ᠵᠤᠨ ᠤ ᠣᠯᠢᠮᠫᠢᠺ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ

ᠵᠤᠨ ᠤ ᠣᠯᠢᠮᠫᠢᠺ ᠨᠢ [[ᠣᠷᠴᠢᠨ ᠦᠶ᠎ᠡ ᠶᠢᠨ ᠣᠯᠢᠮᠫᠢᠺ]  ᠶᠢᠨ ᠨᠠᠭᠠᠳᠤᠮ ᠤᠨ᠂ ᠵᠤᠨ ᠵᠣᠬᠢᠶᠠᠭᠳᠠᠳᠠᠭ ᠠᠷᠭ᠎ᠠ ᠬᠡᠮᠵᠢᠶ᠎ᠡ ᠪᠥᠭᠡᠳ 4 ᠵᠢᠯ ᠳᠤ ᠨᠢᠭᠡ ᠤᠳᠠᠭ᠎ᠠ᠂ ᠠᠷᠭ᠎ᠠ ᠶᠢᠨ ᠲᠣᠭᠠᠯᠠᠯ ᠢᠶᠠᠷ 4 ᠍ ᠳᠦ ᠬᠤᠪᠢᠶᠠᠭᠳᠠᠳᠠᠭ ᠣᠨ ᠨᠤᠭᠤᠳ ᠲᠤ ᠵᠣᠬᠢᠶᠠᠭᠳᠠᠨ᠎ᠠ᠃ ᠬᠥᠩᠭᠡᠨ ᠠᠲᠯᠧᠲ᠋ᠢᠺᠤᠰᠤᠨ ᠳᠤ ᠰᠡᠯᠢᠯᠲᠡ ᠵᠡᠷᠭᠡ ᠰᠫᠣᠷᠲ ᠤᠨ ᠲᠥᠷᠥᠯ ᠦᠳ ᠬᠠᠮᠤᠷᠤᠭᠳᠠᠳᠠᠭ᠃

ᠮᠣᠩᠭᠣᠯ ᠣᠯᠣᠰ  ᠤᠨ ᠣᠷᠣᠯᠴᠠᠭᠰᠠᠨ ᠪᠠᠶᠢᠳᠠᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠣᠩᠭᠣᠯ ᠤᠯᠤᠰ ᠵᠤᠨ ᠤ ᠣᠯᠢᠮᠫᠢᠺ ᠤᠨ 10 ᠤᠳᠠᠭ᠎ᠠ ᠶᠢᠨ ᠨᠠᠭᠠᠳᠤᠮ ᠳᠤ 253 ᠲᠠᠮᠢᠷᠴᠢᠨ᠂ 60 ᠳᠠᠰᠬᠠᠯᠵᠢᠭᠤᠯᠤᠭᠴᠢ᠂ 105 ᠠᠯᠪᠠᠨ ᠤ ᠬᠦᠮᠦᠨ᠂ ᠨᠡᠶᠢᠲᠡ 425 ᠬᠦᠮᠦᠨ ᠣᠷᠣᠯᠴᠠᠵᠤ᠂ 2 ᠠᠯᠲᠠ᠂ 10 ᠮᠥᠩᠭᠥ᠂ 12 ᠬᠦᠷᠡᠯ᠂ ᠨᠡᠶᠢᠲᠡ 23 ᠮᠧᠳᠠᠯ ᠬᠦᠷᠲᠡᠭᠰᠡᠨ᠃

ᠮᠣᠩᠭᠣᠯ ᠤᠯᠤᠰ ᠮᠧᠳᠠᠯ ᠬᠦᠷᠲᠡᠭᠰᠡᠨ ᠣᠷᠣᠨ ᠤ ᠲᠣᠭ᠎ᠠ ᠪᠠᠷ 199 ᠣᠷᠣᠨ ᠠᠴᠠ 51 ᠳ᠋ᠤᠭᠡᠷ ᠪᠠᠶᠢᠷᠢ ᠳᠤ ᠣᠷᠣᠵᠤ ᠪᠠᠶᠢᠨ᠎ᠠ᠃ 1964 ᠣᠨ ᠤ ᠲᠣᠤᠺᠢᠣ᠋ ᠍ ᠶᠢᠨ ᠣᠯᠢᠮᠫᠢᠺᠣᠳᠣ 21 ᠲᠠᠮᠢᠷᠴᠢᠨ ᠣᠷᠣᠯᠴᠠᠵᠤ ᠮᠧᠳᠠᠯ ᠬᠦᠷᠲᠡᠵᠦ ᠴᠢᠳᠠᠯ ᠦᠭᠡᠢ ᠢᠷᠡᠵᠡᠢ᠃ ᠨᠡᠶᠢᠲᠡ 93 ᠣᠷᠣᠨ ᠤ ᠲᠠᠮᠢᠷᠴᠢᠨ ᠲᠤᠰ ᠤᠯᠢᠮᠫᠢᠺ ᠲᠥ ᠣᠷᠣᠯᠴᠠᠭᠰᠠᠨ ᠪᠠᠶᠢᠨ᠎ᠠ᠃

1968 ᠣᠨ ᠳᠤ 16 ᠲᠠᠮᠢᠷᠴᠢᠨ ᠮᠧᠬᠢᠺᠣᠭ ᠵᠣᠷᠢᠵᠤ ᠨᠢᠭᠡ ᠮᠥᠩᠭᠥ᠂ ᠭᠤᠷᠪᠠᠨ ᠬᠦᠷᠡᠯ ᠮᠧᠳᠠᠯ ᠬᠦᠷᠲᠡᠵᠦ᠂ ᠱᠠᠩᠨᠠᠯᠲᠤ ᠪᠠᠶᠢᠷᠢᠨ ᠳᠤ ᠬᠣᠶᠠᠷ ᠲᠠᠮᠢᠷᠴᠢᠨ ᠣᠷᠣᠭᠰᠠᠨ ᠪᠠᠶᠢᠨ᠎ᠠ᠃ 112 ᠣᠷᠣᠨ ᠣᠷᠣᠯᠴᠠᠭᠰᠠᠨ ᠲᠤᠰ ᠣᠯᠢᠮᠫᠢᠺ ᠠᠴᠠ ᠮᠣᠩᠭᠣᠯ ᠤᠯᠤᠰ 27 ᠳ᠋ᠤᠭᠠᠷ ᠪᠠᠶᠢᠷᠢᠨ ᠳᠤ ᠣᠷᠣᠵᠤ ᠪᠠᠶᠢᠴᠠᠢ᠃

1972 ᠣᠨ ᠤ ᠮᠠᠨ ᠢᠶᠸᠨ ᠦ ᠣᠯᠢᠮᠫᠢᠺᠣᠳᠣ 41 ᠲᠠᠮᠢᠷᠴᠢᠨ ᠶᠠᠪᠤᠵᠤ ᠨᠢᠭᠡ ᠮᠥᠩᠭᠥᠨ ᠮᠧᠳᠠᠯ᠂ ᠱᠠᠩᠨᠠᠯᠲᠤ ᠪᠠᠶᠢᠷᠢ ᠬᠣᠶᠠᠷ ᠢ ᠡᠵᠡᠯᠡᠵᠦ 121 ᠣᠷᠣᠨ ᠠᠴᠠ 36 ᠍ ᠳᠦ ᠣᠷᠣᠭᠰᠠᠨ ᠪᠣᠯ 1976 ᠣᠨ ᠤ ᠮᠣᠩᠷᠧᠠᠯᠢ ᠶᠢᠨ ᠣᠯᠢᠮᠫᠢᠺᠣᠳᠣ 33 ᠲᠠᠮᠢᠷᠴᠢᠨ ᠣᠷᠣᠯᠴᠠᠵᠤ ᠨᠢᠭᠡ ᠮᠥᠩᠭᠥ᠂ ᠱᠠᠩᠨᠠᠯᠲᠤ ᠪᠠᠶᠢᠷᠢ ᠳᠥᠷᠪᠡ ᠶᠢ ᠬᠦᠷᠲᠡᠵᠦ 92 ᠣᠷᠣᠨ ᠠᠴᠠ 35 ᠳ᠋ᠤᠭᠠᠷ ᠪᠠᠶᠢᠷᠢ ᠳᠤ ᠣᠷᠣᠭᠰᠠᠨ ᠪᠠᠶᠢᠨ᠎ᠠ᠃

ᠮᠣᠩᠭᠣᠯ ᠤᠯᠤᠰ  ᠡᠴᠡ ᠬᠠᠮᠤᠭ ᠤᠨ ᠣᠯᠠᠨ ᠪᠤᠶᠤ 43 ᠲᠠᠮᠢᠷᠴᠢᠨ ᠣᠷᠣᠯᠴᠠᠭᠰᠠᠨ 1980 ᠣᠨ ᠤ ᠮᠣᠰᠺᠸᠠ ᠶᠢᠨ ᠣᠯᠢᠮᠫᠢᠺ  ᠳᠤ ᠬᠣᠶᠠᠷ ᠮᠥᠩᠭᠥ᠂ ᠬᠣᠶᠠᠷ ᠬᠦᠷᠡᠯ ᠮᠧᠳᠠᠯ᠂ ᠲᠠᠪᠤᠨ ᠱᠠᠩᠨᠠᠯᠲᠤ ᠪᠠᠶᠢᠷᠢ ᠡᠵᠡᠯᠡᠵᠦ 80 ᠣᠷᠣᠨ ᠠᠴᠠ 22 ᠳ᠋ᠤᠭᠠᠷ ᠪᠠᠶᠢᠷᠢ ᠳᠤ ᠣᠷᠣᠭᠰᠠᠨ ᠨᠢ ᠬᠠᠮᠤᠭ ᠤᠨ ᠥᠨᠳᠥᠷ ᠦᠵᠡᠭᠦᠯᠦᠯᠲᠡ ᠶᠤᠮ᠃ ᠲᠤᠰ ᠣᠯᠢᠮᠫᠣᠳ ᠬᠥᠷᠥᠩᠭᠡᠲᠡᠨ ᠦ ᠭᠡᠭᠳᠡᠬᠦ ᠲᠣᠮᠣᠬᠠᠨ ᠣᠷᠣᠨ ᠨᠤᠭᠤᠳ ᠣᠷᠣᠯᠴᠠᠭ᠎ᠠ ᠦᠭᠡᠢ᠃ ᠳᠠᠷᠠᠭ᠎ᠠ  ᠶᠢᠨ ᠣᠯᠢᠮᠫᠢᠺ ᠪᠤᠶᠤ ᠠᠮᠧᠷᠢᠺᠠ ᠶᠢᠨ ᠨᠢᠭᠡᠳᠦᠭᠰᠡᠨ ᠤᠯᠤᠰ ᠤᠨ ᠯᠠᠣᠰ-ᠠᠩᠵᠧᠯᠧᠰ ᠬᠣᠲᠣᠩ ᠢᠶᠠᠨ ᠪᠣᠯᠤᠭᠰᠠᠨ 23 ᠍ ᠳᠦᠭᠡᠷ ᠨᠠᠭᠠᠳᠤᠮ ᠳᠤ ᠬᠠᠭᠤᠴᠢᠨ ᠰᠣᠴᠢᠶᠠᠯᠢᠰᠲᠤ ᠰᠢᠰᠲ᠋ᠧᠮ ᠦᠨ ᠣᠷᠣᠨ ᠨᠤᠭᠤᠳ ᠣᠷᠣᠯᠴᠠᠭ᠎ᠠ ᠦᠭᠡᠢ ᠡᠴᠡ ᠮᠠᠨ ᠤ ᠲᠠᠮᠢᠷᠴᠢᠳ ᠯᠠᠣᠰ-ᠠᠩᠵᠧᠯᠧᠰ ᠢ ᠵᠣᠷᠢᠭ᠎ᠠ ᠦᠭᠡᠢ ᠪᠢᠯᠡ᠃

1988 ᠣᠨ ᠤ ᠰᠡᠭᠦᠯ ᠤᠨ ᠣᠯᠢᠮᠫᠢᠺᠣᠳᠣ ᠮᠠᠨ ᠤ 28 ᠲᠠᠮᠢᠷᠴᠢᠨ ᠣᠷᠣᠯᠴᠠᠵᠤ ᠨᠢᠭᠡ ᠬᠦᠷᠡᠯ ᠮᠧᠳᠠᠯ᠂ ᠲᠠᠪᠤᠨ ᠱᠠᠩᠨᠠᠯᠲᠤ ᠪᠠᠶᠢᠷᠢ ᠬᠦ᠋ᠷᠲᠡᠵᠦ 159 ᠣᠷᠣᠨ ᠠᠴᠠ 47 ᠍ ᠳᠦ ᠣᠷᠣᠵᠠᠢ᠃

1992 ᠣᠨ ᠤ ᠪᠠᠷᠰᠧᠯᠤᠨ ᠤ ᠣᠯᠢᠮᠫᠢᠺ  ᠳᠦ 33 ᠲᠠᠮᠢᠷᠴᠢᠨ ᠶᠠᠪᠤᠭᠰᠠᠨ ᠠᠴᠠ ᠬᠣᠶᠠᠷ ᠬᠦᠷᠡᠯ ᠮᠧᠳᠠᠯ ᠵᠡᠭᠦᠵᠦ᠂ ᠱᠠᠩᠨᠠᠯᠲᠤ ᠪᠠᠶᠢᠷᠢᠨ ᠳᠤ ᠮᠥᠨ ᠬᠣᠶᠠᠷ ᠲᠠᠮᠢᠷᠴᠢᠨ ᠣᠷᠣᠭᠰᠠᠨ ᠢᠶᠠᠷ ᠲᠤᠰ ᠤᠯᠢᠮᠫᠢᠺ  ᠳᠤ ᠣᠷᠣᠯᠴᠠᠭᠰᠠᠨ 169 ᠣᠷᠣᠨ ᠠᠴᠠ 48 ᠳ᠋ᠤᠭᠠᠷ ᠪᠠᠶᠢᠷᠢ ᠶᠢ ᠡᠵᠡᠯᠡᠭᠰᠡᠨ ᠪᠠᠶᠢᠨ᠎ᠠ᠃

1996 ᠣᠨ ᠤ ᠠᠲᠯᠠᠨ᠋ᠲ ᠤᠨ ᠣᠯᠢᠮᠫᠢᠺ  ᠳᠤ 18 ᠲᠠᠮᠢᠷᠴᠢᠨ ᠣᠷᠣᠯᠴᠠᠵᠤ ᠨᠢᠭᠡ ᠬᠦᠷᠡᠯ ᠮᠧᠳᠠᠯ ᠬᠦᠷᠲᠡᠵᠦ 179 ᠣᠷᠣᠨ ᠠᠴᠠ 71 ᠳ᠋ᠤᠭᠡᠷ ᠪᠠᠶᠢᠷᠢ ᠳᠤ ᠣᠷᠣᠵᠠᠢ᠃

2000 ᠣᠨ ᠤ ᠰᠢᠳᠨᠢ  ᠶᠢᠨ ᠣᠯᠢᠮᠫᠢᠺᠣᠳᠣ 20 ᠲᠠᠮᠢᠷᠴᠢᠨ ᠣᠷᠣᠯᠴᠠᠵᠤ ᠪᠤᠤᠳᠠᠯᠭ᠎ᠠ ᠶᠢᠨ ᠲᠠᠮᠢᠷᠴᠢᠨ ᠣᠲᠷᠢᠶᠠᠳ᠋ ᠍ ᠤᠨ ᠭᠦᠨᠳᠡᠭᠮᠠ ᠱᠠᠩᠨᠠᠯᠲᠤ ᠪᠠᠶᠢᠷᠢ ᠡᠵᠡᠯᠡᠵᠦ᠂ ᠮᠠᠨ ᠤ ᠲᠠᠮᠢᠷᠴᠢᠳ ᠤᠨ ᠣᠯᠢᠮᠫᠣᠳ 1964 ᠣᠨ ᠳᠤ ᠠᠩᠬ᠎ᠠ ᠤᠳᠠᠭ᠎ᠠ ᠣᠷᠣᠯᠴᠠᠬᠤ ᠳᠤ ᠪᠠᠨ ᠮᠧᠳᠠᠯ ᠬᠦᠷᠲᠡᠵᠦ ᠴᠢᠳᠠᠭ᠎ᠠ ᠦᠭᠡᠢ ᠰᠢᠭ ᠰᠦ ᠳᠦᠨᠧᠢ ᠡᠴᠡ ᠭᠠᠨᠵᠤᠭ᠎ᠠ ᠬᠣᠭᠣᠰᠣᠨ ᠢᠷᠡᠭᠰᠡᠨ ᠢᠶᠡᠷ 199 ᠣᠷᠣᠨ ᠠᠴᠠ 150 ᠳ᠋ᠤᠭᠠᠷᠲᠤ ᠣᠷᠣᠵᠤ ᠰᠡᠭᠦᠯ ᠮᠤᠰᠬᠢᠭᠰᠠᠳ ᠤᠨ ᠡᠩᠨᠡᠭᠡᠨ ᠳᠦ ᠪᠠᠭᠲᠠᠵᠠᠢ᠃

2004 ᠣᠨ ᠤ ᠠᠲᠸᠨ  ᠤ ᠣᠯᠢᠮᠫᠢᠺ (2004 ᠣᠨ) ᠠᠲᠸᠨ  ᠤ ᠤᠯᠢᠮᠫᠢᠺ  ᠳᠤ ᠵᠢᠦ᠋ᠳᠣ᠋ ᠪᠥᠬᠡ ᠶᠢᠨ 60 ᠺᠢᠯᠣᠭ᠍ᠷᠠᠮ  ᠤᠨ ᠵᠢᠩ ᠳᠦ ᠪᠠᠷᠢᠯᠳᠤᠭᠰᠠᠨ ᠬᠠᠰᠪᠠᠭᠠᠲᠤᠷ ᠤᠨ ᠴᠠᠭᠠᠨᠪᠠᠭᠠᠲᠤᠷ ᠬᠦᠷᠡᠯ ᠮᠧᠳᠠᠯ ᠬᠦᠷᠲᠡᠵᠡᠢ ᠃

2008 ᠣᠨ ᠤ ᠪᠡᠭᠡᠵᠢᠩ ᠦᠨ ᠣᠯᠢᠮᠫᠢᠺ  ᠳᠤ ᠵᠢᠦ᠋ᠳᠣ᠋ ᠪᠥᠬᠡ ᠶᠢᠨ -100 ᠺᠢᠯᠣᠭ᠍ᠷᠠᠮ  ᠤᠨ ᠵᠢᠩ ᠳᠦ ᠪᠠᠷᠢᠯᠳᠤᠭᠰᠠᠨ  ᠨᠠᠶᠢᠳᠠᠨ  ᠤᠨ ᠲᠦᠪᠰᠢᠨᠪᠠᠶᠠᠷ ᠠᠯᠲᠠᠨ ᠮᠧᠳᠠᠯ ᠬᠦᠷᠲᠡᠭᠰᠡᠨ ᠪᠠ 25 ᠮᠸᠲᠷ  ᠤᠨ ᠰᠫᠣᠷᠲ ᠭᠠᠷ ᠪᠤᠤᠨ ᠤ ᠲᠥᠷᠥᠯ ᠳᠦ ᠰᠫᠣᠷᠲ ᠤᠨ ᠮᠠᠰᠲ᠋ᠸᠷ ᠣᠲᠷᠢᠶᠠᠳ᠋ ᠍ ᠤᠨ ᠭᠦᠨᠳᠡᠭᠮᠠ ᠮᠥᠩᠭᠥᠨ ᠮᠧᠳᠠᠯ᠂ ᠪᠣᠺᠰ ᠍ ᠤᠨ ᠲᠥᠷᠥᠯ ᠳᠦ ᠡᠩᠬᠡᠪᠠᠲᠤ ᠶᠢᠨ ᠪᠠᠳᠠᠷ᠎ᠠ-ᠤᠤᠭᠠᠨ ᠠᠯᠲᠠᠨ ᠮᠧᠳᠠᠯ᠂ ᠫᠦᠷᠪᠦᠳᠣᠷᠵᠢ ᠶᠢᠨ ᠰᠡᠷᠳᠠᠮᠪᠠ ᠮᠥᠩᠭᠥᠨ ᠮᠧᠳᠠᠯ ᠬᠦᠷᠢᠲᠦᠵᠡᠢ᠃

ᠵᠤᠨ ᠤ ᠣᠯᠢᠮᠫᠢᠺ ᠤᠨ ᠨᠠᠭᠠᠳᠤᠮ ᠤᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠳ᠃ᠳ ᠣᠨ ᠨᠠᠭᠠᠳᠤᠮ ᠵᠣᠬᠢᠶᠠᠭᠳᠠᠭᠰᠠᠨ ᠤᠯᠤᠰ ᠲᠠᠶᠢᠯᠪᠤᠷᠢ
1 1896 ᠣᠨ ᠠᠹᠢᠨ ᠤ ᠣᠯᠢᠮᠫᠢᠺ ᠭᠷᠧᠺ ᠭᠷᠧᠺ .
2 1900 ᠣᠨ ᠫᠠᠷᠢᠰ ᠤᠨ ᠣᠯᠢᠮᠫᠢᠺ ᠹᠷᠠᠨᠼᠢ ᠹᠷᠠᠨᠼᠢ [1]
3 1904 ᠣᠨ ᠰᠧᠨᠲ-ᠯᠤᠶᠢᠰ ᠤᠨ ᠣᠯᠢᠮᠫᠢᠺ ᠠᠮᠧᠷᠢᠺᠠ ᠠᠮᠧᠷᠢᠺᠠ .
ᠲᠤᠰᠬᠠᠢ 1906 ᠣᠨ ᠠᠹᠢᠨ ᠤ ᠣᠯᠢᠮᠫᠢᠺ ᠭᠷᠧᠺ ᠭᠷᠧᠺ [2]
4 1908 ᠣᠨ ᠯᠣᠨᠳᠣᠨ ᠤ ᠣᠯᠢᠮᠫᠢᠺ Flag of the United Kingdom.svg ᠶᠡᠬᠡ ᠪᠷᠢᠲ᠋ᠠᠨ(ᠠᠩᠭᠯᠢ) .
5 1912 ᠣᠨ ᠰᠲ᠋ᠣᠺ ᠬᠢᠯᠮ ᠤᠨ ᠣᠯᠢᠮᠫᠢᠺ Flag of Sweden.svg ᠰᠸᠸᠳᠡᠨ .
6 1916 ᠣᠨ ᠪᠧᠷᠯᠢᠨ ᠦ ᠣᠯᠢᠮᠫᠢᠺ ᠭᠧᠷᠮᠠᠨ ᠭᠧᠷᠮᠠᠨ [3]
7 1920 ᠣᠨ ᠠᠩᠲ᠋ᠤᠧᠷᠫᠡᠨ ᠤ ᠣᠯᠢᠮᠫᠢᠺ ᠪᠧᠯᠬᠢ ᠪᠧᠯᠬᠢ .
8 1924 ᠣᠨ ᠫᠠᠷᠢᠰ ᠤᠨ ᠣᠯᠢᠮᠫᠢᠺ ᠹᠷᠠᠨᠼᠢ ᠹᠷᠠᠨᠼᠢ .
9 1928 ᠣᠨ ᠠᠮᠰᠲ᠋ᠧᠷᠳᠠᠮ ᠤᠨ ᠣᠯᠢᠮᠫᠢᠺ ᠨᠢᠳᠧᠷᠯᠠᠨᠲ ᠨᠢᠳᠧᠷᠯᠠᠨᠲ .
10 1932 ᠣᠨ ᠯᠠᠣᠰ-ᠠᠩᠵᠧᠯᠧᠰ ᠤᠨ ᠣᠯᠢᠮᠫᠢᠺ ᠠᠮᠧᠷᠢᠺᠠ ᠠᠮᠧᠷᠢᠺᠠ .
11 1936 ᠣᠨ ᠪᠧᠷᠯᠢᠨ ᠦ ᠣᠯᠢᠮᠫᠢᠺ ᠭᠧᠷᠮᠠᠨ ᠭᠧᠷᠮᠠᠨ .
12 1940 ᠣᠨ ᠲᠣᠤᠺᠢᠣ᠋ ᠍ ᠶᠢᠨ ᠣᠯᠢᠮᠫᠢᠺ →ᠬᠧᠯᠰᠢᠨ᠋ᠺ ᠤᠨ ᠣᠯᠢᠮᠫᠢᠺ ᠶᠠᠫᠣᠨ ᠶᠠᠫᠣᠨFlag of Finland.svg ᠹᠢᠨᠯᠠᠨᠲ [4]
13 1944 ᠣᠨ ᠯᠣᠨᠳᠣᠨ ᠤ ᠣᠯᠢᠮᠫᠢᠺ Flag of the United Kingdom.svg ᠶᠡᠬᠡ ᠪᠷᠢᠲ᠋ᠠᠨ(ᠠᠩᠭᠯᠢ) [5]
14 1948 ᠣᠨ ᠯᠣᠨᠳᠣᠨ ᠤ ᠣᠯᠢᠮᠫᠢᠺ Flag of the United Kingdom.svg ᠶᠡᠬᠡ ᠪᠷᠢᠲ᠋ᠠᠨ(ᠠᠩᠭᠯᠢ) .
15 1952 ᠣᠨ ᠬᠧᠯᠰᠢᠨ᠋ᠺ ᠤᠨ ᠣᠯᠢᠮᠫᠢᠺ Flag of Finland.svg ᠹᠢᠨᠯᠠᠨᠲ .
16 1956 ᠣᠨ ᠮᠧᠯᠪᠦᠷᠠᠨ ᠤ ᠣᠯᠢᠮᠫᠢᠺ Flag of Australia.svg ᠠᠦᠢᠰᠲ᠋ᠷᠯᠢᠶ᠎ᠠ [6]
17 1960 ᠣᠨ ᠷᠤᠮᠠᠨᠢᠶ ᠠ ᠣᠯᠢᠮᠫᠢᠺ Flag of Italy.svg ᠢᠲ᠋ᠠᠯᠢ .
18 1964 ᠣᠨ ᠲᠣᠤᠺᠢᠣ᠋ ᠍ ᠶᠢᠨ ᠣᠯᠢᠮᠫᠢᠺ ᠶᠠᠫᠣᠨ ᠶᠠᠫᠣᠨ .
19 1968 ᠣᠨ ᠮᠧᠬᠢᠺᠣ ᠶᠢᠨ ᠣᠯᠢᠮᠫᠢᠺ Flag of Mexico.svg ᠮᠸᠺᠰᠢᠺᠣ .
20 1972 ᠣᠨ ᠮᠠᠨ ᠢᠶᠸᠨ ᠦ ᠣᠯᠢᠮᠫᠢᠺ Flag of Germany.svg ᠪᠠᠷᠠᠭᠤᠨ ᠭᠧᠷᠮᠠᠨ [7]
21 1976 ᠣᠨ ᠮᠣᠩᠷᠧᠠᠯᠢ ᠶᠢᠨ ᠣᠯᠢᠮᠫᠢᠺ Flag of Canada.svg ᠺᠠᠨᠠᠳᠠ [8]
22 1980 ᠣᠨ ᠮᠣᠰᠺᠸᠠ ᠶᠢᠨ ᠣᠯᠢᠮᠫᠢᠺ ᠵᠥᠪᠯᠡᠯᠲᠦ ᠵᠥᠪᠯᠡᠯᠲᠦ [9]
23 1984 ᠣᠨ ᠯᠠᠣᠰ-ᠠᠩᠵᠧᠯᠧᠰ ᠤᠨ ᠣᠯᠢᠮᠫᠢᠺ ᠠᠮᠧᠷᠢᠺᠠ ᠠᠮᠧᠷᠢᠺᠠ [10]
24 1988 ᠣᠨ ᠰᠡᠭᠦᠯ ᠤᠨ ᠣᠯᠢᠮᠫᠢᠺ ᠡᠮᠦᠨᠡᠲᠦ ᠰᠣᠯᠣᠩᠭᠣᠰ ᠡᠮᠦᠨ᠎ᠡ ᠰᠣᠯᠣᠩᠭᠣᠰ [11]
25 1992 ᠣᠨ ᠪᠠᠷᠰᠧᠯᠤᠨ ᠤ ᠣᠯᠢᠮᠫᠢᠺ Flag of Spain.svg ᠢᠰᠫᠠᠨᠢ .
26 1996 ᠣᠨ ᠠᠲᠯᠠᠨ᠋ᠲ ᠤᠨ ᠣᠯᠢᠮᠫᠢᠺ ᠠᠮᠧᠷᠢᠺᠠ ᠠᠮᠧᠷᠢᠺᠠ .
27 2000 ᠣᠨ ᠰᠦ ᠳᠦᠨᠧᠢ ᠶᠢᠨ ᠣᠯᠢᠮᠫᠢᠺ Flag of Australia.svg ᠠᠦᠢᠰᠲ᠋ᠷᠯᠢᠶ᠎ᠠ .
28 2004 ᠣᠨ ᠠᠹᠢᠨ ᠤ ᠣᠯᠢᠮᠫᠢᠺ ᠭᠷᠧᠺ ᠭᠷᠧᠺ .
29 2008 ᠣᠨ ᠪᠡᠭᠡᠵᠢᠩ ᠦᠨ ᠣᠯᠢᠮᠫᠢᠺ ᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠳᠤᠮᠳᠠᠳᠤ ᠤᠯᠤᠰ .
30 2012 ᠣᠨ ᠯᠣᠨᠳᠣᠨ ᠤ ᠣᠯᠢᠮᠫᠢᠺ Flag of the United Kingdom.svg ᠶᠡᠬᠡ ᠪᠷᠢᠲ᠋ᠠᠨ(ᠠᠩᠭᠯᠢ) .
31 2016 ᠣᠨ ᠷᠢᠤ᠋ ᠳ᠋ᠸ ᠵᠠᠨ᠋ᠸᠶᠢᠷᠤ᠋ ᠶᠢᠨ ᠣᠯᠢᠮᠫᠢᠺ ᠪᠷᠠᠽᠢᠯ ᠪᠷᠠᠽᠢᠯ .
  1. ᠫᠠᠷᠢᠰ ᠲᠤ ᠵᠣᠬᠢᠶᠠᠭᠳᠠᠭᠰᠠᠨ ᠡᠺᠰᠫᠣᠭ ᠤᠨ ᠬᠦᠷᠢᠶᠡᠨ ᠳᠦ ᠶᠠᠪᠤᠭᠳᠠᠭᠰᠠᠨ᠃
  2. ᠣᠷᠴᠢᠨ ᠦᠶ᠎ᠡ ᠶᠢᠨ ᠣᠯᠢᠮᠫᠢᠺ ᠶᠠᠪᠤᠭᠳᠠᠵᠤ ᠡᠬᠢᠯᠡᠭᠰᠡᠨ ᠦ 10 ᠵᠢᠯ ᠦᠨ ᠣᠢ ᠶᠢ ᠲᠣᠬᠢᠶᠠᠯᠳᠤᠭᠤᠯᠵᠤ ᠵᠣᠬᠢᠶᠠᠨ ᠪᠠᠶᠢᠭᠤᠯᠤᠭᠰᠠᠨ ᠲᠤᠰᠬᠠᠢ ᠨᠠᠭᠠᠳᠤᠮ᠃
  3. ᠳᠡᠯᠡᠬᠡᠢ ᠶᠢᠨ ᠨᠢᠭᠡᠳᠦᠭᠡᠷ ᠳᠠᠶᠢᠨ  ᠢᠤᠯᠠᠮ ᠠᠴᠠ ᠵᠣᠬᠢᠶᠠᠭᠳᠠᠭ᠎ᠠ ᠦᠭᠡᠢ᠃
  4. ᠠᠩᠬ᠎ᠠ ᠣᠯᠢᠮᠫᠢᠺ ᠢ ᠵᠣᠬᠢᠶᠠᠨ ᠪᠠᠶᠢᠭᠤᠯᠬᠤ ᠡᠷᠬᠡ ᠶᠢ ᠲᠣᠤᠺᠢᠣ᠋ ᠬᠣᠲᠠ ᠠᠪᠤᠭᠰᠠᠨ ᠪᠣᠯᠪᠠᠴᠤ ᠶᠠᠫᠣᠨ ᠤᠯᠤᠰ ᠬᠢᠲᠠᠳ ᠲᠤ ᠬᠠᠯᠠᠳᠠᠨ ᠳᠣᠪᠲᠣᠯᠤᠭᠰᠠᠨ ᠤ ᠤᠯᠠᠮ ᠠᠴᠠ ᠡᠷᠬᠡ ᠶᠢ ᠨᠢ ᠬᠧᠯᠰᠢᠨ᠋ᠺ ᠲᠤ ᠰᠢᠯᠵᠢᠭᠦᠯᠦᠭᠰᠡᠨ᠃ ᠭᠡᠪᠡᠴᠦ ᠳᠡᠯᠡᠬᠡᠢ ᠶᠢᠨ ᠬᠣᠶᠠᠳᠤᠭᠠᠷ ᠳᠠᠶᠢᠨᠢ ᠤᠯᠠᠮ ᠠᠴᠠ ᠵᠣᠬᠢᠶᠠᠭᠳᠠᠭ᠎ᠠ ᠦᠭᠡᠢ᠃
  5. ᠳᠡᠯᠡᠬᠡᠢ ᠶᠢᠨ 2 ᠍ ᠳᠦᠭᠡᠷ ᠳᠠᠶᠢᠨ ᠤᠯᠠᠮ ᠠᠴᠠ ᠵᠣᠬᠢᠶᠠᠭᠳᠠᠭ᠎ᠠ ᠦᠭᠡᠢ᠃
  6. ᠠᠦᠢᠰᠲ᠋ᠷᠯᠢᠶ᠎ᠠ ᠶᠢᠨ ᠬᠠᠤᠯᠢ ᠶᠢᠨ ᠳᠠᠭᠠᠤ ᠠᠮᠢᠳᠤ ᠠᠮᠢᠲᠠᠨ ᠬᠢᠯᠢ ᠪᠡᠷ ᠣᠷᠣᠭᠤᠯᠬᠤ ᠶᠢ ᠬᠣᠷᠢᠭᠯᠠᠭᠰᠠᠨ ᠤ ᠤᠯᠠᠮ ᠠᠴᠠ ᠮᠣᠷᠢᠨ ᠰᠫᠣᠷᠲ ᠤᠨ ᠲᠥᠷᠥᠯ ᠦᠳ ᠦᠨ ᠤᠷᠤᠯᠳᠤᠭᠠᠨ ᠲᠡᠮᠡᠴᠡᠭᠡᠨ ᠨᠦᠭᠦᠳ ᠰᠸᠸᠳᠡᠨ ᠶᠢᠨ ᠰᠲ᠋ᠣᠺ ᠬᠢᠯᠮ ᠳᠤ ᠶᠠᠪᠤᠭᠳᠠᠵᠠᠢ᠃
  7. ᠤᠭ ᠣᠯᠢᠮᠫᠢᠺ ᠤᠨ ᠦᠶ᠎ᠡ ᠪᠡᠷ ᠫᠠᠯᠧᠰᠲ᠋ᠠᠨ ᠤ ᠠᠯᠠᠨ ᠬᠢᠳᠤᠭᠴᠢᠳ ᠤᠨ ᠭᠠᠷ ᠲᠤᠢᠰᠷᠸᠯ ᠤᠨ ᠲᠠᠮᠢᠷᠴᠢᠳ ᠠᠮᠢ ᠦᠷᠡᠭᠳᠡᠭᠰᠡᠨ ᠬᠡᠷᠡᠭ ᠶᠠᠪᠤᠳᠠᠯ ᠭᠠᠷᠤᠭᠰᠠᠨ᠃ (ᠮᠠᠨ ᠢᠶᠸᠨ ᠦ ᠣᠯᠢᠮᠫᠢᠺ ᠤᠨ ᠬᠡᠷᠡᠭ)
  8. ᠠᠹᠷᠢᠺᠠ ᠶᠢᠨ ᠶᠡᠬᠡᠩᠬᠢ ᠣᠷᠣᠨ ᠨᠤᠭᠤᠳ ᠪᠣᠢᠺᠣᠲᠠᠯᠠᠭᠰᠠᠨ᠃
  9. ᠶᠡᠬᠡᠩᠬᠢ ᠪᠠᠷᠠᠭᠤᠨ ᠤ ᠣᠷᠣᠨ ᠨᠤᠭᠤᠳ ᠪᠣᠢᠺᠣᠲᠠᠯᠠᠭᠰᠠᠨ᠃
  10. ᠰᠣᠴᠢᠶᠠᠯᠢᠰᠲᠤ ᠣᠷᠣᠨ ᠨᠤᠭᠤᠳ ᠍ ᠤᠨ ᠶᠡᠬᠡᠩᠬᠢ ᠨᠢ ᠪᠣᠢᠺᠣᠲᠠᠯᠠᠭᠰᠠᠨ᠃
  11. ᠬᠣᠶᠢᠳᠤ ᠰᠣᠯᠣᠩᠭᠣᠰ (ᠪᠦᠭᠦᠳᠡ ᠨᠠᠶᠢᠷᠠᠮᠳᠠᠬᠤ ᠠᠷᠠᠳᠴᠢᠯᠠᠭᠰᠠᠨ ᠰᠣᠯᠣᠩᠭᠣᠰ ᠠᠷᠠᠳ ᠤᠯᠤᠰ) ᠣᠷᠣᠯᠴᠠᠭ᠎ᠠ ᠦᠭᠡᠢ᠃

ᠮᠥᠨ ᠦᠵᠡᠬᠦ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠢᠴᠢᠭᠡᠰᠦ