᠢ《ᠳᠥᠩᠭᠡ ᠲᠡᠢ ᠪᠠᠭᠠᠪᠠᠭᠠᠢ》ᠭᠡᠵᠦ ᠲᠣᠬᠣᠭᠤᠷᠬᠠᠵᠤ ᠪᠠᠶᠢᠯ᠎ᠠ᠃ ᠲᠡᠷᠡ ᠪᠡᠷ ᠵᠣᠷᠢᠭᠤᠳᠠ 3 ᠲᠦᠮᠡᠨ ᠴᠡᠷᠢᠭ ᠢ 1768-1769 ᠤᠨ ᠤᠳ ᠲᠤ ᠲᠦᠷᠺ ᠤᠨ ᠳᠠᠶᠢᠨ ᠳᠤ ᠣᠷᠣᠭᠤᠯᠵᠤ᠂ ᠶᠡᠬᠡ ᠬᠡᠮᠵᠢᠶᠡᠨ ᠦ ᠵᠡᠪᠰᠡᠭ ᠣᠯᠵᠯᠠᠵᠤ ᠠᠪᠤᠭᠰᠠᠨ ᠶᠤᠮ᠃ ᠡᠶᠢᠨᠬᠦᠦ ᠤᠷᠢᠳᠠ ᠠᠴᠠ ᠶᠡᠬᠡ ᠨᠡᠭᠦᠳᠡᠯ ᠳᠦ ᠪᠡᠯᠡᠳᠬᠡᠪᠡ᠃ 1770 ᠤᠨ ᠳᠤ ᠢᠵᠢᠯ ᠮᠥᠷᠡᠨ ᠦ ᠮᠥᠰᠥ ᠬᠥᠯᠳᠡᠬᠦ ᠶᠢ ᠬᠦᠯᠢᠶᠡᠵᠦ ᠪᠠᠶᠢᠯ᠎ᠠ᠃ ᠤᠪᠠᠰᠢ ᠬᠠᠭᠠᠨ 8 ᠲᠦᠮᠡᠨ ᠴᠡᠷᠢᠭ ᠢᠶᠡᠨ ᠴᠤᠭᠯᠠᠭᠤᠯᠵᠤ᠂ ᠵᠦᠩᠭᠠᠷ ᠤᠨ ᠵᠦᠭ ᠨᠡᠭᠦᠬᠦ ᠪᠡᠨ ᠮᠡᠳᠡᠭᠳᠡᠭᠡᠳ᠂ ᠢᠵᠢᠯ ᠮᠦᠷᠡᠨ ᠤ ᠬᠥᠪᠡᠭᠡ ᠪᠡᠷ ᠨᠤᠲᠤᠭᠯᠠᠭᠰᠠᠨ ᠪᠦᠬᠦ ᠠᠷᠠᠳ ᠳᠤ ᠪᠠᠨ ᠬᠤᠷᠢᠶᠠᠬᠤ ᠳᠠᠭᠠᠭᠠᠯᠭᠠᠪᠤᠷᠢ ᠲᠡᠳᠡᠨ ᠥᠭᠭᠦᠯ᠎ᠡ᠃ 1771ᠤᠨ ᠤ 1 ᠰᠠᠷ᠎ᠠ ᠶᠢᠨ 5 ᠳᠤ ᠶᠡᠬᠡ ᠨᠡᠭᠦᠳᠡᠯ ᠬᠥᠳᠡᠯᠬᠦ ᠶᠢᠨ ᠤᠷᠢᠳᠤ ᠰᠥᠨᠢ ᠭᠠᠢ ᠲᠠᠢ ᠴᠠᠰᠤᠨ ᠰᠢᠭᠤᠷᠭ᠎ᠠ ᠳᠡᠭᠳᠡᠵᠦ᠂ ᠢᠵᠢᠯ ᠮᠥᠷᠡᠨ ᠦ ᠮᠥᠰᠥ ᠴᠥᠮᠦᠷᠡᠭᠰᠡᠨ ᠢᠶᠡᠷ ᠪᠠᠷᠠᠭᠤᠨ ᠡᠷᠭᠢ ᠳᠦ ᠨᠤᠲᠤᠭᠯᠠᠵᠤ ᠪᠠᠶᠢᠭᠰᠠᠨ ᠮᠣᠩᠭᠣᠯᠴᠤᠳ ᠬᠠᠭᠠᠨ ᠤ ᠲᠤᠰᠢᠶᠠᠯ ᠢ ᠪᠡᠶᠡᠯᠡᠭᠦᠯᠵᠦ ᠴᠢᠳᠠᠯ ᠦᠭᠡᠢ ᠲᠡᠨᠳᠡ ᠪᠡᠨ ᠦᠯᠡᠳᠡᠵᠡᠢ᠃

ᠲᠣᠷᠭᠤᠳ ᠤᠨ ᠡᠨᠡ ᠶᠡᠬᠡ ᠨᠡᠭᠦᠳᠡᠯ 7 ᠰᠠᠷ᠎ᠠ ᠦᠷᠭᠦᠯᠵᠢᠯᠡᠵᠦ᠂ 4 ᠮᠢᠩᠭᠠᠨ ᠺᠢᠯᠤᠮᠸᠲ᠋ᠷ ᠵᠠᠮ ᠢ ᠲᠤᠭᠤᠯᠬᠤ ᠳᠤ ᠪᠠᠨ᠂ ᠣᠷᠣᠰ ᠤᠳ ᠤᠨ ᠲᠠᠯᠪᠢᠭᠰᠠᠨ ᠲᠦᠮᠡᠨ ᠪᠡᠷᠬᠡᠰᠢᠶᠡᠯ ᠲᠡᠢ ᠤᠴᠠᠷᠠᠴᠤ᠂ ᠵᠠᠮ ᠵᠠᠭᠤᠷ᠎ᠠ ᠶᠢᠨ ᠲᠠᠭᠠᠷᠠᠭᠰᠠᠨ ᠴᠢᠰᠤ ᠤᠷᠤᠰᠬᠠᠭᠰᠠᠨ ᠣᠯᠠᠨ ᠳᠠᠶᠢᠨ᠂ ᠥᠯᠥᠰᠭᠥᠯᠡᠩ ᠳᠦ ᠰᠤᠯᠠᠳᠠᠨ ᠶᠠᠳᠠᠷᠴᠤ᠂ ᠦᠬᠦᠵᠦ ᠦᠷᠡᠭᠳᠡᠭᠰᠡᠭᠡᠷ 40 ᠲᠦᠮᠡᠨ ᠲᠣᠷᠭᠤᠳ ᠠᠴᠠ ᠵᠥᠪᠬᠡᠨ 12.5 ᠲᠦᠮᠡ ᠨᠢ ᠵᠦᠩᠭᠠᠷ ᠤᠨ ᠭᠣᠪᠢ ᠳᠤ ᠬᠥᠯ ᠲᠠᠯᠪᠢᠵᠠᠢ᠃ ᠨᠠᠭᠠᠳᠤ ᠵᠠᠬ᠎ᠠ ᠨᠢ ᠭᠡᠬᠦ ᠳᠦ ᠲᠡᠳᠡᠨ ᠦ ᠵᠠᠮ ᠳ᠋ᠠᠬᠢ ᠪᠦᠬᠦ ᠬᠤᠳᠳᠤᠭ ᠢ ᠬᠣᠣᠷᠳᠠᠭᠤᠯᠤᠭᠰᠠᠨ ᠪᠠᠶᠢᠭᠰᠠᠨ ᠭᠡᠳᠡᠭ᠃ ᠮᠠᠨᠵᠤ ᠶᠢᠨ ᠬᠠᠭᠠᠨ ᠲᠡᠳᠡᠨ ᠢ ᠪᠠᠶᠠᠷ ᠶᠣᠰᠣᠯᠠᠯ ᠤᠨ ᠪᠠᠶᠢᠳᠠᠯ ᠲᠠᠢ ᠤᠭᠲᠤᠵᠤ ᠠᠪᠤᠭᠠᠳ᠂ ᠵᠦᠩᠭᠠᠷ ᠤᠨ ᠭᠣᠪᠢ ᠶᠢ 10 ᠮᠤᠵᠢ ᠳᠤ ᠬᠤᠪᠢᠶᠠᠵᠤ᠂ ᠲᠣᠷᠭᠤᠳ ᠤᠳ ᠲᠤ ᠵᠠᠬᠢᠷᠤᠭᠤᠯᠵᠠᠢ᠃ ᠢᠵᠢᠯ ᠮᠥᠷᠡᠨ ᠦ ᠪᠠᠷᠠᠭᠤᠨ ᠡᠷᠭᠢ ᠳᠦ 1.5 ᠲᠦᠮᠡᠨ ᠡᠷᠦᠬᠡ ᠪᠤᠶᠤ 7 ᠲᠦᠮᠡ ᠣᠷᠴᠢᠮ ᠲᠣᠷᠭᠤᠳ ᠤᠳ ᠦᠯᠡᠳᠡᠵᠡᠢ᠃

1771ᠤᠨ ᠳᠤ ᠣᠷᠣᠰ ᠣᠷᠣᠨ ᠢ ᠬᠠᠲᠤᠨ ᠬᠠᠭᠠᠨ ᠺᠠᠲ᠋ᠠᠷᠢᠨ᠎ᠠ ᠤᠳᠤᠷᠢᠳᠵᠤ ᠪᠠᠶᠢᠬᠤ ᠦᠶ ᠡ ᠳᠤ ᠸᠤᠯᠭ᠎ ᠠ ᠮᠦᠷᠡᠨ ᠦ ᠡᠷᠭᠢ ᠳᠡᠭᠡᠷ᠎ᠡ ᠬᠠᠯᠢᠮᠠᠭ ᠤᠨ ᠮᠣᠩᠭᠣᠯ ᠠᠶᠢᠮᠠᠭ ᠤᠳ ᠤᠨ ᠤᠳᠤᠷᠢᠳᠤᠭᠴᠢ ᠨᠠᠷ ᠴᠢᠭᠤᠯᠠᠪᠠ᠃ ᠬᠡᠳᠦᠨ ᠵᠠᠭᠤᠨ ᠤ ᠲᠤᠷᠰᠢ ᠡᠨᠡ ᠭᠠᠵᠠᠷ ᠲᠡᠳᠡᠨ ᠦ ᠡᠵᠡᠮᠰᠢᠯ ᠨᠤᠲᠤᠭ ᠪᠠᠶᠢᠭᠰᠠᠨ ᠪᠤᠯᠪᠠᠴᠤ᠂ ᠪᠠᠭ᠎ᠠ ᠪᠠᠭ᠎ᠠ ᠪᠠᠷ ᠣᠷᠣᠰ ᠰᠠᠭᠤᠷᠢᠰᠢᠭᠴᠢᠳ ᠲᠤ ᠠᠯᠳᠠᠭᠰᠠᠭᠠᠷ ᠪᠠᠶᠢᠯ᠎ᠠ᠃ ᠬᠠᠯᠢᠮᠠᠭ ᠤᠳ ᠲᠦᠪᠡᠳ ᠲᠤ᠂ ᠮᠣᠩᠭᠣᠯ ᠳᠤ ᠦᠷᠨᠢᠨ ᠲᠠᠷᠬᠠᠭᠰᠠᠨ ᠪᠤᠳ᠋ᠳ᠋ᠾᠠ ᠶᠢᠨ ᠱᠠᠰᠢᠨ ᠤ ᠯᠠᠮᠠᠶᠢᠵᠠᠮ ᠤᠨ ᠤᠷᠤᠰᠬᠠᠯ ᠢ ᠰᠢᠲᠦᠨ ᠪᠠᠶᠢᠪᠠ᠃ ᠭᠡᠪᠡᠴᠦ ᠵᠠᠯᠠᠭᠤᠰ ᠢ ᠨᠢ ᠣᠷᠣᠰ ᠤᠨ ᠾᠷᠢᠰᠲ᠋ᠤᠰ ᠤᠨ ᠮᠢᠰᠰᠢᠣᠨᠧᠷᠦᠳ ᠡᠷᠭᠦᠯᠳᠡᠨ᠂ ᠱᠠᠰᠢᠨ ᠳᠤ ᠪᠠᠨ ᠡᠯᠰᠡᠬᠦ ᠪᠡᠷ ᠴᠢᠷᠮᠠᠶᠢᠬᠤ ᠪᠣᠯᠪᠠ᠃ ᠪᠦᠰᠡᠯᠡᠭᠳᠡᠵᠦ᠂ ᠬᠠᠪᠴᠢᠭᠳᠠᠵᠤ᠂ ᠲᠠᠯ᠎ᠠ ᠨᠤᠲᠤᠭ ᠲᠤ ᠪᠠᠨ ᠳᠤᠷ᠎ᠠ ᠪᠠᠷ ᠢᠶᠠᠨ ᠨᠡᠭᠦᠵᠦ᠂ ᠰᠠᠭᠤᠵᠤ ᠴᠢᠳᠠᠬᠤ ᠪᠠᠨ ᠪᠣᠯᠢᠭᠰᠠᠨ ᠨᠢ ᠨᠡᠭᠦᠳᠡᠯᠴᠢᠳ ᠢ ᠲᠡᠪᠴᠢᠬᠦ ᠶᠢᠨ ᠠᠷᠭ᠎ ᠠ ᠦᠭᠡᠢ ᠪᠤᠬᠢᠨᠢᠳᠤᠭᠤᠯᠵᠤ ᠪᠠᠶᠢᠯ᠎ᠠ᠃ ᠬᠠᠮᠢᠭ᠎ᠠ ᠰᠠᠢ ᠦᠭᠡᠢ ᠮᠠᠷᠭᠤᠭᠠᠨ᠂ ᠲᠤᠯᠤᠭᠠᠨ᠂ ᠲᠡᠮᠡᠴᠡᠯ ᠦᠷᠨᠢᠵᠦ᠂ ᠬᠠᠯᠢᠮᠠᠭ ᠲᠦᠮᠡᠨ ᠰᠢᠨᠠᠯᠤᠨ ᠲᠦᠭᠰᠢᠪᠡ᠃ ᠬᠡᠳᠦᠨ ᠰᠢᠢᠳᠮᠡᠭᠡᠢ ᠡᠷᠴᠤᠳ ᠲᠦᠪᠡᠳ ᠲᠤ᠂ ᠮᠣᠩᠭᠣᠯ ᠢ ᠡᠷᠬᠡᠨ ᠳᠦ ᠪᠡᠨ ᠣᠷᠣᠭᠤᠯᠤᠭᠠᠳ ᠪᠠᠶᠢᠭᠰᠠᠨ ᠮᠠᠨᠵᠤ ᠤᠷᠤᠭᠤ ᠣᠴᠢᠪᠠ᠃ ᠮᠠᠨᠵᠤ ᠶᠢᠨ ᠬᠠᠭᠠᠨ ᠴᠢᠯᠦᠭᠡᠲᠡᠢ ᠵᠠᠰᠠᠭ᠂ ᠭᠠᠵᠠᠷ ᠨᠤᠲᠤᠭ ᠠᠮᠠᠯᠠᠪᠠ᠃ ᠲᠡᠭᠦᠨᠴᠢᠯᠡᠨ: " ᠲᠠ ᠨᠠᠷ ᠨᠤᠲᠤᠭ ᠲᠤ ᠪᠠᠨ ᠢᠷᠡᠭᠰᠡᠨ ᠢᠶᠡᠷ ᠳᠤᠷ᠎ᠠ ᠪᠠᠷ ᠢᠶᠠᠨ ᠨᠡᠭᠦᠵᠦ ᠰᠠᠭᠤᠵᠤ᠂ ᠪᠤᠷᠬᠠᠨ ᠱᠠᠰᠢᠨ ᠢᠶᠠᠨ ᠬᠡᠨ ᠡᠴᠡ ᠴᠤ ᠠᠶᠤᠵᠤ ᠡᠮᠢᠶᠡᠯ ᠦᠭᠡᠢ ᠪᠡᠷ ᠴᠢᠯᠦᠭᠡᠲᠡᠢ ᠰᠢᠲᠦᠵᠦ ᠪᠣᠯᠤᠨ᠎ᠠ" ᠭᠡᠵᠦ ᠤᠯᠠᠮᠵᠢᠯᠠᠭᠤᠯᠪᠠ᠃ ᠬᠠᠯᠢᠮᠠᠭ ᠨᠣᠶᠠᠳ ᠲᠤ ᠡᠨᠡ ᠯᠠ ᠭᠠᠭᠴᠠ ᠭᠠᠷᠬᠤ ᠵᠠᠮ ᠪᠠᠶᠢᠪᠠ᠃ ᠲᠡᠳᠡ ᠭᠡᠷ ᠪᠦᠯᠢ᠂ ᠠᠯᠪᠠᠲᠤ ᠢᠷᠭᠡᠳ᠂ ᠪᠦᠬᠦᠢᠯᠠ ᠮᠠᠯ ᠰᠦᠷᠦᠭ ᠶᠢᠡᠨ ᠠᠪᠤᠭᠠᠳ ᠬᠠᠭᠤᠴᠢᠨ ᠨᠤᠲᠤᠭ ᠢᠶᠠᠨ ᠲᠡᠮᠡᠦᠯᠡᠨ ᠵᠣᠷᠢᠬᠤ ᠪᠠᠷ ᠲᠣᠬᠢᠷᠠᠪᠠ᠃

ᠬᠠᠯᠢᠮᠠᠭ ᠤᠨ ᠬᠠᠨ ᠮᠠᠨᠵᠤ ᠶᠢᠨ ᠬᠢᠯᠢ ᠬᠦᠷᠲᠡᠯ᠎ᠡ ᠨᠡᠭᠦᠴᠡᠭᠡᠨ ᠠᠭᠤᠳᠠᠮ ᠲᠠᠯ᠎ᠠ᠂ ᠡᠯᠴᠢᠯᠭ ᠦᠭᠡᠢ ᠬᠠᠯᠠᠭᠤᠨ ᠴᠦᠯ ᠪᠦᠷᠢᠲᠦ ᠶᠢ ᠣᠯᠠᠨ ᠵᠠᠭᠤᠨ᠂ ᠬᠡᠳᠦᠨ ᠮᠢᠩᠭᠠᠨ ᠺᠢᠯᠤᠮᠸᠲ᠋ᠷ ᠵᠠᠮ ᠲᠤᠭᠤᠯᠬᠤ ᠤᠴᠢᠷ ᠲᠠᠢ ᠶᠢ ᠲᠣᠭᠠᠴᠠᠭᠠᠯᠠᠵᠤ ᠪᠠᠶᠢᠪᠠ᠃ ᠡᠭᠦᠨ ᠡᠴᠡ ᠭᠠᠳᠠᠨ᠎ᠠ ᠲᠡᠳᠡᠨ ᠦ ᠵᠠᠮ ᠳᠤ ᠠᠯᠬᠤᠮ ᠪᠦᠷᠢ ᠲᠦ ᠲᠠᠭᠠᠷᠠᠯᠳᠤᠬᠤ ᠡᠷᠲᠡᠨ ᠦ ᠦᠰ ᠲᠠᠢ ᠪᠠᠱᠺᠢᠷ᠂ ᠺᠢᠷᠭᠢᠽᠲ᠋ᠠᠨ ᠪᠣᠯᠤᠨ ᠪᠤᠰᠤᠳ ᠨᠡᠭᠦᠳᠡᠯᠴᠢᠨ ᠠᠶᠢᠮᠠᠭ ᠤᠳ ᠳᠠᠭᠠᠷᠢᠨ ᠳᠣᠪᠲᠣᠯᠬᠤ ᠨᠢ ᠲᠣᠳᠣᠷᠬᠠᠢ᠃ ᠲᠡᠭᠦᠨᠴᠢᠯᠡᠨ ᠣᠷᠣᠰ ᠭᠦᠷᠢᠨ ᠦᠪᠡᠷᠰᠡᠳ ᠦᠨ ᠬᠠᠷᠢᠶᠠᠨ ᠠᠴᠠ ᠪᠦᠬᠦᠯᠢ ᠪᠦᠲᠦᠨ ᠨᠢᠭᠡ ᠦᠨᠳᠦᠰᠦᠲᠡᠨ ᠢ ᠪᠦᠬᠦᠢᠯᠠ ᠮᠠᠯ ᠰᠦᠷᠦᠭ ᠲᠡᠢ ᠨᠢ ᠲᠠᠯᠪᠢᠭᠠᠳ ᠶᠠᠪᠤᠭᠤᠯᠤᠨ᠎ᠠ ᠭᠡᠵᠦ ᠦᠭᠡᠢ᠂ ᠬᠠᠯᠢᠮᠠᠭ ᠤᠳ ᠤᠨ ᠵᠠᠨᠤᠯᠲᠤ ᠳᠠᠶᠢᠰᠤᠨ ᠺᠠᠽᠠᠺ ᠤᠳ ᠢ ᠠᠷᠤ ᠠᠴᠠ ᠨᠢ ᠨᠡᠬᠡᠭᠦᠯᠵᠦ᠂ ᠭᠣᠣᠯ ᠲᠠᠢ ᠪᠦᠬᠦᠨ ᠢ ᠨᠢ ᠬᠢᠳᠤᠭᠤᠯᠬᠤ ᠪᠣᠯᠤᠨ᠎ᠠ᠃

ᠡᠶᠢᠮᠦ ᠤᠴᠢᠷ ᠬᠤᠷᠠᠨ ᠴᠤᠭᠯᠠᠭᠰᠠᠨ ᠬᠠᠯᠢᠮᠠᠭ ᠨᠣᠶᠠᠳ ᠲᠤ ᠰᠢᠢᠳ ᠭᠠᠷᠭᠠᠬᠤ ᠳᠤ ᠲᠤᠩ ᠬᠦᠨᠳᠦ ᠪᠠᠶᠢᠯ᠎ᠠ᠃ ᠲᠡᠳᠡ ᠦᠪᠡᠷᠰᠡᠳ ᠦᠨ ᠴᠣᠷ ᠤᠨ ᠭᠠᠭᠴᠠ ᠪᠠᠶᠠᠯᠢᠭ ᠪᠣᠯᠬᠤ ᠲᠠᠯ᠎ᠠ ᠳᠤᠭᠤᠷᠢᠨ ᠪᠡᠯᠴᠢᠬᠦ ᠮᠠᠯ ᠰᠦᠷᠦᠭ ᠶᠢᠡᠨ ᠪᠠᠬᠠᠷᠬᠠᠨ ᠬᠠᠷᠠᠵᠤ᠂ ᠲᠡᠳᠡᠨ ᠦ ᠮᠦᠭᠡᠷᠦᠯᠳᠤᠬᠦ᠂ ᠮᠠᠶᠢᠯᠠᠯᠳᠤᠬᠤ ᠳᠠᠭᠤᠤ ᠶᠢ ᠲᠠᠭᠠᠰᠢᠶᠠᠨ ᠰᠣᠨᠣᠰᠤᠨ᠎ᠠ᠃ ᠭᠡᠪᠡᠴᠦ ᠬᠡᠷᠪᠡ ᠡᠨᠡ ᠮᠠᠯ ᠰᠦᠷᠦᠭ ᠦᠭᠡᠢ ᠪᠣᠯᠪᠠᠯ ᠬᠠᠯᠢᠮᠠᠭ ᠲᠦᠮᠡᠨ ᠬᠡᠷᠬᠢᠨ ᠠᠮᠢᠳᠤᠷᠠᠬᠤ ᠪᠤᠢ? ᠭᠡᠷ ᠪᠦᠷᠢ ᠳᠤ ᠬᠠᠰᠬᠢᠷᠤᠯᠳᠤᠨ᠂ ᠤᠬᠢᠯᠠᠯᠳᠤᠬᠤ ᠪᠢᠴᠢᠬᠠᠨ ᠦᠷᠡᠰ ᠨᠢ ᠦᠰᠦᠵᠦ ᠲᠣᠮᠣᠷᠠᠭᠠᠳ ᠬᠡᠨ ᠪᠣᠯᠬᠤ ᠪᠤᠢ? ᠲᠡᠳᠡᠨ ᠳᠦ 2 ᠯᠠ ᠭᠠᠷᠬᠤ ᠵᠠᠮ ᠪᠠᠶᠢᠯ᠎ᠠ: ᠨᠢᠭᠡ ᠪᠣᠯ ᠬᠠᠭᠤᠴᠢᠨ ᠨᠤᠲᠤᠭ ᠢᠶᠠᠨ ᠵᠣᠷᠢᠬᠤ ᠡᠰᠡᠪᠡᠯ ᠲᠡᠨᠳᠡ ᠪᠡᠨ ᠦᠯᠡᠳᠡᠵᠦ ᠦᠨᠳᠦᠰᠦᠲᠡᠨ ᠦ ᠪᠡᠨ ᠬᠤᠪᠢ ᠳᠤ ᠮᠦᠬᠦᠬᠦ᠃ ᠬᠠᠪᠴᠢᠯᠲᠠ᠂ ᠰᠢᠬᠠᠯᠲᠠ ᠠᠴᠠ ᠵᠠᠯᠬᠠᠭᠰᠠᠨ ᠠᠷᠠᠳ ᠲᠦᠮᠡᠨ ᠨᠤᠲᠤᠭ ᠢᠶᠠᠨ ᠬᠠᠶᠠᠵᠤ ᠨᠡᠭᠦᠬᠦ ᠪᠡᠷ ᠰᠢᠢᠳᠪᠡ᠃ ᠬᠦᠮᠦᠨ ᠲᠦᠷᠦᠯᠬᠢᠲᠡᠨ ᠤ ᠲᠡᠦᠬᠡᠨ ᠳᠦ ᠭᠠᠷᠤᠭᠰᠠᠨ ᠦᠭᠡᠷ ᠡ ᠨᠢᠭᠡᠨ ᠠᠯᠳᠠᠷᠲᠠᠢ ᠨᠡᠭᠦᠳᠡᠯ ᠪᠣᠯ ᠡᠺᠰᠣᠳᠤᠰ᠂ ᠶᠸᠵᠠᠫᠲ ᠡᠴᠡ ᠭᠠᠷᠤᠭᠰᠠᠨ ᠢᠪᠡᠷᠡᠢ ᠨᠠᠷ ᠤᠨ ᠨᠡᠭᠦᠳᠡᠯ ᠶᠤᠮ᠃ ᠮᠣᠽᠧᠰ ᠦᠨ ᠠᠳᠠᠯᠢ ᠪᠠᠷ ᠬᠠᠯᠢᠮᠠᠭ ᠤᠨ ᠤᠳᠤᠷᠢᠳᠤᠭᠴᠢ ᠠᠷᠠᠳ ᠲᠦᠮᠡᠨ ᠢᠶᠡᠨ ᠤᠷᠢᠶᠠᠯᠠᠨ ᠳᠠᠭᠤᠳᠠᠵᠤ᠂ ᠨᠢᠭᠡᠳᠦᠭᠡᠷ ᠰᠠᠷ᠎ᠠ ᠶᠢᠨ ᠡᠬᠢ ᠪᠡᠷ ᠸᠣᠯᠭ᠎ᠠ ᠮᠦᠷᠡᠨ ᠦ ᠡᠷᠭᠢ ᠡᠴᠡ ᠬᠦᠳᠡᠯᠵᠠᠢ᠃

ᠪᠠᠷᠠᠭᠤᠨ ᠬᠠᠯᠢᠮᠠᠭᠴᠦᠳ ᠨᠤᠭᠤᠳ ᠲᠣᠬᠢᠷᠠᠭᠰᠠᠨ ᠳᠣᠬᠢᠭ᠎ᠠ ᠶᠢ ᠰᠣᠨᠣᠰᠤᠭ᠎ᠠ ᠦᠭᠡᠢ ᠤᠤ ᠡᠰᠡᠪᠡᠯ ᠭᠣᠣᠯ ᠭᠠᠲᠤᠯᠠᠵᠤ ᠴᠢᠳᠠᠭᠰᠠᠨ ᠦᠭᠡᠢ ᠤᠤ ᠮᠦᠷᠡᠨ ᠦ ᠨᠦᠭᠦᠭᠡ ᠡᠷᠭᠢ ᠳᠦ ᠦᠯᠡᠳᠦᠵᠦ ᠬᠣᠴᠣᠷᠴᠠᠢ᠃ ᠬᠣᠵᠢᠮ ᠲᠡᠳᠡ ᠺᠠᠰᠫᠢ ᠲᠡᠩᠭᠢᠰ ᠦᠨ ᠣᠷᠴᠢᠮ ᠰᠠᠭᠤᠷᠢᠰᠢᠭᠰᠠᠨ ᠶᠤᠮ᠃ ᠣᠷᠣᠰ ᠤᠨ ᠬᠤᠪᠢᠰᠠᠬᠠᠯ ᠶᠢᠡᠷ ᠴᠠᠭᠠᠨ ᠬᠠᠭᠠᠨ ᠳᠤ ᠦᠨᠡᠨᠴᠢ ᠪᠠᠶᠢᠵᠤ᠂ ᠲᠡᠭᠦᠨ ᠢ ᠳᠡᠮᠵᠢᠭᠰᠡᠨ ᠦ ᠪᠡᠨ ᠰᠢᠢᠳᠬᠡᠯ ᠢ ᠬᠠᠲᠠᠭᠤ ᠰᠢᠷᠦᠭᠦᠨ ᠢᠶᠡᠷ ᠠᠮᠰᠠᠵᠠᠢ᠃ ᠳᠡᠯᠡᠬᠡᠢ ᠶᠢᠨ ᠬᠣᠶᠠᠷᠳ᠋ᠤᠭᠠᠷ ᠳᠠᠶᠢᠨ ᠤ ᠦᠶ ᠡ ᠪᠡᠷ ᠴᠤ ᠲᠡᠳᠡᠨ ᠢ ᠣᠯᠠᠨ ᠢᠶᠠᠷ ᠨᠢ ᠤᠰᠠᠳᠬᠠᠵᠠᠢ᠃ ᠠᠮᠧᠷᠢᠺᠠ ᠶᠢᠨ ᠨᠢᠶᠤ ᠵᠧᠷᠰᠢ ᠪᠣᠯᠤᠨ ᠪᠤᠰᠤᠳ ᠭᠠᠵᠠᠷ ᠳᠦᠷᠪᠡᠭᠴᠢ ᠬᠠᠯᠢᠮᠠᠭ ᠤᠳ ᠴᠦᠬᠡᠨ ᠲᠣᠭ᠎ᠠ ᠪᠠᠷ ᠠᠮᠢᠳᠤᠷᠠᠵᠤ ᠪᠠᠶᠢᠨ᠎ᠠ᠃ ᠮᠦᠨ ᠣᠷᠣᠰ ᠤᠨ ᠬᠣᠯᠪᠣᠭᠠᠨ ᠤ ᠤᠯᠤᠰ ᠲᠤ ᠬᠠᠯᠢᠮᠠᠭ ᠤᠨ ᠤᠯᠤᠰ ᠣᠷᠣᠰᠢᠨ ᠪᠤᠢ᠃

ᠵᠡᠭᠦᠨ ᠬᠠᠯᠢᠮᠠᠭᠴᠤᠳ 30 ᠲᠦᠮᠡᠨ ᠢᠷᠭᠡᠳ ᠢᠶᠡᠨ ᠠᠪᠤᠨ ᠠᠯᠤᠰ ᠬᠣᠯᠠ ᠣᠷᠣᠰᠢᠬᠤ ᠤᠤᠭᠠᠯ ᠨᠤᠲᠤᠭ ᠢᠶᠠᠨ ᠵᠣᠷᠢᠨ ᠪᠣᠰᠪᠠ᠃ ᠪᠡᠯᠡᠳᠬᠡᠯ ᠢᠶᠡᠨ ᠰᠠᠶᠢᠲᠤᠷ ᠪᠠᠵᠠᠭᠠᠭᠰᠠᠨ ᠪᠠᠶᠢᠪᠠ᠃ ᠬᠠᠯᠢᠮᠠᠭ ᠤᠨ ᠮᠣᠷᠢᠲᠠᠨ ᠪᠠᠭᠠᠲᠤᠷ ᠤᠳ ᠳᠠᠭᠠᠷᠢᠨ ᠪᠠᠶᠢᠯᠳᠤᠬᠤ ᠪᠣᠯᠤᠨ ᠬᠠᠮᠠᠭᠠᠯᠠᠨ ᠳᠠᠭᠠᠯᠳᠤᠬᠤ ᠠᠩᠭᠢ ᠨᠤᠭᠤᠳ ᠲᠤ ᠬᠤᠪᠢᠶᠠᠭᠳᠠᠵᠤ ᠡᠭᠦᠷᠭᠡ ᠪᠠᠨ ᠬᠤᠷᠳᠤᠨ᠂ ᠭᠠᠪᠰᠢᠭᠠᠢ᠂ ᠨᠠᠶᠢᠳᠠᠪᠤᠷᠢᠲᠠᠢ ᠪᠡᠶᠡᠯᠡᠭᠦᠯᠵᠦ ᠪᠠᠶᠢᠪᠠ᠃ ᠠᠴᠢᠶ᠎ᠠ ᠬᠦᠰᠬᠡ᠂ ᠡᠮᠡᠭᠲᠡᠶᠢᠴᠢᠤᠳ ᠯᠠ ᠬᠡᠦᠬᠡᠳ ᠤᠳ ᠢ ᠰᠠᠭᠤᠯᠭᠠᠭᠰᠠᠨ ᠤᠷᠲᠤ ᠠᠴᠠ ᠤᠷᠲᠤ ᠲᠡᠮᠡᠭᠡᠨ ᠵᠢᠩ ᠦᠨ ᠴᠤᠪᠤᠭ᠎ᠠ ᠶᠢ ᠵᠠᠷᠢᠮ ᠨᠢ ᠬᠠᠮᠠᠭᠠᠯᠠᠵᠤ ᠪᠠᠶᠢᠬᠤ ᠳᠤ᠂ ᠪᠤᠰᠤᠳ ᠨᠢ ᠫᠤᠤ᠂ ᠰᠤᠮᠤ ᠬᠦᠷᠬᠦ ᠵᠠᠢ ᠳᠤ ᠶᠠᠪᠤᠵᠤ ᠭᠠᠳᠠᠨ᠎ᠠ ᠶᠢᠨ ᠳᠣᠪᠲᠣᠯᠭ᠎ᠠ ᠶᠢ ᠬᠠᠮᠠᠭᠠᠯᠠᠨ ᠪᠠᠶᠢᠯᠳᠤᠵᠤ ᠪᠠᠶᠢᠪᠠ᠃ ᠣᠷᠣᠰ ᠤᠳ ᠠᠴᠠ ᠵᠢᠭᠤᠲᠠᠵᠤ ᠪᠤᠢ ᠶᠢ ᠨᠢ ᠰᠠᠭᠠᠳᠠᠭᠤᠯᠬᠤ ᠭᠡᠰᠡᠨ ᠬᠡᠨ ᠪᠦᠬᠦᠨ ᠢ ᠤᠷᠢᠳᠠ ᠠᠴᠠ ᠨᠢ ᠳᠣᠪᠲᠣᠯᠵᠤ ᠤᠰᠠᠳᠬᠠᠬᠤ ᠰᠢᠯᠢᠮᠡᠯ ᠡᠷᠡᠴᠦᠦᠯ ᠶᠢᠡᠷ ᠪᠦᠷᠢᠳᠦᠭᠰᠡᠨ ᠲᠤᠰᠬᠠᠢ ᠠᠩᠭᠢ ᠴᠤ ᠪᠠᠶᠢᠭᠤᠯᠪᠠ᠃

ᠠᠷᠤ ᠶᠢᠨ ᠬᠠᠮᠠᠭᠠᠯᠠᠯᠲᠠ ᠶᠢᠨ ᠬᠢᠨ ᠠᠷᠤ ᠳᠤ ᠬᠣᠴᠣᠷᠤᠭᠰᠠᠨ ᠬᠡᠭᠡᠷ᠎ᠡ ᠶᠢᠨ ᠰᠠᠭᠤᠴᠠ᠂ ᠵᠢᠵᠢᠭ ᠲᠣᠰᠬᠣᠳ ᠢ ᠭᠠᠯᠳᠠᠨ ᠰᠢᠲᠠᠭᠠᠵᠤ ᠦᠭᠡᠢ ᠬᠢᠪᠡ᠃ 25000 ᠺᠦᠸᠠᠳ᠋ ᠺᠢᠯᠤᠮᠸᠲ᠋ᠷ ᠭᠠᠵᠠᠷ ᠲᠤ ᠨᠢᠭᠡ ᠰᠦᠨᠢ ᠶᠢᠨ ᠳᠣᠲᠣᠷ᠎ᠠ ᠪᠦᠬᠦᠨ ᠶᠢᠡᠷ ᠲᠦᠢᠮᠡᠷ ᠠᠰᠠᠵᠠᠢ᠃

ᠡᠨᠡ ᠮᠦᠴᠡ ᠶᠢ ᠬᠦᠷᠲᠡᠯ᠎ᠡ ᠣᠷᠣᠰ ᠤᠨ ᠬᠠᠷᠠᠭᠤᠯ ᠤᠨ ᠬᠢᠨ ᠬᠠᠯᠢᠮᠠᠭ ᠤᠳ ᠤᠨ ᠶᠡᠬᠡ ᠨᠡᠭᠦᠳᠡᠯ ᠦᠨ ᠲᠠᠯ᠎ᠠ ᠪᠠᠷ ᠶᠠᠭᠤ ᠴᠤ ᠮᠡᠳᠡᠭᠡ ᠦᠭᠡᠢ ᠪᠠᠶᠢᠪᠠ᠃ ᠰᠠᠨᠳᠤᠷᠴᠤ ᠮᠡᠭᠳᠡᠭᠰᠡᠨ ᠠᠰᠲᠷᠠᠬᠤᠨ ᠤ ᠠᠮᠪᠠᠨ ᠵᠠᠬᠢᠷᠤᠭᠴᠢ ᠡᠨᠡ ᠲᠤᠬᠠᠢ ᠮᠡᠳᠡᠭᠳᠡᠬᠦ ᠪᠡᠷ ᠪᠡᠶᠡᠴᠢᠯᠡᠨ ᠤᠮᠠᠷᠠᠳᠤ ᠶᠢ ᠵᠣᠷᠢᠨ ᠬᠦᠳᠡᠯᠪᠡ᠃ ᠲᠡᠷᠡ ᠡᠳᠦᠷ ᠲᠦ 300 ᠮᠠᠶᠢᠯᠠ ᠭᠠᠵᠠᠷ ᠢ ᠲᠤᠭᠤᠯᠤᠨ ᠳᠠᠪᠬᠢᠭᠰᠠᠭᠠᠷ᠂ ᠲᠤᠶᠢᠯ ᠳᠤ ᠪᠠᠨ ᠬᠦᠷᠴᠦ ᠶᠠᠳᠠᠷᠠᠭᠰᠠᠨ ᠠᠮᠢᠲᠠᠨ ᠬᠠᠲᠤᠨ ᠬᠠᠭᠠᠨ ᠤ ᠪᠠᠨ ᠡᠮᠦᠨ᠎ ᠠ ᠣᠴᠢᠵᠠᠢ᠃ ᠲᠡᠭᠡᠭᠡᠳ ᠡᠴᠦᠰ ᠦᠨ ᠬᠦᠴᠦ ᠪᠠᠨ ᠰᠢᠪᠬᠠᠨ ᠪᠠᠶᠢᠵᠤ ᠬᠠᠲᠤᠨ ᠬᠠᠭᠠᠨ ᠳᠤ ᠪᠠᠨ ᠪᠦᠬᠦᠯᠢ ᠪᠦᠲᠦᠨ ᠨᠢᠭᠡ ᠦᠨᠳᠦᠰᠦᠲᠡᠨ ᠭᠠᠭᠴᠠᠬᠠᠨ ᠰᠦᠨᠢ ᠶᠢᠨ ᠳᠣᠲᠣᠷ᠎ᠠ ᠵᠢᠭᠤᠳᠠᠭᠠᠳ ᠶᠠᠪᠤᠴᠢᠬᠠᠭᠰᠠᠨ ᠢ ᠢᠲᠡᠭᠡᠬᠦ ᠶᠢᠨ ᠠᠷᠭ᠎ ᠠ ᠦᠭᠡᠢ ᠮᠡᠳᠡᠭᠡ ᠶᠢ ᠬᠦᠷᠭᠡᠵᠡᠢ᠃ ᠲᠡᠷᠡ ᠳᠣᠣᠷ᠎ᠠ ᠨᠢ ᠬᠠᠲᠤᠨ ᠬᠠᠭᠠᠨ ᠭᠧᠨᠧᠷᠠᠯ ᠤᠳ ᠢᠶᠠᠨ ᠴᠤᠭᠯᠠᠭᠤᠯᠵᠤ᠂ ᠶᠡᠬᠡ ᠴᠡᠷᠢᠭ ᠠᠪᠴᠤ ᠬᠠᠯᠢᠮᠠᠭ ᠤᠨ ᠬᠣᠶᠢᠨ᠎ᠠ ᠠᠴᠠ ᠮᠦᠷᠳᠡᠨ ᠬᠦᠭᠡᠭᠡᠵᠦ᠂ ᠨᠡᠭᠦᠳᠡᠯ ᠢ ᠵᠣᠭᠰᠣᠬᠤ᠂ ᠳᠦᠷᠪᠡᠭᠰᠡᠳ ᠢ ᠪᠠᠷᠢᠪᠴᠢᠯᠠᠬᠤ᠂ ᠡᠰᠡᠷᠭᠦᠴᠡᠪᠡᠯ ᠤᠰᠠᠳᠬᠠᠬᠤ ᠲᠤᠰᠢᠶᠠᠯ ᠦᠭᠪᠡ᠃

ᠵᠡᠭᠦᠨ ᠲᠡᠰᠢ 500 ᠣᠷᠴᠢᠮ ᠺᠢᠯᠣᠮᠧᠲ᠋ᠷ ᠲᠤ ᠺᠠᠽᠠᠺ ᠤᠳ ᠤᠨ ᠠᠮᠢᠳᠤᠷᠠᠳᠠᠭ ᠶᠠᠢᠺ ᠭᠣᠣᠯ ᠤᠷᠤᠰᠴᠤ ᠪᠠᠶᠢᠪᠠ᠃ ᠲᠡᠳᠡᠭᠡᠷ ᠺᠠᠽᠠᠺ ᠤᠳ ᠬᠠᠯᠢᠮᠠᠭ ᠤᠳ ᠲᠠᠢ ᠶᠡᠬᠡᠬᠡᠨ ᠲᠤᠯᠤᠯᠳᠤᠳᠠᠭ᠂ ᠦᠰᠢᠶᠡᠷᠬᠡᠵᠦ ᠬᠣᠨᠵᠢᠩᠨᠠᠭᠰᠠᠨ ᠳᠠᠶᠢᠰᠤᠨ ᠨᠤᠭᠤᠳ ᠨᠢ ᠪᠠᠶᠢᠯ᠎ᠠ᠃ ᠬᠠᠯᠢᠮᠠᠭ ᠤᠨ ᠬᠠᠨ ᠬᠠᠷᠢᠶᠠᠲᠤ ᠠᠷᠠᠳ ᠢᠶᠠᠨ ᠤᠯᠠᠮ ᠰᠢᠪᠠᠳᠠᠭᠤᠯᠤᠨ ᠤᠷᠤᠭᠰᠢᠯᠠᠭᠤᠯᠤᠭᠰᠠᠭᠠᠷ ᠶᠠᠢᠺ ᠭᠣᠣᠯ ᠬᠦᠷᠪᠡ᠃ ᠭᠡᠪᠡᠴᠦ ᠲᠣᠭᠠᠯᠠᠰᠢ ᠦᠭᠡᠢ ᠣᠯᠠᠨ ᠬᠣᠨᠢ᠂ ᠪᠣᠭ ᠮᠠᠯ ᠶᠠᠪᠤᠳᠠᠯ ᠳᠠᠭᠠᠬᠤ ᠦᠭᠡᠢ ᠬᠤᠴᠤᠷᠠᠵᠤ ᠦᠷᠡᠭᠳᠡᠵᠡᠢ᠃ ᠭᠣᠣᠯ ᠤᠨ ᠡᠷᠭᠢ ᠳᠡᠭᠡᠷ᠎ᠡ ᠰᠢᠷᠦᠭᠦᠨ ᠲᠤᠯᠤᠭᠠᠨ ᠪᠣᠯᠵᠤ ᠺᠠᠽᠠᠺ ᠤᠳ 9000 ᠬᠠᠯᠢᠮᠠᠭ ᠤᠨ ᠠᠮᠢ ᠶᠢ ᠠᠪᠤᠪᠠ᠃

ᠺᠠᠽᠠᠺ ᠤᠳ ᠵᠢᠭᠠᠬᠠᠨ ᠠᠮᠤᠰᠬᠢᠵᠤ ᠪᠠᠶᠢᠭᠠᠳ ᠨᠡᠭᠦᠳᠡᠯ ᠢ ᠭᠦᠢᠴᠡᠨ ᠣᠴᠢᠵᠤ᠂ ᠲᠦᠺᠠᠢ ᠭᠣᠣᠯ ᠬᠦᠷᠬᠦ ᠵᠠᠮ ᠢ ᠨᠢ ᠬᠠᠭᠠᠵᠤ ᠪᠣᠯᠬᠤ ᠪᠠᠶᠢᠪᠠ᠃ ᠡᠶᠢᠮᠦ ᠡᠴᠡ ᠬᠠᠯᠢᠮᠠᠭ ᠤᠳ ᠲᠤ ᠠᠯᠢ ᠪᠣᠯᠬᠤ ᠬᠤᠷᠳᠤᠨ ᠴᠠᠰᠢ ᠬᠦᠳᠡᠯᠬᠦ ᠶᠤᠰᠤᠲᠠᠢ ᠪᠠᠶᠢᠪᠠ᠃ ᠨᠡᠭᠦᠳᠡᠯ ᠴᠠᠰᠢ ᠬᠦᠳᠡᠯᠵᠦ ᠨᠢᠭᠡ ᠡᠳᠦᠷ ᠪᠣᠯᠪᠠ ᠤᠤ ᠦᠭᠡᠢ ᠤᠤ ᠮᠠᠰᠢ ᠰᠢᠷᠦᠭᠦᠨ ᠴᠠᠰᠤᠨ ᠰᠢᠭᠤᠷᠭ᠎ᠠ ᠡᠬᠢᠯᠡᠵᠦ᠂ ᠬᠦᠷ ᠴᠠᠰᠤ᠂ ᠮᠡᠰᠢ ᠬᠦᠢᠲᠡᠨ ᠵᠢᠪᠠᠷ ᠰᠢᠪᠬᠠᠭᠤᠷᠳᠠᠵᠤ ᠡᠬᠢᠯᠡᠪᠡ᠃ ᠮᠠᠯ ᠰᠦᠷᠦᠭ ᠡᠴᠡ ᠶᠡᠬᠡᠩᠬᠢ ᠨᠢ ᠣᠰᠤᠭᠤᠵᠤ᠂ ᠦᠬᠡᠷ ᠤᠳ ᠨᠢ ᠴᠠᠰᠤᠨ ᠳᠤ ᠰᠢᠭᠢᠳᠦᠭᠡᠳ ᠲᠣᠯᠣᠭᠠᠢ ᠶᠢ ᠪᠠᠨ ᠳᠠᠭᠠᠬᠤ ᠦᠭᠡᠢ ᠤᠨᠠᠵᠤ ᠦᠯᠡᠳᠡᠪᠡ᠃ ᠬᠠᠯᠢᠮᠠᠭ ᠤᠳ ᠲᠦᠷ ᠪᠠᠭᠤᠳᠠᠯᠯᠠᠵᠤ᠂ ᠦᠯᠡᠳᠡᠭᠰᠡᠨ ᠬᠡᠳᠦᠨ ᠦᠬᠡᠷ ᠢᠶᠡᠨ ᠠᠯᠠᠵᠤ᠂ ᠮᠢᠬᠠᠨ ᠤ ᠨᠡᠭᠦᠴᠡ ᠪᠡᠯᠡᠳᠬᠡᠵᠦ ᠠᠪᠤᠯ᠎ᠠ᠃

ᠴᠠᠰᠤ ᠬᠦᠯᠳᠤᠵᠦ᠂ ᠭᠠᠳᠠᠷᠭᠤ ᠳᠡᠭᠡᠭᠦᠷ ᠨᠢ ᠮᠣᠷᠢ ᠲᠡᠮᠡᠭᠡ ᠶᠠᠪᠤᠵᠤ ᠴᠢᠳᠠᠬᠤ ᠪᠠᠷ ᠪᠣᠯᠤᠮᠠᠭᠴᠠ ᠨᠡᠭᠦᠳᠡᠯᠴᠢᠨ ᠣᠯᠠᠨ ᠰᠢᠮᠳᠠᠨ ᠬᠦᠳᠡᠯᠪᠡ᠃ ᠮᠣᠷᠢ ᠮᠠᠯ ᠤᠨ ᠲᠤᠭᠤᠷᠠᠢ ᠬᠠᠭ᠎ᠠ ᠦᠰᠦᠷᠴᠦ᠂ ᠶᠠᠪᠤᠳᠠᠯ ᠨᠢ ᠰᠠᠭᠠᠷᠠᠨ᠎ᠠ᠃

ᠲᠦᠺᠠᠢ ᠭᠣᠣᠯ ᠬᠦᠷᠬᠦ ᠵᠠᠮ ᠳᠤ ᠨᠢᠭᠡᠨ ᠲᠣᠮᠣ ᠳᠠᠪᠠᠭ᠎ᠠ (ᠠᠭᠤᠯᠠ) ᠪᠠᠶᠢᠯ᠎ᠠ᠃ ᠲᠡᠷᠡ ᠳᠠᠪᠠᠭ᠎ᠠ ᠶᠢ ᠺᠠᠽᠠᠺ ᠤᠳ ᠠᠴᠠ ᠠᠷᠠᠢ ᠴᠤ ᠲᠦᠷᠦᠭᠦᠯᠡᠨ ᠳᠠᠪᠠᠵᠤ ᠴᠢᠳᠠᠪᠠ᠃ ᠬᠠᠯᠢᠮᠠᠭ ᠤᠳ ᠤᠨ ᠴᠢᠩᠬ᠎ᠠ ᠠᠷᠠᠳ ᠠᠴᠠ ᠣᠷᠣᠰ ᠤᠨ ᠠᠷᠮᠢ᠂ ᠳᠠᠶᠢᠰᠤᠩᠨᠠᠭᠰᠠᠨ ᠪᠠᠱᠺᠢᠷ᠂ ᠺᠢᠷᠭᠢᠰ ᠶᠢᠨ ᠪᠣᠯᠤᠨ ᠪᠤᠰᠤᠳ ᠠᠶᠢᠮᠠᠭ ᠤᠳ ᠤᠨ ᠨᠢᠭᠡᠳᠦᠭᠰᠡᠨ ᠴᠡᠷᠢᠭ ᠣᠶᠢᠷᠠᠬᠠᠨ ᠨᠡᠬᠡᠵᠦ ᠪᠠᠶᠢᠪᠠ᠃ ᠦᠭᠡᠷ ᠡ ᠨᠢᠭᠡ ᠣᠷᠣᠰ ᠤᠨ ᠴᠡᠷᠢᠭ ᠦᠨ ᠨᠢᠭᠡᠳᠬᠡᠯ ᠺᠠᠽᠠᠺ ᠤᠳ ᠤᠨ ᠬᠠᠮᠲᠤ ᠪᠠᠷ ᠲᠦᠺᠠᠢ ᠭᠣᠣᠯ ᠬᠦᠷᠬᠦ ᠵᠠᠮ ᠢ ᠨᠢ ᠠᠮᠠᠳᠠᠨ ᠲᠣᠰᠴᠤ ᠪᠠᠶᠢᠯᠳᠤᠬᠤ ᠪᠠᠷ ᠬᠦᠳᠡᠯᠪᠡ᠃ ᠬᠠᠯᠢᠮᠠᠭ ᠤᠳ ᠲᠦᠺᠠᠢ ᠭᠣᠣᠯ ᠬᠦᠷᠲᠡᠯ᠎ᠡ 2000 ᠭᠠᠷᠤᠢ ᠺᠢᠯᠤᠮᠸᠲ᠋ᠷ ᠭᠠᠵᠠᠷ ᠢ ᠲᠤᠭᠤᠯᠵᠤ ᠴᠢᠳᠠᠬᠤ ᠡᠰᠡᠬᠦ ᠨᠢ ᠵᠠᠮ ᠳᠤ ᠲᠠᠭᠠᠷᠠᠯᠳᠤᠬᠤ ᠪᠤᠰᠤᠳ ᠭᠣᠣᠯ ᠤᠨ ᠭᠠᠷᠠᠮ ᠭᠠᠵᠠᠷ ᠢ ᠭᠠᠷᠬᠤ ᠠᠷᠭ᠎ ᠠ ᠦᠭᠡᠢ ᠪᠣᠯᠭᠠᠭᠰᠠᠨ ᠪᠠᠶᠢᠬᠤ ᠶᠢ ᠰᠢᠯᠲᠠᠭᠠᠯᠠᠵᠤ ᠪᠠᠶᠢᠯ᠎ᠠ᠃

ᠡᠴᠦᠰ ᠲᠡᠭᠦᠰᠭᠡᠯ ᠦᠭᠡᠢ ᠮᠡᠲᠦ ᠵᠣᠪᠠᠯᠠᠩ ᠰᠢᠨᠠᠯᠤᠯ ᠢᠶᠠᠷ ᠳᠡᠭᠦᠷᠦᠨ ᠦᠬᠦᠯ ᠤᠨ ᠭᠡᠮᠡᠷ ᠴᠤᠪᠤᠭ᠎ᠠ ᠴᠢᠳᠠᠬᠤ ᠴᠢᠨᠦᠭᠡ ᠪᠡᠷ ᠶᠢᠡᠨ ᠤᠷᠤᠭᠰᠢᠯᠠᠭᠰᠠᠭᠠᠷ᠃ ᠰᠦᠨᠢ ᠪᠡᠷ ᠬᠦᠯᠳᠡᠵᠦ ᠬᠣᠨᠣᠭᠰᠠᠨ ᠨᠢᠯᠬᠠᠰ ᠢᠶᠠᠨ ᠡᠬᠡᠴᠦᠦᠯ ᠨᠢ ᠣᠷᠬᠢᠵᠤ ᠶᠠᠪᠤᠬᠤ ᠠᠴᠠ ᠦᠭᠡᠷ ᠡ ᠠᠷᠭ᠎ ᠠ ᠦᠭᠡᠢ᠃ ᠬᠠᠷ᠎ᠠ ᠲᠡᠩᠬᠡᠭᠡ ᠪᠡᠨ ᠪᠠᠷᠠᠭᠰᠠᠨ ᠨᠠᠰᠤᠲᠠᠶᠢᠴᠤᠤᠯ ᠨᠡᠭᠦᠳᠡᠯ ᠦᠨ ᠬᠤᠷᠳᠤ ᠶᠢ ᠳᠠᠭᠠᠭᠠᠵᠤ ᠴᠢᠳᠠᠬᠤ ᠦᠭᠡᠢ ᠦᠯᠡᠳᠡᠵᠡᠭᠡᠨ᠎ᠡ᠃ ᠲᠡᠳᠡ ᠣᠷᠬᠢᠨ ᠣᠳᠴᠤ ᠪᠤᠢ ᠨᠡᠭᠦᠳᠡᠯ ᠦᠨ ᠴᠤᠪᠤᠭᠠᠨ ᠤ ᠠᠷᠤ ᠠᠴᠠ ᠭᠤᠨᠢᠭᠲᠠᠢ ᠪᠠᠷ ᠬᠠᠷᠠᠵᠤ ᠶᠡᠬᠡ ᠴᠠᠰᠤᠨ ᠳᠤᠮᠳᠠ ᠪᠦᠷᠲᠦᠶᠢᠰᠡᠭᠡᠷ ᠰᠠᠭᠤᠵᠤ ᠬᠣᠴᠣᠷᠤᠨ᠎ᠠ᠃ ᠦᠪᠦᠭᠡᠴᠦᠦᠯ ᠨᠢ ᠨᠢᠯᠬ᠎ᠠ ᠠᠴᠢ ᠨᠠᠷ ᠲᠤ ᠪᠠᠨ ᠳᠤᠯᠠᠭᠠᠨ ᠳᠠᠬᠤ ᠪᠠᠨ ᠦᠯᠡᠳᠡᠭᠡᠵᠦ᠂ ᠰᠠᠯᠬᠤ ᠶᠣᠰᠣ ᠭᠦᠢᠴᠡᠳᠬᠡᠨ᠎ᠡ᠃ ᠲᠡᠳᠡᠨ ᠢ ᠠᠯᠭᠤᠷᠬᠠᠨ ᠬᠦᠯᠳᠡᠬᠦ ᠠᠶᠤᠮᠰᠢᠭᠲᠤ ᠦᠭᠦᠯ ᠬᠦᠯᠢᠶᠡᠵᠦ ᠪᠠᠶᠢᠯ᠎ᠠ᠃ ᠵᠠᠷᠢᠮ ᠨᠠᠰᠤᠲᠠᠢ ᠡᠮᠡᠭᠡᠴᠦᠦᠯ ᠦᠭᠦᠭᠰᠡᠨ ᠦᠭᠡᠷ ᠦᠨ ᠰᠡᠭ ᠲᠡᠪᠡᠷᠢᠨ ᠳᠤᠯᠠᠭᠠᠴᠠᠬᠤ ᠶᠢ ᠣᠷᠣᠯᠳᠤᠵᠤ᠂ ᠭᠤᠨᠢᠭᠲᠤ ᠲᠡᠭᠦᠰᠭᠡᠯ ᠲᠡᠢ ᠪᠡᠨ ᠦᠯ ᠡᠪᠯᠡᠷᠡᠨ ᠲᠡᠮᠡᠴᠡᠨ᠎ᠡ᠃ ᠰᠢᠷᠬᠠᠭᠳᠠᠭᠰᠠᠳ᠂ ᠰᠤᠯᠠ ᠳᠣᠷᠣᠶᠢᠲᠠᠨ ᠨᠤᠭᠤᠳ ᠢᠶᠠᠨ ᠴᠤ ᠭᠡᠰᠡᠨ ᠬᠤᠪᠢ ᠵᠠᠶᠠᠭᠠᠨ ᠳᠤ ᠨᠢ ᠳᠠᠭᠠᠳᠬᠠᠭᠠᠳ ᠣᠷᠬᠢᠬᠤ ᠠᠴᠠ ᠦᠭᠡᠷ ᠡ ᠠᠷᠭ᠎ ᠠ ᠦᠭᠡᠢ ᠪᠣᠯᠪᠠ᠃ ᠭᠡᠬᠦ ᠳᠦ ᠪᠡᠨ ᠲᠡᠳᠡᠨ ᠢ ᠠᠯᠢ ᠪᠣᠯᠬᠤ ᠠᠪᠤᠷᠠᠬᠤ ᠶᠢ ᠬᠢᠴᠢᠶᠡᠵᠦ ᠪᠠᠶᠢᠭᠰᠠᠨ ᠠᠵᠢ᠃ ᠪᠢᠷ ᠲᠡᠢ᠂ ᠴᠢᠳᠠᠯ ᠲᠠᠢ ᠡᠷᠡᠴᠦᠳ ᠨᠢ ᠡᠮᠡᠭᠡᠯ ᠦᠨ ᠢᠶᠡᠨ ᠪᠦᠭᠦᠷᠭᠡᠨ ᠡᠴᠡ ᠪᠤᠰᠤᠳ ᠤᠨ ᠢᠶᠠᠨ ᠮᠣᠷᠢ ᠶᠢ ᠤᠶᠠᠬᠤ᠂ ᠰᠤᠨᠳᠠᠯᠠᠬᠤ ᠵᠡᠷᠭᠡ ᠪᠡᠷ ᠬᠣᠶᠠᠷ ᠢᠶᠠᠷ ᠢᠶᠠᠨ ᠶᠠᠪᠤᠬᠤ ᠠᠷᠭ᠎ ᠠ ᠦᠭᠡᠢ ᠪᠣᠯᠬᠤ ᠡᠴᠦᠰ ᠦᠨ ᠮᠦᠴᠡ ᠬᠦᠷᠲᠡᠯ᠎ᠡ ᠵᠢᠳᠬᠦᠵᠦ ᠪᠠᠶᠢᠯ᠎ᠠ᠃ ᠰᠦᠨᠢ ᠶᠢᠨ ᠨᠣᠶᠢᠷ ᠲᠤ ᠪᠠᠨ ᠬᠡᠲᠦ ᠠᠪᠲᠠᠬᠤ ᠶᠤᠮ ᠪᠣᠯ ᠦᠦᠷ ᠢᠶᠡᠷ ᠬᠡᠵᠢᠶ᠎ᠡ ᠴᠤ ᠳᠠᠬᠢᠨ ᠰᠡᠷᠢᠬᠦ ᠪᠡᠷᠭᠡ ᠪᠣᠯᠤᠨ᠎ᠠ᠃ ᠡᠨᠡ ᠪᠣᠯ ᠬᠡᠯᠡᠬᠦ ᠶᠢᠨ ᠠᠷᠭ᠎ ᠠ ᠦᠭᠡᠢ ᠠᠶᠤᠮᠰᠢᠭᠲᠤ ᠨᠡᠭᠦᠳᠡᠯ ᠪᠠᠶᠢᠯ᠎ᠠ᠃ ᠠᠷᠠᠶ ᠬᠡᠵᠤ ᠬᠠᠪᠤᠷ ᠪᠣᠯᠵᠤ ᠳᠤᠯᠠᠭᠠᠷᠠᠭᠰᠠᠨ ᠴᠤ ᠦᠯᠡᠳᠡᠭᠰᠡᠨ ᠬᠦᠮᠦᠰ ᠢ ᠲᠦᠺᠠᠢ ᠭᠣᠣᠯ ᠬᠦᠷᠬᠦ ᠡᠴᠡ ᠬᠠᠮᠢᠶ᠎ᠠ ᠦᠭᠡᠢ ᠡᠮᠦᠨ᠎ ᠠ ᠳᠠᠶᠢᠰᠤᠨ ᠨᠤᠭᠤᠳ ᠭᠦᠢᠴᠡᠵᠦ ᠢᠷᠡᠪᠡ᠃ ᠵᠢᠵᠢᠭ ᠲᠤᠯᠤᠭᠠᠨ ᠨᠤᠭᠤᠳ ᠪᠠᠶᠢᠩᠭᠤ ᠠᠷᠤ ᠠᠷᠤ ᠠᠴᠠ ᠪᠠᠨ ᠴᠤᠪᠤᠷᠠᠨ ᠦᠷᠬᠦᠯᠵᠢᠯᠡᠨ᠎ᠡ᠃ ᠰᠡᠭᠦᠯ ᠳᠦ ᠪᠡᠨ ᠳᠠᠶᠢᠰᠤᠨ ᠨᠤᠭᠤᠳ ᠬᠠᠮᠢᠭ᠎ᠠ ᠠᠴᠠ ᠳᠠᠭᠠᠷᠢᠭᠠᠳ ᠪᠠᠶᠢᠭ᠎ᠠ ᠨᠢ ᠮᠡᠳᠡᠭᠳᠡᠬᠦ ᠪᠡᠨ ᠪᠣᠯᠢᠵᠤ᠂ ᠤᠴᠢᠷ ᠵᠠᠮᠪᠠᠷᠠᠭ᠎ᠠ ᠶᠢ ᠪᠠᠨ ᠠᠯᠳᠠᠮᠠᠢ᠃

ᠭᠣᠣᠯ ᠭᠠᠲᠤᠯᠬᠤ ᠭᠡᠵᠦ ᠪᠤᠢ ᠬᠠᠯᠢᠮᠠᠭ ᠤᠳ ᠪᠣᠯ ᠦᠨᠡᠬᠡᠷ᠎ ᠳᠠᠷᠤᠯᠠᠭᠳᠠᠵᠤ ᠵᠣᠪᠠᠭᠰᠠᠨ ᠵᠢᠭᠤᠳᠠᠭᠰᠠᠳ ᠪᠣᠯᠵᠤ ᠬᠤᠪᠢᠷᠠᠭᠰᠠᠨ ᠪᠠᠶᠢᠯ᠎ᠠ᠃ ᠤᠷᠢᠳᠤ ᠨᠢ ᠲᠡᠳᠡ ᠪᠠᠶᠠᠷ ᠪᠠᠶᠠᠰᠬᠤᠯᠠᠩ ᠢᠶᠠᠷ ᠳᠦᠭᠦᠷᠡᠨ᠂ ᠡᠯᠪᠡᠭ ᠬᠠᠩᠬᠠᠤᠯᠤᠭᠤᠨ ᠠᠮᠢᠳᠤᠷᠠᠵᠤ᠂ ᠲᠠᠷᠭᠤ ᠰᠠᠶᠢᠲᠠᠢ ᠦᠬᠡᠷ ᠰᠦᠷᠦᠭ ᠪᠡᠯᠴᠢᠭᠡᠵᠦ᠂ ᠮᠣᠩᠭᠣᠯ ᠡᠷ᠎ᠡ ᠶᠢᠨ ᠰᠢᠲᠦᠭᠡᠨ ᠪᠣᠯᠤᠭᠰᠠᠨ ᠡᠮᠨᠢᠭ ᠰᠠᠶᠢᠨ ᠠᠳᠤᠭᠤ ᠮᠣᠷᠢᠳ ᠢᠶᠠᠨ ᠰᠤᠷᠭᠠᠵᠤ ᠤᠨᠠᠳᠠᠭ ᠬᠡᠶᠢᠮᠣᠷᠯᠢᠭ᠌ ᠠᠷᠠᠳ ᠲᠦᠮᠡᠨ ᠪᠠᠶᠢᠪᠠ᠃ ᠠᠵᠠ ᠵᠢᠷᠭᠠᠯ ᠲᠠᠢ᠂ ᠰᠠᠶᠢᠨ ᠶᠠᠪᠤᠭᠰᠠᠨ ᠴᠠᠭ ᠲᠤ ᠪᠠᠨ ᠲᠡᠳᠡ ᠲᠡᠮᠡᠭᠡ ᠶᠢ ᠭᠣᠯᠦᠵᠦ᠂ ᠨᠢᠭᠡ ᠶᠡᠬᠡ ᠲᠣᠭᠣᠳᠠᠭ ᠦᠭᠡᠢ ᠪᠠᠶᠢᠯ᠎ᠠ᠃ ᠭᠡᠪᠡᠴᠦ ᠵᠢᠭᠤᠳᠠᠵᠤ ᠶᠠᠪᠤᠬᠤ ᠳᠤ ᠨᠢ ᠭᠣᠯᠣᠭᠰᠠᠨ ᠲᠡᠮᠡᠭᠡ ᠭᠣᠣᠯ ᠳᠤ ᠣᠷᠣᠵᠤ᠂ ᠲᠡᠳᠡᠨ ᠦ ᠭᠠᠭᠴᠠ ᠨᠠᠶᠢᠳᠠᠪᠤᠷᠢ ᠨᠢ ᠪᠣᠯᠪᠠ᠃ ᠶᠠᠰᠤᠨ ᠳᠤ ᠪᠠᠨ ᠲᠤᠯᠲᠠᠯ᠎ᠠ ᠲᠤᠷᠵᠤ ᠡᠴᠡᠭᠰᠡᠨ ᠴᠤ ᠬᠡᠳᠦᠨ ᠲᠡᠮᠡᠭᠡ ᠨᠢ ᠯᠠ ᠨᠡᠭᠦᠳᠡᠯ ᠦᠨ ᠪᠡᠷᠬᠡ ᠶᠢ ᠨᠤᠭᠤᠯᠵᠤ ᠪᠠᠶᠢᠯ᠎ᠠ᠃

ᠬᠡᠦᠬᠡᠳ᠂ ᠬᠦᠭᠰᠢᠳ ᠨᠢ ᠦᠬᠦᠵᠦ᠂ ᠵᠠᠯᠠᠭᠤ ᠡᠷᠴᠤᠳ ᠨᠢ ᠣᠯᠠᠨ ᠢᠶᠠᠷ ᠢᠶᠠᠨ ᠲᠤᠯᠤᠭᠠᠨ ᠳᠤ ᠦᠷᠡᠭᠳᠡᠭᠰᠡᠨ ᠲᠤᠯᠠ ᠨᠡᠭᠦᠳᠡᠯ ᠦᠨ ᠴᠤᠪᠤᠭ᠎ᠠ ᠴᠢᠮᠡᠭᠡ ᠠᠨᠢᠷ ᠦᠭᠡᠢ᠃ ᠴᠢᠮᠡᠭᠡ ᠦᠭᠡᠢ ᠭᠤᠨᠢᠭ ᠢ ᠳᠠᠶᠢᠰᠤᠨ ᠤ ᠵᠡᠷᠯᠢᠭ ᠳᠣᠪᠲᠣᠯᠭ᠎ᠠ ᠯᠠ ᠦᠶ ᠡ ᠦᠶ ᠡ ᠲᠠᠰᠤᠯᠳᠠᠭᠤᠯᠤᠨ᠎ᠠ᠃ ᠠᠩᠬ᠎ᠠ ᠭᠠᠷᠤᠭᠰᠠᠨ ᠬᠦᠮᠦᠰ ᠤᠨ ᠭᠤᠷᠪᠠᠨ ᠤ ᠨᠢᠭᠡ ᠨᠢ ᠦᠭᠡᠢ ᠪᠣᠯᠵᠠᠢ᠃ ᠦᠯᠡᠳᠡᠭᠰᠡᠨ ᠬᠦᠮᠦᠰ ᠶᠠᠰᠤᠨ ᠳᠡᠭᠡᠷ᠎ᠡ ᠨᠦᠮᠦᠷᠡᠭᠰᠡᠨ ᠠᠷᠠᠰᠤ ᠪᠣᠯᠲᠠᠯ᠎ᠠ ᠪᠠᠨ ᠲᠤᠷᠠᠵᠦ ᠡᠴᠡᠵᠡᠢ᠃ ᠳᠠᠶᠢᠰᠤᠨ ᠠᠴᠠ ᠤᠷᠢᠲᠤᠭᠰᠠᠨ ᠮᠦᠴᠡ ᠪᠦᠬᠦᠨ ᠢᠶᠡᠨ ᠠᠰᠢᠭᠯᠠᠨ᠂ ᠦᠯᠡᠳᠡᠭᠰᠡᠨ ᠬᠡᠳᠦᠨ ᠮᠠᠯ ᠳᠤ ᠪᠠᠨ ᠰᠢᠨ᠎ᠡ ᠨᠣᠭᠣᠭ᠎ᠠ ᠢᠳᠡᠭᠦᠯᠵᠦ᠂ ᠬᠦᠮᠦᠨ ᠮᠠᠯ ᠦᠭᠡᠢ ᠲᠡᠩᠬᠡᠭᠡ ᠠᠪᠬᠤ ᠶᠢ ᠬᠢᠴᠢᠶᠡᠵᠦ ᠪᠠᠶᠢᠪᠠ᠃

ᠭᠣᠣᠯ ᠤᠨ ᠡᠷᠭᠢ ᠤᠷᠤᠭᠤ ᠳᠦᠬᠦᠬᠦ ᠲᠤᠰᠤᠮ ᠲᠡᠳᠡᠨ ᠢ ᠤᠰᠠᠳᠬᠠᠬᠤ ᠲᠤᠰᠢᠶᠠᠯ ᠲᠠᠢ ᠳᠠᠶᠢᠰᠤᠨ ᠨᠤᠭᠤᠳ ᠨᠢ ᠴᠤ ᠠᠯᠬᠤᠮ ᠪᠦᠷᠢ ᠢᠶᠡᠷ ᠣᠶᠢᠷᠠᠳᠤᠭᠰᠠᠭᠠᠷ ᠪᠠᠶᠢᠭᠰᠠᠨ ᠲᠤᠯᠠ ᠠᠯᠭᠤᠷᠯᠠᠵᠤ ᠪᠣᠯᠬᠤ ᠦᠭᠡᠢ ᠪᠠᠶᠢᠪᠠ᠃ ᠭᠣᠣᠯ ᠤᠨ ᠭᠠᠷᠠᠮ ᠢ ᠨᠡᠭᠦᠳᠡᠯ ᠦᠨ ᠴᠤᠪᠤᠭᠠᠨ ᠤ ᠰᠡᠭᠦᠯᠴᠢ ᠭᠠᠲᠤᠯᠤᠮᠠᠭᠴᠠ ᠲᠡᠷᠲᠡᠭᠡ ᠶᠡᠬᠡ ᠲᠠᠯ᠎ᠠ ᠳᠤ ᠠᠶᠤᠮᠰᠢᠭᠲᠠᠢ ᠲᠣᠭᠣᠰᠣ ᠪᠣᠰᠴᠤ᠂ ᠲᠩᠷᠢ ᠬᠠᠷᠠᠩᠭᠤᠶᠢᠯᠠᠪᠠ᠃ ᠡᠨᠡ ᠪᠣᠯ ᠣᠷᠣᠰ᠂ ᠺᠠᠽᠠᠺ᠂ ᠺᠢᠷᠭᠢᠰ᠂ ᠪᠠᠱᠺᠢᠷᠢ ᠶᠢᠨ ᠶᠡᠬᠡ ᠴᠡᠷᠢᠭ ᠦᠨ ᠮᠣᠷᠢᠳ ᠤᠨ ᠲᠣᠭᠣᠰᠣ ᠪᠢᠵᠡ᠃ ᠬᠠᠯᠢᠮᠠᠭ ᠤᠳ ᠡᠳᠦᠢ ᠶᠢ ᠬᠦᠷᠲᠡᠯ᠎ᠡ 3000 ᠢᠯᠡᠭᠦᠦ ᠺᠢᠯᠤᠮᠸᠲ᠋ᠷ ᠵᠠᠮ ᠢ ᠲᠤᠭᠤᠯᠤᠭᠠᠳ ᠪᠠᠶᠢᠪᠠ᠃ ᠭᠡᠪᠡᠴᠦ ᠮᠣᠩᠭᠣᠯ ᠤᠨ ᠬᠢᠯᠢ ᠬᠦᠷᠲᠡᠯ᠎ᠡ ᠳᠠᠬᠢᠭᠠᠳ ᠡᠨᠡ ᠬᠢᠷᠢ ᠵᠠᠮ ᠦᠯᠡᠳᠡᠭᠡᠳ ᠪᠠᠶᠢᠯ᠎ᠠ᠃

ᠬᠡᠯᠡᠵᠦ ᠪᠠᠶᠢᠭᠰᠠᠨ ᠢᠶᠠᠷ ᠬᠠᠮᠤᠭ ᠤᠨ ᠠᠶᠤᠮᠰᠢᠭᠲᠠᠢ ᠲᠠᠭᠠᠮᠠᠭᠯᠠᠯ ᠦᠨᠡᠨ ᠪᠣᠯᠪᠠ᠃ ᠣᠷᠣᠰ ᠴᠡᠷᠢᠭ ᠦᠨ ᠳᠠᠪᠰᠢᠬᠤ ᠬᠤᠷᠳᠤ ᠬᠡᠲᠦᠷᠬᠡᠢ ᠤᠳᠠᠭᠠᠨ ᠪᠠᠶᠢᠨ᠎ᠠ ᠭᠡᠵᠦ ᠲᠡᠰᠴᠦ ᠶᠠᠳᠠᠭᠰᠠᠨ ᠪᠠᠱᠺᠢᠷ᠂ ᠺᠢᠷᠭᠢᠰ ᠤᠷᠤᠭᠰᠢ ᠲᠡᠷᠢᠭᠦᠯᠡᠨ ᠭᠠᠷᠴᠤ ᠬᠠᠯᠢᠮᠠᠭ ᠤᠳ ᠢ ᠭᠦᠢᠴᠡᠵᠦ ᠳᠣᠪᠲᠣᠯᠪᠠ᠃ ᠬᠠᠯᠢᠮᠠᠭ ᠤᠨ ᠬᠠᠨ ᠡᠴᠦᠰ ᠦᠨ ᠬᠦᠴᠦ ᠰᠢᠪᠬᠠᠨ ᠪᠠᠶᠢᠵᠤ᠂ ᠴᠡᠷᠢᠭ ᠢᠶᠡᠨ ᠵᠠᠰᠠᠵᠤ ᠲᠣᠰᠤᠨ ᠪᠠᠶᠢᠯᠳᠤᠪᠠ᠃ ᠳᠣᠯᠣᠭ᠎ᠠ ᠬᠣᠨᠣᠭ ᠡᠳᠦᠷ ᠰᠦᠨᠢ ᠦᠭᠡᠢ ᠵᠢᠭᠤᠷᠠᠯᠳᠤᠨ᠂ ᠠᠰᠤᠷᠤ ᠶᠡᠬᠡ ᠴᠢᠰᠤ ᠠᠰᠬᠠᠷᠠᠭᠤᠯᠤᠨ ᠲᠤᠯᠤᠯᠳᠤᠭᠰᠠᠨ ᠤ ᠡᠴᠦᠰ ᠲᠦ ᠺᠢᠷᠭᠢᠰ ᠢ ᠢᠯᠠᠵᠤ᠂ ᠪᠠᠱᠺᠢᠷ᠂ ᠺᠠᠽᠠᠺ ᠲᠡᠷᠢᠭᠦᠲᠡᠨ ᠢ ᠳᠤᠲᠠᠭᠠᠯᠭᠠᠪᠠ᠃

ᠭᠡᠪᠡᠴᠦ ᠳᠠᠶᠢᠰᠤᠨ ᠨᠤᠭᠤᠳ ᠨᠢ ᠳᠠᠬᠢᠵᠤ ᠬᠦᠴᠦ ᠵᠤᠵᠠᠭᠠᠳᠬᠠᠭᠠᠳ ᠡᠷᠭᠢᠵᠦ ᠳᠠᠭᠠᠷᠢᠬᠤ ᠨᠢ ᠲᠣᠳᠣᠷᠬᠠᠢ᠃ ᠶᠠᠳᠠᠷᠴᠤ ᠲᠤᠶᠢᠯᠳᠠᠭᠰᠠᠨ ᠬᠠᠯᠢᠮᠠᠭ ᠤᠳ ᠤᠨ ᠶᠡᠬᠡᠩᠬᠢ ᠨᠢ ᠪᠠᠭᠤᠵᠤ ᠦᠭᠬᠦ ᠳᠤ ᠪᠡᠯᠡᠨ ᠪᠠᠶᠢᠯ᠎ᠠ᠃ ᠵᠢᠭᠤᠲᠠᠬᠤ ᠰᠠᠨᠠᠭ᠎ᠠ ᠶᠢ ᠭᠠᠷᠭᠠᠵᠤ᠂ ᠪᠦᠭᠦᠳᠡ ᠶᠢ ᠤᠳᠤᠷᠢᠳᠤᠭᠰᠠᠨ ᠤᠪᠠᠰᠢ ᠬᠤᠩᠲᠠᠶᠢᠵᠢ ᠪᠦᠬᠦ ᠬᠠᠷᠢᠭᠤᠴᠠᠯᠭ᠎ᠠ ᠶᠢ ᠦᠪᠡᠷ ᠳᠡᠭᠡᠷ᠎ᠡ ᠪᠡᠨ ᠬᠦᠯᠡᠵᠦ᠂ ᠴᠠᠭᠠᠨ ᠬᠠᠭᠠᠨ ᠳᠤ ᠣᠴᠢᠭᠠᠳ ᠰᠢᠳᠭᠡᠯ ᠬᠦᠯᠢᠶᠡᠵᠦ᠂ ᠬᠠᠷᠢᠨ ᠠᠷᠠᠳ ᠲᠦᠮᠡᠨ ᠢ ᠮᠢᠨᠢ ᠪᠢᠲᠡᠭᠡᠢ ᠠᠯᠠᠭᠠᠴᠢ ᠭᠡᠵᠦ ᠭᠤᠶᠦᠶ᠎ ᠠ ᠭᠡᠪᠡ᠃ ᠬᠠᠯᠢᠮᠠᠭ ᠤᠨ ᠪᠠᠭᠠᠲᠤᠷᠯᠢᠭ ᠭᠠᠪᠢᠶ᠎ᠠ ᠶᠢ ᠲᠣᠭᠣᠴᠢᠪᠠᠯ ᠬᠠᠲᠤᠨ ᠬᠠᠭᠠᠨ ᠺᠠᠲ᠋ᠠᠷᠢᠨ᠎ᠠ ᠦᠷᠦᠰᠢᠶᠡᠬᠦ ᠨᠢ ᠭᠠᠷᠴᠠᠭ᠎ ᠠ ᠦᠭᠡᠢ ᠭᠡᠪᠡ᠃ ᠭᠡᠪᠡᠴᠦ ᠴᠡᠪᠡᠭᠳᠣᠷᠵᠢ ᠡᠨᠡ ᠬᠦᠷᠲᠡᠯ᠎ᠡ ᠵᠢᠭᠤᠲᠠᠯ᠎ᠠ᠂ ᠦᠪᠡᠷᠲᠡᠭᠡᠨ ᠦᠵᠡᠶ᠎ᠡ᠂ ᠡᠴᠦᠰ ᠢᠶᠡᠨ ᠬᠦᠷᠲᠡᠯ᠎ᠡ ᠲᠡᠮᠡᠴᠡᠶ᠎ᠡ ᠭᠡᠵᠦ ᠢᠳᠬᠠᠪᠠ᠃ ᠲᠡᠷᠡ ᠳᠣᠣᠷ᠎ᠠ ᠪᠠᠨ ᠠᠶᠢᠮᠠᠭ ᠤᠳ ᠤᠨ ᠠᠬᠠᠯᠠᠭᠴᠢ ᠨᠠᠷ ᠤᠨ ᠬᠤᠷᠠᠯᠳᠤᠭᠠᠨ ᠪᠣᠯᠪᠠ᠃ ᠨᠣᠶᠠᠨ ᠪᠦᠷ ᠦᠭᠡ ᠬᠡᠯᠡᠪᠡ᠃ ᠴᠦᠭᠡᠬᠡᠷᠴᠦ ᠲᠤᠶᠢᠯᠳᠠᠭᠰᠠᠨ ᠲᠡᠳᠡ ᠵᠣᠪᠠᠯᠠᠩ ᠵᠦᠳᠡᠷᠡᠯ ᠢᠶᠡᠨ ᠮᠠᠷᠲᠠᠨ ᠪᠠᠶᠢᠵᠤ ᠮᠣᠩᠭᠣᠯ ᠬᠤᠷᠠᠯᠳᠤᠭᠠᠨ ᠬᠢᠬᠦ ᠶᠣᠰᠣ ᠵᠦᠢ ᠢᠶᠠᠨ ᠭᠦᠢᠴᠡᠳᠭᠡᠪᠡ᠃ ᠡᠴᠦᠰ ᠲᠦ : ᠬᠡᠳᠦᠢ ᠣᠷᠣᠰ ᠤᠨ ᠬᠠᠲᠤᠨ ᠬᠠᠭᠠᠨ ᠦᠷᠦᠰᠢᠶᠡᠵᠦ ᠲᠤᠩ ᠮᠠᠭᠠᠳ ᠦᠭᠡᠢ ᠭᠡᠯ᠎ᠡ ᠪᠠᠱᠺᠢᠷ ᠤᠳ ᠪᠢᠳᠡᠨ ᠢ ᠶᠠᠭᠠᠬᠢᠪᠠᠴᠤ ᠵᠦᠭᠡᠷ ᠤᠷᠬᠢᠬᠤ ᠦᠭᠡᠢ᠃ ᠡᠶᠢᠮᠦ ᠡᠴᠡ ᠴᠠᠰᠢ ᠵᠢᠭᠤᠳᠠᠶ᠎ᠠ ᠭᠡᠰᠡᠨ ᠰᠠᠨᠠᠯ ᠳᠠᠪᠠᠮᠠᠭᠠᠶᠢᠯᠠᠪᠠ᠃

ᠡᠨᠡ ᠰᠢᠢᠳᠪᠦᠷᠢ ᠪᠡᠨ ᠭᠠᠷᠭᠠᠮᠠᠭᠴᠠ ᠪᠠᠨ ᠠᠰᠤᠷᠤ ᠬᠤᠷᠳᠤᠨ ᠬᠡᠷᠡᠭᠵᠢᠭᠦᠯᠵᠦ ᠡᠬᠢᠯᠡᠪᠡ᠃ ᠳᠣᠷᠣᠨ᠎ᠠ ᠵᠦᠭ ᠢ ᠵᠣᠷᠢᠨ ᠦᠳᠲᠦᠷ ᠲᠦᠷᠭᠡᠨ ᠬᠦᠳᠡᠯᠪᠡ᠃ ᠲᠡᠳᠡᠨ ᠦ ᠡᠮᠦᠨ᠎ ᠠ ᠶᠡᠬᠡ ᠴᠦᠯ ᠳᠤᠷᠠᠶᠢᠨ ᠤᠭᠲᠤᠵᠤ ᠪᠠᠶᠢᠯ᠎ᠠ᠃ ᠠᠯᠢ ᠬᠡᠳᠦᠶᠢᠨ ᠵᠤᠨ ᠪᠣᠯᠤᠭᠰᠠᠨ ᠲᠤᠯᠠ ᠲᠡᠨᠳᠡ ᠬᠠᠯᠠᠵᠤ ᠰᠢᠲᠠᠬᠤ ᠮᠡᠲᠦ᠃ ᠬᠡᠳᠦᠬᠡᠨ ᠰᠠᠷ᠎ᠠ ᠶᠢᠨ ᠡᠮᠦᠨ᠎ ᠠ ᠬᠦᠯᠳᠠᠵᠦ ᠦᠬᠦᠬᠦ ᠠᠶᠤᠯ ᠠᠴᠠ ᠠᠷᠠᠶ ᠬᠡᠵᠤ ᠮᠤᠯᠲᠤᠷᠠᠭᠰᠠᠨ ᠨᠡᠭᠦᠳᠡᠯᠴᠢᠳ ᠡᠴᠡ ᠣᠯᠠᠨ ᠨᠢ ᠬᠡᠲᠦ ᠬᠠᠯᠠᠭᠤᠨ ᠳᠤ ᠠᠮᠢ ᠪᠠᠨ ᠠᠯᠳᠠᠪᠠ᠃ ᠮᠣᠷᠢ ᠮᠠᠯ ᠤᠨ ᠲᠠᠮᠢᠷ ᠲᠠᠰᠤᠷᠠᠨ ᠤᠨᠠᠵᠤ ᠪᠠᠶᠢᠪᠠ᠃ ᠴᠠᠩᠭᠠᠬᠤ᠂ ᠬᠠᠷᠠᠩᠭᠤᠰᠬᠤ ᠨᠢ ᠬᠠᠮᠤᠭ ᠤᠨ ᠠᠶᠤᠮᠰᠢᠭᠲᠠᠢ᠂ ᠵᠠᠪᠠᠭᠤᠷᠢ ᠲᠠᠢ ᠲᠠᠷᠴᠢᠯᠭᠠᠨ ᠪᠣᠯᠵᠤ᠂ ᠣᠶᠢᠷ᠎ᠠ ᠣᠷᠴᠢᠮ ᠤᠷᠤᠰᠢᠬᠤ ᠪᠦᠬᠦ ᠬᠤᠳᠳᠤᠭ᠂ ᠰᠢᠪᠠᠷ ᠱᠠᠯᠪᠠᠭ᠂ ᠭᠣᠣᠯ ᠭᠣᠷᠤᠬ ᠠ ᠶᠢ ᠦᠯᠦᠰᠴᠦ ᠶᠠᠳᠠᠷᠠᠭᠰᠠᠨ ᠮᠢᠩᠭ᠎ᠠ ᠮᠢᠩᠭᠠᠨ ᠵᠢᠭᠤᠳᠠᠭᠰᠠᠳ ᠳᠤᠰᠤᠯ ᠴᠤ ᠦᠯᠳᠡᠭᠡᠯ ᠦᠭᠡᠢ ᠰᠢᠮᠡᠵᠦ ᠰᠣᠷᠣᠪᠠ᠃

ᠬᠠᠯᠢᠮᠠᠭ ᠤᠳ ᠢ ᠵᠢᠭᠠᠬᠠᠨ ᠠᠮᠤᠰᠬᠢᠵᠤ ᠪᠣᠯᠬᠤᠶᠢᠴᠠ ᠭᠠᠢ ᠦᠭᠡᠢ ᠭᠠᠵᠠᠷ ᠬᠦᠷᠦᠮᠡᠭᠴᠡ ᠯᠠ ᠪᠠᠱᠺᠢᠷ ᠤᠳ ᠤᠯᠠᠶᠢᠷᠠᠨ ᠳᠣᠪᠲᠣᠯᠵᠤ ᠪᠠᠶᠢᠯ᠎ᠠ᠃ ᠪᠠᠱᠺᠢᠷ ᠤᠳ ᠲᠡᠳᠡᠨ ᠢ ᠪᠦᠷᠢᠨ ᠪᠦᠰᠡᠯᠡᠵᠡᠢ᠃ ᠬᠠᠯᠢᠮᠠᠭ ᠡᠷᠴᠤᠳ ᠵᠡᠷ ᠵᠡᠪᠰᠡᠭ᠂ ᠰᠤᠮᠤ ᠵᠡᠷᠭᠡ ᠪᠠᠶᠢᠳᠠᠭ ᠢᠶᠠᠨ ᠪᠠᠷᠠᠵᠤ᠂ ᠪᠦᠬᠦ ᠬᠢᠲᠤᠭ᠎ᠠ ᠰᠡᠯᠡᠮ᠎ᠡ ᠪᠡᠨ ᠬᠤᠭᠤᠷᠠᠲᠠᠯ᠎ᠠ ᠲᠡᠮᠡᠴᠡᠭᠰᠡᠨ ᠦ ᠳᠠᠷᠠᠭ᠎ᠠ ᠳᠠᠶᠢᠰᠤᠨ ᠨᠤᠭᠤᠳ ᠢᠶᠠᠨ ᠨᠣᠴᠣᠨ ᠪᠠᠷᠢᠵᠤ ᠬᠤᠷᠴᠠ ᠰᠢᠳᠦ ᠪᠠᠨ ᠰᠢᠭᠢᠳᠬᠡᠨ ᠲᠠᠰᠤ ᠬᠠᠵᠠᠵᠤ᠂ ᠲᠠᠰᠤᠷ ᠲᠠᠲᠠᠵᠤ ᠶᠠᠪᠤᠪᠠ᠃

ᠸᠣᠯᠭ᠎ ᠠ ᠮᠦᠷᠡᠨ ᠦ ᠡᠷᠭᠢ ᠳᠡᠭᠡᠷ᠎ᠡ ᠪᠡᠨ ᠪᠠᠶᠠᠷ ᠬᠦᠦᠷ ᠲᠡᠢ ᠡᠬᠢᠯᠡᠭᠰᠡᠨ ᠨᠡᠭᠦᠳᠡᠯ ᠡᠴᠡ ᠪᠦᠲᠦᠨ ᠨᠠᠶᠢᠮᠠᠨ ᠰᠠᠷ᠎ᠠ ᠶᠢᠨ ᠳᠠᠷᠠᠭ᠎ᠠ ᠪᠤᠶᠤ ᠶᠢᠰᠦᠳ᠋ᠦᠭᠡᠷ᠎ ᠰᠠᠷ᠎ᠠ ᠶᠢᠨ ᠳᠤᠮᠳᠠᠭᠤᠷ ᠬᠠᠯᠢᠮᠠᠭ ᠤᠳ ᠲᠩᠷᠢ ᠨᠠᠭᠤᠷ ᠲᠦ ᠬᠦᠷᠴᠦ᠂ ᠮᠠᠨᠵᠤ ᠭᠦᠷᠦᠨ ᠦ ᠬᠢᠯᠢ ᠳᠡᠭᠡᠷ᠎ᠡ ᠢᠷᠡᠪᠡ᠃ ᠨᠠᠭᠤᠷ ᠤᠨ ᠡᠷᠭᠢ ᠳᠡᠭᠡᠷ᠎ᠡ ᠵᠢᠷᠦᠬᠡ ᠰᠢᠮᠰᠢᠷᠡᠮ᠎ᠡ ᠶᠠᠪᠤᠳᠠᠯ ᠪᠣᠯᠪᠠ᠃ ᠶᠡᠬᠡ ᠴᠦᠯ ᠢ ᠠᠷᠠᠶ ᠭᠡᠵᠤ ᠲᠤᠭᠤᠯᠤᠭᠰᠠᠨ ᠮᠣᠷᠢ ᠮᠠᠯ᠂ ᠬᠦᠮᠦᠰ ᠪᠦᠭᠦᠳᠡ  ᠬᠦᠢᠲᠡᠨ ᠤᠰᠤ ᠤᠷᠤᠭᠤ ᠤᠬᠠᠭᠠᠨ ᠵᠢᠯᠣᠭᠣ ᠦᠭᠡᠢ ᠳᠠᠶᠢᠷᠠᠵᠠᠭᠠᠪᠠ᠃ ᠵᠠᠮ ᠳᠤ ᠪᠠᠨ ᠪᠡᠶ᠎ᠡ ᠪᠡᠶᠡᠨ ᠢᠶᠡᠨ ᠤᠨᠠᠭᠠᠨ ᠳᠠᠷᠤᠪᠠ᠃ ᠬᠠᠯᠢᠮᠠᠭ ᠤᠳ ᠢ ᠤᠰᠤᠨ ᠳᠤ ᠬᠦᠷᠪᠡᠦ ᠦᠭᠡᠢ ᠤᠤ ᠪᠠᠶᠢᠬᠤ ᠳᠤ ᠪᠠᠱᠺᠢᠷ ᠤᠳ ᠠᠷᠤ ᠠᠴᠠ ᠨᠢ ᠳᠠᠭᠠᠷᠢᠨ ᠣᠷᠣᠪᠠ᠃ ᠪᠠᠱᠺᠢᠷ ᠤᠳ ᠡᠨᠡ ᠤᠳᠠᠭ᠎ᠠ ᠴᠢᠰᠤᠨ ᠠᠴᠠ ᠢᠯᠡᠭᠦᠦ ᠤᠰᠤᠨ ᠳᠤ ᠤᠯᠠᠭᠠᠨᠠᠭᠰᠠᠨ ᠰᠢᠨᠤᠵᠤ ᠪᠠᠶᠢᠪᠠ᠃ ᠪᠠᠱᠺᠢᠷ ᠳᠠᠶᠢᠴᠢᠳ ᠬᠠᠲᠠᠴᠤ ᠣᠮᠣᠭᠣᠯᠲᠤᠭᠰᠠᠨ ᠤᠷᠤᠭᠤᠯ ᠢᠶᠠᠨ ᠤᠰᠤᠨ ᠳᠤ ᠳᠦᠷᠡᠵᠦ᠂ ᠴᠠᠩᠭᠠᠭ᠎ᠠ ᠪᠠᠨ ᠭᠠᠷᠭᠠᠩᠭᠤᠲᠠ ᠪᠠᠨ ᠰᠡᠯᠡᠮ᠎ᠡ ᠪᠡᠨ ᠰᠢᠭᠦᠷᠡᠨ ᠤᠰᠤᠨ ᠠᠴᠠ ᠴᠤᠬᠤᠶᠢᠬᠤ ᠤᠯᠠᠭᠠᠨ ᠵᠠᠯᠠᠭᠠᠲᠤ ᠮᠠᠯᠠᠭᠠᠢ ᠪᠦᠬᠦᠢ ᠲᠣᠯᠣᠭᠠᠢ ᠨᠤᠭᠤᠳ ᠢ ᠲᠠᠰᠤ ᠴᠠᠪᠴᠢᠵᠤ ᠡᠬᠢᠯᠡᠪᠡ᠃ ᠠᠯᠬᠤᠮ ᠪᠦᠷᠢ ᠲᠤ ᠭᠠᠷᠳᠠᠨ ᠲᠤᠯᠤᠭᠠᠨ ᠦᠷᠨᠢᠵᠦ᠂ ᠬᠠᠯᠢᠮᠠᠭ ᠤᠳ ᠨᠠᠭᠤᠷ ᠤᠨ ᠭᠦᠨ ᠤᠷᠤᠭᠤ ᠰᠢᠬᠠᠭᠳᠠᠵᠤ ᠡᠬᠢᠯᠡᠪᠡ᠃ ᠡᠴᠦᠰᠢᠲᠦ ᠨᠢ ᠶᠡᠬᠡ ᠮᠦᠷᠦᠭᠡᠳᠦᠯ ᠪᠣᠯᠤᠭᠰᠠᠨ ᠤᠰᠤᠨ ᠳᠤ ᠪᠠᠨ ᠣᠯᠠᠨ ᠬᠦᠮᠦᠨ ᠵᠢᠪᠪᠦᠵᠦ ᠦᠬᠦᠪᠡ᠃

ᠵᠣᠯ ᠢᠶᠠᠷ ᠮᠠᠨᠵᠤ ᠶᠢᠨ ᠬᠠᠭᠠᠨ ᠤ ᠮᠣᠩᠭᠣᠯ ᠴᠡᠷᠢᠭ ᠤᠳ ᠣᠶᠢᠷ᠎ᠠ ᠪᠠᠶᠢᠪᠠ᠃ ᠲᠡᠳᠡ ᠳᠠᠭᠠᠷᠢᠨ ᠢᠷᠡᠵᠦ ᠴᠢᠳᠭᠦᠷ᠂ ᠰᠢᠮᠨᠤ ᠶᠢᠨ ᠪᠠᠱᠺᠢᠷ ᠤᠳ ᠢ ᠬᠢᠶᠠᠷᠠᠲᠠᠯ᠎ᠠ ᠴᠣᠬᠢᠵᠤ ᠴᠦᠯ ᠤᠷᠤᠭᠤ ᠪᠤᠴᠠᠭᠠᠵᠤ ᠬᠦᠭᠡᠭᠡᠯ ᠡ᠃ ᠬᠠᠯᠢᠮᠠᠭ ᠤᠳ ᠢᠩᠭᠢᠵᠦ ᠠᠶᠤᠯ ᠦᠭᠡᠢ ᠪᠠᠶᠢᠳᠠᠯ ᠳᠤ ᠣᠷᠣᠵᠠᠢ᠃ ᠮᠠᠨᠵᠤ ᠶᠢᠨ ᠬᠠᠭᠠᠨ ᠲᠡᠳᠡᠨ ᠳᠦ ᠢᠳᠡᠰᠢ ᠶᠢᠨ ᠭᠣᠣᠯ ᠳᠤ ᠨᠤᠲᠤᠭ ᠵᠢᠭᠠᠵᠤ ᠦᠭᠴᠦ ᠰᠠᠭᠤᠯᠭᠠᠪᠠ᠃ ᠨᠤᠲᠤᠭ ᠢᠶᠠᠨ ᠲᠡᠮᠡᠴᠡᠵᠦ ᠨᠡᠭᠦᠭᠰᠡᠨ ᠬᠠᠯᠢᠮᠠᠭ ᠲᠦᠮᠡᠨ ᠡᠴᠡ ᠭᠤᠷᠪᠠᠨ ᠤ ᠨᠢᠭᠡ ᠬᠦᠷᠬᠦ ᠲᠡᠢ᠂ ᠦᠭᠡᠢ ᠲᠡᠢ ᠯᠠ 6000 ᠭᠠᠷᠤᠢ ᠺᠢᠯᠤᠮᠸᠲ᠋ᠷ ᠤᠷᠲᠤ ᠲᠠᠢ ᠲᠠᠮᠤ ᠶᠢᠨ ᠠᠶᠠᠯᠠᠯ ᠠᠴᠠ ᠠᠮᠢ ᠲᠠᠢ᠂ ᠭᠣᠣᠯ ᠲᠠᠢ ᠲᠡᠳᠦᠢ ᠯᠡ ᠬᠦᠮᠦᠰ ᠲᠡᠰᠴᠦ ᠭᠠᠷᠤᠭᠰᠠᠨ ᠪᠠᠶᠢᠯ᠎ᠠ᠃ 30 ᠲᠦᠮᠡᠨ ᠬᠠᠯᠢᠮᠠᠭ ᠤᠳ ᠠᠴᠠ 20 ᠲᠦᠮᠡ ᠠᠴᠠ ᠢᠯᠡᠭᠦᠦ ᠨᠢ ᠨᠡᠭᠦᠳᠡᠯ ᠦᠨ ᠵᠠᠮ ᠳᠤ ᠦᠷᠡᠭᠳᠡᠭᠰᠡᠨ ᠭᠡᠰᠡᠨ ᠦᠭᠡ᠃

ᠪᠢᠴᠢᠭᠡᠰᠦ