ᠵᠥᠪᠯᠡᠯᠲᠦ ᠬᠣᠯᠪᠣᠭᠠᠲᠤ ᠤᠯᠤᠰ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
— «ᠵᠥᠪᠯᠡᠯᠲᠦ» ᠭᠡᠳ ᠬᠣᠯᠪᠣᠭᠳᠠᠪᠠ —
ᠬᠠᠷᠠᠶᠢᠬᠤ: ᠤᠳᠤᠷᠢᠳᠬᠤ, ᠬᠠᠶᠢᠯᠲᠠ
<tr> <td colspan="3" style="text-align:center; padding:0.6em 0em;">
</td>
</tr><tr class="mergedtoprow"><td colspan="2">ᠨᠡᠶᠢᠰᠯᠡᠯ 
(ᠶᠡᠬᠡ ᠬᠣᠲᠠ) </td><td>ᠮᠣᠰᠺᠸᠠ </td></tr><tr> <th colspan="2" style="vertical-align:middle; white-space:nowrap;">ᠠᠯᠪᠠᠨ ᠬᠡᠯᠡ</th> <td>ᠣᠷᠣᠰ ᠬᠡᠯᠡ</td> </tr><tr class="mergedtoprow"><th colspan="3">ᠲᠡᠦᠬᠡ</th></tr><tr class="mergedrow"> <td style="width:1em; padding:0 0 0 0.6em;"> - </td> <td style="padding-left:0em;">882 ᠣᠨ</td> <td>ᠺᠧᠪ ᠦᠨ ᠣᠷᠣᠰ ᠡᠭᠦᠰᠦᠭᠰᠡᠨ </td> </tr><tr class="mergedrow"> <td style="width:1em; padding:0 0 0 0.6em;"> - </td> <td style="padding-left:0em;">1547-01-16</td> <td>ᠬᠠᠭᠠᠨᠲᠤ ᠣᠷᠣᠰ ᠤᠯᠤᠰ ᠲᠣᠭᠲᠠᠭᠰᠠᠨ </td> </tr><tr class="mergedrow"> <td style="width:1em; padding:0 0 0 0.6em;"> - </td> <td style="padding-left:0em;">1917-11-07</td> <td>ᠵᠥᠪᠯᠡᠯᠲᠦ ᠰᠣᠽᠢᠶᠠᠯᠢᠰᠲᠤ ᠪᠦᠭᠦᠳᠡ ᠨᠠᠶᠢᠷᠠᠮᠳᠠᠬᠤ ᠬᠣᠯᠪᠣᠭᠠᠲᠤ ᠣᠷᠣᠰ ᠤᠯᠤᠰ ᠪᠠᠶᠢᠭᠤᠯᠤᠭᠳᠠᠭᠰᠠᠨ </td> </tr><tr class="mergedbottomrow"> <td style="width:1em; padding:0 0 0 0.6em;"> - </td> <td style="padding-left:0em;">1991-12-25</td> <td>ᠣᠷᠣᠰ ᠬᠣᠯᠪᠣᠭᠠᠨ ᠤ ᠤᠯᠤᠰ ᠪᠠᠶᠢᠭᠤᠯᠤᠭᠳᠠᠭᠰᠠᠨ </td> </tr><tr class="mergedtoprow"> <th colspan="3">ᠨᠤᠲᠤᠭ ᠳᠡᠪᠢᠰᠬᠡᠷ</th> </tr> <tr class="mergedrow"> <td style="width:1em; padding:0 0 0 0.6em;"> - </td> <td style="padding-left:0em;">ᠪᠦᠬᠦ ᠲᠠᠯᠠᠪᠠᠢ</td> <td>22,402,200 km2 <tr class="mergedtoprow"> <th colspan="3">ᠬᠦᠮᠦᠨ ᠠᠮᠠ</th> </tr><tr class="mergedrow"> <td style="width:1em; padding:0 0 0 0.6em;"> - </td> <td style="padding-left:0em;">ᠲᠣᠭᠠᠴᠠᠭ᠎ᠠ (1991)</td> <td>293,047,571 </td> </tr><tr> <th colspan="2" style="vertical-align:middle;">ᠮᠥᠩᠭᠥᠨ ᠦ ᠨᠢᠭᠡᠴᠡ</th> <td>ᠣᠷᠣᠰ ᠤᠨ ᠷᠦᠪᠯᠢ (ᠷᠦᠪᠯᠢ) </td> </tr><tr > <th colspan="2">ᠴᠠᠭ ᠤᠨ ᠪᠥᠰᠡ</th> <td>GMT +3 ᠍ ᠠᠴᠠ +10 </td> </tr><tr> <th colspan="2">ᠳ᠋ᠦᠮᠠᠢᠨ ᠤ ᠨᠡᠷ᠎ᠡ</th> <td>ᠯᠠᠲ᠋ᠢᠨ .ru, ᠺᠢᠷᠢᠯ .ᠷᠹ</td> </tr><tr> <th colspan="2">ᠤᠲᠠᠰᠤᠨ ᠤ ᠲᠣᠮᠢᠶ᠎ᠠ</th> <td>+7</td> </tr></table>

ᠵᠥᠪᠯᠡᠯᠲᠦ ᠰᠣᠽᠢᠶᠠᠯᠢᠰᠲᠤ ᠪᠦᠭᠦᠳᠡ ᠨᠠᠶᠢᠷᠠᠮᠳᠠᠬᠤ ᠬᠣᠯᠪᠣᠭᠠᠲᠤ ᠤᠯᠤᠰ ( ᠣᠷᠤᠰ ᠢᠢᠡᠷ Союз Советских Социалистических Республик ᠂ ᠠᠨᠭᠭᠯᠢ ᠪᠡᠷ Union of Soviet Socialist Republics ᠂ ᠬᠢᠲᠠᠳ  ᠢᠢᠡᠷ 苏维埃社会主义共和国联盟) ᠪᠣᠯ 1922 ᠍ ᠡᠴᠡ 1991 ᠣᠨ ᠬᠦᠷᠲᠡᠯ᠎ᠡ ᠧᠦ᠋ᠷᠦᠫᠠ ᠠᠽᠢ ᠵᠢ ᠰᠤᠨᠳᠠᠯᠠᠵᠤ ᠣᠷᠣᠰᠢᠨ ᠲᠣᠭᠲᠠᠨᠢᠭᠰᠠᠨ ᠰᠣᠽᠢᠶᠠᠯᠢᠰᠲᠤ ᠣᠷᠣᠨ ᠶᠤᠮ᠃

ᠵᠥᠪᠯᠡᠯᠲᠦ ᠬᠣᠯᠪᠣᠭᠠᠲᠤ ᠤᠯᠤᠰ ᠨᠢ 15 ᠪᠦᠭᠦᠳᠡ ᠨᠠᠶᠢᠷᠠᠮᠳᠠᠬᠤ ᠤᠯᠤᠰ ᠪᠣᠯᠤᠨ ᠬᠡᠳᠦ ᠬᠡᠳᠦᠨ ᠠᠦ᠋ᠲ᠋ᠣᠨᠣᠮᠢᠲᠤ ᠤᠯᠤᠰ᠂ ᠬᠢᠵᠠᠭᠠᠷ ᠤᠳ ᠠᠴᠠ ᠲᠣᠭᠲᠠᠭᠰᠠᠨ ᠬᠣᠯᠪᠣᠭᠠᠨ ᠤ ᠤᠯᠤᠰ ᠪᠠᠶᠢᠭᠰᠠᠨ᠃ ᠡᠨᠡ ᠬᠣᠯᠪᠣᠭᠠᠨ ᠤ ᠤᠯᠤᠰ ᠨᠢ ᠳᠡᠯᠡᠬᠡᠢ ᠢᠢᠨ ᠬᠠᠭᠤᠷᠠᠢ ᠭᠠᠵᠠᠷ ᠤᠨ ᠵᠢᠷᠭᠤᠭᠠᠨ ᠤ ᠨᠢᠭᠡ ᠶᠢ ᠬᠠᠮᠤᠷᠤᠭᠰᠠᠨ 255 ᠰᠠᠶ᠎ᠠ ᠬᠦᠮᠦᠨ ᠠᠮᠠ ᠲᠠᠢ ᠶᠡᠬᠡ ᠭᠦᠷᠦᠨ ᠪᠠᠶᠢᠯ᠎ᠠ᠃ ᠵᠥᠪᠯᠡᠯᠲᠦ ᠬᠣᠯᠪᠣᠭᠠᠲᠤ ᠤᠯᠤᠰ ᠨᠢ ᠦᠵᠡᠯ ᠰᠤᠷᠲᠠᠯ ᠤᠨ ᠬᠤᠪᠢ ᠳᠤ ᠳᠡᠯᠡᠬᠡᠢ ᠶᠢᠨ ᠰᠣᠽᠢᠶᠠᠯᠢᠰᠲᠤ ᠯᠠᠭᠧᠷ ᠤᠨ ᠲᠡᠷᠢᠭᠦᠯᠡᠭᠴᠢ᠂ ᠴᠡᠷᠢᠭ ᠤᠯᠤᠰ ᠲᠥᠷᠥ ᠶᠢᠨ ᠸᠠᠷᠰᠢᠪᠠ ᠶᠢᠨ ᠭᠡᠷ᠎ᠡ ᠶᠢᠨ ᠣᠷᠣᠨ ᠨᠤᠭᠤᠳ ᠤᠨ ᠭᠣᠣᠯ ᠬᠦᠴᠦᠨ ᠪᠠᠶᠢᠭᠰᠠᠨ ᠶᠤᠮ᠃

ᠲᠡᠦᠬᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠥᠷᠢᠯᠳᠦᠨ ᠲᠣᠭᠲᠠᠭᠰᠠᠨ ᠨᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠡᠷᠲᠡᠨ ᠦ ᠲᠡᠦᠬᠡ ᠶᠢ ᠣᠷᠣᠰ ᠤᠨ ᠡᠵᠡᠨᠲᠦ ᠭᠦᠷᠦᠨ ᠥᠭᠦᠯᠡᠯ ᠡᠴᠡ ᠬᠠᠷᠠᠨ᠎ᠠ ᠤᠤ!

ᠵᠥᠪᠯᠡᠯᠲᠦ ᠰᠣᠽᠢᠶᠠᠯᠢᠰᠲᠤ ᠪᠦᠭᠦᠳᠡ ᠨᠠᠶᠢᠷᠠᠮᠳᠠᠬᠤ ᠬᠣᠯᠪᠣᠭᠠᠲᠤ ᠤᠯᠤᠰ ᠨᠢ ᠣᠷᠣᠰ ᠤᠨ ᠡᠵᠡᠨᠲᠦ ᠭᠦᠷᠦᠨ ᠦ ᠰᠢᠭᠤᠳ ᠵᠠᠯᠭᠠᠮᠵᠢᠯᠠᠭᠴᠢ ᠪᠣᠯᠤᠨ ᠲᠡᠭᠦᠨ ᠦ ᠭᠠᠵᠠᠷ ᠨᠤᠲᠤᠭ ᠤᠨ ᠳᠡᠶᠢᠯᠦᠩᠬᠢ ᠬᠡᠰᠡᠭ ᠲᠤ ᠣᠷᠣᠰᠢᠨ ᠲᠣᠭᠲᠠᠨᠢᠭᠰᠠᠨ ᠶᠤᠮ᠃

ᠣᠺᠲ᠋ᠢᠶᠠᠪᠧᠷ ᠤᠨ ᠬᠤᠪᠢᠰᠬᠠᠯ

ᠣᠷᠣᠰ ᠤᠨ ᠡᠵᠡᠨᠲᠦ ᠭᠦᠷᠦᠨ ᠨᠢ 1917 ᠣᠨ ᠤ ᠬᠤᠪᠢᠰᠬᠠᠯ᠂ ᠢᠷᠭᠡᠨ ᠦ ᠳᠠᠶᠢᠨ᠂ ᠭᠠᠳᠠᠭᠠᠳᠤ ᠶᠢᠨ ᠢᠨᠲ᠋ᠧᠷᠸᠧᠨᠼ ᠦᠨ ᠨᠥᠯᠥᠭᠡ ᠪᠡᠷ ᠭᠠᠵᠠᠷ ᠨᠤᠲᠤᠭ ᠠᠴᠠ ᠪᠠᠨ 90,000 ᠺᠦᠸᠠᠳ᠋ ᠺᠢᠯᠣᠮᠧᠲ᠋ᠷ ᠨᠤᠲᠤᠭ᠂ 49 ᠰᠠᠶ᠎ᠠ ᠬᠦᠮᠦᠨ ᠠᠮᠠ ᠪᠠᠨ ᠠᠯᠳᠠᠵᠠᠢ᠃ ᠳᠠᠶᠢᠨ᠂ ᠥᠯᠥᠰᠬᠦᠯᠡᠩ᠂ ᠲᠠᠬᠤᠯ ᠠᠴᠠ ᠰᠢᠯᠲᠠᠭᠠᠯᠠᠨ ᠣᠯᠠᠨ ᠰᠠᠶ᠎ᠠ ᠬᠦᠩ ᠢᠶᠡᠨ ᠠᠯᠳᠠᠪᠠ᠃ (185,2 ᠰᠠᠶ᠎ᠠ ᠠᠴᠠ 136,9 ᠰᠠᠶ᠎ᠠ) 1917 ᠣᠨ ᠤ ᠣᠺᠲ᠋ᠢᠶᠠᠪᠧᠷ ᠤᠨ ᠬᠤᠪᠢᠰᠬᠠᠯ ᠤᠨ ᠳᠠᠷᠠᠭ᠎ᠠ ᠣᠷᠣᠰ ᠤᠨ ᠡᠵᠡᠨ ᠬᠠᠭᠠᠨ ᠢ ᠬᠣᠷᠢᠶᠠᠵᠤ ᠡᠵᠡᠨᠲᠤ ᠭᠦᠷᠦᠨ ᠦ ᠲᠡᠦᠬᠡ ᠲᠡᠭᠦᠰᠦᠭᠰᠡᠨ ᠴᠤ ᠲᠡᠭᠦᠨ ᠢ ᠵᠠᠯᠭᠠᠮᠵᠢᠯᠠᠨ ᠵᠥᠪᠯᠡᠯᠲᠦ ᠰᠣᠽᠢᠶᠠᠯᠢᠰᠲᠤ ᠪᠦᠭᠦᠳᠡ ᠨᠠᠶᠢᠷᠠᠮᠳᠠᠬᠤ ᠬᠣᠯᠪᠣᠭᠠᠲᠤ ᠤᠯᠤᠰ 1922 ᠣᠨ ᠳᠤ ᠡᠭᠦᠰᠦᠨ ᠲᠣᠭᠲᠠᠭᠰᠠᠨ ᠶᠤᠮ᠃ ᠡᠳ᠋ ᠍ ᠦᠨ ᠵᠠᠰᠠᠭ ᠤᠨ ᠬᠤᠪᠢ ᠳᠤ 19 ᠍ ᠳᠦᠭᠡᠷ ᠵᠠᠭᠤᠨ ᠤ ᠳᠤᠮᠳᠠ ᠲᠦᠪᠰᠢᠨ ᠳᠤ ᠬᠦᠷᠲᠡᠯ᠎ᠡ ᠳᠣᠷᠣᠶᠢᠲᠠᠭᠰᠠᠨ ᠣᠷᠣᠰ ᠣᠷᠣᠨ ᠢ ᠵᠥᠪᠯᠡᠯᠲᠦ ᠰᠣᠽᠢᠶᠠᠯᠢᠰᠲᠤ ᠪᠦᠭᠦᠳᠡ ᠨᠠᠶᠢᠷᠠᠮᠳᠠᠬᠤ ᠬᠣᠯᠪᠣᠭᠠᠲᠤ ᠤᠯᠤᠰ ᠵᠠᠯᠭᠠᠮᠵᠢᠯᠠᠨ ᠠᠪᠤᠯ᠎ᠠ᠃

ᠵᠥᠪᠯᠡᠯᠲᠦ ᠰᠣᠽᠢᠶᠠᠯᠢᠰᠲᠤ ᠪᠦᠭᠦᠳᠡ ᠨᠠᠶᠢᠷᠠᠮᠳᠠᠬᠤ ᠤᠯᠤᠰ ᠤᠳ ᠤᠨ ᠨᠢᠭᠡᠳᠬᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠣᠷᠣᠰ᠂ ᠦᠺᠷᠠᠶᠢᠨ᠂ ᠪᠧᠯᠤᠷᠦᠰ᠂ ᠺᠠᠸᠠᠺᠠᠰ ᠤᠨ ᠬᠣᠯᠪᠣᠭᠠᠨ ᠤ ᠤᠯᠤᠰ ᠤᠳ ᠤᠨ (ᠬᠣᠵᠢᠮ 1936 ᠣᠨ ᠳᠤ ᠠᠽᠧᠷᠪᠠᠶᠢᠵᠠᠨ᠂ ᠠᠷᠮᠢᠩ᠂ ᠭᠦᠷᠦᠵᠢᠶ ᠠ ᠪᠣᠯᠤᠨ ᠰᠠᠯᠢᠰᠤᠨ) 1922 ᠣᠨ ᠤ 12 ᠍ ᠳᠦᠭᠠᠷ ᠰᠠᠷ᠎ᠠ ᠳᠤ ᠪᠠᠶᠢᠭᠤᠯᠤᠭᠰᠠᠨ ᠭᠡᠷ᠎ᠡ ᠪᠡᠷ ᠣᠷᠣᠰ ᠤᠯᠤᠰ ᠨᠢ ᠣᠯᠠᠨ ᠦᠨᠳᠦᠰᠦᠲᠡᠨ ᠶᠠᠰᠤᠲᠠᠨ ᠤ ᠪᠡᠶ᠎ᠡ ᠳᠠᠭᠠᠭᠠᠭᠰᠠᠨ᠂ ᠵᠥᠪᠯᠡᠯ ᠦᠳ ᠦᠨ ᠵᠠᠰᠠᠭᠯᠠᠯ ᠲᠠᠢ ᠤᠯᠤᠰ ᠤᠳ ᠤᠨ ᠬᠣᠯᠪᠣᠭ᠎ᠠ ᠪᠤᠶᠤ ᠵᠥᠪᠯᠡᠯᠲᠦ ᠰᠣᠽᠢᠶᠠᠯᠢᠰᠲᠤ ᠪᠦᠭᠦᠳᠡ ᠨᠠᠶᠢᠷᠠᠮᠳᠠᠬᠤ ᠬᠣᠯᠪᠣᠭᠠᠲᠤ ᠤᠯᠤᠰ ᠪᠠᠶᠢᠭᠤᠯᠤᠭᠳᠠᠪᠠ᠃

ᠡᠭᠦᠨ ᠦ ᠳᠠᠷᠠᠭ᠎ᠠ ᠪᠠᠷ:

  • 1925 ᠣᠨ ᠳᠤ ᠦᠽᠪᠧᠺᠢᠰᠲᠠᠨ᠂ ᠲᠦᠺᠮᠧᠨ
  • 1929 ᠣᠨ ᠳᠤ ᠲᠠᠵᠢᠺᠢᠰᠲᠠᠨ᠂ 1936 ᠣᠨ ᠳᠤ ᠬᠠᠰᠠᠭᠰᠲ᠋ᠠᠨ᠂ ᠺᠢᠷᠭᠢᠽ
  • 1940 ᠣᠨ ᠳᠤ ᠮᠣᠯᠳᠤᠸᠠ᠂ ᠯᠠᠲ᠋ᠸᠢ᠂ ᠯᠢᠲ᠋ᠸᠠ᠂ ᠡᠰᠲ᠋ᠣᠨᠢ ᠤᠯᠤᠰ ᠤᠳ ᠢ ᠵᠥᠪᠯᠡᠯᠲᠦ ᠰᠣᠽᠢᠶᠠᠯᠢᠰᠲᠤ ᠪᠦᠭᠦᠳᠡ ᠨᠠᠶᠢᠷᠠᠮᠳᠠᠬᠤ ᠬᠣᠯᠪᠣᠭᠠᠲᠤ ᠤᠯᠤᠰ ᠨᠢᠭᠡᠳᠬᠡᠵᠡᠢ᠃

ᠨᠢᠭᠡᠳᠬᠡᠵᠡᠢ ᠭᠡᠰᠡᠨ ᠦ ᠤᠴᠢᠷ ᠨᠢ ᠵᠠᠷᠢᠮ ᠤᠯᠤᠰ ᠢ (ᠡᠭᠦᠨ ᠳᠤ ᠪᠠᠯᠲ ᠣᠷᠴᠢᠮ ᠤᠨ ᠣᠷᠣᠨ ᠨᠤᠭᠤᠳ᠂ ᠪᠠᠷᠠᠭᠤᠨ ᠦᠺᠷᠠᠶᠢᠨ᠂ ᠪᠠᠷᠠᠭᠤᠨ ᠪᠧᠯᠤᠷᠦ᠋ᠰ) ᠭᠧᠷᠮᠠᠨ-ᠵᠥᠪᠯᠡᠯᠲᠦ ᠶᠢᠨ 1939 ᠣᠨ ᠤ ᠬᠤᠤᠪᠢᠯᠳᠤᠭᠠᠨ ᠤ ᠳᠠᠭᠠᠤ ᠮᠥᠨ ᠵᠠᠷᠢᠮ ᠤᠯᠤᠰ ᠤᠨ ᠤᠳᠤᠷᠢᠳᠤᠯᠭ᠎ᠠ ᠶᠢ ᠨᠢ ᠤᠷᠪᠠᠭᠤᠯᠬᠤ ᠵᠠᠮ ᠢᠶᠠᠷ (ᠲᠤᠸᠠ ᠭᠡᠬᠦ ᠮᠡᠲᠦ ᠤᠯᠤᠰ) ᠬᠦᠴᠦ ᠪᠡᠷ ᠪᠥᠷᠢᠯᠳᠦᠬᠦᠨ ᠳᠦ ᠪᠡᠨ ᠣᠷᠣᠭᠤᠯᠤᠭᠰᠠᠨ ᠪᠠᠶᠢᠨ᠎ᠠ᠃ ᠵᠥᠪᠯᠡᠯᠲᠦ ᠬᠣᠯᠪᠣᠭᠠᠲᠤ ᠤᠯᠤᠰ ᠪᠠᠶᠢᠭᠤᠯᠤᠭᠳᠠᠭᠰᠠᠨ ᠠᠴᠠ ᠪᠠᠨ ᠬᠣᠶᠢᠰᠢ ᠴᠤ ᠭᠠᠵᠠᠷ ᠨᠤᠲᠤᠭ ᠢᠶᠠᠨ ᠲᠡᠯᠡᠬᠦ ᠪᠣᠳᠣᠯᠭ᠎ᠠ ᠪᠠᠷᠢᠮᠲᠠᠯᠠᠭᠰᠠᠭᠠᠷ ᠢᠷᠡᠭᠰᠡᠨ ᠪᠥᠭᠡᠳ ᠡᠨᠡ ᠪᠣᠳᠣᠯᠭ᠎ᠠ ᠨᠢ ᠡᠮᠦᠨᠡᠲᠦ ᠰᠠᠬᠠᠯᠢᠨᠺᠦᠷᠢᠯ ᠤᠨ ᠠᠷᠠᠯ ᠤᠳᠺᠠᠯᠢᠨᠢᠩᠷᠠᠳ᠋ ᠵᠡᠷᠭᠡ ᠭᠠᠵᠠᠷ ᠤᠳ ᠢ ᠨᠢᠭᠡᠳᠬᠡᠭ᠍ᠰᠡᠨ ᠢᠶᠡᠷ ᠢᠯᠡᠷᠡᠵᠦ ᠪᠠᠶᠢᠯ᠎ᠠ᠃

ᠰᠲ᠋ᠠᠯᠢᠨ ᠤ ᠳᠢᠭᠯᠢᠮ[ᠵᠠᠰᠠᠪᠤᠷᠢᠯᠠᠬᠤ | ᠺᠣᠳ᠋ ᠢᠶᠠᠷ ᠵᠠᠰᠠᠬᠣ]

ᠸᠯᠠᠳᠢᠮᠢᠷ ᠢᠯᠢᠴ ᠯᠧᠨᠢᠨ ᠨᠠᠰᠤ ᠪᠠᠷᠠᠭᠰᠠᠨ ᠤ ᠳᠠᠷᠠᠭ᠎ᠠ 1920 ᠣᠨ ᠤ ᠳᠤᠮᠳᠠᠭᠤᠷ ᠵᠠᠰᠠᠭ ᠤᠨ ᠡᠷᠬᠡ ᠶᠢᠨ ᠲᠥᠯᠥᠭᠡ ᠲᠡᠮᠡᠴᠡᠯ ᠬᠤᠷᠴᠠᠳᠤᠨ ᠰᠲ᠋ᠠᠯᠢᠨ ᠤ ᠭᠠᠭᠴᠠᠭᠠᠷ ᠳᠠᠷᠤᠩᠭᠤᠶᠢᠯᠠᠬᠤ ᠳᠢᠭᠯᠢᠮ ᠲᠣᠭᠲᠠᠵᠤ ᠵᠠᠰᠠᠭ ᠤᠨ ᠡᠷᠬᠡ ᠨᠢᠭᠡ ᠬᠦᠮᠦᠨ ᠦ ᠭᠠᠷ ᠲᠤ ᠲᠥᠪᠯᠡᠷᠡᠴᠡᠢ᠃ ᠡᠨᠡ ᠦᠶ᠎ᠡ ᠳᠤ ᠬᠡᠷᠡᠭᠵᠢᠵᠦ ᠡᠬᠢᠯᠡᠭᠰᠡᠨ ᠰᠢᠨ᠎ᠡ ᠡᠳ᠋ ᠍ ᠦᠨ ᠵᠠᠰᠠᠭ ᠤᠨ ᠪᠣᠳᠣᠯᠭ᠎ᠠ ᠰᠠᠮᠠᠭᠤᠷᠴᠤ ᠬᠦᠨᠳᠦ ᠦᠢᠯᠡᠳᠪᠦᠷᠢᠵᠢᠬᠦ᠂ ᠬᠦᠴᠦ ᠪᠡᠷ ᠬᠠᠮᠲᠤᠷᠠᠯᠵᠢᠭᠤᠯᠬᠤ ᠦᠢᠯᠡ ᠶᠠᠪᠤᠴᠠ ᠪᠠᠷ ᠰᠣᠯᠢᠭᠳᠠᠪᠠ᠃ ᠲᠥᠷᠥ ᠶᠢᠨ ᠪᠦᠲᠦᠴᠡ᠂ ᠡᠭᠦᠷᠭᠡ ᠶᠢ ᠡᠪ ᠬᠠᠮᠳᠣ ᠨᠠᠮ ᠳᠠᠩ ᠢᠶᠠᠷ ᠭᠦᠢᠴᠡᠳᠭᠡᠵᠦ ᠨᠢᠭᠡ ᠨᠠᠮ ᠤᠨ᠂ ᠨᠢᠭᠡ ᠬᠦᠮᠦᠨ ᠦ ᠤᠳᠤᠷᠢᠳᠤᠯᠭ᠎ᠠ ᠨᠣᠶᠠᠷᠬᠠᠯ᠎ᠠ᠃ ᠪᠦᠬᠦ ᠣᠷᠣᠨ ᠳᠠᠶᠠᠭᠠᠷ ᠬᠡᠲᠦ ᠲᠥᠪᠯᠡᠷᠡᠭᠰᠡᠨ ᠤᠳᠤᠷᠢᠳᠤᠯᠭ᠎ᠠ ᠲᠠᠢ ᠴᠡᠷᠢᠭ ᠦᠨ (ᠳᠣᠲᠣᠭᠠᠳᠤ ᠶᠠᠮᠤᠨ ᠤ) ᠬᠢᠨᠠᠯᠲᠠᠲᠤ ᠰᠢᠰᠲ᠋ᠧᠮ ᠲᠣᠭᠲᠠᠪᠠ᠃ 1934 ᠣᠨ ᠠᠴᠠ ᠤᠯᠤᠰ ᠲᠥᠷᠥ ᠶᠢᠨ ᠬᠡᠯᠮᠡᠭᠳᠡᠭᠦᠯᠦᠯᠲᠡ ᠡᠬᠢᠯᠡᠭᠰᠡᠨ ᠢᠶᠡᠷ ᠮᠢᠩ᠋ᠭ᠎ᠠ ᠮᠢᠩᠭ᠋ᠠᠨ ᠠᠪᠢᠶᠠᠰᠯᠢᠭ ᠰᠡᠬᠡᠭᠡᠲᠡᠨ ᠨᠦᠭᠦᠳ᠂ ᠴᠡᠷᠢᠭ᠂ ᠤᠯᠤᠰ ᠲᠥᠷᠥ᠂ ᠤᠷᠠᠯᠢᠭ ᠰᠤᠶᠤᠯ ᠤᠨ ᠵᠢᠳᠬᠦᠯᠲᠡᠨ ᠨᠦᠭᠦᠳ ᠬᠢᠯᠢᠰ ᠢᠶᠡᠷ ᠭᠦᠳᠬᠡᠭ᠍ᠳᠡᠨ ᠴᠠᠭᠠᠵᠠᠯᠠᠭᠤᠯᠵᠤ ᠪᠥᠭᠡᠮ ᠢᠶᠡᠷ ᠬᠤᠷᠢᠬᠤ ᠬᠥᠳᠡᠯᠮᠦᠷᠢ ᠶᠢᠨ ᠯᠠᠭᠧᠷ ᠭᠤᠯᠠᠭ ᠤᠷᠤᠭᠤ ᠵᠠᠭᠤ ᠵᠠᠭᠤᠨ ᠮᠢᠩ᠋ᠭ᠎ᠠ ᠪᠠᠷ ᠢᠶᠠᠨ ᠢᠯᠡᠭᠡᠭ᠍ᠳᠡᠵᠦ ᠨᠡᠶᠢᠭᠡᠮ ᠤᠨ ᠪᠦᠬᠦ ᠳᠠᠪᠬᠤᠷᠭ᠎ᠠ ᠠᠶᠢᠳᠠᠰ ᠲᠤ ᠠᠪᠲᠠᠨ ᠰᠣᠽᠢᠶᠠᠯᠢᠰᠲᠤ ᠦᠵᠡᠯ ᠰᠠᠨᠠᠭ᠎ᠠ᠂ ᠺᠣᠮᠮᠤᠨᠢᠰᠮ ᠍ ᠤᠨ ᠭᠡᠷᠡᠯᠲᠦ ᠢᠷᠡᠭᠡᠳᠦᠢ ᠳᠤ ᠢᠲᠡᠭᠡᠬᠦ ᠢᠲᠡᠭᠡᠯ ᠠᠯᠳᠠᠷᠴᠤ ᠡᠬᠢᠯᠡᠪᠡ᠃


1941 ᠣᠨ ᠳᠤ ᠹᠠᠱᠢᠰᠲ ᠤᠨ ᠭᠧᠷᠮᠠᠨ ᠢᠲᠡᠭᠡᠯ ᠡᠪᠳᠡᠨ ᠳᠣᠪᠲᠣᠯᠵᠤ ᠡᠬᠡ ᠣᠷᠣᠨ ᠤ ᠳᠠᠶᠢᠨ ᠡᠬᠢᠯᠡᠭᠰᠡᠨ ᠪᠢᠯᠡ᠃ ᠳᠠᠶᠢᠨ ᠤ ᠦᠶ᠎ᠡ ᠳᠤ ᠰᠲ᠋ᠠᠯᠢᠨ ᠦᠨᠳᠦᠰᠦᠨ ᠦ ᠴᠥᠭᠡᠩᠬᠢ ᠪᠣᠯᠬᠤ ᠲᠠᠲ᠋ᠠᠷᠬᠠᠯᠢᠮᠠᠭᠨᠧᠮᠽ᠋ᠲᠦᠷᠺ ᠦᠳ ᠶᠢ ᠭᠠᠵᠠᠷ ᠨᠤᠲᠤᠭ ᠠᠴᠠ ᠨᠢ ᠬᠦᠴᠤ ᠪᠡᠷ ᠨᠡᠭᠦᠯᠭᠡᠨ ᠰᠢᠯᠵᠢᠭᠦᠯᠵᠦ ᠪᠠᠶᠢᠯ᠎ᠠ᠃ ᠳᠡᠯᠡᠬᠡᠢ ᠶᠢᠨ ᠬᠣᠶᠠᠳᠤᠭᠠᠷ ᠳᠠᠶᠢᠨ ᠳᠤ ᠢᠯᠠᠯᠲᠠ ᠪᠠᠶᠢᠭᠤᠯᠤᠭᠰᠠᠨ ᠢᠶᠠᠷ ᠵᠥᠪᠯᠡᠯᠲᠦ ᠬᠣᠯᠪᠣᠭᠠᠲᠤ ᠤᠯᠤᠰ ᠣᠯᠠᠨ ᠤᠯᠤᠰ ᠤᠨ ᠲᠠᠪᠴᠠᠩ ᠳᠤ ᠥᠨᠳᠥᠷ ᠨᠡᠷ᠎ᠡ ᠡᠣᠯᠤᠭᠰᠠᠨ ᠪᠣᠯᠪᠠᠴᠤ ᠺᠣᠮᠮᠤᠨᠢᠰᠲ ᠦᠵᠡᠯ ᠰᠤᠷᠲᠠᠯ ᠢ ᠬᠦᠴᠤ ᠪᠡᠷ ᠡᠺᠰᠫᠣᠷᠲ᠋ᠯᠠᠨ ᠠᠷᠠᠳᠴᠢᠯᠠᠯ ᠢ ᠨᠤᠬᠤᠴᠢᠨ ᠳᠠᠷᠤᠵᠤ (1956 ᠣᠨ ᠳᠤ ᠬᠠᠩ᠋ᠭᠠᠷᠢ ᠳ᠋ᠤ᠂ 1968 ᠣᠨ ᠳᠤ ᠴᠧᠬᠣᠰᠯᠣᠸᠠᠺ ᠲᠤ ᠴᠡᠷᠢᠭ ᠢᠶᠡᠨ ᠣᠷᠣᠭᠤᠯᠤᠭᠰᠠᠨ) ᠪᠠᠶᠢᠭᠰᠠᠨ ᠪᠠ ᠥᠪᠡᠷ ᠦᠨ ᠣᠷᠣᠨ ᠳᠤ ᠪᠠᠨ ᠴᠤ ᠣᠯᠠᠨ ᠤᠷᠭᠤᠯᠴᠢ ᠦᠵᠡᠯ᠂ ᠢᠯᠡ ᠲᠣᠳᠣ ᠪᠠᠶᠢᠳᠠᠯ ᠢ ᠬᠠᠭᠠᠨ ᠪᠣᠭᠣᠭᠳᠠᠭᠤᠯᠵᠤ "ᠡᠮᠴᠢ ᠨᠠᠷ ᠤᠨ᠂ ᠯᠧᠨᠢᠩᠭ᠍ᠷᠠᠳ᠋ ᠍ ᠤᠨ ᠬᠡᠷᠡᠭ" ᠵᠡᠷᠭᠡ ᠵᠣᠬᠢᠶᠠᠮᠠᠯ ᠬᠡᠷᠡᠭ ᠦᠳ ᠡᠭᠦᠰᠬᠡᠨ ᠲᠡᠷᠢᠭᠦᠨ ᠦ ᠰᠡᠬᠡᠭᠡᠲᠡᠨ ᠨᠦᠭᠦᠳ ᠢᠶᠡᠨ ᠬᠡᠯᠮᠡᠭᠳᠡᠭᠦᠯᠦᠨ ᠳᠠᠷᠤᠵᠤ ᠪᠠᠶᠢᠪᠠ᠃ ᠡᠨᠡ ᠳᠠᠶᠢᠨ ᠳᠤ ᠵᠥᠪᠯᠡᠯᠲᠦ ᠬᠣᠯᠪᠣᠭᠠᠲᠤ ᠤᠯᠤᠰ 25 ᠰᠠᠶ᠎ᠠ ᠬᠦᠮᠦᠨ᠂ ᠦᠨᠳᠦᠰᠦᠨ ᠦ ᠪᠡᠨ ᠪᠠᠶᠠᠯᠢᠭ ᠤᠨ 28,7% ᠍ ᠶᠢ ᠠᠯᠳᠠᠵᠤ᠂ 1172,3 ᠲᠡᠷᠪᠤᠮ ᠳ᠋ᠣᠯᠯᠠᠷ ᠵᠠᠷᠤᠴᠠᠭᠤᠯᠵᠠᠢ᠃ ᠳᠠᠶᠢᠨ ᠤ ᠳᠠᠷᠠᠭ᠎ᠠ ᠦᠢᠯᠡᠳᠪᠦᠷᠢᠯᠡᠯᠳᠡᠳ᠋ ᠪᠦᠲᠦᠴᠡ ᠪᠡᠨ ᠰᠡᠷᠭᠦᠭᠡᠬᠦ᠂ ᠬᠥᠳᠡᠭᠡ ᠠᠵᠤ ᠠᠬᠤᠢ ᠶᠢ ᠬᠥᠭ᠍ᠵᠢᠭᠦᠯᠬᠦ ᠳᠤ ᠢᠯᠠᠩ᠋ᠭᠤᠶ᠎ᠠ ᠵᠥᠪᠯᠡᠯᠲᠦ ᠬᠣᠯᠪᠣᠭᠠᠲᠤ ᠤᠯᠤᠰ ᠤᠨ ᠧᠦ᠋ᠷᠣᠫᠠ ᠶᠢᠨ ᠬᠡᠰᠡᠭ ᠲᠤ ᠮᠠᠰᠢ ᠶᠡᠬᠡ ᠬᠥᠷᠥᠩᠭᠡ ᠣᠷᠣᠭᠤᠯᠤᠯᠲᠠ ᠬᠢᠬᠦ ᠱᠠᠭᠠᠷᠳᠠᠯᠭ᠎ᠠ ᠭᠠᠷᠤᠭᠰᠠᠨ᠃ ᠭᠡᠪᠡᠴᠦ ᠾᠲ᠋ᠯᠧᠷ ᠦᠨ ᠡᠰᠡᠷᠬᠦ ᠳᠠᠶᠢᠨ ᠳᠤ ᠬᠣᠯᠪᠣᠭᠠᠲᠠᠨ ᠪᠠᠶᠢᠭᠰᠠᠨ ᠣᠷᠣᠨ ᠨᠤᠭᠤᠳ ᠡᠳ᠋ ᠍ ᠦᠨ ᠵᠠᠰᠠᠭ ᠤᠨ ᠬᠤᠪᠢ ᠳᠤ ᠵᠥᠪᠯᠡᠯᠲᠦ ᠬᠣᠯᠪᠣᠭᠠᠲᠤ ᠤᠯᠤᠰ ᠢ ᠭᠠᠭᠴᠠᠭᠠᠷᠳᠠᠭᠤᠯᠵᠤ ᠤᠯᠤᠰ ᠲᠥᠷᠥ᠂ ᠦᠵᠡᠯ ᠰᠤᠷᠲᠠᠯ ᠤᠨ ᠬᠤᠪᠢ ᠳᠤ ᠰᠥᠷᠥᠨ ᠵᠣᠭᠰᠣᠬᠤ ᠪᠣᠯᠵᠠᠢ᠃

ᠰᠲ᠋ᠠᠯᠢᠨ ᠤ ᠳᠠᠷᠠᠭᠠᠬᠢ ᠵᠥᠪᠯᠡᠯᠲᠦ ᠬᠣᠯᠪᠣᠭᠠᠲᠤ ᠤᠯᠤᠰ[ᠵᠠᠰᠠᠪᠤᠷᠢᠯᠠᠬᠤ | ᠺᠣᠳ᠋ ᠢᠶᠠᠷ ᠵᠠᠰᠠᠬᠣ]

1956 ᠣᠨ ᠳᠤ ᠵᠥᠪᠯᠡᠯᠲᠦ ᠬᠣᠯᠪᠣᠭᠠᠲᠤ ᠤᠯᠤᠰ ᠦᠨ ᠡᠪ ᠬᠠᠮᠳᠣ ᠨᠠᠮ ᠍ ᠤᠨ ᠠᠯᠳᠠᠷᠲᠤ 20 ᠍ ᠳᠦᠭᠠᠷ ᠶᠡᠬᠡ ᠬᠤᠷᠠᠯ ᠳᠡᠭᠡᠷ᠎ᠡ ᠨᠢᠺᠢᠲ᠋ᠠ ᠾᠷᠦ᠋ᠱᠸ ᠨᠢᠭᠡ ᠬᠦᠮᠦᠨ ᠢ ᠲᠠᠬᠢᠨ ᠰᠢᠲᠦᠬᠦ ᠶᠢᠨ ᠬᠣᠣᠷ ᠬᠣᠯᠪᠣᠭᠳᠠᠯ ᠢ ᠢᠯᠡᠴᠢᠯᠡᠨ ᠬᠤᠷᠴᠠ ᠢᠯᠡᠳᠬᠡᠯ ᠲᠠᠯᠪᠢᠯ᠎ᠠ᠃ ᠾᠷᠦ᠋ᠱᠸ ᠵᠠᠰᠠᠭ ᠤᠨ ᠡᠷᠬᠡᠨ ᠳᠤ ᠪᠠᠶᠢᠬᠤ ᠦᠶ᠎ᠡ ᠳ᠋ᠡᠭᠡᠨ ᠬᠡᠯᠮᠡᠭᠳᠡᠭᠦᠯᠦᠯᠲᠡ ᠶᠢ ᠵᠣᠭᠰᠣᠭᠠᠨ ᠤᠯᠤᠰ ᠠᠷᠠᠳ ᠤᠨ ᠠᠵᠤ ᠠᠬᠤᠢ ᠶᠢᠨ ᠬᠥᠭ᠍ᠵᠢᠯ ᠢ ᠡᠷᠴᠢᠮᠵᠢᠭᠦᠯᠵᠦ᠂ ᠢᠷᠭᠡᠳ ᠦᠨ ᠣᠷᠣᠨ ᠰᠠᠭᠤᠴᠠᠨ ᠤ ᠨᠥᠬᠥᠴᠡᠯ ᠢ ᠰᠠᠶᠢᠵᠢᠷᠠᠭᠤᠯᠤᠨ᠂ ᠬᠥᠩᠭᠡᠨ ᠦᠢᠯᠡᠳᠪᠦᠷᠢ ᠶᠢ ᠬᠥᠭ᠍ᠵᠢᠭᠦᠯᠦᠭᠰᠡᠨ ᠢᠶᠡᠷ ᠤᠯᠤᠰ ᠣᠷᠣᠨ ᠤ ᠡᠳ᠋ ᠍ ᠦᠨ ᠵᠠᠰᠠᠭ᠂ ᠠᠷᠠᠳ ᠲᠦᠮᠡᠨ ᠦ ᠠᠵᠤ ᠪᠠᠶᠢᠳᠠᠯ ᠮᠡᠳᠡᠭᠳᠡᠬᠦᠶᠢᠴᠡ ᠳᠡᠭᠡᠭ᠍ᠰᠢᠯᠡᠵᠦ ᠢᠷᠡᠯ᠎ᠡ᠃ ᠣᠶᠤᠨ ᠤ ᠪᠣᠯᠤᠨ ᠮᠠᠲ᠋ᠧᠷᠢᠶᠠᠯ ᠤᠨ ᠨᠥᠭᠡᠴᠡ ᠶᠢ ᠵᠥᠪ ᠵᠣᠬᠢᠰᠲᠠᠢ ᠵᠠᠯᠠᠭᠰᠠᠨ ᠢᠶᠠᠷ ᠣᠯᠠᠨ ᠠᠮᠵᠢᠯᠲᠠᠨ ᠳᠤ ᠬᠦᠷᠪᠡ᠃

ᠲᠣᠭᠠᠴᠢᠪᠠᠯ᠂

ᠡᠭᠦᠨ ᠦ ᠵᠡᠷᠭᠡᠴᠡᠭᠡ ᠣᠯᠠᠨ ᠤᠯᠤᠰ ᠤᠨ ᠬᠠᠷᠢᠯᠴᠠᠭᠠᠨ ᠳᠤ ᠴᠤ ᠨᠠᠰᠢ ᠲᠠᠢ ᠳᠤᠯᠠᠭᠠᠨ ᠠᠭᠤᠷ ᠠᠮᠢᠰᠬᠤᠯ ᠪᠤᠢ ᠪᠣᠯᠵᠤ 1963 ᠣᠨ ᠳᠤ ᠴᠥᠮ᠎ᠡ ᠶᠢᠨ ᠵᠡᠪᠰᠡᠭ ᠢ ᠬᠢᠵᠠᠭᠠᠷᠯᠠᠬᠤ ᠭᠡᠷ᠎ᠡ ᠨᠢ ᠪᠠᠶᠢᠭᠤᠯᠤᠭᠳᠠᠵᠤ ᠪᠠᠶᠢᠪᠠ᠃ ᠭᠡᠪᠡᠴᠦ ᠨᠠᠮ ᠤᠨ ᠤᠳᠤᠷᠢᠳᠤᠯᠭ᠎ᠠ ᠳ᠋ᠠᠬᠢ ᠬᠠᠭᠤᠴᠢᠨᠰᠠᠭ (ᠺᠣᠨᠰᠧᠷᠠᠸᠠᠲ᠋ᠢᠸ) ᠬᠦᠴᠦᠨ ᠾᠷᠦ᠋ᠱᠸ ᠢ ᠤᠯᠤᠰ ᠲᠥᠷᠥ ᠶᠢᠨ ᠲᠠᠪᠴᠠᠩ ᠠᠴᠠ ᠵᠠᠶᠢᠯᠠᠭᠤᠯᠤᠨ ᠡᠪ ᠬᠠᠮᠳᠣ ᠳᠠᠷᠤᠩᠭ᠋ᠤᠶᠢᠯᠠᠯ ᠤᠨ ᠰᠢᠰᠲ᠋ᠧᠮ ᠢᠶᠡᠨ ᠳᠠᠬᠢᠨ ᠲᠣᠭᠲᠠᠭᠠᠵᠤ ᠴᠢᠳᠠᠭᠰᠠᠨ ᠢᠢᠡᠷ ᠰᠣᠽᠢᠶᠠᠯᠢᠮ "ᠰᠣᠩᠭ᠋ᠣᠳᠠᠭ" ᠮᠠᠶᠶ᠋ᠭ ᠢᠶᠠᠷ ᠣᠷᠣᠰᠢᠨ ᠲᠣᠭᠲᠠᠨᠢᠭᠰᠠᠨ ᠶᠤᠮ᠃

ᠤᠯᠤᠰ ᠲᠥᠷᠥ ᠶᠢᠨ ᠬᠤᠪᠢ ᠳᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠨᠢᠭᠡ ᠨᠠᠮ (ᠪᠷᠧᠵᠨᠸ᠂ ᠲᠡᠭᠦᠨ ᠢ ᠲᠣᠭᠣᠷᠢᠨ ᠬᠦᠷᠢᠶᠡᠯᠡᠭᠴᠢᠳ) ᠲᠥᠷᠥ ᠶᠢᠨ ᠡᠷᠬᠡᠨ ᠳᠤ ᠭᠠᠷᠴᠤ ᠨᠡᠶᠢᠲᠡ ᠶᠢᠨ ᠲᠤᠰᠠ ᠶᠢᠨ ᠲᠤᠯᠠᠳᠠ ᠨᠡᠷ᠎ᠡ ᠲᠡᠢ ᠴᠤ ᠨᠢᠭᠡ ᠬᠡᠰᠡᠭ ᠪᠦᠯᠦᠭ ᠬᠦᠮᠦᠰ ᠦᠨ ᠲᠤᠰᠠ ᠶᠢᠨ ᠲᠤᠯᠠᠳᠠ ᠠᠷᠠᠳ ᠲᠦᠮᠡᠨ ᠬᠥᠳᠡᠯᠮᠦᠷᠢᠯᠡᠵᠦ ᠪᠠᠶᠢᠪᠠ᠃ ᠠᠷᠠᠳᠴᠢᠯᠠᠯ ᠬᠡᠯᠪᠡᠷᠢ ᠲᠡᠳᠦᠢ ᠪᠠᠶᠢᠭᠰᠠᠨ ᠠᠴᠠ ᠠᠭᠤᠯᠭ᠎ᠠ ᠨᠢ ᠲᠣᠲ᠋ᠠᠯᠢᠲ᠋ᠠᠷ ᠳᠢᠭᠯᠢᠮ ᠪᠠᠶᠢᠯ᠎ᠠ᠃

ᠦᠵᠡᠯ ᠰᠤᠷᠲᠠᠯ ᠤᠨ ᠳᠠᠶᠢᠨ ᠪᠤᠶᠤ ᠬᠦᠢᠲᠡᠨ ᠳᠠᠶᠢᠨ[ᠵᠠᠰᠠᠪᠤᠷᠢᠯᠠᠬᠤ | ᠺᠣᠳ᠋ ᠢᠶᠠᠷ ᠵᠠᠰᠠᠬᠣ]

ᠳᠡᠯᠡᠬᠡᠢ ᠨᠡᠶᠢᠲᠡ ᠡᠴᠡ ᠬᠠᠭᠠᠯᠲᠠᠲᠠᠢ᠂ ᠵᠣᠬᠢᠶᠠᠮᠠᠯ ᠰᠣᠽᠢᠶᠠᠯᠢᠮ ᠺᠣᠮᠮᠤᠨᠢᠰᠮ ᠍ ᠤᠨ ᠦᠵᠡᠯ ᠰᠤᠷᠲᠠᠯ ᠳᠤ ᠪᠠᠷᠢᠭᠳᠠᠭᠰᠠᠨ᠂ ᠣᠯᠠᠨ ᠤᠷᠭᠤᠯᠴᠢ ᠦᠵᠡᠯ᠂ ᠢᠯᠡ ᠲᠣᠳᠣ ᠪᠠᠶᠢᠳᠠᠯ ᠬᠣᠷᠢᠭ᠎ᠠ ᠲᠠᠢ᠃20 ᠍ ᠳᠦᠭᠠᠷ ᠵᠠᠭᠤᠨ ᠳᠤ ᠥᠷᠨᠢᠭᠰᠡᠨ ᠳᠠᠶᠢᠨ ᠤ ᠭᠣᠣᠯ ᠰᠢᠯᠲᠠᠭᠠᠨ ᠨᠢ ᠦᠵᠡᠯ ᠰᠤᠷᠲᠠᠯ ᠠᠴᠠ ᠶᠡᠬᠡᠬᠡᠨ ᠬᠠᠮᠢᠶᠠᠷᠤᠭᠰᠠᠨ ᠪᠠᠶᠢᠳᠠᠭ᠃ᠨᠠᠼᠢᠰᠲ ᠭᠧᠷᠮᠠᠨ ᠤ ᠬᠦᠴᠦᠷᠬᠡᠭ᠌ ᠠᠷᠮᠢ ᠶᠢ ᠵᠥᠪᠯᠡᠯᠲᠦ ᠬᠣᠯᠪᠣᠭᠠᠲᠤ ᠤᠯᠤᠰ ᠪᠤᠲᠠ ᠨᠢᠷᠭᠡᠨ ᠢᠯᠠᠭᠰᠠᠨ ᠨᠢ ᠲᠡᠳᠡᠨ ᠦ ᠨᠡᠷ᠎ᠡ ᠬᠦᠨᠳᠦ ᠶᠢ ᠮᠠᠰᠢ ᠶᠡᠬᠡ ᠥᠰᠬᠡᠵᠦ ᠳᠡᠯᠡᠬᠡᠢ ᠳᠤ ᠭᠣᠣᠯ ᠲᠣᠭᠯᠠᠭᠴᠢ ᠨᠢ ᠵᠥᠪᠯᠡᠯᠲᠦ ᠬᠣᠯᠪᠣᠭᠠᠲᠤ ᠤᠯᠤᠰ ᠪᠣᠯᠤᠭᠰᠠᠨ ᠪᠠᠶᠢᠪᠠ᠃ ᠳᠠᠷᠠᠭ᠎ᠠ ᠨᠢ ᠳᠡᠯᠡᠬᠡᠢ ᠶᠢᠨ ᠬᠣᠶᠠᠳᠤᠭᠠᠷ ᠳᠠᠶᠢᠨ ᠳᠠᠭᠤᠰᠤᠭᠰᠠᠨ ᠤ ᠳᠠᠷᠠᠭ᠎ᠠ ᠪᠠᠷ ᠳᠡᠯᠡᠬᠡᠢ ᠦᠨᠳᠦᠰᠦᠨ ᠳᠦ ᠪᠡᠨ 2 ᠯᠠᠭᠧᠷ ᠲᠤ ᠬᠤᠪᠢᠶᠠᠭᠳᠠᠵᠤ ᠡᠨᠡ ᠬᠣᠶᠠᠷ ᠦᠵᠡᠯ ᠰᠤᠷᠲᠠᠯ ᠤᠨ ᠠᠯᠢ ᠨᠢ ᠵᠥᠪ ᠪᠣᠯᠬᠤ ᠶᠢ ᠪᠠᠲᠤᠯᠠᠬᠤ ᠭᠡᠰᠡᠨ ᠦᠢᠯᠡᠳᠦᠯ ᠢ ᠠᠮᠧᠷᠢᠺᠠ ᠶᠢᠨ ᠨᠢᠭᠡᠳᠦᠭᠰᠡᠨ ᠤᠯᠤᠰ᠂ ᠵᠥᠪᠯᠡᠯᠲᠦ ᠬᠣᠯᠪᠣᠭᠠᠲᠤ ᠤᠯᠤᠰ ᠬᠢᠵᠦ ᠪᠠᠶᠢᠭᠰᠠᠨ ᠶᠤᠮ᠃ ᠵᠢᠱᠢᠶᠡᠯᠡᠪᠡᠯ᠂ ᠶᠦᠷᠡᠢ ᠭᠠᠭᠠᠷᠢᠨ ᠰᠠᠨᠰᠠᠷ ᠲᠤ ᠠᠩᠬ᠎ᠠ ᠨᠢᠰᠬᠦ ᠳᠤ ᠨᠡᠶᠢᠲᠡ ᠠᠮᠧᠷᠢᠺᠠᠴᠤᠳ ᠵᠥᠪᠯᠡᠯᠲᠦ ᠬᠣᠯᠪᠣᠭᠠᠲᠤ ᠤᠯᠤᠰ ᠠᠴᠠ ᠶᠡᠬᠡᠳᠡ ᠡᠮᠢᠶᠡᠵᠦ ᠪᠠᠶᠢᠭᠰᠠᠨ ᠭᠡᠳᠡᠭ᠃ ᠶᠠᠭᠠᠬᠢᠭᠠᠳ ᠭᠡᠪᠡᠯ ᠳᠡᠯᠡᠬᠡᠢ ᠳᠤ ᠬᠠᠮᠤᠭ ᠤᠨ ᠠᠩᠬ᠎ᠠ ᠺᠣᠮᠮᠤᠨᠢᠰᠲ ᠬᠦᠮᠦᠨ ᠰᠠᠨᠰᠠᠷ ᠲᠤ ᠨᠢᠰᠦᠭᠰᠡᠨ ᠤᠴᠢᠷ ᠠᠴᠠ ᠲᠡᠳᠡ ᠡᠨᠡ ᠤᠳᠠᠭ᠎ᠠ ᠳᠤ ᠠᠮᠧᠷᠢᠺᠠ ᠶᠢᠨ ᠨᠢᠭᠡᠳᠦᠭᠰᠡᠨ ᠤᠯᠤᠰ ᠲᠡᠳᠡᠨ ᠡᠴᠡ ᠢᠯᠡᠭᠦᠦ ᠭᠡᠳᠡᠭ ᠢᠶᠡᠨ ᠪᠠᠲᠤᠯᠠᠵᠤ ᠴᠢᠳᠠᠭᠰᠠᠨ ᠦᠭᠡᠢ᠃1950 ᠍ ᠊ᠭᠠᠳ ᠣᠨ ᠤ ᠦᠶ᠎ᠡ ᠳᠤ ᠵᠥᠪᠯᠡᠯᠲᠦ ᠬᠣᠯᠪᠣᠭᠠᠲᠤ ᠤᠯᠤᠰ ᠨᠢ ᠡᠳ᠋ ᠍ ᠦᠨ ᠵᠠᠰᠠᠭ᠂ ᠤᠯᠤᠰ ᠲᠥᠷᠥ᠂ ᠰᠢᠨᠵᠢᠯᠡᠬᠦ᠂ ᠪᠣᠯᠪᠠᠰᠤᠷᠠᠯ᠂ ᠴᠡᠷᠢᠭ ᠠᠷᠮᠢ ᠵᠡᠷᠭᠡ ᠪᠡᠷ ᠢᠶᠡᠨ ᠠᠮᠧᠷᠢᠺᠠ ᠶᠢᠨ ᠨᠢᠭᠡᠳᠦᠭᠰᠡᠨ ᠤᠯᠤᠰ ᠠᠴᠠ ᠬᠣᠯᠠ ᠳᠠᠪᠠᠭᠤ ᠢᠯᠡᠭᠦᠦ ᠪᠠᠶᠢᠭᠰᠠᠨ ᠶᠤᠮ᠃ ᠳᠡᠯᠡᠬᠡᠢ ᠨᠡᠶᠢᠲᠡ ᠪᠡᠷ ᠺᠣᠮᠮᠤᠨᠢᠰᠲ ᠵᠠᠰᠠᠭ ᠪᠦᠷᠢᠯᠳᠦᠵᠦ ᠡᠬᠢᠯᠡᠬᠦ ᠰᠠᠭᠤᠷᠢ ᠲᠠᠯᠪᠢᠭᠳᠠᠪᠠ᠃

ᠴᠥᠮ᠎ᠡ ᠶᠢᠨ ᠳᠠᠶᠢᠨ ᠤ ᠬᠢᠮᠤᠷᠠᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠰᠲ᠋ᠠᠯᠢᠨ ᠤ ᠳᠢᠭᠯᠢᠮ ᠦᠨ ᠳᠠᠷᠠᠭ᠎ᠠ ᠪᠠᠷ ᠨᠢᠺᠢᠲ᠋ᠠ ᠡᠾᠷᠤᠱᠧᠸ ᠵᠠᠰᠠᠭ ᠤᠨ ᠡᠷᠬᠡ ᠠᠪᠤᠭᠰᠠᠨ ᠢᠶᠠᠷ ᠤᠯᠤᠰ ᠲᠥᠷᠥ ᠶᠢᠨ ᠪᠠᠶᠢᠳᠠᠯ ᠬᠠᠷᠢᠴᠠᠩᠭ᠋ᠤᠢ ᠲᠣᠭᠲᠠᠪᠤᠷᠢᠵᠢᠵᠤ ᠡᠨᠡᠬᠦ ᠴᠠᠭ ᠦᠶ᠎ᠡ ᠨᠢ ᠵᠥᠪᠯᠡᠯᠲᠦ ᠬᠣᠯᠪᠣᠭᠠᠲᠤ ᠤᠯᠤᠰ ᠤᠨ ᠠᠯᠲᠠᠨ ᠦᠶ᠎ᠡ ᠪᠠᠶᠢᠯ᠎ᠠ᠃ ᠰᠠᠨᠰᠠᠷ ᠲᠤ ᠠᠮᠵᠢᠯᠲᠠ ᠲᠠᠢ ᠨᠢᠰᠦᠭᠡᠳ ᠢᠷᠡᠭᠰᠡᠨ ᠶᠦᠷᠡᠢ ᠭᠠᠭᠠᠷᠢᠨ ᠤ ᠰᠦᠷ ᠬᠦᠴᠦ᠂ ᠵᠥᠪᠯᠡᠯᠲᠦ ᠬᠣᠯᠪᠣᠭᠠᠲᠤ ᠤᠯᠤᠰ ᠤᠨ ᠡᠷᠳᠡᠮᠲᠦ ᠡᠴᠡ ᠳᠡᠯᠡᠬᠡᠢ ᠡᠮᠢᠶᠡᠵᠦ ᠪᠠᠶᠢᠪᠠ᠃ ᠲᠡᠳᠡ ᠴᠥᠮ᠎ᠡ ᠶᠢᠨ ᠲᠧᠭᠨᠣᠯᠣᠭᠢ᠂ ᠲᠡᠢᠢᠷᠦᠯᠲᠤ ᠰᠤᠮᠤ ᠵᠡᠷᠭᠡ ᠪᠡᠷ ᠢᠶᠡᠨ ᠬᠠᠪᠢ ᠢᠯᠡᠭᠦᠦ ᠭᠡᠳᠡᠭ ᠢᠶᠡᠷ ᠢᠶᠡᠨ ᠰᠠᠨᠰᠠᠷ ᠲᠤ ᠠᠮᠵᠢᠯᠲᠠ ᠲᠠᠢ ᠨᠢᠰᠦᠭᠰᠡᠨ ᠢᠶᠡᠷ ᠢᠶᠡᠨ ᠪᠠᠲᠤᠯᠠᠵᠤ ᠬᠠᠷᠠᠭᠤᠯᠪᠠ᠃ ᠵᠥᠪᠯᠡᠯᠲᠦ ᠶᠢᠨ ᠰᠢᠯᠢᠳᠡᠭ ᠲᠡᠢᠢᠷᠦᠯᠲᠤ ᠰᠤᠮᠤ ᠢᠢᠨ ᠮᠡᠷᠭᠡᠵᠢᠯᠲᠡᠨ ᠺᠣᠷᠷᠧᠯᠠᠧᠢᠲ᠋ᠢᠪ ᠠᠯᠭᠠᠰᠬᠤ ᠴᠢᠳᠠᠯ ᠲᠠᠢ ᠲᠡᠢᠢᠷᠦᠯᠲᠤ ᠰᠤᠮᠤ  ᠵᠢ 2 ᠵᠢᠯ ᠦᠨ ᠬᠤᠭᠤᠴᠠᠭᠠᠨ ᠳᠤ ᠠᠮᠵᠢᠯᠲᠠ ᠲᠠᠢ ᠭᠦᠢᠴᠡᠳᠭᠡᠵᠦ ᠤᠯᠠᠮ ᠢᠶᠠᠷ ᠠᠮᠧᠷᠢᠺᠠ ᠶᠢᠨ ᠨᠢᠭᠡᠳᠦᠭᠰᠡᠨ ᠤᠯᠤᠰ ᠤᠷᠤᠭᠤ ᠬᠠᠷᠪᠤᠨ᠎ᠠ ᠬᠡᠮᠡᠨ ᠬᠦᠴᠦᠲᠡᠢ ᠦᠷᠢᠰᠦᠯᠳᠦᠭᠡᠨ ᠬᠢᠵᠦ ᠲᠦᠷᠬᠢᠷᠠᠵᠤ ᠡᠬᠢᠯᠡᠪᠡ᠃ ᠺᠦᠪᠠ ᠤᠯᠤᠰ ᠲᠤ ᠡᠳ᠋ ᠍ ᠦᠨ ᠵᠠᠰᠠᠭ ᠤᠨ ᠪᠠᠶᠢᠳᠠᠯ ᠲᠣᠭᠲᠠᠪᠤᠷᠢ ᠦᠭᠡᠢ ᠪᠣᠯᠵᠤ ᠬᠤᠪᠢᠰᠬᠠᠯ ᠪᠣᠯᠬᠤ ᠲᠣᠬᠢᠷᠠᠭ᠎ᠠ ᠪᠦᠷᠢᠳᠦᠭᠰᠡᠨ ᠦᠶ᠎ᠡ ᠳᠤ ᠠᠮᠧᠷᠢᠺᠠ ᠶᠢᠨ ᠨᠢᠭᠡᠳᠦᠭᠰᠡᠨ ᠤᠯᠤᠰ ᠥᠪᠡᠷ ᠦᠨ ᠡᠯᠴᠢ ᠪᠣᠯᠬᠤ ᠪᠠᠲ᠋ᠢᠰᠲ᠋ᠠ ᠢ ᠺᠦᠪᠠ  ᠢᠢᠨ ᠰᠢᠨ᠎ᠡ ᠪᠠᠭᠠᠲᠤᠷ ᠢᠶᠠᠷ ᠲᠤᠮᠢᠯᠠᠬᠤ ᠭᠡᠰᠡᠨ ᠪᠣᠯᠪᠠᠴᠤ ᠺᠠᠰᠲ᠋ᠷᠣ ᠪᠣᠯᠤᠨ ᠴᠸᠶᠸ ᠨᠠᠷ ᠪᠠᠲ᠋ᠢᠰᠲ᠋ᠠ ᠵᠢ ᠲᠦᠯᠬᠢᠨ ᠤᠨᠠᠭᠠᠵᠤ ᠺᠦᠪᠠ ᠤᠯᠤᠰ ᠲᠤ ᠡᠪ ᠬᠠᠮᠳᠣ ᠵᠠᠰᠠᠭ ᠲᠣᠭᠲᠠᠭᠰᠠᠨ ᠪᠠᠶᠢᠨ᠎ᠠ᠃ ᠡᠭᠦᠨ ᠳᠤ ᠢᠯᠠᠭᠳᠠᠭᠰᠠᠨ ᠠᠮᠧᠷᠢᠺᠠ ᠶᠢᠨ ᠨᠢᠭᠡᠳᠦᠭᠰᠡᠨ ᠤᠯᠤᠰ ᠲᠦᠷᠺ ᠤᠯᠤᠰ ᠲᠤ ᠴᠥᠮ᠎ᠡ ᠶᠢᠨ ᠲᠡᠢᠢᠷᠦᠯᠲᠤ ᠰᠤᠮᠤ ᠵᠢ ᠪᠠᠨ ᠰᠠᠭᠤᠷᠢᠯᠠᠭᠤᠯᠵᠤ ᠵᠥᠪᠯᠡᠯᠲᠦ ᠬᠣᠯᠪᠣᠭᠠᠲᠤ ᠤᠯᠤᠰ ᠤᠷᠤᠭᠤ ᠬᠠᠷᠪᠤᠨ᠎ᠠ ᠭᠡᠵᠦ ᠵᠠᠨᠤᠯᠬᠢᠯᠡᠪᠡ᠃ ᠬᠠᠷᠢᠭᠤ ᠳᠤ ᠨᠢ ᠵᠥᠪᠯᠡᠯᠲᠦ ᠬᠣᠯᠪᠣᠭᠠᠲᠤ ᠤᠯᠤᠰ ᠲᠡᠳᠡᠨ ᠦ ᠲᠡᠢᠢᠷᠦᠯᠲᠤ ᠰᠤᠮᠤ ᠵᠢ 10 ᠳᠠᠬᠢᠨ ᠨᠡᠶᠢᠯᠡᠭᠦᠯᠦᠭᠰᠡᠨ ᠬᠡᠮᠵᠢᠶᠡᠨ ᠦ ᠲᠡᠢᠢᠷᠦᠯᠲᠤ ᠰᠤᠮᠤ  ᠵᠢ ᠺᠦᠪᠠ ᠳᠤ ᠪᠠᠶᠢᠷᠢᠯᠠᠭᠤᠯᠤᠭᠰᠠᠨ ᠢᠶᠠᠷ ᠠᠮᠧᠷᠢᠺᠠ ᠶᠢᠨ ᠨᠢᠭᠡᠳᠦᠭᠰᠡᠨ ᠤᠯᠤᠰ ᠲᠣᠬᠢᠷᠠᠯᠴᠠᠭᠠᠨ ᠤ ᠰᠢᠷᠡᠭᠡᠨ ᠳᠤ ᠰᠠᠭᠤᠬᠤ ᠶᠢ ᠵᠥᠪᠯᠡᠯᠲᠦ ᠬᠣᠯᠪᠣᠭᠠᠲᠤ ᠤᠯᠤᠰ ᠲᠤ ᠰᠠᠨᠠᠯ ᠪᠣᠯᠭᠠᠪᠠ᠃ ᠵᠣᠨ ᠺᠧᠨᠨᠢᠳᠢ ᠪᠣᠯᠤᠨ ᠨᠢᠺᠢᠲ᠋ᠠ ᠡᠾᠷᠤᠱᠧᠸ ᠨᠠᠷ ᠤᠨ ᠬᠡᠯᠡᠯᠴᠡᠭᠡᠷ ᠠᠮᠵᠢᠯᠲᠠ ᠲᠠᠢ ᠳᠠᠭᠤᠰᠴᠤ ᠠᠮᠧᠷᠢᠺᠠ ᠶᠢᠨ ᠨᠢᠭᠡᠳᠦᠭᠰᠡᠨ ᠤᠯᠤᠰ ᠴᠡᠷᠢᠭ ᠢᠶᠡᠨ ᠺᠦᠪᠠ ᠤᠯᠤᠰ ᠠᠴᠠ ᠪᠦᠷᠢᠨ ᠲᠠᠲᠠᠪᠠ᠃ ᠲᠡᠳᠦᠢ ᠤᠳᠠᠯ ᠦᠭᠡᠢ ᠵᠣᠨ ᠺᠧᠨᠨᠢᠳᠢ ᠫᠤᠤᠳᠠᠭᠤᠯᠤᠨ ᠨᠠᠰᠤ ᠪᠠᠷᠠᠭᠰᠠᠨ ᠶᠤᠮ᠃ᠲᠡᠭᠦᠨ ᠦ ᠳᠠᠷᠠᠭ᠎ᠠ ᠬᠠᠷᠢᠭᠤ ᠶᠢ ᠪᠠᠨ ᠨᠡᠬᠡᠵᠦ ᠠᠮᠧᠷᠢᠺᠠ ᠶᠢᠨ ᠨᠢᠭᠡᠳᠦᠭᠰᠡᠨ ᠤᠯᠤᠰ ᠸᠢᠶᠧᠲ᠋ᠨᠠᠮ ᠤᠨ ᠳᠠᠶᠢᠨ ᠢ ᠡᠬᠢᠯᠡᠭᠦᠯᠦᠭᠰᠡᠨ ᠴᠤ ᠠᠮᠧᠷᠢᠺᠠ ᠶᠢᠨ ᠨᠢᠭᠡᠳᠦᠭᠰᠡᠨ ᠤᠯᠤᠰ ᠳᠠᠬᠢᠭᠠᠳ ᠯᠠ ᠢᠯᠠᠭᠳᠠᠭᠰᠠᠨ ᠶᠤᠮ᠃ ᠲᠡᠳᠡᠨ ᠦ ᠭᠠᠭᠴᠠ ᠢᠯᠠᠯᠲᠠ ᠡᠮᠦᠨᠡᠲᠦ ᠰᠣᠯᠣᠩ᠋ᠭᠣᠰ ᠤᠯᠤᠰ ᠢ ᠬᠣᠶᠢᠳᠤ ᠰᠣᠯᠣᠩᠭ᠋ᠣᠰ ᠲᠤ ᠠᠯᠳᠠᠭ᠎ᠠ ᠦᠭᠡᠢ ᠠᠪᠴᠤ ᠦᠯᠡᠳᠡᠭᠰᠡᠨ ᠨᠢ ᠢᠯᠠᠯᠲᠠ ᠪᠠᠶᠢᠯ᠎ᠠ᠃ ᠲᠡᠭᠦᠨ ᠡᠴᠡ ᠪᠣᠯ ᠪᠦᠬᠦ ᠲᠠᠯᠠᠪᠤᠷ ᠳᠡᠭᠡᠷ᠎ᠡ ᠠᠮᠧᠷᠢᠺᠠ ᠶᠢᠨ ᠨᠢᠭᠡᠳᠦᠭᠰᠡᠨ ᠤᠯᠤᠰ ᠢᠯᠠᠭᠳᠠᠵᠤ ᠪᠠᠶᠢᠭᠰᠠᠨ ᠲᠡᠦᠬᠡ ᠲᠡᠢ᠃ ᠬᠣᠯᠯᠢᠸ  ᠦᠨ ᠺᠢᠨᠣᠨ ᠳᠤ ᠲᠤᠰᠬᠠᠢ ᠪᠣᠳᠣᠯᠭ᠎ᠠ ᠪᠠᠶᠢᠳᠠᠭ ᠨᠢ ᠣᠷᠣᠰ ᠪᠣᠯᠤᠨ ᠵᠥᠪᠯᠡᠯᠲᠦ ᠬᠣᠯᠪᠣᠭᠠᠲᠤ ᠤᠯᠤᠰ ᠢ ᠬᠠᠮᠤᠭ ᠤᠨ ᠮᠠᠭᠤ ᠮᠠᠭᠤᠬᠠᠢ ᠪᠠᠷ ᠬᠠᠷᠠᠭᠤᠯᠤᠨ ᠵᠠᠨᠤᠯᠲᠤ ᠳᠠᠶᠢᠰᠤᠨ ᠢᠶᠠᠨ ᠢᠯᠠᠵᠤ ᠪᠤᠢ ᠮᠡᠲᠦ ᠪᠡᠷ ᠳᠦᠷᠰᠦᠯᠡᠵᠦ ᠪᠠᠶᠢᠭ᠎ᠠ ᠨᠢ ᠬᠦᠢᠲᠡᠨ ᠳᠠᠶᠢᠨ ᠳᠤ ᠢᠯᠠᠬᠤ ᠳᠤ ᠲᠡᠳᠡᠨ ᠳᠤ ᠲᠤᠰᠠᠯᠠᠭᠰᠠᠨ᠂ ᠣᠳᠣ ᠴᠤ ᠲᠡᠳᠡ ᠺᠢᠨᠣ᠋ ᠤᠷᠠᠯᠢᠭ ᠲᠤ ᠪᠠᠨ ᠡᠭᠦᠨ ᠢ ᠬᠠᠷᠠᠭᠤᠯᠳᠠᠭ᠃ᠠᠮᠧᠷᠢᠺᠠ ᠶᠢᠨ ᠨᠢᠭᠡᠳᠦᠭᠰᠡᠨ ᠤᠯᠤᠰ ᠤᠨ ᠡᠳ᠋ ᠍ ᠦᠨ ᠵᠠᠰᠠᠭ ᠤᠨ ᠵᠥᠪ ᠪᠣᠳᠣᠯᠭ᠎ᠠ ᠨᠢ ᠲᠡᠳᠡᠨ ᠢ 20 ᠍ ᠵᠠᠭᠤᠨ ᠳᠤ ᠲᠡᠦᠬᠡ ᠪᠣᠯᠤᠯ ᠦᠭᠡᠢ ᠦᠯᠡᠳᠡᠬᠦ ᠳᠤ ᠲᠤᠰᠠᠯᠠᠭᠰᠠᠨ ᠪᠠ ᠬᠦᠢᠲᠡᠨ ᠳᠠᠶᠢᠨ ᠳᠤ ᠢᠯᠠᠬᠤ ᠳᠤ ᠬᠠᠮᠤᠭ ᠤᠨ ᠭᠣᠣᠯ ᠨᠥᠯᠥᠭᠡ ᠦᠵᠡᠭᠦᠯᠦᠭᠰᠡᠨ ᠬᠦᠮᠦᠨ ᠲᠡᠳᠡᠨ ᠦ ᠬᠠᠮᠤᠭ ᠤᠨ ᠬᠠᠶᠢᠷᠠᠲᠤ ᠶᠡᠷᠦᠩᠬᠡᠶᠢᠯᠡᠭᠴᠢ ᠷᠤᠨᠠᠯᠢᠳ᠋ ᠷᠧᠭᠠᠨ ᠪᠠᠶᠢᠭᠰᠠᠨ ᠪᠢᠯᠡ᠃ ᠲᠡᠭᠦᠨ ᠦ ᠪᠧᠷᠯᠢᠨ ᠤ ᠬᠠᠨᠠᠨ ᠳᠡᠭᠡᠷ᠎ᠡ ᠲᠠᠯᠪᠢᠭᠰᠠᠨ ᠢᠯᠡᠳᠬᠡᠯ ᠳᠡᠯᠡᠬᠡᠢ ᠶᠢᠨ ᠰᠢᠯᠢᠳᠡᠭ ᠢᠯᠡᠳᠬᠡᠯ ᠦᠳ ᠦᠨ ᠲᠣᠭᠠᠨ ᠳᠤ ᠣᠷᠣᠳᠠᠭ ᠶᠤᠮ᠃ ᠲᠡᠷᠡ ᠪᠡᠷ ᠬᠡᠯᠡᠬᠦ ᠳᠦ ᠪᠡᠨ ᠵᠥᠪᠯᠡᠯᠲᠦ ᠬᠣᠯᠪᠣᠭᠠᠲᠤ ᠤᠯᠤᠰ ᠪᠣᠯ ᠴᠢᠳᠬᠥᠷ ᠦᠨ ᠭᠦᠷᠦᠨ ᠬᠡᠮᠡᠵᠦ ᠪᠠᠶᠢᠭᠰᠠᠨ ᠶᠤᠮ᠃

ᠡᠳ᠋ ᠍ ᠦᠨ ᠵᠠᠰᠠᠭ[ᠵᠠᠰᠠᠪᠤᠷᠢᠯᠠᠬᠤ | ᠺᠣᠳ᠋ ᠢᠶᠠᠷ ᠵᠠᠰᠠᠬᠣ]

ᠲᠥᠪᠯᠡᠷᠡᠭᠰᠡᠨ ᠲᠥᠯᠥᠪᠯᠡᠭᠡᠲᠦ ᠤᠳᠤᠷᠢᠳᠤᠯᠭ᠎ᠠ ᠲᠠᠢ᠂ 100% ᠤᠯᠤᠰ ᠤᠨ ᠥᠮᠴᠢ ᠳᠤ ᠲᠤᠯᠭᠠᠭᠤᠷᠢᠯᠠᠭᠰᠠᠨ ᠬᠥᠰᠢᠭᠦᠨ ᠬᠣᠶᠢᠷᠭᠣ ᠬᠦᠷᠪᠡᠬᠦ ᠴᠢᠳᠠᠪᠤᠷᠢ ᠦᠭᠡᠢ ᠡᠳ᠋ ᠍ ᠦᠨ ᠵᠠᠰᠠᠭ ᠲᠠᠢ ᠪᠠᠶᠢᠪᠠ᠃ ᠰᠢᠪᠸᠷ ᠦᠨ ᠨᠧᠹᠲᠪᠠᠶᠢᠭᠠᠯᠢ ᠶᠢᠨ ᠬᠡᠢ ᠡᠺᠰᠫᠣᠷᠲ᠋ᠯᠠᠵᠤ ᠪᠠᠶᠢᠭᠰᠠᠨ ᠠᠴᠠ ᠣᠯᠠᠨ ᠤᠯᠤᠰ ᠤᠨ ᠵᠠᠬ᠎ᠠ ᠵᠡᠭᠡᠯᠢ ᠳᠤ ᠥᠷᠢᠰᠥᠯᠳᠥᠬᠦ ᠴᠢᠳᠠᠪᠤᠷᠢ ᠲᠠᠢ ᠦᠢᠯᠡᠳᠪᠦᠷᠢᠯᠡᠯ ᠬᠥᠭ᠍ᠵᠢᠭᠰᠡᠨ ᠦᠭᠡᠢ᠃ ᠥᠷᠭᠡᠨ ᠬᠡᠷᠡᠭᠯᠡᠭᠡᠨ ᠦ ᠪᠠᠷᠠᠭ᠎ᠠ ᠤᠯᠤᠰ ᠦᠨ ᠳᠤᠲᠤᠭᠠᠳᠤ ᠢᠢᠨ ᠶᠡᠷᠦᠨᠭ᠍ᠬᠡᠢ ᠦᠢᠯᠡᠳᠪᠦᠷᠢᠯᠡᠯ  ᠦᠨ ᠪᠠᠭ᠎ᠠ ᠬᠤᠪᠢ ᠶᠢ ᠡᠵᠡᠯᠡᠵᠦ ᠪᠠᠶᠢᠪᠠ᠃ ᠬᠡᠭᠡᠯᠢ ᠬᠠᠬᠤᠤᠯᠢ ᠳᠤ ᠢᠳᠡᠭᠳᠡᠭᠰᠡᠨ᠂ ᠠᠯᠳᠠᠷ ᠨᠡᠷ᠎ᠡ ᠭᠣᠷᠢᠯᠠᠭᠴᠢ ᠳᠤ ᠡᠳ᠋ ᠍ ᠦᠨ ᠵᠠᠰᠠᠭ ᠤᠨ ᠥᠨᠳᠥᠷ ᠥᠰᠦᠯᠲᠡ ᠶᠢᠨ ᠲᠤᠬᠠᠢ ᠬᠤᠳᠠᠯ ᠮᠡᠳᠡᠭᠡᠯᠡᠯ ᠢᠯᠡᠭᠡᠵᠦ ᠲᠥᠷᠥ᠂ ᠠᠷᠠᠳ ᠲᠦᠮᠡᠨ ᠢᠶᠡᠨ ᠬᠠᠭᠤᠷᠤᠨ ᠮᠡᠬᠡᠯᠡᠵᠦ ᠪᠠᠶᠢᠭᠰᠠᠨ ᠪᠠᠶᠢᠨ᠎ᠠ᠃ ᠦᠽᠪᠧᠺᠰᠲᠠᠨ ᠤ ᠨᠠᠮ ᠤᠨ ᠤᠳᠤᠷᠢᠳᠤᠯᠭ᠎ᠠ ᠵᠢᠯ ᠪᠦᠷᠢ ᠬᠥᠪᠥᠩ ᠦᠨ ᠲᠠᠷᠢᠶᠠᠯᠠᠯᠲᠠ ᠨᠡᠮᠡᠭᠳᠡᠭᠰᠡᠨ ᠭᠡᠵᠦ ᠮᠡᠳᠡᠭᠡᠯᠡᠵᠦ᠂ ᠱᠠᠩᠨᠠᠭᠤᠯᠵᠤ ᠪᠠᠶᠢᠵᠠᠢ᠃ ᠭᠡᠲᠡᠯ᠎ᠡ ᠰᠠᠨᠰᠠᠷ ᠤᠨ ᠰᠤᠳᠤᠯᠭ᠎ᠠ ᠪᠠᠷ ᠡᠨᠡ ᠨᠢ ᠬᠤᠳᠠᠯ ᠪᠣᠯᠬᠤ ᠨᠢ ᠢᠯᠡᠷᠡᠭᠰᠡᠨ ᠪᠠᠶᠢᠨ᠎ᠠ᠃ ᠬᠠᠭᠠᠯᠲᠠ ᠲᠠᠢ ᠨᠡᠶᠢᠭᠡᠮ᠂ ᠳᠣᠲᠣᠭᠠᠳᠤ ᠶᠢᠨ ᠬᠠᠮᠠᠭᠠᠯᠠᠬᠤ ᠶᠢᠨ ᠬᠠᠲᠠᠭᠤ ᠬᠢᠨᠠᠯᠲᠠ ᠨᠢ ᠭᠠᠳᠠᠭᠠᠳᠤ ᠣᠷᠣᠨ ᠨᠤᠭᠤᠳ ᠲᠠᠢ ᠰᠢᠨᠵᠢᠯᠡᠬᠦ ᠤᠬᠠᠭᠠᠨ ᠲᠧᠭᠨᠣᠯᠣᠭᠢ ᠶᠢᠨ ᠮᠡᠳᠡᠭᠡᠯᠡᠯ ᠰᠤᠯᠢᠯᠴᠠᠬᠤ᠂ ᠰᠢᠨ᠎ᠡ ᠣᠯᠤᠯᠲᠠ᠂ ᠨᠡᠭᠡᠭᠡᠯᠲᠡ ᠨᠦᠭᠦᠳ ᠢ ᠦᠢᠯᠡᠳᠪᠦᠷᠢᠯᠡᠯ ᠳᠤ ᠨᠡᠪᠲᠡᠷᠡᠭᠦᠯᠬᠦ ᠪᠦᠬᠦ ᠪᠣᠯᠤᠯᠴᠠᠭ᠎ᠠ ᠶᠢ ᠬᠠᠭᠠᠨ ᠪᠣᠭᠣᠭᠳᠠᠭᠤᠯᠵᠤ ᠪᠠᠶᠢᠯ᠎ᠠ᠃

ᠴᠡᠷᠢᠭ ᠠᠷᠮᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠵᠥᠪᠯᠡᠯᠲᠦ ᠶᠢᠨ ᠠᠷᠮᠢ ᠨᠢ ᠵᠥᠪᠯᠡᠯᠲᠦ ᠬᠣᠯᠪᠣᠭᠠᠲᠤ ᠤᠯᠤᠰ ᠤᠨ ᠵᠡᠪᠰᠡᠭᠲᠦ ᠬᠦᠴᠦᠨ ᠦ ᠬᠠᠭᠤᠷᠠᠢ ᠵᠠᠮ ᠤᠨ ᠪᠡᠶ᠎ᠡ ᠪᠦᠷᠢᠯᠳᠦᠬᠦᠨ ᠢ ᠨᠡᠷᠡᠯᠡᠳᠡᠭ ᠨᠡᠷ᠎ᠡ ᠪᠥᠭᠡᠳ ᠲᠡᠭᠦᠨ ᠢ ᠪᠠᠰᠠ ᠤᠯᠠᠭᠠᠨ ᠠᠷᠮᠢ ᠭᠡᠵᠦ ᠨᠡᠷᠡᠯᠡᠳᠡᠭ ᠪᠠᠶᠢᠪᠠ᠃ ᠵᠥᠪᠯᠡᠯᠲᠦ ᠶᠢᠨ ᠵᠡᠪᠰᠡᠭᠲᠦ ᠬᠦᠴᠦᠨ ᠨᠢ ᠬᠠᠭᠤᠷᠠᠢ ᠵᠠᠮ ᠤᠨ᠂ ᠠᠭᠠᠷ ᠤᠨ ᠴᠡᠷᠢᠭ ᠦᠨ᠂ ᠲᠡᠩᠭᠢᠰ ᠦᠨ ᠭᠡᠰᠡᠨ ᠦᠨᠳᠦᠰᠦᠨ ᠭᠤᠷᠪᠠᠨ ᠲᠥᠷᠥᠯ ᠦᠨ ᠴᠡᠷᠢᠭ ᠪᠦᠬᠦᠢ ᠪᠦᠷᠢᠯᠳᠦᠬᠦᠨ ᠲᠡᠢ ᠪᠠᠶᠢᠭᠰᠠᠨ᠃ ᠵᠥᠪᠯᠡᠯᠲᠦ ᠶᠢᠨ ᠠᠷᠮᠢ ᠨᠢ ᠲᠤᠬᠠᠢ ᠶᠢᠨ ᠦᠶ᠎ᠡ ᠳ᠋ᠡᠭᠡᠡ ᠳᠡᠯᠡᠬᠡᠢ ᠶᠢᠨ ᠬᠠᠮᠤᠭ ᠤᠨ ᠬᠦᠴᠦᠷᠬᠡᠭ᠌ ᠵᠡᠪᠰᠡᠭᠲᠦ ᠬᠦᠴᠦᠨ ᠳ᠋ᠡᠭᠡᠨ ᠲᠣᠭᠠᠴᠢᠭᠳᠠᠵᠤ ᠪᠠᠶᠢᠭᠰᠠᠨ ᠪᠠ /3-4 ᠰᠠᠶ᠎ᠠ ᠣᠷᠴᠢᠮ ᠠᠯᠪᠠᠨ ᠬᠠᠭᠠᠭᠴᠢ/ ᠳᠡᠯᠡᠬᠡᠢ ᠶᠢᠨ ᠬᠣᠶᠠᠳᠤᠭᠠᠷ ᠳᠠᠶᠢᠨ ᠳᠤ ᠭᠧᠷᠮᠠᠨ ᠪᠠ ᠶᠠᠫᠣᠨ ᠢ ᠢᠯᠠᠬᠤ ᠳᠤ ᠭᠣᠣᠯ ᠡᠭᠦᠷᠭᠡ ᠭᠦᠢᠴᠡᠳᠭᠡᠭ᠍ᠰᠡᠨ ᠶᠤᠮ᠃

ᠵᠥᠪᠯᠡᠯᠲᠦ ᠬᠣᠯᠪᠣᠭᠠᠲᠤ ᠤᠯᠤᠰ ᠤᠨ ᠴᠡᠷᠢᠭ ᠦᠨ ᠴᠣᠯᠠ

ᠠᠮᠧᠷᠢᠺᠠ ᠶᠢᠨ ᠨᠢᠭᠡᠳᠦᠭᠰᠡᠨ ᠤᠯᠤᠰ 1945 ᠣᠨ ᠳᠤ ᠬᠢᠷᠣᠰᠢᠮᠠᠨᠠᠭᠠᠰᠠᠺ ᠲᠤ ᠠᠲ᠋ᠣᠮ ᠤᠨ ᠪᠥᠮᠪᠥᠭᠡ ᠬᠠᠶᠠᠭᠰᠠᠨ ᠢᠶᠠᠷ ᠳᠡᠯᠡᠬᠡᠢ ᠳᠡᠭᠡᠷ᠎ᠡ ᠴᠡᠷᠢᠭ ᠵᠡᠪᠰᠡᠭ ᠦᠨ ᠬᠦᠴᠦ ᠪᠡᠷ ᠳᠠᠪᠠᠮᠠᠭᠠᠶᠢᠯᠠᠬᠤ ᠪᠠᠶᠢᠷᠢ ᠰᠠᠭᠤᠷᠢ ᠲᠠᠢ ᠪᠣᠯᠵᠤ ᠡᠨᠡ ᠪᠠᠶᠢᠳᠠᠯ ᠢᠶᠠᠨ 1949 ᠣᠨ ᠬᠦᠷᠲᠡᠯ᠎ᠡ ᠬᠠᠳᠠᠭᠠᠯᠠᠵᠤ ᠪᠠᠶᠢᠭᠰᠠᠨ ᠶᠤᠮ᠃ ᠵᠥᠪᠯᠡᠯᠲᠦ ᠬᠣᠯᠪᠣᠭᠠᠲᠤ ᠤᠯᠤᠰ 1949 ᠣᠨ ᠳᠤ ᠠᠲ᠋ᠣᠮ ᠤᠨ᠂ 1954 ᠣᠨ ᠳᠤ ᠤᠰᠤᠲᠥᠷᠦᠭᠴᠢ ᠶᠢᠨ ᠵᠡᠪᠰᠡᠭ ᠦᠢᠯᠡᠳᠪᠦᠷᠢᠯᠡᠭᠰᠡᠨ ᠢᠶᠡᠷ ᠳᠡᠯᠡᠬᠡᠢ ᠴᠡᠷᠢᠭ ᠳᠠᠶᠢᠨ ᠤ 2 ᠬᠦᠴᠦᠷᠬᠡᠭ᠌ ᠯᠠᠭᠧᠷ ᠲᠤ ᠬᠤᠪᠢᠶᠠᠭᠳᠠᠨ "ᠬᠦᠢᠲᠡᠨ ᠳᠠᠶᠢᠨ ᠤ ᠠᠶᠤᠯ" ᠳᠡᠯᠡᠬᠡᠢ ᠳᠤ ᠵᠠᠨᠤᠯᠬᠢᠯᠡᠬᠦ ᠪᠣᠯᠪᠠ᠃ "ᠬᠦᠢᠲᠡᠨ ᠳᠠᠶᠢᠨ" ᠬᠡᠮᠡᠬᠦ ᠨᠡᠷ᠎ᠡ ᠲᠣᠮᠢᠶ᠎ᠠ ᠶᠢ ᠳᠥᠴᠢᠭᠡᠳ ᠣᠨ ᠤ ᠰᠡᠭᠦᠯᠡᠷ ᠠᠮᠧᠷᠢᠺᠠ ᠶᠢᠨ ᠨᠢᠭᠡᠳᠦᠭᠰᠡᠨ ᠤᠯᠤᠰ ᠍ ᠤᠨ ᠶᠡᠷᠦᠩᠬᠡᠶᠢᠯᠡᠭᠴᠢ ᠶᠢᠨ ᠵᠥᠪᠯᠡᠬᠦ ᠪ᠂ ᠪᠠᠷᠤᠬᠤ ᠠᠩᠬ᠎ᠠ ᠬᠡᠷᠡᠭᠯᠡᠵᠡᠢ᠃ ᠵᠥᠪᠯᠡᠯᠲᠦ ᠬᠣᠯᠪᠣᠭᠠᠲᠤ ᠤᠯᠤᠰ ᠰᠣᠽᠢᠶᠠᠯᠢᠮ ᠤᠨ ᠣᠯᠤᠯᠲᠠ ᠶᠢ ᠬᠠᠮᠠᠭᠠᠯᠠᠬᠤ ᠨᠡᠷ᠎ᠡ ᠪᠡᠷ ᠵᠡᠪᠰᠡᠭᠯᠡᠯ ᠢᠶᠡᠷ ᠬᠥᠭᠡᠭᠡᠴᠡᠯᠳᠦᠬᠦ ᠳᠤ ᠠᠰᠤᠷᠤ ᠶᠡᠬᠡ ᠬᠦᠴᠦ ᠬᠥᠷᠥᠩᠭᠡ ᠵᠠᠷᠤᠵᠤ ᠪᠠᠶᠢᠯ᠎ᠠ᠃

1978-1987 ᠣᠨ ᠨᠤᠭᠤᠳ ᠲᠤ ᠵᠥᠪᠯᠡᠯᠲᠦ ᠬᠣᠯᠪᠣᠭᠠᠲᠤ ᠤᠯᠤᠰ ᠪᠠᠶᠢᠯᠳᠤᠭᠠᠨ ᠤ ᠤᠰᠤᠨ ᠣᠩᠭᠣᠴᠠ ᠦᠳ ᠣᠯᠠᠨ ᠢᠶᠠᠷ ᠪᠠᠷᠢᠵᠤ ᠠᠮᠧᠷᠢᠺᠠ ᠶᠢᠨ ᠨᠢᠭᠡᠳᠦᠭᠰᠡᠨ ᠤᠯᠤᠰ ᠲᠠᠢ ᠡᠩ ᠵᠡᠷᠭᠡᠴᠡᠭᠰᠡᠨ ᠪᠠ ᠱᠤᠩᠪᠠᠭᠴᠢ ᠬᠥᠯᠥᠭ ᠦᠨ ᠲᠣᠭ᠎ᠠ ᠪᠠᠷ ᠭᠦᠢᠴᠡᠵᠦ ᠲᠡᠷᠢᠭᠦᠯᠡᠭᠰᠡᠨ ᠪᠠᠶᠢᠯ᠎ᠠ᠃ ᠵᠥᠪᠯᠡᠯᠲᠦ ᠬᠣᠯᠪᠣᠭᠠᠲᠤ ᠤᠯᠤᠰ ᠤᠨ ᠶᠡᠷᠦᠩᠬᠡᠢ ᠰᠠᠶᠢᠳ ᠪᠠᠶᠢᠭᠰᠠᠨ ᠨᠢᠺᠣᠯᠠᠢ ᠷᠤᠵᠺᠣᠸ (1986-1989 ᠣᠨ ᠳᠤ) ᠸᠠᠷᠰᠢᠪᠠ ᠶᠢᠨ ᠭᠡᠷ᠎ᠡ ᠪᠠᠨ ᠨᠢᠭᠡ ᠣᠷᠣᠨ ᠨᠤᠭᠤᠳ ᠺᠦᠪᠠᠮᠣᠩᠭᠣᠯ ᠵᠡᠷᠭᠡ ᠤᠯᠤᠰ ᠲᠤ ᠴᠡᠷᠢᠭ ᠦᠨ ᠪᠠᠭᠠᠵᠠ ᠪᠠᠶᠢᠭᠤᠯᠬᠤ ᠳᠤ 60 ᠲᠡᠷᠪᠤᠮ ᠳ᠋ᠣᠯᠯᠠᠷ ᠵᠠᠷᠤᠴᠠᠭᠤᠯᠵᠤ ᠪᠠᠶᠢᠭᠰᠠᠨ ᠬᠡᠮᠡᠨ ᠮᠡᠳᠡᠭᠳᠡᠵᠡᠢ᠃

1979-1989 ᠣᠨ ᠨᠤᠭᠤᠳ ᠲᠤ ᠵᠥᠪᠯᠡᠯᠲᠦ ᠬᠣᠯᠪᠣᠭᠠᠲᠤ ᠤᠯᠤᠰ ᠠᠹᠬᠠᠨᠨᠢᠰᠲ᠋ᠠᠨ ᠳᠤ ᠥᠪᠡᠷ ᠦᠨ ᠡᠷᠬᠡ ᠠᠰᠢᠭ ᠢᠶᠠᠨ ᠬᠠᠮᠠᠭᠠᠯᠠᠬᠤ ᠶᠢᠨ ᠲᠤᠯᠠᠳᠠ ᠶᠠᠪᠤᠭᠤᠯᠤᠭᠰᠠᠨ ᠳᠠᠶᠢᠨ ᠳᠤ ᠵᠢᠯ ᠪᠦᠷᠢ 2,6 - 5 ᠲᠡᠷᠪᠤᠮ ᠷᠦᠪᠯᠢ ᠵᠠᠷᠤᠵᠤ ᠪᠠᠶᠢᠭᠰᠠᠨ ᠪᠠᠶᠢᠨ᠎ᠠ᠃ ᠡᠳ᠋ ᠍ ᠦᠨ ᠵᠠᠰᠠᠭ ᠤᠨ ᠬᠤᠪᠢ ᠳᠤ ᠠᠰᠤᠷᠤ ᠬᠦᠴᠦᠲᠡᠢ ᠠᠮᠧᠷᠢᠺᠠ ᠶᠢᠨ ᠨᠢᠭᠡᠳᠦᠭᠰᠡᠨ ᠤᠯᠤᠰ᠂ North Atlantic Treaty Organization ᠍ ᠦᠨ ᠡᠰᠡᠷᠬᠦ ᠴᠡᠷᠢᠭ ᠤᠯᠤᠰ ᠲᠥᠷᠥ ᠶᠢᠨ ᠬᠤᠪᠢ ᠳᠤ ᠰᠥᠷᠥᠨ ᠵᠣᠭᠰᠣᠬᠤ ᠶᠢᠨ ᠲᠤᠯᠠᠳᠠ ᠡᠳ᠋ ᠍ ᠦᠨ ᠵᠠᠰᠠᠭ ᠢᠶᠠᠨ ᠴᠡᠷᠢᠭ ᠵᠡᠪᠰᠡᠭ ᠦᠨ ᠦᠢᠯᠡᠳᠪᠦᠷᠢᠯᠡᠯ ᠦᠨ ᠴᠣᠭᠴᠠᠯᠠᠪᠤᠷᠢ ᠪᠠᠶᠢᠭᠤᠯᠬᠤ ᠳᠤ ᠴᠢᠭᠯᠡᠭᠦᠯᠵᠦ᠂ ᠠᠷᠠᠳ ᠲᠦᠮᠡᠨ ᠦ ᠪᠡᠨ ᠠᠮᠢᠳᠤᠷᠠᠯ ᠤᠨ ᠲᠦᠪᠰᠢᠨ ᠢ ᠤᠯᠠᠮ ᠳᠣᠷᠣᠶᠢᠲᠠᠭᠤᠯᠵᠤ ᠪᠠᠶᠢᠯ᠎ᠠ᠃

ᠨᠡᠶᠢᠭᠡᠮ ᠤᠨ ᠪᠠᠶᠢᠳᠠᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠠᠷᠠᠳ ᠲᠦᠮᠡᠨ ᠶᠡᠷᠦᠨᠭ᠍ᠬᠡᠢ ᠳ᠋ᠡᠭᠡᠨ ᠶᠠᠳᠠᠭᠤ ᠪᠠᠶᠢᠳᠠᠯ ᠲᠠᠢ ᠪᠠᠶᠢᠪᠠ᠃ ᠰᠢᠳᠤᠷᠭᠤ ᠬᠥᠳᠡᠯᠮᠦᠷᠢ ᠪᠡᠷ ᠢᠶᠡᠨ ᠬᠤᠷᠠᠮᠳᠤᠯᠠᠯ ᠪᠤᠢ ᠪᠣᠯᠭᠠᠬᠤ ᠡᠷᠬᠡ ᠦᠭᠡᠢ᠂ ᠪᠤᠰᠤᠳ ᠠᠴᠠ ᠬᠠᠩᠭᠠᠯᠤᠭᠤᠨ ᠠᠮᠢᠳᠤᠷᠠᠵᠤ ᠪᠣᠯᠬᠤ ᠦᠭᠡᠢ ᠨᠢᠭᠡ ᠬᠡᠪ ᠳᠤ ᠴᠢᠳᠬᠤᠭᠰᠠᠨ ᠮᠡᠲᠦ ᠨᠡᠶᠢᠲᠡ ᠪᠡᠷ ᠢᠵᠢᠯ ᠲᠦᠪᠰᠢᠨ ᠳᠤ ᠪᠠᠶᠢᠵᠤ ᠶᠠᠳᠠᠭᠤ ᠪᠠᠶᠢᠳᠠᠯ ᠲᠠᠢ ᠪᠠᠨ ᠡᠪᠯᠡᠷᠡᠨ ᠠᠷᠢᠬᠢ ᠬᠡᠲᠦᠷᠡᠭᠦᠯᠦᠨ ᠬᠡᠷᠡᠭᠯᠡᠵᠡᠭᠡᠵᠦ 20 ᠍ ᠳᠦᠭᠡᠷ ᠵᠠᠭᠤᠨ ᠤ ᠡᠬᠢᠨ ᠦᠶ᠎ᠡ ᠶᠢᠨ ᠣᠷᠣᠰ ᠣᠷᠣᠨ ᠰᠢᠭ ᠪᠣᠯᠵᠠᠢ᠃ ᠬᠡᠭᠡᠯᠢ ᠬᠠᠬᠤᠤᠯᠢ ᠭᠠᠵᠠᠷ ᠠᠪᠴᠤ᠂ ᠨᠠᠮ ᠲᠥᠷᠥ ᠶᠢᠨ ᠤᠳᠤᠷᠢᠳᠤᠭᠴᠢᠳ ᠬᠠᠤᠯᠢ ᠪᠤᠰᠤ ᠵᠡᠪᠰᠡᠭ᠂ ᠬᠠᠷ᠎ᠠ ᠲᠠᠮᠠᠬᠢᠡᠷᠳᠡᠨᠢᠰ ᠦᠨ ᠨᠠᠶᠢᠮᠠᠢ ᠡᠷᠬᠢᠯᠡᠨ ᠠᠰᠢᠭ ᠬᠣᠨᠵᠢᠶ᠎ᠠ ᠤᠯᠬᠤ ᠪᠣᠯᠪᠠ᠃ (ᠪᠷᠧᠵᠨᠧᠪ ᠦᠨ ᠬᠦᠷᠭᠡᠨ᠂ ᠠᠶᠤᠯ ᠠᠴᠠ ᠬᠠᠮᠠᠭᠠᠯᠠᠬᠤ ᠶᠢᠨ ᠭᠧᠨᠧᠷᠠᠯ ᠤᠨ ᠬᠣᠯᠪᠣᠭᠳᠠᠭᠰᠠᠨ ᠬᠡᠷᠡᠭ) 1979 ᠣᠨ ᠳᠤ ᠠᠹᠬᠠᠨᠨᠢᠰᠲ᠋ᠠᠨ ᠳ᠋ᠤ ᠵᠥᠪᠯᠡᠯᠲᠦ ᠬᠣᠯᠪᠣᠭᠠᠲᠤ ᠤᠯᠤᠰ ᠴᠡᠷᠢᠭ ᠢᠶᠡᠨ ᠣᠷᠣᠭᠤᠯᠤᠭᠰᠠᠨ ᠨᠢ ᠤᠯᠤᠰ ᠲᠥᠷᠥ ᠶᠢᠨ ᠤᠴᠢᠷ ᠰᠢᠯᠲᠠᠭᠠᠨ ᠠᠴᠠ ᠭᠠᠳᠠᠨ᠎ᠠ ᠠᠰᠤᠷᠤ ᠶᠡᠬᠡ ᠬᠠᠷ᠎ᠠ ᠲᠠᠮᠠᠬᠢᠨ ᠤ ᠮᠠᠶᠢᠮᠠᠢ ᠲᠠᠢ ᠬᠣᠯᠪᠣᠭ᠎ᠠ ᠲᠠᠢ ᠪᠠᠶᠢᠭᠰᠠᠨ ᠠᠵᠢ᠃

ᠣᠷᠣᠰ ᠤᠨ ᠪᠣᠯᠤᠨ ᠭᠠᠳᠠᠭᠠᠳᠤ ᠶᠢᠨ ᠰᠤᠳᠤᠯᠤᠭᠠᠴᠢᠳ ᠵᠥᠪᠯᠡᠯᠲᠦ ᠰᠣᠽᠢᠶᠠᠯᠢᠰᠲᠤ ᠪᠦᠭᠦᠳᠡ ᠨᠠᠶᠢᠷᠠᠮᠳᠠᠬᠤ ᠬᠣᠯᠪᠣᠭᠠᠲᠤ ᠤᠯᠤᠰ ᠤᠨ ᠵᠠᠳᠠᠷᠠᠯ ᠨᠢ ᠵᠠᠶᠢᠯᠠᠰᠢ ᠦᠭᠡᠢ ᠪᠠᠶᠢᠭᠰᠠᠨ ᠡᠰᠡᠬᠦ ᠳᠤ ᠰᠠᠨᠠᠯ ᠵᠥᠷᠢᠯᠳᠦᠭᠡᠨ ᠲᠡᠢ ᠪᠠᠶᠢᠳᠠᠭ᠃ ᠵᠠᠷᠢᠮ ᠰᠤᠳᠤᠯᠤᠭᠠᠴᠢᠳ ᠵᠥᠪᠯᠡᠯᠲᠦ ᠬᠣᠯᠪᠣᠭᠠᠲᠤ ᠤᠯᠤᠰ ᠳᠣᠲᠣᠷ᠎ᠠ ᠠᠴᠠ ᠪᠠᠨ ᠵᠠᠳᠠᠷᠠᠬᠤ ᠦᠨᠳᠦᠰᠦ ᠪᠠᠶᠢᠭ᠎ᠠ ᠦᠭᠡᠢ ᠭᠡᠵᠦ ᠦᠵᠡᠳᠡᠭ᠃ ᠡᠭᠦᠨ ᠢ ᠪᠡᠨ ᠲᠡᠳᠡ ᠳᠠᠷᠠᠭᠠᠬᠢ ᠪᠠᠶᠢᠳᠠᠯ ᠢᠶᠠᠷ ᠲᠠᠶᠢᠯᠪᠤᠷᠢᠯᠠᠳᠠᠭ᠃

  • ᠵᠥᠪᠯᠡᠯᠲᠦ ᠰᠣᠽᠢᠶᠠᠯᠢᠰᠲᠤ ᠪᠦᠭᠦᠳᠡ ᠨᠠᠶᠢᠷᠠᠮᠳᠠᠬᠤ ᠬᠣᠯᠪᠣᠭᠠᠲᠤ ᠤᠯᠤᠰ ᠡᠵᠡᠨᠲᠦ ᠭᠦᠷᠦᠨ ᠪᠠᠶᠢᠭ᠎ᠠ ᠦᠭᠡᠢ᠂ ᠨᠢᠭᠡᠳᠦᠮᠡᠯ ᠨᠢᠭᠡ ᠤᠯᠤᠰ ᠪᠠᠶᠢᠭᠰᠠᠨ᠃ ᠡᠵᠡᠨᠲᠦ ᠭᠦᠷᠦᠨ ᠥᠪᠡᠷ ᠦᠨ ᠭᠠᠵᠠᠷ ᠨᠤᠲᠤᠭ ᠠᠴᠠ ᠭᠠᠳᠠᠨ᠎ᠠ ᠺᠣᠯᠣᠨᠢ ᠣᠷᠣᠨ ᠲᠠᠢ᠃ ᠺᠣᠯᠣᠨᠢ ᠣᠷᠣᠨ ᠤ ᠬᠦᠮᠦᠨ ᠠᠮᠠ᠂ ᠡᠵᠡᠨ ᠣᠷᠣᠨ ᠤ ᠬᠦᠮᠦᠨ ᠠᠮᠠ ᠠᠴᠠ ᠡᠷᠬᠡ ᠶᠢᠨ ᠬᠤᠪᠢ ᠳᠤ ᠬᠢᠵᠠᠭᠠᠷᠯᠠᠭᠳᠠᠮᠠᠯ ᠲᠥᠷᠥ ᠶᠢᠨ ᠤᠳᠤᠷᠢᠳᠤᠯᠭ᠎ᠠ ᠳᠤ ᠰᠣᠩ᠋ᠭᠣᠭᠳᠠᠳᠠᠭ ᠦᠭᠡᠢ᠃ ᠭᠡᠲᠡᠯ᠎ᠡ ᠭᠦᠷᠦᠵᠢᠶ ᠠ ᠦᠨᠳᠦᠰᠦᠲᠡᠨ ᠰᠲ᠋ᠠᠯᠢᠨ ᠨᠠᠮ ᠲᠥᠷᠥ ᠶᠢ ᠤᠳᠤᠷᠢᠳᠤᠨ᠂ ᠤᠯᠤᠰ ᠲᠥᠷᠥ ᠶᠢᠨ ᠲᠣᠪᠴᠢᠶᠠᠨ ᠳᠤ ᠣᠯᠠᠨ ᠪᠠᠭ᠎ᠠ ᠦᠨᠳᠦᠰᠦᠲᠡᠨ (ᠮᠢᠺᠣᠢᠶᠠᠨᠠᠯᠢᠶᠧᠸ) ᠪᠠᠶᠢᠭᠰᠠᠨ᠂ ᠵᠥᠪᠯᠡᠯᠲᠦ ᠰᠣᠽᠢᠶᠠᠯᠢᠰᠲᠤ ᠪᠦᠭᠦᠳᠡ ᠨᠠᠶᠢᠷᠠᠮᠳᠠᠬᠤ ᠬᠣᠯᠪᠣᠭᠠᠲᠤ ᠤᠯᠤᠰ ᠤᠨ ᠪᠦᠭᠦᠳᠡ ᠨᠠᠶᠢᠷᠠᠮᠳᠠᠬᠤ ᠤᠯᠤᠰ ᠍ ᠤᠳ ᠺᠣᠯᠣᠨᠢ ᠪᠠᠶᠢᠭᠰᠠᠨ ᠭᠡᠬᠦ ᠪᠠᠷᠢᠮᠲᠠ᠂ ᠬᠠᠤᠯᠢ ᠵᠦᠢ ᠶᠢᠨ ᠦᠨᠳᠦᠰᠦ ᠪᠠᠶᠢᠭ᠎ᠠ ᠦᠭᠡᠢ᠃
  • ᠡᠳ᠋ ᠍ ᠦᠨ ᠵᠠᠰᠠᠭ ᠤᠨ ᠬᠦᠨᠳᠦᠷᠡᠯ ᠨᠢ ᠤᠯᠤᠰ ᠣᠷᠣᠨ ᠢ ᠰᠤᠯᠠᠷᠠᠭᠤᠯᠵᠤ ᠪᠣᠯᠬᠤ ᠴᠤ ᠵᠠᠳᠠᠷᠠᠯ ᠳᠤ ᠬᠦᠷᠭᠡᠬᠦ ᠦᠭᠡᠢ ᠪᠠᠶᠢᠭᠰᠠᠨ᠃ ᠡᠶᠢᠮᠦ ᠡᠳ᠋ ᠍ ᠦᠨ ᠵᠠᠰᠠᠭ ᠤᠨ ᠬᠦᠨᠳᠦᠷᠡᠯ 20 ᠍ ᠊ᠭᠠᠳ ᠣᠨ ᠳᠤ ᠠᠮᠧᠷᠢᠺᠠ ᠶᠢᠨ ᠨᠢᠭᠡᠳᠦᠭᠰᠡᠨ ᠤᠯᠤᠰ ᠳᠤ᠂ ᠰᠤᠶᠤᠯ ᠤᠨ ᠬᠤᠪᠢᠰᠬᠠᠯ ᠤᠨ ᠦᠶ᠎ᠡ ᠳᠤ ᠬᠢᠲᠠᠳ ᠲᠤ ᠴᠤ ᠲᠣᠬᠢᠶᠠᠯᠳᠤᠵᠤ ᠪᠠᠶᠢᠭᠰᠠᠨ᠃
  • ᠵᠥᠪᠯᠡᠯᠲᠦ ᠰᠣᠽᠢᠶᠠᠯᠢᠰᠲᠤ ᠪᠦᠭᠦᠳᠡ ᠨᠠᠶᠢᠷᠠᠮᠳᠠᠬᠤ ᠬᠣᠯᠪᠣᠭᠠᠲᠤ ᠤᠯᠤᠰ– ᠍ ᠤᠨ ᠵᠠᠳᠠᠷᠠᠯ ᠨᠢ ᠭᠠᠳᠠᠨ᠎ᠠ ᠠᠴᠠ᠂ ᠲᠣᠳᠣᠷᠬᠠᠢ ᠬᠡᠯᠡᠪᠡᠯ ᠠᠮᠧᠷᠢᠺᠠ ᠶᠢᠨ ᠨᠢᠭᠡᠳᠦᠭᠰᠡᠨ ᠤᠯᠤᠰ ᠠᠴᠠ ᠵᠣᠬᠢᠶᠠᠭᠰᠠᠨ ᠠᠵᠢᠯᠯᠠᠭ᠎ᠠ ᠪᠠᠶᠢᠭᠰᠠᠨ᠃ ᠡᠭᠦᠨ ᠦ ᠲᠤᠯᠠᠳᠠ ᠬᠦᠢᠲᠡᠨ ᠳᠠᠶᠢᠨ ᠤ ᠦᠶ᠎ᠡ ᠳᠤ ᠠᠰᠤᠷᠤ ᠶᠡᠬᠡ ᠬᠥᠷᠥᠩᠭᠡ ᠵᠠᠷᠤᠴᠠᠭᠤᠯᠵᠤ ᠮᠡᠳᠡᠭᠡᠯᠡᠯ ᠦᠨ ᠳᠠᠶᠢᠨ ᠬᠢᠵᠦ ᠪᠠᠶᠢᠪᠠ᠃ ᠭᠤᠷᠪᠠᠳᠠᠭᠴᠢ ᠣᠷᠣᠨ ᠤ ᠨᠤᠲᠤᠭ ᠲᠤ ᠪᠠᠶᠢᠷᠢᠯᠠᠬᠤ ᠷᠠᠳᠢᠣ᠋ ᠰᠲ᠋ᠠᠨᠼ ᠦᠳ ᠢ ᠰᠠᠩᠬᠦᠵᠢᠭᠦᠯᠵᠦ ᠵᠥᠪᠯᠡᠯᠲᠦ ᠶᠢᠨ ᠦᠵᠡᠯ ᠰᠤᠷᠲᠠᠯ᠂ ᠤᠯᠤᠰ ᠲᠥᠷᠥ ᠶᠢ ᠰᠢᠭᠦᠮᠵᠢᠯᠡᠨ ᠪᠠᠷᠠᠭᠤᠨ ᠤ ᠣᠷᠣᠨ ᠨᠤᠭᠤᠳ ᠤᠨ ᠬᠥᠭ᠍ᠵᠢᠯ ᠢ ᠮᠠᠭᠲᠠᠨ ᠳᠠᠭᠤᠯᠠᠭᠰᠠᠨ ᠨᠢ ᠦᠷ᠎ᠡ ᠳ᠋ᠦᠩ ᠪᠡᠨ ᠥᠭ᠍ᠭᠦᠭ᠍ᠰᠡᠨ ᠪᠠᠶᠢᠵᠤ ᠪᠣᠯᠬᠤ ᠶᠤᠮ᠃ 80 ᠍ ᠊ᠭᠠᠳ ᠣᠨ ᠤ ᠡᠬᠢ ᠪᠡᠷ ᠷᠤᠨᠠᠯᠳ᠋ ᠷᠧᠭᠠᠨ ᠦ ᠵᠥᠪᠯᠡᠬᠦ ᠮᠠᠺᠹᠠᠠᠯᠧᠢ ᠶᠢᠨ ᠪᠣᠯᠪᠠᠰᠤᠷᠠᠭᠤᠯᠤᠭᠰᠠᠨ ᠪᠠᠶᠢᠯᠳᠣᠬᠣ ᠪᠣᠳᠣᠯᠭ᠎ᠠ ᠶᠢᠨ ᠬᠠᠮᠠᠭᠠᠯᠠᠯᠲᠠ ᠶᠢᠨ ᠰᠠᠨᠠᠭᠠᠴᠢᠯᠭ᠎ᠠ (ᠣᠳᠣᠳ ᠤᠨ ᠳᠠᠶᠢᠨ ᠤ ᠫᠷᠣᠭ᠍ᠷᠠᠮ) ᠨᠢ ᠵᠥᠪᠯᠡᠯᠲᠦ ᠶᠢᠨ ᠤᠳᠤᠷᠢᠳᠤᠯᠭ᠎ᠠ ᠶᠢ ᠲᠥᠭᠡᠷᠢᠯᠳᠦᠭᠦᠯᠦᠨ ᠠᠰᠤᠷᠤ ᠶᠡᠬᠡ ᠬᠥᠷᠥᠩᠭᠡ ᠦᠷ᠎ᠡ ᠦᠭᠡᠢ ᠵᠠᠷᠤᠴᠠᠭᠤᠯᠤᠭᠤᠯᠵᠠᠢ᠃ ᠮᠥᠨ 1980 ᠣᠨ ᠤ ᠮᠣᠰᠺᠸᠠ ᠶᠢᠨ ᠣᠯᠢᠮᠫᠢᠺ ᠤᠨ ᠲᠣᠭᠯᠠᠯᠲᠠᠳ ᠠᠮᠧᠷᠢᠺᠠ ᠶᠢᠨ ᠨᠢᠭᠡᠳᠦᠭᠰᠡᠨ ᠤᠯᠤᠰ ᠲᠡᠷᠢᠭᠦᠲᠡᠢ ᠣᠷᠣᠨ ᠨᠤᠭᠤᠳ ᠵᠥᠪᠯᠡᠯᠲᠦ ᠬᠣᠯᠪᠣᠭᠠᠲᠤ ᠤᠯᠤᠰ ᠠᠹᠬᠠᠨᠨᠢᠰᠲ᠋ᠠᠨ  ᠳᠤ ᠴᠡᠷᠢᠭ ᠣᠷᠣᠭᠤᠯᠤᠭᠰᠠᠨ ᠬᠡᠮᠡᠨ ᠰᠢᠯᠲᠠᠭᠯᠠᠵᠤ ᠬᠣᠷᠢᠭ ᠲᠠᠯᠪᠢᠭᠰᠠᠨ ᠤ ᠳ᠋ᠦᠩ ᠳᠤ ᠣᠯᠢᠮᠫᠢᠺ ᠤᠨ ᠲᠣᠭᠯᠠᠯᠲᠠ ᠳ᠋ᠤ ᠠᠰᠤᠷᠤ ᠶᠡᠬᠡ ᠬᠥᠷᠥᠩᠭᠡ ᠬᠠᠶᠠᠭᠰᠠᠨ ᠵᠥᠪᠯᠡᠯᠲᠦ ᠬᠣᠯᠪᠣᠭᠠᠲᠤ ᠤᠯᠤᠰ ᠳᠤ ᠲᠣᠮᠣ ᠴᠣᠬᠢᠯᠲᠠ ᠪᠣᠯᠪᠠ᠃ ᠣᠷᠣᠰ ᠤᠨ ᠪᠣᠯᠤᠨ ᠭᠠᠳᠠᠭᠠᠳᠤ ᠶᠢᠨ ᠬᠡᠪᠯᠡᠯ ᠳᠤ ᠲᠡᠮᠳᠡᠭᠯᠡᠭᠰᠡᠨ ᠢᠶᠡᠷ ᠵᠥᠪᠯᠡᠯᠲᠦ ᠰᠣᠽᠢᠶᠠᠯᠢᠰᠲᠤ ᠪᠦᠭᠦᠳᠡ ᠨᠠᠶᠢᠷᠠᠮᠳᠠᠬᠤ ᠬᠣᠯᠪᠣᠭᠠᠲᠤ ᠤᠯᠤᠰ ᠤᠨ ᠵᠠᠳᠠᠷᠠᠯ ᠭᠠᠳᠠᠨ᠎ᠠ ᠠᠴᠠ ᠵᠣᠬᠢᠶᠠᠭᠰᠠᠨ ᠵᠣᠬᠢᠶᠠᠯ ᠢᠶᠠᠷ ᠶᠠᠪᠤᠭᠳᠠᠬᠤ ᠶᠢᠨ ᠵᠡᠷᠭᠡᠴᠡᠭᠡ ᠡᠪ ᠬᠠᠮᠳᠣ ᠲᠣᠲ᠋ᠠᠯᠢᠲ᠋ᠠᠷ ᠳᠢᠭᠯᠢᠮ᠂ ᠨᠠᠮ ᠲᠥᠷᠥ ᠶᠢᠨ ᠤᠳᠤᠷᠢᠳᠤᠯᠭ᠎ᠠ ᠶᠢᠨ ᠢᠯᠵᠠᠷᠠᠯ᠂ ᠰᠣᠽᠢᠶᠠᠯᠢᠰᠲᠤ ᠬᠥᠰᠢᠭᠦᠨ ᠡᠳ᠋ ᠍ ᠦᠨ ᠵᠠᠰᠠᠭ ᠥᠪᠡᠷ ᠢᠶᠡᠨ ᠭᠣᠣᠯ ᠰᠢᠯᠲᠠᠭᠠᠨ ᠪᠣᠯᠤᠭᠰᠠᠨ ᠭᠡᠵᠦ ᠦᠵᠡᠳᠡᠭ᠃ ᠶᠦᠷᠡᠢ ᠠᠨᠳᠠᠷᠣᠫᠣᠸ ᠍ ᠤᠨ ᠲᠡᠷᠢᠭᠦᠯᠡᠭᠰᠡᠨ ᠤᠯᠤᠰ ᠤᠨ ᠠᠶᠤᠯ ᠠᠴᠠ ᠬᠠᠮᠠᠭᠠᠯᠠᠬᠤ ᠬᠣᠷᠢᠶ᠎ᠠ (ᠺᠠᠷᠲ ᠭᠠᠷᠭᠠᠬᠤ ᠪᠠᠶᠢᠭᠤᠯᠤᠮᠵᠢ) ᠥᠪᠡᠷ ᠦᠨ ᠣᠷᠣᠨ ᠤ ᠡᠳ᠋ ᠍ ᠦᠨ ᠵᠠᠰᠠᠭ ᠤᠨ ᠪᠠᠶᠢᠳᠠᠯ ᠳᠤ ᠳ᠋ᠦᠩᠨᠡᠯᠲᠡ ᠬᠢᠵᠦ ᠥᠷᠥᠨᠡᠲᠦ ᠶᠢᠨ ᠬᠥᠭ᠍ᠵᠢᠯ ᠡᠴᠡ ᠬᠣᠯᠠ ᠬᠣᠴᠣᠷᠤᠭᠰᠠᠨ ᠢ ᠣᠯᠵᠤ ᠬᠠᠷᠠᠵᠠᠢ᠃ ᠪᠷᠧᠵᠨᠸ ᠨᠠᠰᠤ ᠪᠠᠷᠠᠭᠰᠠᠨ ᠤ ᠳᠠᠷᠠᠭ᠎ᠠ ᠠᠨᠳᠠᠷᠣᠫᠣᠸ ᠨᠠᠮ ᠲᠥᠷᠥ ᠶᠢᠨ ᠤᠳᠤᠷᠢᠳᠤᠯᠭ᠎ᠠ ᠳᠤ ᠭᠠᠷᠴᠤ ᠡᠳ᠋ ᠍ ᠦᠨ ᠵᠠᠰᠠᠭ᠂ ᠤᠯᠤᠰ ᠲᠥᠷᠥ ᠶᠢᠨ ᠰᠢᠨᠡᠴᠢᠯᠡᠯ ᠬᠢᠬᠦ ᠪᠡᠷ ᠡᠬᠢᠯᠡᠭᠰᠡᠨ ᠪᠣᠯᠪᠠᠴᠤ ᠥᠪᠡᠷ ᠦᠨ ᠬᠢ ᠨᠢ ᠡᠷᠡᠭᠦᠯ ᠮᠡᠨᠳᠦ ᠲᠡᠭᠦᠨ ᠳᠤ ᠪᠣᠯᠤᠮᠵᠢ ᠣᠯᠭᠤᠭ᠎ᠠ ᠦᠭᠡᠢ ᠶᠤᠮ᠃ ᠬᠠᠭᠤᠴᠢᠨᠰᠠᠭ ᠦᠵᠡᠯᠲᠡᠨ ᠨᠦᠭᠦᠳ ᠴᠤ ᠪᠠᠶᠢᠷᠢ ᠰᠠᠭᠤᠷᠢ ᠪᠠᠨ ᠠᠮᠠᠷ ᠲᠠᠯᠪᠢᠵᠤ ᠥᠭ᠍ᠭᠦᠭ᠍ᠰᠡᠨ ᠦᠭᠡᠢ᠃

ᠭᠣᠷᠪᠠᠴᠧᠪ ᠦᠨ ᠰᠢᠨᠡᠴᠢᠯᠡᠯ ᠦᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠺᠣᠨᠰᠲ᠋ᠠᠨᠲ᠋ᠢᠨ ᠴᠧᠷᠨᠡᠨᠺᠣ ᠢᠢᠨ ᠦᠬᠦᠯ ᠦᠨ ᠳᠠᠷᠠᠭ᠎ᠠ ᠡᠷᠴᠢ ᠬᠦᠴᠦᠲᠡᠢ ᠵᠢᠳᠬᠦᠭ᠍ᠴᠢ ᠮᠬᠤᠢᠯ ᠭᠣᠷᠪᠠᠴᠡᠧ 1985 ᠣᠨ ᠤ 3 ᠰᠠᠷ᠎ᠠ ᠳᠤ ᠨᠠᠮ ᠲᠥᠷᠥ ᠶᠢᠨ ᠤᠳᠤᠷᠢᠳᠤᠯᠭ᠎ᠠ ᠳᠤ ᠭᠠᠷᠴᠤ ᠢᠷᠡᠨ ᠥᠭᠡᠷᠡᠴᠢᠯᠡᠨ ᠪᠠᠶᠢᠭᠤᠯᠤᠯᠲᠠ᠂ ᠢᠯᠡ ᠲᠣᠳᠣ ᠪᠠᠶᠢᠳᠠᠯ ᠠᠷᠠᠳᠴᠢᠯᠠᠯ ᠢ ᠵᠥᠪᠯᠡᠯᠲᠦ ᠶᠢᠨ ᠠᠮᠢᠳᠤᠷᠠᠯ ᠤᠨ ᠪᠦᠬᠦᠢ ᠯᠠ ᠬᠦᠷᠢᠶᠡᠨ ᠳᠤ ᠴᠣ ᠰᠢᠨ᠎ᠡ ᠪᠡᠷ ᠳᠡᠪᠰᠢᠭᠦᠯᠦᠨ ᠭᠠᠷᠭᠠᠵᠤ ᠲᠠᠯᠪᠢᠵᠠᠢ᠃ ᠤᠯᠤᠰ ᠲᠥᠷᠥ ᠶᠢᠨ ᠠᠮᠢᠳᠤᠷᠠᠯ ᠳᠤ ᠠᠷᠠᠳᠴᠢᠯᠠᠯ ᠢ ᠬᠥᠭ᠍ᠵᠢᠭᠦᠯᠦᠨ ᠺᠠᠷᠲ ᠭᠠᠷᠭᠠᠬᠤ ᠪᠠᠶᠢᠭᠤᠯᠤᠮᠵᠢ ᠍ ᠦᠨ ᠬᠠᠲᠠᠭᠤ ᠬᠢᠨᠠᠯᠲᠠ ᠰᠦᠷ ᠬᠦᠴᠦ ᠶᠢ ᠪᠠᠭᠤᠷᠠᠭᠤᠯᠤᠨ ᠳᠠᠷᠤᠩᠭ᠋ᠤᠶᠢᠯᠠᠯ ᠢ ᠤᠰᠠᠳᠬᠠᠬᠤ ᠬᠦᠨᠳᠦ ᠰᠤᠷᠲᠠᠯ ᠢ ᠠᠷᠢᠯᠭᠠᠬᠤ ᠳᠤ ᠴᠢᠭᠯᠡᠭᠳᠡᠭᠰᠡᠨ ᠪᠢᠯᠡ᠃ ᠡᠳ᠋ ᠍ ᠦᠨ ᠵᠠᠰᠠᠭ ᠤᠨ ᠬᠦᠷᠢᠶᠡᠨ ᠳᠤ ᠥᠭᠡᠷᠡᠴᠢᠯᠡᠨ ᠪᠠᠶᠢᠭᠤᠯᠤᠯᠲᠠ ᠬᠢᠬᠦ ᠳᠤ ᠴᠡᠷᠢᠭ ᠦᠨ ᠦᠢᠯᠡᠳᠪᠦᠷᠢ ᠶᠢᠨ ᠴᠣᠭᠴᠠᠯᠠᠪᠤᠷᠢ᠂ ᠠᠷᠮᠢ ᠳᠤ ᠵᠠᠷᠤᠴᠠᠭᠤᠯᠵᠤ ᠪᠠᠶᠢᠭᠰᠠᠨ ᠶᠡᠬᠡ ᠬᠡᠮᠵᠢᠶᠡᠨ ᠦ ᠬᠥᠷᠥᠩᠭᠡ ᠶᠢ ᠲᠠᠲᠠᠬᠤ ᠬᠡᠷᠡᠭᠲᠡᠢ ᠪᠣᠯᠤᠭᠰᠠᠨ᠃ ᠦᠨᠳᠦᠰᠦᠨ ᠦ ᠨᠡᠶᠢᠲᠡ ᠣᠷᠣᠯᠭ᠎ᠠ ᠶᠢᠨ 12,6% ᠍ ᠶᠢ ᠪᠠᠲᠤᠯᠠᠨ ᠬᠠᠮᠠᠭᠠᠯᠠᠬᠤ ᠳᠤ ᠵᠠᠷᠤᠴᠠᠭᠤᠯᠳᠠᠭ ᠪᠠᠶᠢᠴᠠᠢ᠃ (ᠠᠮᠧᠷᠢᠺᠠ ᠶᠢᠨ ᠨᠢᠭᠡᠳᠦᠭᠰᠡᠨ ᠤᠯᠤᠰ ᠍ ᠳᠤ 5-6%) ᠰᠣᠽᠢᠶᠠᠯᠢᠰᠲᠤ ᠰᠢᠰᠲ᠋ᠧᠮ ᠢ ᠬᠠᠮᠠᠭᠠᠯᠠᠬᠤ ᠳᠤ ᠵᠣᠷᠢᠭᠤᠯᠵᠤ ᠪᠠᠶᠢᠭᠰᠠᠨ ᠬᠦᠴᠤ ᠪᠡᠨ ᠳᠣᠷᠣᠨᠠᠲᠤ ᠧᠦ᠋ᠷᠣᠫᠠᠮᠣᠩᠭᠣᠯ ᠠᠴᠠ ᠲᠠᠲᠠᠨ ᠠᠪᠴᠠᠢ᠃

ᠪᠤᠲᠠᠷᠠᠯ[ᠵᠠᠰᠠᠪᠤᠷᠢᠯᠠᠬᠤ | ᠺᠣᠳ᠋ ᠢᠶᠠᠷ ᠵᠠᠰᠠᠬᠣ]

1986 ᠣᠨ ᠳᠤ ᠪᠣᠯᠤᠭᠰᠠᠨ ᠦᠺᠷᠠᠶᠢᠨ ᠤ ᠭᠠᠵᠠᠷ ᠨᠤᠲᠤᠭ ᠳᠠᠬᠢ ᠴᠧᠷᠨᠣᠪᠣᠯ ᠤᠨ ᠠᠲ᠋ᠣᠮ ᠤᠨ ᠴᠠᠬᠢᠯᠭᠠᠨ ᠰᠲ᠋ᠠᠨᠼ ᠤᠨ ᠣᠰᠣᠯ ᠵᠥᠪᠯᠡᠯᠲᠦ ᠬᠣᠯᠪᠣᠭᠠᠲᠤ ᠤᠯᠤᠰ ᠤᠨ ᠨᠡᠷ᠎ᠡ ᠬᠦᠨᠳᠦ ᠪᠤᠯᠤᠨ ᠠᠷᠠᠳ ᠢᠷᠭᠡᠳ ᠦᠨ ᠡᠪ ᠬᠠᠮᠳᠣ ᠨᠠᠮ ᠳᠤ ᠢᠲᠡᠭᠡᠬᠦ ᠢᠲᠡᠬᠡᠯ ᠢ ᠮᠠᠰᠢᠳᠠ ᠶᠡᠬᠡ ᠤᠨᠠᠭᠠᠭᠰᠠᠨ᠃ ᠫᠷᠢᠫᠢᠲ ᠬᠣᠳᠠ ᠳᠤ ᠷᠠᠳᠢᠣ᠋ᠠᠺᠲ᠋ᠢᠸ ᠰᠠᠴᠤᠷᠠᠭ ᠬᠣᠷᠣᠨ ᠳᠤ ᠬᠣᠣᠷᠳᠠᠭᠰᠠᠨ ᠬᠦᠮᠦᠰ ᠦᠨ ᠨᠡᠶᠢᠲᠡ ᠲᠣᠭ᠎ᠠ ᠶᠢ ᠣᠯᠠᠨ ᠨᠡᠶᠢᠲᠡ ᠳᠤ ᠮᠡᠳᠡᠭᠡᠯᠡᠬᠦ ᠡᠴᠡ ᠨᠢᠭᠤᠭᠰᠠᠨ ᠳᠡᠯᠪᠡᠷᠡᠯᠲᠡ ᠪᠣᠯᠤᠭᠰᠠᠨ ᠤ ᠳᠠᠷᠠᠭ᠎ᠠ ᠴᠤ ᠪᠣᠯᠤᠭ᠎ᠠ ᠦᠭᠡᠢ ᠮᠡᠲᠦ ᠴᠢᠷᠠᠶᠢᠯᠠᠭᠰᠠᠨ ᠨᠢ ᠠᠷᠠᠳ ᠢᠷᠭᠡᠳ ᠦᠨ ᠳᠤᠷ᠎ᠠ ᠦᠭᠡᠶᠢᠴᠡᠯ ᠢ ᠶᠡᠬᠡ ᠪᠡᠷ ᠬᠦᠷᠭᠡᠵᠦ ᠭᠣᠷᠪᠠᠴᠧᠪ ᠦᠨ ᠥᠭᠡᠷᠡᠴᠢᠯᠡᠨ ᠰᠢᠨᠡᠴᠢᠯᠡᠯᠲᠡ ᠪᠣᠯᠤᠭᠠᠳ ᠢᠯᠡ ᠲᠣᠳᠣ ᠨᠡᠭᠡᠭᠡᠯᠲᠡ ᠲᠡᠢ ᠪᠠᠶᠢᠳᠠᠯ ᠡᠬᠢᠯᠡᠭᠦᠯᠬᠦ ᠭᠣᠣᠯ ᠬᠥᠰᠢᠭᠦᠷᠭᠡ ᠨᠢ ᠪᠣᠯᠤᠭᠰᠠᠨ ᠶᠤᠮ᠃ ᠡᠨᠡ ᠴᠠᠬᠢᠯᠭᠠᠨ ᠰᠲ᠋ᠠᠨᠼ ᠤᠨ ᠣᠰᠣᠯ ᠤᠨ ᠳᠠᠷᠠᠭ᠎ᠠ ᠨᠧᠹᠲ ᠦᠨ ᠦᠨ᠎ᠡ ᠱᠠᠯᠠ ᠳ᠋ᠭᠠᠨ ᠪᠠᠭᠤᠲᠠᠯ᠎ᠠ ᠤᠨᠠᠵᠤ ᠭᠠᠮᠰᠢᠭ ᠢ ᠠᠷᠢᠯᠭᠠᠬᠤ ᠭᠡᠵᠦ 300 ᠭᠠᠷᠤᠢ ᠲᠡᠷᠪᠤᠮ ᠳ᠋ᠣᠯᠯᠠᠷ ᠤᠨ ᠬᠥᠷᠥᠩᠭᠡ ᠵᠠᠷᠤᠵᠠᠢ᠃ᠡᠷᠡᠭᠦᠯ ᠪᠤᠰᠤ ᠡᠳ᠋ ᠍ ᠦᠨ ᠵᠠᠰᠠᠭ ᠤᠨ ᠪᠣᠳᠣᠯᠭ᠎ᠠ ᠶᠢᠨ ᠬᠠᠷ᠎ᠠ ᠭᠠᠢ ᠪᠠᠷ ᠡᠨᠡᠬᠦ ᠵᠠᠷᠤᠳᠠᠯ ᠨᠢ ᠵᠥᠪᠯᠡᠯᠲᠦ ᠬᠣᠯᠪᠣᠭᠠᠲᠤ ᠤᠯᠤᠰ ᠤᠨ ᠲᠥᠰᠥᠪ ᠲᠤ ᠬᠦᠴᠦᠲᠡᠢ ᠨᠥᠯᠦᠭᠡᠯᠡᠭᠰᠡᠨ ᠶᠤᠮ᠃ᠡᠨᠡᠬᠦ ᠣᠰᠣᠯ ᠳᠤ ᠰᠢᠭᠤᠳ ᠪᠣᠯᠤᠨ ᠰᠢᠭᠤᠳ ᠪᠤᠰᠤ ᠪᠠᠶᠢᠳᠠᠯ ᠢᠶᠠᠷ ᠨᠡᠶᠢᠲᠡ ᠳᠦ ᠪᠡᠨ 500,000 ᠬᠦᠮᠦᠨ ᠬᠣᠣᠷᠳᠠᠭᠰᠠᠨ ᠭᠡᠬᠦ ᠪᠥᠭᠡᠳ ᠡᠭᠦᠨ ᠡᠴᠡ ᠴᠤ ᠢᠯᠡᠭᠦᠦ ᠪᠠᠶᠢᠬᠤ ᠮᠠᠭᠠᠳᠯᠠᠯ ᠲᠠᠢ᠃ ᠬᠡᠳᠦᠢ ᠪᠡᠷ ᠲᠡᠷᠡ ᠤᠯᠤᠰ ᠲᠥᠷᠥ ᠶᠢᠨ ᠨᠡᠭᠡᠭᠡᠯᠲᠡᠲᠡᠢ ᠪᠠᠶᠢᠳᠠᠯ ᠢ ᠡᠭᠦᠰᠬᠡᠬᠦ ᠶᠢ ᠣᠷᠣᠯᠳᠤᠭᠰᠠᠨ ᠴᠤ ᠤᠳᠠᠭᠠᠨ ᠳᠠᠷᠤᠭᠳᠠᠵᠤ ᠪᠠᠶᠢᠭᠰᠠᠨ ᠦᠨᠳᠦᠰᠦᠷᠬᠡᠭ᠌᠂ ᠠᠨᠲ᠋ᠢ ᠣᠷᠣᠰ ᠦᠵᠡᠯ ᠢ ᠬᠣᠯᠪᠣᠭᠠᠲᠤ ᠤᠯᠤᠰ ᠤᠳ ᠲᠠᠭᠠᠨ ᠡᠭᠦᠰᠬᠡᠭ᠍ᠰᠡᠨ᠃ ᠦᠨᠳᠦᠰᠦᠷᠬᠡᠭ᠌ ᠦᠵᠡᠯ ᠦᠨ ᠰᠡᠷᠭᠦᠯᠲᠡ ᠶᠢ ᠲᠡᠳᠡᠨ ᠦ ᠧᠯᠢᠲ ᠦᠳ ᠳᠡᠮᠵᠢᠨ ᠲᠤᠰᠠᠭᠠᠷ ᠲᠣᠭᠲᠠᠨᠢᠬᠤ ᠦᠵᠡᠯ ᠰᠠᠨᠠᠭ᠎ᠠ ᠶᠢ ᠠᠷᠠᠳ ᠲᠦᠮᠡᠨ ᠳᠦ ᠪᠡᠨ ᠰᠠᠭᠤᠷᠢᠯᠠᠭᠤᠯᠵᠤ ᠡᠬᠢᠯᠡᠵᠡᠢ᠃ ᠡᠨᠡ ᠨᠢ ᠠᠷᠮᠧᠨ᠂ ᠠᠽᠧᠷᠪᠠᠶᠢᠵᠠᠨ ᠤ ᠤᠤᠯ ᠤᠨ ᠺᠷᠠᠪᠠᠬᠤ ᠶᠢᠨ ᠲᠠᠯ᠎ᠠ ᠪᠠᠷ ᠭᠠᠷᠤᠭᠰᠠᠨ ᠮᠥᠷᠭᠥᠯᠳᠦᠭᠡᠨ᠂ ᠮᠣᠯᠳᠤᠪᠠ ᠫᠷᠧᠳᠨ᠋ᠧᠰᠲ᠋ᠧᠷᠣᠸ ᠤᠨ ᠵᠥᠷᠢᠴᠡᠯ ᠵᠡᠷᠭᠡ ᠪᠡᠷ ᠢᠯᠡᠷᠡᠵᠦ ᠭᠠᠷᠴᠤ ᠪᠠᠶᠢᠪᠠ᠃ 1980 ᠍ ᠊ᠭᠠᠳ ᠣᠨ ᠤ ᠡᠴᠦᠰ ᠢᠶᠡᠷ ᠮᠣᠰᠺᠸᠠ ᠢᠢᠨ ᠵᠠᠰᠠᠭᠯᠠᠯ ᠠᠴᠠ ᠭᠠᠷᠴᠤ᠂ ᠲᠤᠰᠠᠭᠠᠷ ᠲᠣᠭᠲᠠᠨᠢᠬᠤ ᠦᠢᠯᠡ ᠶᠠᠪᠤᠴᠠ ᠭᠠᠷᠤᠭᠰᠠᠨ᠃ ᠲᠤᠬᠠᠶᠢᠯᠠᠪᠠᠯ ᠰᠲ᠋ᠠᠯᠢᠨ ᠤ ᠬᠦᠴᠦᠯᠡᠨ ᠨᠢᠭᠡᠳᠬᠡᠭ᠍ᠰᠡᠨ ᠯᠠᠲ᠋ᠸᠪᠢᠶ ᠠᠯᠢᠲ᠋ᠤᠠᠨᠢᠶ ᠠᠡᠰᠲ᠋ᠣᠨᠢ ᠭᠡᠬᠦ ᠪᠠᠯᠲ ᠦᠨ ᠭᠤᠷᠪᠠᠨ ᠤᠯᠤᠰ᠂ ᠪᠤᠰᠤᠳ ᠦᠺᠷᠠᠶᠢᠨᠠᠽᠧᠷᠪᠠᠶᠢᠵᠠᠨ ᠭᠡᠬᠦ ᠮᠡᠲᠦ ᠪᠦᠭᠦᠳᠡ ᠨᠠᠶᠢᠷᠠᠮᠳᠠᠬᠤ ᠤᠯᠤᠰ ᠤᠳ ᠲᠤ ᠥᠷᠨᠢᠵᠦ ᠡᠬᠢᠯᠡᠭᠰᠡᠨ᠃ ᠡᠳᠡᠭᠡᠷ ᠬᠥᠳᠡᠯᠭᠡᠭᠡᠨ ᠨᠦᠭᠦᠳ ᠨᠢ ᠮᠣᠰᠺᠸᠠ ᠡᠳ᠋ ᠍ ᠦᠨ ᠵᠠᠰᠠᠭ ᠢᠶᠠᠨ ᠠᠪᠤᠷᠠᠬᠤ ᠶᠢᠨ ᠲᠤᠯᠠᠳᠠ ᠳᠡᠷᠭᠡᠳᠡᠬᠢ ᠪᠡᠨ ᠵᠣᠯᠢᠭ ᠲᠤ ᠭᠠᠷᠭᠠᠭᠰᠠᠨ ᠢᠶᠠᠷ ᠪᠦᠷ ᠬᠤᠷᠴᠠᠳᠤᠭᠰᠠᠨ᠃ ᠭᠣᠷᠪᠠᠴᠧᠸ ᠰᠠᠨᠠᠭᠠᠨ  ᠳᠤ ᠦᠭᠡᠢ ᠬᠦᠴᠦ ᠪᠡᠨ ᠰᠤᠯᠠ ᠲᠠᠯᠪᠢᠭᠰᠠᠨ ᠨᠢ ᠬᠣᠵᠢᠮ ᠵᠥᠪᠯᠡᠯᠲᠦ ᠬᠣᠯᠪᠣᠭᠠᠲᠤ ᠤᠯᠤᠰ ᠢ ᠪᠦᠷᠢᠮᠦᠰᠦᠨ ᠰᠥᠨᠥᠭᠡᠬᠦ ᠪᠠᠶᠢᠵᠠᠢ᠃ ᠵᠥᠪᠯᠡᠯᠲᠦ ᠬᠣᠯᠪᠣᠭᠠᠲᠤ ᠤᠯᠤᠰ ᠦᠨ ᠬᠠᠷᠢᠶᠠᠲᠤ ᠪᠦᠭᠦᠳᠡ ᠨᠠᠶᠢᠷᠠᠮᠳᠠᠬᠤ ᠤᠯᠤᠰ ᠤᠳ ᠤᠨ ᠡᠪ ᠬᠠᠮᠳᠣ ᠵᠠᠰᠠᠭ ᠤᠳ ᠶᠠᠮᠠᠷᠴᠤ ᠡᠰᠡᠷᠭᠦᠴᠡᠯ ᠦᠭᠡᠢ ᠪᠡᠷ ᠣᠭᠴᠠᠷᠴᠥ ᠪᠠᠶᠢᠯ᠎ᠠ᠃

ᠮᠡᠳᠡᠭᠡᠯᠡᠯ ᠦᠨ ᠡᠷᠬᠡ ᠴᠢᠯᠦᠭᠡ ᠨᠢ ᠡᠪ ᠬᠠᠮᠳᠣ ᠨᠠᠮ ᠤᠨ ᠮᠡᠳᠡᠭᠡᠯᠡᠯ ᠳᠠᠬᠢ ᠬᠢᠨᠠᠯᠲᠠ ᠶᠢ ᠠᠯᠳᠠᠭᠤᠯᠵᠤ ᠡᠷᠬᠡ ᠮᠡᠳᠡᠯᠲᠡᠨ ᠨᠦᠭᠦᠳ ᠲᠤ ᠬᠦᠨᠳᠦᠷᠡᠯ ᠤᠴᠠᠷᠠᠭᠤᠯᠵᠠᠢ᠃ ᠢᠩᠭᠢᠭ᠍ᠰᠡᠨ ᠢᠶᠡᠷ ᠵᠥᠪᠯᠡᠯᠲᠦ ᠵᠠᠰᠠᠭ ᠤᠨ ᠤᠳᠠᠭᠠᠨ ᠬᠤᠭᠤᠴᠠᠭᠠᠨ ᠳᠤ ᠨᠢᠭᠤᠨ ᠳᠠᠷᠤᠵᠤ ᠪᠠᠶᠢᠭᠰᠠᠨ ᠨᠡᠶᠢᠭᠡᠮ᠂ ᠡᠳ᠋ ᠍ ᠦᠨ ᠵᠠᠰᠠᠭ ᠤᠨ ᠬᠢᠮᠤᠷᠠᠯ ᠵᠡᠷᠭᠡ ᠨᠢ ᠢᠯᠡ ᠭᠠᠷᠤᠭᠰᠠᠨ᠃ ᠬᠡᠪᠯᠡᠯ ᠮᠡᠳᠡᠭᠡᠯᠡᠯ ᠦᠳ ᠶᠡᠬᠡ ᠴᠡᠪᠡᠷᠯᠡᠭᠡ ᠭᠡᠬᠦ ᠮᠡᠲᠦ ᠰᠣᠽᠢᠶᠠᠯᠢᠰᠲᠤ ᠳᠢᠭᠯᠢᠮ᠂ ᠰᠲ᠋ᠠᠯᠢᠨ ᠲᠠᠢ ᠬᠣᠯᠪᠣᠭ᠎ᠠ ᠲᠠᠢ ᠭᠡᠮᠲᠦ ᠬᠡᠷᠡᠭ ᠦᠳ ᠢ ᠳᠡᠯᠭᠡᠵᠦ ᠣᠯᠠᠨ ᠵᠢᠯ ᠰᠠᠶᠢᠨ ᠰᠠᠶᠢᠬᠠᠨ ᠢᠶᠠᠷ ᠤᠬᠠᠭᠤᠯᠤᠭᠰᠠᠨ ᠵᠥᠪᠯᠡᠯᠲᠦ ᠵᠠᠰᠠᠭ ᠤᠨ ᠪᠦᠬᠦ ᠭᠠᠶᠢᠬᠠᠯᠲᠠᠢ ᠠᠮᠢᠳᠤᠷᠠᠯ ᠨᠤᠷᠠᠨ ᠤᠨᠠᠯ᠎ᠠ᠃

ᠶᠡᠯᠼᠢᠨ ᠣᠷᠣᠰ ᠤᠯᠤᠰ ᠤᠨ ᠳᠡᠭᠡᠳᠦ ᠵᠥᠪᠯᠡᠯ ᠦᠨ ᠳᠠᠷᠤᠭ᠎ᠠ ᠪᠣᠯᠤᠭᠰᠠᠨ ᠤ ᠳᠠᠷᠠᠭ᠎ᠠ ᠵᠥᠪᠯᠡᠯᠲᠦ ᠬᠣᠯᠪᠣᠭᠠᠲᠤ ᠤᠯᠤᠰ ᠤᠨ ᠡᠪ ᠬᠠᠮᠳᠣ ᠨᠠᠮ ᠠᠴᠠ ᠥᠪᠡᠷ ᠢᠶᠡᠨ ᠭᠠᠷᠴᠤ ᠣᠷᠣᠰ ᠪᠣᠯᠤᠨ ᠪᠤᠰᠤᠳ ᠦᠨᠳᠦᠰᠦᠲᠡᠨ ᠦ ᠧᠯᠢᠲ ᠦᠳ ᠦᠨ ᠬᠠᠮᠲᠤ ᠪᠠᠷ ᠨᠠᠮ ᠠᠴᠠ ᠲᠥᠷᠥ ᠶᠢ ᠲᠤᠰᠠᠭᠠᠷᠯᠠᠭᠰᠠᠨ ᠬᠠᠤᠯᠢ ᠭᠠᠷᠭᠠᠭᠤᠯᠵᠠᠢ᠃ 1990 ᠣᠨ ᠤ 2 ᠰᠠᠷ᠎ᠠ ᠶᠢᠨ 07 ᠡᠳᠦᠷ ᠵᠥᠪᠯᠡᠯᠲᠦ ᠬᠣᠯᠪᠣᠭᠠᠲᠤ ᠤᠯᠤᠰ ᠤᠨ ᠡᠪ ᠬᠠᠮᠳᠣ ᠨᠠᠮ ᠤᠨ ᠲᠥᠪ ᠬᠣᠷᠢᠶ᠎ᠠ ᠥᠪᠡᠷ ᠦᠨ ᠲᠣᠯᠣᠭᠠᠢ ᠡᠷᠬᠡ ᠮᠡᠳᠡᠯ ᠢᠶᠡᠨ ᠥᠭ᠍ᠪᠡ᠃ 1991 ᠣᠨ ᠤ 8 ᠰᠠᠷ᠎ᠠ ᠶᠢᠨ 16 ᠍ ᠳᠤ ᠭᠣᠷᠪᠠᠴᠧᠪ ᠢ ᠺᠷᠸᠮ ᠳᠤ ᠠᠮᠠᠷᠠᠵᠤ ᠪᠠᠶᠢᠬᠤ ᠦᠶ᠎ᠡ ᠳᠤ ᠳᠡᠳ᠋ ᠶᠡᠷᠦᠩᠬᠡᠶᠢᠯᠡᠭᠴᠢ ᠭᠧᠨᠠᠳᠢ ᠢᠨᠠᠸ᠂ ᠶᠡᠷᠦᠩᠬᠡᠢ ᠰᠠᠶᠢᠳ᠂ ᠪᠠᠲᠤᠯᠠᠨ ᠬᠠᠮᠠᠭᠠᠯᠠᠬᠤ ᠶᠢᠨ ᠰᠠᠶᠢᠳ᠂ ᠺᠠᠷᠲ ᠭᠠᠷᠭᠠᠬᠤ ᠪᠠᠶᠢᠭᠤᠯᠤᠮᠵᠢ ᠦᠨ ᠳᠠᠷᠤᠭ᠎ᠠ᠂ ᠮᠥᠨ ᠪᠤᠰᠤᠳ ᠠᠯᠪᠠᠨ ᠤ ᠳᠠᠷᠤᠭ᠎ᠠ ᠨᠠᠷ "ᠤᠯᠤᠰ ᠤᠨ ᠣᠨᠴᠠ ᠪᠠᠶᠢᠳᠠᠯ ᠤᠨ ᠬᠣᠷᠢᠶ᠎ᠠ ᠶᠢ" ᠪᠠᠶᠢᠭᠤᠯᠤᠭᠰᠠᠨ᠃ ᠲᠤᠰ ᠬᠣᠷᠢᠶ᠎ᠠ ᠨᠢ ᠭᠣᠷᠪᠠᠴᠧᠪ ᠢ ᠭᠡᠷ ᠦᠨ ᠬᠣᠷᠤᠭᠠᠨ ᠳᠤ ᠬᠣᠷᠢᠵᠤ ᠬᠣᠯᠪᠣᠭᠠᠨ ᠤ ᠤᠯᠤᠰ ᠢ ᠰᠡᠷᠭᠦᠭᠡᠬᠦ ᠶᠢ ᠣᠷᠣᠯᠳᠤᠭᠰᠠᠨ᠃ ᠲᠥᠷᠥ ᠶᠢᠨ ᠡᠷᠭᠢᠯᠲᠡ ᠭᠠᠷᠭᠠᠭᠴᠢᠳ ᠠᠷᠠᠳ ᠢᠷᠭᠡᠳ ᠦᠨ ᠳᠡᠮᠵᠢᠯᠭᠡ ᠶᠢ ᠣᠯᠤᠨ᠎ᠠ ᠭᠡᠵᠦ ᠲᠠᠭᠠᠮᠠᠭᠯᠠᠵᠤ ᠪᠠᠶᠢᠭᠰᠠᠨ ᠴᠤ ᠮᠣᠰᠺᠸᠠ ᠶᠢᠨ ᠢᠷᠭᠡᠳ ᠲᠡᠳᠡᠨ ᠢ ᠡᠷᠡᠰ ᠡᠰᠡᠷᠭᠦᠴᠡᠵᠦ ᠪᠠᠶᠢᠯ᠎ᠠ᠃ ᠭᠤᠷᠪᠠᠨ ᠡᠳᠦᠷ ᠦᠨ ᠳᠠᠷᠠᠭ᠎ᠠ 8 ᠰᠠᠷ᠎ᠠ ᠶᠢᠨ 21 ᠍ ᠳᠤ ᠡᠷᠭᠢᠯᠲᠡ ᠭᠠᠷᠭᠠᠭᠴᠢᠳ ᠪᠤᠲᠠᠷᠠᠵᠤ᠂ ᠵᠣᠬᠢᠶᠠᠨ ᠪᠠᠶᠢᠭᠤᠯᠤᠭᠴᠢᠳ ᠨᠢ ᠬᠣᠷᠢᠭᠳᠠᠨ ᠭᠣᠷᠪᠠᠴᠧᠸ ᠵᠥᠪᠯᠡᠯᠲᠦ ᠬᠣᠯᠪᠣᠭᠠᠲᠤ ᠤᠯᠤᠰ ᠦᠨ ᠶᠡᠷᠦᠩᠬᠡᠶᠢᠯᠡᠭᠴᠢ ᠪᠡᠷ ᠳᠠᠬᠢᠨ ᠲᠠᠯᠪᠢᠭᠳᠠᠵᠠᠢ᠃

ᠭᠡᠬᠦ ᠳᠦ ᠪᠡᠨ ᠭᠣᠷᠪᠠᠴᠧᠪ ᠦᠨ ᠬᠦᠴᠦ ᠮᠠᠰᠢᠳᠠ ᠰᠤᠯᠠᠷᠠᠵᠤ ᠶᠠᠮᠠᠷᠴᠤ ᠬᠣᠯᠪᠣᠭ᠎ᠠ᠂ ᠵᠡᠪᠰᠡᠭᠲᠦ ᠬᠦᠴᠦᠨ ᠲᠡᠭᠦᠨ ᠦ ᠤᠳᠤᠷᠢᠳᠤᠯᠭ᠎ᠠ ᠶᠢ ᠦᠯᠦ ᠣᠶᠢᠰᠢᠶᠠᠵᠤ ᠪᠠᠶᠢᠯ᠎ᠠ᠃ ᠮᠣᠰᠺᠸᠠ ᠶᠢᠨ ᠭᠤᠳᠤᠮᠵᠢᠨ ᠳᠤ ᠬᠠᠭᠤᠴᠢᠨᠰᠠᠭ ᠦᠵᠡᠯ ᠲᠣᠲ᠋ᠠᠯᠢᠲ᠋ᠠᠷ ᠳᠢᠭᠯᠢᠮ᠂ ᠴᠡᠷᠢᠭ ᠦᠨ ᠵᠠᠰᠠᠭᠯᠠᠯ ᠢ ᠡᠰᠡᠷᠭᠦᠴᠡᠭᠰᠡᠨ ᠢᠷᠭᠡᠳ ᠬᠠᠭᠠᠨᠲᠤ ᠣᠷᠣᠰ ᠤᠨ ᠲᠥᠷᠥ ᠶᠢᠨ ᠳᠠᠯᠪᠠᠭ᠎ᠠ ᠶᠢ ᠮᠠᠨᠳᠤᠭᠤᠯᠵᠤ ᠪᠠᠶᠢᠭᠰᠠᠨ ᠨᠢ ᠬᠣᠵᠢᠮ ᠪᠠᠶᠢᠭᠤᠯᠤᠭᠳᠠᠬᠤ ᠣᠷᠣᠰ ᠤᠨ ᠬᠣᠯᠪᠣᠭᠠᠨ ᠤ ᠤᠯᠤᠰ ᠤᠨ ᠲᠥᠷᠥ ᠶᠢᠨ ᠳᠠᠯᠪᠠᠭ᠎ᠠ ᠪᠣᠯᠤᠭᠰᠠᠨ ᠶᠤᠮ᠃ ᠴᠡᠷᠢᠭ ᠦᠨ ᠬᠢᠨ ᠴᠤ ᠲᠠᠩᠺᠠᠨ ᠳᠡᠭᠡᠷ᠎ᠡ ᠪᠡᠨ ᠲᠤᠰ ᠳᠠᠯᠪᠠᠭ᠎ᠠ ᠶᠢ ᠵᠢᠷᠤᠵᠤ ᠠᠷᠠᠳ ᠢᠷᠭᠡᠳ ᠲᠡᠢ ᠪᠡᠨ ᠰᠠᠨᠠᠭ᠎ᠠ ᠰᠡᠳᠬᠢᠯ ᠨᠢᠭᠡᠲᠡᠢ ᠭᠡᠳᠡᠭ ᠢᠶᠡᠨ ᠢᠯᠡᠷᠬᠡᠶᠢᠯᠡᠵᠦ ᠪᠠᠶᠢᠵᠠᠢ᠃

ᠡᠨᠡ ᠯᠠ ᠡᠭᠡᠵᠢᠭᠲᠡᠢ ᠮᠥᠴᠡ ᠳᠤ ᠶᠡᠯᠼᠢᠨ ᠦᠨᠳᠦᠰᠦᠨ ᠦ ᠤᠳᠤᠷᠢᠳᠤᠯᠭ᠎ᠠ ᠪᠠᠷ ᠲᠣᠳᠣᠷᠠᠨ ᠭᠠᠷᠴᠤ ᠣᠷᠣᠰ ᠬᠣᠯᠪᠣᠭᠠᠨ ᠤ ᠤᠯᠤᠰ ᠍ ᠦᠨ ᠠᠩᠬᠠᠨ ᠤ ᠶᠡᠷᠦᠩᠬᠡᠶᠢᠯᠡᠭᠴᠢ ᠪᠣᠯᠤᠭᠰᠠᠨ ᠶᠤᠮ᠃ ᠲᠥᠷᠥ ᠶᠢᠨ ᠡᠷᠭᠢᠯᠲᠡ ᠶᠢᠨ ᠳᠠᠷᠠᠭ᠎ᠠ ᠲᠤᠰᠠᠭᠠᠷ ᠲᠣᠭᠲᠠᠨᠢᠯ ᠤᠷᠤᠭᠤ ᠴᠢᠭᠯᠡᠬᠦ ᠦᠢᠯᠡ ᠠᠵᠢᠯᠯᠠᠭ᠎ᠠ ᠬᠤᠷᠳᠤᠰᠴᠤ ᠪᠦᠭᠦᠳᠡ ᠨᠠᠶᠢᠷᠠᠮᠳᠠᠬᠤ ᠤᠯᠤᠰ ᠍ ᠤᠳ ᠳᠠᠭᠤ ᠳᠠᠭᠤ ᠪᠠᠨ ᠠᠪᠤᠯᠴᠠᠨ ᠲᠤᠰᠠᠭᠠᠷ ᠤᠯᠤᠰ ᠢᠶᠠᠨ ᠵᠠᠷᠯᠠᠵᠤ ᠪᠠᠶᠢᠪᠠ᠃ ᠵᠥᠪᠯᠡᠯᠲᠦ ᠰᠣᠽᠢᠶᠠᠯᠢᠰᠲᠤ ᠪᠦᠭᠦᠳᠡ ᠨᠠᠶᠢᠷᠠᠮᠳᠠᠬᠤ ᠬᠣᠯᠪᠣᠭᠠᠲᠤ ᠤᠯᠤᠰ ᠦᠨ ᠪᠦᠷᠢᠯᠳᠦᠬᠦᠨ ᠳᠤ ᠪᠠᠶᠢᠭᠰᠠᠨ ᠪᠦᠭᠦᠳᠡ ᠨᠠᠶᠢᠷᠠᠮᠳᠠᠬᠤ ᠤᠯᠤᠰ ᠤᠳ ᠲᠤᠰᠠᠭᠠᠷ ᠲᠣᠭᠲᠠᠨᠢᠯ ᠢᠶᠠᠨ ᠪᠠᠲᠤᠯᠠᠵᠤ ᠮᠣᠰᠺᠸᠠ ᠲᠠᠢ "ᠬᠠᠤᠯᠢ ᠶᠢᠨ ᠳᠠᠶᠢᠨ" ᠶᠠᠪᠤᠭᠤᠯᠤᠭᠰᠠᠨ᠃ ᠡᠨᠡ ᠨᠢ ᠪᠦᠭᠦᠳᠡ ᠨᠠᠶᠢᠷᠠᠮᠳᠠᠬᠤ ᠤᠯᠤᠰ ᠤᠨ ᠬᠠᠤᠯᠢ ᠨᠢ ᠵᠥᠪᠯᠡᠯᠲᠦ ᠶᠢᠨ ᠬᠠᠤᠯᠢ ᠠᠴᠠ ᠠᠩᠭᠢᠲᠠ ᠪᠠᠶᠢᠬᠤ᠂ ᠡᠳ᠋ ᠍ ᠦᠨ ᠵᠠᠰᠠᠭ ᠤᠨ ᠤᠳᠤᠷᠢᠳᠤᠯᠭ᠎ᠠ ᠶᠢ ᠥᠪᠡᠷᠰᠡᠳ ᠢᠶᠡᠨ ᠠᠪᠴᠤ ᠮᠣᠰᠺᠸᠠ ᠳᠤ ᠲᠠᠲᠠᠪᠤᠷᠢ ᠲᠥᠯᠥᠬᠦ ᠦᠭᠡᠢ ᠪᠠᠶᠢᠬᠤ ᠵᠡᠷᠭᠡ ᠪᠠᠶᠢᠯ᠎ᠠ᠃

1991 ᠣᠨ ᠤ 12 ᠰᠠᠷ᠎ᠠ ᠶᠢᠨ 8 ᠍ ᠳᠤ ᠣᠷᠣᠰᠪᠧᠯᠷᠦ᠋ᠰᠦᠺᠷᠠᠶᠢᠨ ᠦ ᠤᠳᠤᠷᠢᠳᠤᠭᠴᠢᠳ (ᠲᠡᠳᠡ ᠪᠦᠭᠦᠳᠡ ᠬᠠᠭᠤᠴᠢᠨ ᠺᠣᠮᠮᠤᠨᠢᠰᠲ᠋ ᠪᠠᠶᠢᠭᠰᠠᠨ) "ᠪᠧᠯᠠᠸᠧᠨᠰᠺᠠᠶ᠎ᠠ ᠫᠤᠱᠺᠠ" ᠍ ᠳᠤ ᠬᠤᠷᠠᠯᠳᠤᠵᠤ ᠵᠥᠪᠯᠡᠯᠲᠦ ᠬᠣᠯᠪᠣᠭᠠᠲᠤ ᠤᠯᠤᠰ ᠵᠠᠳᠠᠷᠠᠵᠤ "ᠲᠤᠰᠠᠭᠠᠷ ᠤᠯᠤᠰ ᠤᠳ ᠤᠨ ᠬᠠᠮᠲᠤ ᠶᠢᠨ ᠨᠥᠬᠥᠷᠯᠡᠯ" ᠪᠣᠯᠤᠭᠰᠠᠨ ᠬᠡᠮᠡᠨ ᠵᠠᠷᠯᠠᠵᠠᠢ᠃ ᠭᠣᠷᠪᠠᠴᠧᠸ ᠡᠨᠡ ᠦᠶ᠎ᠡ ᠳᠤ ᠤᠯᠤᠰ ᠦᠭᠡᠢ ᠶᠡᠷᠦᠩᠬᠡᠶᠢᠯᠡᠭᠴᠢ ᠪᠣᠯᠤᠨ ᠬᠤᠪᠢᠷᠠᠯ᠎ᠠ᠃ ᠵᠥᠪᠯᠡᠯᠲᠦ ᠰᠣᠽᠢᠶᠠᠯᠢᠰᠲᠤ ᠪᠦᠭᠦᠳᠡ ᠨᠠᠶᠢᠷᠠᠮᠳᠠᠬᠤ ᠬᠣᠯᠪᠣᠭᠠᠲᠤ ᠤᠯᠤᠰ ᠢ ᠵᠠᠳᠠᠷᠠᠭᠰᠠᠨ ᠢ ᠲᠤᠩᠬᠠᠭᠯᠠᠭᠰᠠᠨ ᠤ ᠳᠠᠷᠠᠭ᠎ᠠ ᠮᠬᠤᠢᠯ ᠭᠣᠷᠪᠠᠴᠧᠸ ᠬᠡᠳᠦ ᠬᠡᠳᠦᠨ ᠶᠠᠷᠢᠯᠴᠠᠯᠭ᠎ᠠ ᠥᠭ᠍ᠬᠦ ᠳᠦ ᠪᠡᠨ ᠡᠭᠦᠨ ᠳᠤ ᠰᠢᠭᠦᠮᠵᠢᠯᠡᠯ ᠲᠡᠢ ᠬᠠᠨᠳᠤᠵᠤ ᠪᠠᠶᠢᠭᠰᠠᠨ ᠪᠠᠶᠢᠨ᠎ᠠ᠃ ᠲᠡᠭᠦᠪᠡᠷ ᠴᠤ ᠵᠣᠭᠰᠣᠬᠤ ᠦᠭᠡᠢ ᠺᠷᠧᠮᠢᠯ ᠳᠤ ᠬᠡᠪ ᠦᠨ ᠦᠢᠯᠡ ᠠᠵᠢᠯᠯᠠᠭ᠎ᠠ ᠶᠢ ᠪᠠᠨ ᠶᠠᠪᠤᠭᠤᠯᠤᠭᠰᠠᠭᠠᠷ ᠪᠠᠶᠢᠵᠠᠢ᠃ ᠬᠠᠷᠢᠨ ᠪᠣᠷᠢᠰ ᠶᠡᠯᠼᠢᠨ ᠲᠡᠭᠦᠨ ᠢ ᠣᠭᠴᠠᠷᠠᠬᠤ ᠶᠢ ᠱᠠᠭᠠᠷᠳᠠᠨ ᠵᠥᠪᠯᠡᠯᠲᠦ ᠶᠢᠨ ᠤᠯᠤᠰ ᠲᠥᠷᠥ᠂ ᠡᠳ᠋ ᠍ ᠦᠨ ᠵᠠᠰᠠᠭ ᠤᠨ ᠲᠥᠪ ᠪᠠᠶᠢᠭᠤᠯᠤᠯᠭ᠎ᠠ ᠨᠤᠭᠤᠳ ᠢ ᠠᠯᠬᠤᠮ ᠠᠯᠬᠤᠮ ᠢᠶᠠᠷ ᠤᠰᠠᠳᠬᠠᠵᠤ ᠪᠠᠶᠢᠯ᠎ᠠ᠃

12 ᠰᠠᠷ᠎ᠠ ᠶᠢᠨ 19 ᠍ ᠳᠤ ᠵᠥᠪᠯᠡᠯᠲᠦ ᠬᠣᠯᠪᠣᠭᠠᠲᠤ ᠤᠯᠤᠰ ᠦᠨ ᠭᠠᠳᠠᠭᠠᠳᠤ ᠶᠠᠪᠤᠳᠠᠯ ᠤᠨ ᠶᠠᠮᠤᠨ ᠤ ᠦᠢᠯᠡ ᠠᠵᠢᠯᠯᠠᠭ᠎ᠠ ᠶᠢ ᠵᠣᠭᠰᠣᠬᠤ᠂ ᠳᠠᠷᠠᠭ᠎ᠠ ᠡᠳᠦᠷ ᠨᠢ ᠵᠥᠪᠯᠡᠯᠲᠦ ᠰᠣᠽᠢᠶᠠᠯᠢᠰᠲᠤ ᠪᠦᠭᠦᠳᠡ ᠨᠠᠶᠢᠷᠠᠮᠳᠠᠬᠤ ᠬᠣᠯᠪᠣᠭᠠᠲᠤ ᠤᠯᠤᠰ ᠶᠢᠨ ᠤᠯᠤᠰ ᠤᠨ ᠪᠠᠩᠬᠢ ᠶᠢ ᠣᠷᠣᠰ ᠤᠨ ᠲᠥᠪ ᠪᠠᠩᠬᠢ ᠪᠣᠯᠭᠠᠬᠤ᠂ ᠣᠷᠣᠰ ᠬᠣᠯᠪᠣᠭᠠᠨ ᠤ ᠤᠯᠤᠰ ᠦᠨ ᠶᠡᠷᠦᠩᠬᠡᠶᠢᠯᠡᠭᠴᠢ ᠶᠢᠨ ᠠᠫᠫᠠᠷᠠᠲ ᠢ ᠺᠷᠧᠮᠢᠯ ᠤᠨ ᠣᠷᠳᠣᠨ ᠳᠤ ᠰᠢᠯᠵᠢᠭᠦᠯᠬᠦ ᠰᠢᠢᠳᠪᠦᠷᠢ ᠨᠦᠭᠦᠳ ᠢ ᠭᠠᠷᠭᠠᠭᠰᠠᠨ᠃ ᠡᠨᠡ ᠨᠢ ᠨᠢᠭᠡ ᠶᠣᠰᠣᠨ ᠳᠤ ᠪᠠᠨ ᠭᠣᠷᠪᠠᠴᠸᠸ ᠲᠤ ᠥᠭ᠍ᠭᠦᠭ᠍ᠰᠡᠨ ᠲᠤᠯᠭᠠᠨ ᠱᠠᠭᠠᠷᠳᠠᠯᠭ᠎ᠠ ᠪᠣᠯᠤᠭᠰᠠᠨ ᠪᠠᠶᠢᠨ᠎ᠠ᠃ ᠶᠡᠯᠼᠢᠨ ᠦ ᠡᠳᠡᠭᠡᠷ ᠰᠢᠢᠳᠪᠦᠷᠢ ᠨᠦᠭᠦᠳ ᠢ ᠲᠡᠷᠡ ᠮᠠᠰᠢ ᠡᠮᠵᠡᠭ ᠢᠶᠡᠷ ᠬᠦᠯᠢᠶᠡᠵᠦ ᠠᠪᠴᠠᠢ᠃ ᠲᠡᠭᠦᠨ ᠦ ᠵᠥᠪᠯᠡᠭᠴᠢ ᠨᠦᠭᠦᠳ ᠶᠡᠷᠦᠩᠬᠡᠶᠢᠯᠡᠭᠴᠢ ᠶᠢᠨ ᠠᠯᠪᠠᠨ ᠲᠤᠰᠢᠶᠠᠯ ᠢᠶᠠᠨ ᠬᠠᠳᠠᠭᠠᠯᠠᠬᠤ ᠪᠣᠯᠪᠠᠴᠤ ᠺᠷᠧᠮᠯ ᠡᠴᠡ ᠶᠠᠪᠤᠬᠤ ᠶᠢ ᠰᠠᠨᠠᠯ ᠪᠣᠯᠭᠠᠭᠰᠠᠨ᠃ ᠭᠡᠪᠡᠴᠦ ᠭᠣᠷᠪᠠᠴᠧᠸ ᠡᠨᠡ ᠰᠠᠨᠠᠯ ᠢ ᠬᠦᠯᠢᠶᠡᠵᠦ ᠠᠪᠤᠯ ᠦᠭᠡᠢ ᠠᠯᠮᠠ-ᠠᠲ᠋ᠠ ᠳᠤ ᠪᠣᠯᠵᠤ ᠪᠠᠶᠢᠭ᠎ᠠ 11 ᠪᠦᠭᠦᠳᠡ ᠨᠠᠶᠢᠷᠠᠮᠳᠠᠬᠤ ᠤᠯᠤᠰ ᠤᠨ ᠲᠡᠷᠢᠭᠦᠯᠡᠭᠴᠢᠳ ᠦᠨ ᠵᠥᠪᠯᠡᠯᠭᠡᠨ ᠦ ᠰᠢᠢᠳᠪᠦᠷᠢ ᠶᠢ ᠬᠦᠯᠢᠶᠡᠵᠦ ᠪᠠᠶᠢᠯ᠎ᠠ᠃

12 ᠰᠠᠷ᠎ᠠ ᠶᠢᠨ 21 ᠍ ᠤ ᠣᠷᠣᠢ ᠭᠣᠷᠪᠠᠴᠧᠸ ᠹᠷᠠᠨᠼᠢ ᠍ ᠤᠨ ᠶᠡᠷᠦᠩᠬᠡᠶᠢᠯᠡᠭᠴᠢ ᠹᠷᠠᠨᠰᠤᠶᠠ ᠮᠧᠲ᠋ᠲ᠋ᠧᠷᠢᠨᠲᠠᠢ ᠤᠲᠠᠰᠤ ᠪᠠᠷ ᠶᠠᠷᠢᠬᠤ ᠳᠤ ᠪᠠᠨ ᠣᠶᠢᠷ᠎ᠠ ᠶᠢᠨ ᠦᠶ᠎ᠡ ᠳᠤ ᠣᠭᠴᠠᠷᠴᠥ ᠮᠠᠭᠠᠳ ᠦᠭᠡᠢ ᠭᠡᠳᠡᠭ ᠢᠶᠡᠨ ᠮᠡᠳᠡᠭᠳᠡᠭᠰᠡᠨ᠃ ᠠᠯᠮᠠ-ᠠᠲ᠋ᠠ ᠳᠤ ᠬᠤᠷᠠᠯᠳᠤᠭᠰᠠᠨ 11 ᠣᠷᠣᠨ ᠤ ᠲᠡᠷᠢᠭᠦᠯᠡᠭᠴᠢᠳ 12 ᠰᠠᠷ᠎ᠠ ᠶᠢᠨ 20 ᠍ ᠤ ᠣᠷᠣᠢ ᠵᠥᠪᠯᠡᠯᠲᠦ ᠰᠣᠽᠢᠶᠠᠯᠢᠰᠲᠤ ᠪᠦᠭᠦᠳᠡ ᠨᠠᠶᠢᠷᠠᠮᠳᠠᠬᠤ ᠬᠣᠯᠪᠣᠭᠠᠲᠤ ᠤᠯᠤᠰ ᠦᠨ ᠶᠡᠷᠦᠩᠬᠡᠶᠢᠯᠡᠭᠴᠢ ᠶᠢᠨ ᠢᠨᠰᠲ᠋ᠢᠲ᠋ᠦᠶᠢᠲ ᠤᠨ ᠦᠢᠯᠡ ᠠᠵᠢᠯᠯᠠᠭ᠎ᠠ ᠶᠢ ᠵᠣᠭᠰᠣᠭᠠᠵᠤ ᠲᠤᠰᠠᠭᠠᠷ ᠤᠯᠤᠰ ᠤᠳ ᠤᠨ ᠨᠥᠬᠥᠷᠯᠡᠯ ᠦᠨ ᠬᠣᠯᠪᠣᠭ᠎ᠠ ᠪᠠᠶᠢᠭᠤᠯᠤᠭᠰᠠᠨ ᠢ ᠵᠠᠷᠯᠠᠵᠤ ᠵᠥᠪᠯᠡᠯᠲᠦ ᠰᠣᠽᠢᠶᠠᠯᠢᠰᠲᠤ ᠪᠦᠭᠦᠳᠡ ᠨᠠᠶᠢᠷᠠᠮᠳᠠᠬᠤ ᠬᠣᠯᠪᠣᠭᠠᠲᠤ ᠤᠯᠤᠰ ᠶᠢᠨ ᠠᠩᠬᠠᠨ ᠤ ᠪᠥᠭᠡᠳ ᠴᠣᠷ ᠤᠨ ᠭᠠᠭᠴᠠ ᠶᠡᠷᠦᠩᠬᠡᠶᠢᠯᠡᠭᠴᠢ ᠭᠣᠷᠪᠠᠴᠧᠪ ᠦᠨ ᠪᠠᠶᠢᠭᠤᠯᠤᠭᠰᠠᠨ ᠭᠠᠪᠢᠶ᠎ᠠ ᠶᠢ ᠥᠨᠳᠥᠷ ᠢᠶᠡᠷ ᠦᠨᠡᠯᠡᠵᠦ ᠨᠠᠰᠤᠨ ᠲᠤᠷᠰᠢ ᠶᠢᠨ ᠲᠡᠳᠬᠦᠮᠵᠢ᠂ ᠲᠤᠰᠬᠠᠢ ᠬᠠᠩᠭ᠋ᠠᠮᠵᠢ ᠡᠳ᠋ᠯᠡᠭᠦᠯᠬᠦ ᠪᠡᠷ ᠪᠠᠲᠤᠯᠠᠭᠰᠠᠨ ᠪᠠᠶᠢᠨ᠎ᠠ᠃ ᠲᠤᠰᠠᠭᠠᠷ ᠤᠯᠤᠰ ᠤᠳ ᠤᠨ ᠬᠠᠮᠲᠤ ᠶᠢᠨ ᠨᠥᠬᠥᠷᠯᠡᠯ ᠪᠠᠶᠢᠭᠤᠯᠤᠭᠳᠠᠭᠰᠠᠨ ᠲᠤᠬᠠᠢ ᠠᠯᠮᠠ-ᠠᠲ᠋ᠠ  ᠢᠢᠨ ᠰᠢᠢᠳᠪᠦᠷᠢ ᠮᠣᠰᠺᠸᠠ ᠳᠤ 12 ᠰᠠᠷ᠎ᠠ ᠶᠢᠨ 21 ᠍ ᠤ ᠦᠳᠡ ᠡᠴᠡ ᠬᠣᠶᠢᠰᠢ ᠢᠷᠡᠭᠰᠡᠨ᠂ ᠭᠣᠷᠪᠠᠴᠧᠸ ᠣᠭᠴᠠᠷᠠᠬᠤ ᠪᠠᠨ ᠮᠡᠳᠡᠭᠳᠡᠬᠦ ᠳᠤ ᠪᠡᠯᠡᠨ ᠪᠠᠶᠢᠭᠰᠠᠨ ᠪᠣᠯᠪᠠᠴᠤ ᠲᠡᠷᠡ ᠶᠠᠭᠠᠷᠠᠭᠰᠠᠨ ᠦᠭᠡᠢ᠃

ᠣᠷᠣᠰ ᠤᠨ ᠶᠡᠷᠦᠩᠬᠡᠶᠢᠯᠡᠭᠴᠢ ᠶᠡᠯᠼᠢᠨ ᠢ ᠬᠠᠰᠠᠭ ᠠᠴᠠ ᠢᠷᠡᠬᠦ ᠶᠢ ᠬᠦᠯᠢᠶᠡᠵᠡᠢ᠃ ᠲᠡᠳᠡᠨ ᠦ ᠠᠭᠤᠯᠵᠠᠯᠲᠠ ᠨᠢᠭᠤᠷ ᠨᠢᠭᠤᠷ ᠪᠡᠨ ᠬᠠᠷᠠᠯᠴᠠᠨ 10 ᠴᠠᠭ ᠦᠷᠭᠦᠯᠵᠢᠯᠡᠭᠰᠡᠨ ᠪᠠᠶᠢᠨ᠎ᠠ᠃ 12 ᠰᠠᠷ᠎ᠠ ᠶᠢᠨ 25 ᠍ ᠤ ᠣᠷᠣᠢ 7 ᠴᠠᠭ ᠲᠤ ᠵᠡᠪᠰᠡᠭᠲᠦ ᠬᠦᠴᠦᠨ ᠦ ᠶᠡᠷᠦᠩᠬᠡᠢ ᠺᠣᠮᠠᠨᠳᠠᠯᠠᠭᠴᠢ (ᠪᠦᠭᠦᠳᠡ ᠨᠠᠶᠢᠷᠠᠮᠳᠠᠬᠤ ᠤᠯᠤᠰ ᠤᠳ ᠲᠤᠰᠠᠭᠠᠷ ᠲᠣᠭᠲᠠᠨᠢᠭᠰᠠᠨ ᠪᠣᠯᠪᠠᠴᠤ ᠠᠷᠮᠢ ᠨᠢᠭᠡᠳᠦᠮᠡᠯ ᠬᠡᠪ ᠢᠶᠡᠷ ᠪᠠᠶᠢᠪᠠ) ᠣᠭᠴᠠᠷᠠᠭᠰᠠᠨ ᠲᠤᠬᠠᠢ   ᠪᠠᠨ ᠬᠠᠭᠤᠴᠢᠨ ᠵᠥᠪᠯᠡᠯᠲᠦ ᠬᠣᠯᠪᠣᠭᠠᠲᠤ ᠤᠯᠤᠰ ᠪᠣᠯᠤᠨ ᠳᠡᠯᠡᠬᠡᠢ ᠶᠢᠨ ᠪᠤᠰᠤᠳ 153 ᠣᠷᠣᠨ ᠳᠤ ᠲᠧᠯᠧᠢᠰ ᠦᠨ ᠺᠣᠮᠫᠠᠨᠢ ᠪᠠᠷ ᠳᠠᠮᠵᠢᠭᠤᠯᠵᠤ ᠰᠢᠭᠤᠳ ᠮᠡᠳᠡᠭᠳᠡᠵᠡᠢ᠃ ᠲᠡᠷᠡ ᠪᠡᠷ ᠵᠥᠪᠯᠡᠯᠲᠦ ᠰᠣᠽᠢᠶᠠᠯᠢᠰᠲᠤ ᠪᠦᠭᠦᠳᠡ ᠨᠠᠶᠢᠷᠠᠮᠳᠠᠬᠤ ᠬᠣᠯᠪᠣᠭᠠᠲᠤ ᠤᠯᠤᠰ ᠵᠠᠳᠠᠷᠠᠭᠰᠠᠨ ᠳᠤ ᠬᠠᠷᠠᠮᠰᠠᠵᠤ ᠪᠠᠶᠢᠭ᠎ᠠ ᠲᠡᠳᠦᠢ ᠦᠭᠡᠢ ᠲᠡᠭᠦᠨ ᠦ ᠴᠢᠨᠠᠭᠰᠢᠳᠠ ᠶᠢᠨ ᠬᠤᠪᠢ ᠵᠠᠶᠠᠭᠠᠨ ᠳᠤ ᠰᠡᠳᠬᠢᠯ ᠵᠣᠪᠠᠨᠢᠵᠤ ᠪᠠᠢᠢᠬᠤ ᠪᠠᠨ ᠢᠯᠡᠷᠬᠡᠶᠢᠯᠡᠵᠡᠢ᠃ ᠭᠣᠷᠪᠠᠴᠧᠸ ᠲᠧᠯᠧᠢᠰ ᠢᠢᠡᠷ ᠦᠭᠡ ᠬᠡᠯᠡᠭᠰᠡᠨ ᠦ ᠪᠡᠨ ᠳᠠᠷᠠᠭ᠎ᠠ ᠥᠷᠥᠭᠡᠨ ᠳᠦ ᠪᠡᠨ ᠢᠷᠡᠵᠦ ᠶᠡᠯᠼᠢᠨ ᠳᠤ ᠴᠥᠮ᠎ᠡ ᠶᠢᠨ ᠵᠡᠪᠰᠡᠭ ᠦᠨ ᠲᠦᠯᠬᠢᠭᠦᠷ ᠢ ᠭᠠᠷᠳᠠᠭᠤᠯᠬᠤ ᠶᠣᠰᠣᠲᠠᠢ ᠪᠠᠶᠢᠭᠰᠠᠨ ᠴᠤ ᠶᠡᠯᠼᠢᠨ ᠭᠣᠷᠪᠠᠴᠧᠪ ᠦᠨ ᠲᠧᠯᠧᠢᠰ ᠢᠶᠡᠷ ᠬᠡᠯᠡᠭᠰᠡᠨ ᠦᠭᠡᠨ ᠳᠤ ᠨᠢ ᠡᠭᠳᠡᠭᠦᠴᠡᠨ ᠥᠷᠥᠭᠡᠨ ᠳᠤ ᠨᠢ ᠣᠴᠢᠵᠤ ᠠᠪᠬᠤ ᠪᠤᠰᠤ ᠺᠷᠧᠮᠢᠯ ᠤᠨ ᠥᠭᠡᠷ᠎ᠡ ᠨᠢᠭᠡ ᠥᠷᠥᠭᠡᠨ ᠳᠤ ᠠᠪᠴᠤ ᠢᠷᠡᠬᠦ ᠶᠢ ᠱᠠᠭᠠᠷᠳᠠᠭᠰᠠᠨ᠂ ᠮᠥᠨ ᠡᠭᠦᠨ ᠳᠤ ᠨᠢ ᠭᠣᠷᠪᠠᠴᠧᠸ ᠳᠤᠷ᠎ᠠ ᠦᠭᠡᠶᠢᠴᠡᠨ ᠴᠥᠮ᠎ᠡ ᠶᠢᠨ ᠵᠡᠪᠰᠡᠭ ᠦᠨ ᠲᠦᠯᠬᠢᠭᠦᠷ ᠢ ᠲᠡᠭᠦᠨ ᠢ ᠳᠠᠭᠠᠯᠳᠤᠨ ᠴᠥᠮ᠎ᠡ ᠶᠢᠨ ᠵᠡᠪᠰᠡᠭ ᠦᠨ ᠴᠦᠩᠬᠦ ᠶᠢ ᠠᠪᠴᠤ ᠶᠠᠪᠤᠳᠠᠭ ᠬᠣᠶᠠᠷ ᠬᠤᠷᠠᠨᠭᠳᠠ᠂ ᠪᠠᠲᠤᠯᠠᠨ ᠬᠠᠮᠠᠭᠠᠯᠠᠬᠤ ᠶᠠᠮᠤᠨ ᠤ ᠰᠠᠶᠢᠳ ᠱᠠᠫᠣᠰᠨᠢᠺᠣᠸ ᠨᠠᠷ ᠲᠤ ᠥᠭᠴᠡᠢ᠃ ᠲᠡᠭᠦᠨ ᠢ ᠲᠧᠯᠧᠸᠰ ᠢᠶᠡᠷ ᠦᠭᠡ ᠬᠡᠯᠡᠵᠦ ᠪᠠᠶᠢᠬᠤ ᠳᠤ ᠺᠷᠧᠮᠡᠯ ᠦᠨ ᠣᠷᠳᠣᠨ ᠳᠡᠭᠡᠷᠡᠬᠢ ᠵᠥᠪᠯᠡᠯᠲᠦ ᠰᠣᠽᠢᠶᠠᠯᠢᠰᠲᠤ ᠪᠦᠭᠦᠳᠡ ᠨᠠᠶᠢᠷᠠᠮᠳᠠᠬᠤ ᠬᠣᠯᠪᠣᠭᠠᠲᠤ ᠤᠯᠤᠰ ᠤᠨ ᠤᠯᠠᠭᠠᠨ ᠳᠠᠯᠪᠠᠭ᠎ᠠ ᠶᠢ ᠪᠠᠭᠤᠯᠭᠠᠨ ᠣᠷᠣᠰ ᠤᠨ ᠭᠤᠷᠪᠠᠨ ᠥᠩᠭᠡᠲᠦ ᠳᠠᠯᠪᠠᠭ᠎ᠠ ᠶᠢ ᠡᠷᠭᠦᠵᠡᠢ᠃ ᠡᠨᠡ ᠬᠦᠨᠳᠦ ᠬᠡᠴᠡᠭᠦᠦ ᠰᠡᠭᠦᠯᠴᠢ ᠶᠢᠨ ᠮᠥᠴᠡ ᠨᠦᠭᠦᠳ ᠲᠤ ᠭᠣᠷᠪᠠᠴᠧᠪ ᠢ ᠳᠡᠮᠵᠢᠭᠰᠡᠨ᠂ ᠬᠠᠷᠠᠮᠰᠠᠭᠰᠠᠨ ᠭᠠᠭᠴᠠ ᠴᠤ ᠤᠲᠠᠰᠤᠨ ᠤ ᠳᠠᠭᠤᠳᠠᠯᠭ᠎ᠠ ᠢᠷᠡᠭᠡ ᠦᠭᠡᠢ ᠭᠡᠳᠡᠭ᠃ ᠡᠶᠢᠨ ᠬᠦ 1922 ᠣᠨ ᠳᠤ ᠵᠥᠪᠯᠡᠯᠲᠦ ᠰᠣᠽᠢᠶᠠᠯᠢᠰᠲᠤ ᠪᠦᠭᠦᠳᠡ ᠨᠠᠶᠢᠷᠠᠮᠳᠠᠬᠤ ᠬᠣᠯᠪᠣᠭᠠᠲᠤ ᠤᠯᠤᠰ ᠢ ᠵᠠᠷᠯᠠᠭᠰᠠᠨ ᠲᠤᠩᠬᠠᠭ ᠪᠢᠴᠢᠭ ᠢ ᠴᠤᠴᠠᠯᠠᠭᠰᠠᠨ ᠪᠠᠶᠢᠨ᠎ᠠ᠃ ᠣᠨ ᠤ ᠰᠡᠭᠦᠯᠡᠷ ᠵᠥᠪᠯᠡᠯᠲᠦ ᠶᠢᠨ ᠪᠦᠬᠦ ᠶᠠᠮᠤᠨ ᠳᠤ ᠦᠢᠯᠡ ᠠᠵᠢᠯᠯᠠᠭ᠎ᠠ ᠶᠢ ᠪᠠᠨ ᠵᠣᠭᠰᠣᠭᠠᠭᠰᠠᠨ᠃

ᠪᠦᠷᠢᠯᠳᠦᠬᠦᠨ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠥᠨ ᠦᠵᠡᠬᠦ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠢᠴᠢᠭᠡᠰᠦ

ᠵᠥᠪᠯᠡᠯᠲᠦ ᠬᠣᠯᠪᠣᠭᠠᠲᠤ ᠤᠯᠤᠰ
ᠲᠥᠷᠥ ᠶᠢᠨ ᠰᠦᠯᠳᠡ
ᠲᠥᠷᠥ ᠶᠢᠨ ᠳᠠᠭᠤᠯᠠᠯ ᠤᠨ ᠨᠡᠷ᠎ᠡ:
ᠣᠷᠣᠰ᠃ </center>