ᠵᠣᠷᠵᠢ ᠤᠣᠺᠧᠷ ᠪᠤᠱ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠵᠣᠷᠵᠢ ᠤᠣᠺᠧᠷ ᠪᠤᠱ
George Walker Bush
ᠵᠣᠷᠵᠢ ᠤᠣᠺᠧᠷ ᠪᠤᠱ
<small/></center>

ᠪᠦᠷᠢᠨ ᠡᠷᠬᠡ ᠶᠢᠨ ᠬᠤᠭᠤᠴᠠᠭ᠎ᠠ: 2001 ᠣᠨ ᠤ 1 ᠰᠠᠷ᠎ᠠ ᠶᠢᠨ 202009 ᠣᠨ ᠤ 1 ᠰᠠᠷ᠎ᠠ ᠶᠢᠨ 20
ᠳᠡᠳ᠋ ᠶᠡᠷᠦᠩᠬᠡᠶᠢᠯᠡᠭᠴᠢ: ᠳ᠋ᠢᠺ ᠴᠧᠢᠨᠢ

ᠲᠦᠷᠦᠭᠰᠡᠨ: 1946 ᠣᠨ ᠤ 7 ᠰᠠᠷ᠎ᠠ ᠶᠢᠨ 6
ᠺᠣᠨᠧᠺᠲ᠋ᠢᠺ ᠲᠤ ᠮᠤᠵᠢ ᠤᠯᠤᠰ
ᠤᠯᠤᠰ ᠲᠥᠷᠥ ᠶᠢᠨ ᠨᠠᠮ: ᠪᠦᠭᠦᠳᠡ ᠨᠠᠶᠢᠷᠠᠮᠳᠠᠬᠤ ᠨᠠᠮ
ᠡᠬᠡᠨᠡᠷ (ᠨᠥᠬᠥᠷ): ᠯᠠᠦ᠋ᠷᠠ ᠪᠤᠱ
ᠭᠠᠷ ᠤᠨ ᠦᠰᠦᠭ GeorgeWBush Signature.svg

ᠵᠣᠷᠵᠢ ᠤᠣᠺᠧᠷ ᠪᠤᠱ (ᠠᠩᠭᠯᠢ ᠪᠠᠷ George Walker Bush, 1946 ᠣᠨ ᠤ 7 ᠰᠠᠷ᠎ᠠ ᠶᠢᠨ 6 -) ᠨᠢ ᠠᠮᠧᠷᠢᠺᠠ ᠶᠢᠨ ᠨᠢᠭᠡᠳᠦᠭᠰᠡᠨ ᠤᠯᠤᠰ ᠤᠨ 43 ᠳᠠᠬᠢ ᠶᠡᠷᠦᠩᠬᠡᠶᠢᠯᠡᠭᠴᠢ ᠪᠠ 2 ᠤᠳᠠᠭ᠎ᠠ ᠰᠣᠩᠭᠣᠭᠳᠠᠭᠰᠠᠨ᠃ ᠲᠡᠭᠦᠨ ᠦ ᠡᠴᠢᠭᠡ ᠨᠢ ᠠᠮᠧᠷᠢᠺᠠ ᠶᠢᠨ ᠨᠢᠭᠡᠳᠦᠭᠰᠡᠨ ᠤᠯᠤᠰ ᠤᠨ ᠬᠠᠭᠤᠴᠢᠨ ᠶᠡᠷᠦᠩᠬᠡᠶᠢᠯᠡᠭᠴᠢ ᠵᠣᠷᠵᠢ ᠬᠡᠷᠡᠪᠦᠷᠲᠦ ᠤᠣᠺᠧᠷ ᠪᠤᠱ ᠪᠠᠶᠢᠭᠰᠠᠨ ᠶᠤᠮ᠃

ᠨᠠᠮᠲᠠᠷ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠠᠭ᠎ᠠ ᠨᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠲᠸᠺᠰᠰ ᠤᠨ ᠦᠨᠳᠦᠰᠦᠨ ᠦ ᠠᠭᠠᠷ ᠠᠴᠠ ᠬᠠᠮᠠᠭᠠᠯᠠᠬᠤ ᠳᠤ ᠪᠠᠶᠢᠬᠤ ᠳᠤ ᠪᠠᠨ

ᠵᠣᠷᠵᠢ ᠤᠣᠺᠧᠷ ᠪᠤᠱ ᠨᠢ 1946 ᠣᠨ ᠤ 7 ᠰᠠᠷ᠎ᠠ ᠶᠢᠨ 6 ᠍ ᠤ ᠡᠳᠦᠷ ᠺᠣᠨᠧᠺᠲ᠋ᠢᠺᠲᠤ ᠮᠤᠵᠢ ᠤᠯᠤᠰ ᠤᠨ ᠨᠶᠤ-ᠬᠡᠢᠪᠦᠩ ᠳᠦ ᠶᠡᠷᠦᠩᠬᠡᠶᠢᠯᠡᠭᠴᠢ ᠪᠠᠢᠭᠰᠠᠨ ᠵᠣᠷᠵᠢ ᠬᠡᠷᠡᠪᠦᠷᠲᠦ ᠤᠣᠺᠧᠷ ᠪᠤᠱ ᠶᠢᠨ ᠲᠣᠮᠣ ᠬᠦᠦ ᠪᠣᠯᠤᠨ ᠲᠥᠷᠦᠵᠢᠭᠡ᠃ ᠲᠡᠷᠡ ᠪᠡᠷ ᠠᠪᠤ ᠶᠢᠨ ᠢᠶᠠᠨ ᠭᠠᠵᠠᠷ ᠤᠨ ᠲᠣᠰᠤᠨ ᠤ ᠠᠷᠠᠯᠵᠢᠶ᠎ᠠ ᠡᠷᠬᠢᠯᠡᠳᠡᠭ ᠪᠠᠶᠢᠭᠰᠠᠨ ᠲᠸᠺᠰᠰ ᠮᠤᠵᠢ ᠤᠯᠤᠰ ᠤᠨ ᠮᠳᠦᠯᠡᠩᠳᠡ ᠳᠦ ᠥᠰᠴᠢ ᠲᠣᠷᠨᠢᠵᠠᠢ᠃ ᠲᠡᠭᠦᠨ ᠦ ᠠᠬ᠎ᠠ᠂ ᠡᠭᠡᠴᠢ ᠳᠡᠭᠦᠰ ᠨᠢ ᠣᠳᠣ ᠶᠢᠨ ᠹᠯᠣᠷᠢᠳᠠ ᠮᠤᠵᠢ ᠤᠯᠤᠰ ᠤᠨ ᠤᠳᠤᠷᠢᠳᠤᠭᠴᠢ ᠵᠢᠪ ᠪᠣᠯᠤᠨ ᠨᠢᠯ᠂ ᠮᠠᠷᠪᠢᠩ᠂ ᠳᠣᠷᠣᠲ᠋ᠢ᠂ ᠷᠣᠪᠢᠨ ᠨᠠᠷ ᠶᠤᠮ᠃ ᠵᠣᠷᠵᠢ ᠤᠣᠺᠧᠷ ᠪᠤᠱ ᠠᠪᠤ ᠶᠢᠨ ᠠᠳᠠᠯᠢ ᠪᠠᠷ ᠮᠠᠰᠰᠠᠴᠢᠰᠧᠲ᠋ᠲ᠋ᠰ ᠳᠠᠬᠢ ᠨᠡᠷ᠎ᠡ ᠬᠦᠨᠳᠦ ᠪᠦᠬᠦᠢ ᠹᠢᠯᠢᠫᠰ ᠠᠨᠳᠣᠸᠧᠷ ᠠᠺᠠᠳᠧᠮᠢ ᠳᠤ ᠰᠤᠷᠤᠯᠴᠠᠭᠠᠳ ᠳᠠᠷᠠᠭ᠎ᠠ ᠨᠢ ᠢᠧᠯ (Yale) ᠶᠡᠬᠡ ᠰᠤᠷᠭᠠᠭᠤᠯᠢ ᠳᠤ ᠡᠯᠰᠡᠨ ᠣᠷᠣᠵᠠᠢ᠃ 1968 ᠣᠨ ᠳᠤ ᠢᠧᠯ ᠢ ᠣᠶᠣᠳᠠᠨ ᠤ ᠵᠡᠷᠭᠡ ᠲᠡᠢ ᠳᠦᠭᠦᠷᠭᠡᠭᠡᠳ ᠲᠸᠺᠰᠰ ᠲᠤ ᠪᠠᠨ ᠪᠤᠴᠠᠵᠤ ᠢᠷᠡᠨ "Texas Air National Guard" ᠪᠤᠶᠤ ᠲᠸᠺᠰᠰ ᠤᠨ ᠦᠨᠳᠦᠰᠦᠨ ᠦ ᠠᠭᠠᠷ ᠠᠴᠠ ᠬᠠᠮᠠᠭᠠᠯᠠᠬᠤ ᠳᠤ ᠣᠷᠣᠵᠤ ᠪᠠᠶᠢᠯᠳᠤᠭᠠᠨ ᠤ ᠣᠩᠭᠣᠴᠠ ᠵᠢᠯᠤᠭᠤᠳᠴᠤ ᠰᠣᠷᠣᠨ ᠳᠡᠰᠯᠡᠭᠴᠢ ᠴᠣᠯᠠ ᠠᠪᠤᠭᠰᠠᠨ ᠪᠣᠯᠪᠠᠴᠤ ᠸᠢᠶᠧᠲ᠋ᠨᠠᠮ ᠳᠤ ᠪᠠᠶᠢᠯᠳᠤᠬᠤ ᠪᠠᠷ ᠳᠠᠭᠤᠳᠠᠭᠳᠠᠭ᠎ᠠ ᠦᠭᠡᠢ ᠪᠠᠶᠢᠨ᠎ᠠ᠃

1970 ᠍ ᠊ᠭᠠᠳ ᠣᠨ ᠤ ᠡᠬᠢᠨ ᠦᠶ᠎ᠡ ᠨᠢ ᠲᠡᠭᠦᠨ ᠦ ᠠᠮᠢᠳᠤᠷᠠᠯ ᠤᠨ ᠲᠣᠭᠲᠠᠪᠤᠷᠢ ᠰᠠᠭᠤᠷᠢᠰᠢᠯ ᠨᠡᠯᠢᠶᠡᠳ ᠮᠠᠭᠤ ᠲᠠᠢ ᠦᠶ᠎ᠡ ᠪᠠᠶᠢᠯ᠎ᠠ᠃ ᠲᠡᠷᠡ ᠪᠡᠷ ᠲᠸᠺᠰᠰ ᠤᠨ ᠵᠡᠭᠦᠨ ᠬᠡᠰᠡᠭ ᠲᠦ ᠨᠡᠭᠦᠵᠦ ᠢᠷᠡᠭᠡᠳ ᠭᠠᠵᠠᠷ ᠲᠠᠷᠢᠶᠠᠯᠠᠩ ᠤᠨ ᠺᠣᠮᠫᠠᠨᠢ ᠳᠤ ᠤᠳᠤᠷᠢᠳᠤᠯᠭ᠎ᠠ ᠶᠢᠨ ᠳᠠᠳᠤᠯᠭ᠎ᠠ ᠬᠢᠬᠦ᠂ АНУ ᠍ ᠤᠨ ᠠᠯᠠᠪᠠᠮ᠎ᠠᠹᠯᠣᠷᠢᠳᠠ ᠮᠤᠵᠢ ᠤᠯᠤᠰ ᠤᠳ ᠳᠠᠬᠢ ᠰᠧᠨᠠᠲ ᠤᠨ ᠰᠣᠩᠭᠣᠭᠤᠯᠢ ᠶᠢᠨ ᠺᠠᠮᠫᠠᠨᠢ ᠳᠤ ᠠᠵᠢᠯ ᠳᠤ ᠤᠷᠤᠯᠴᠠᠬᠤ ᠵᠡᠷᠭᠡ ᠲᠣᠭᠲᠠᠮᠠᠯ ᠪᠢᠰᠢ ᠠᠵᠢᠯ ᠤᠨᠳ ᠬᠢᠵᠦ ᠪᠠᠶᠢᠯ᠎ᠠ᠃ 1972 ᠣᠨ ᠳᠤ ᠲᠡᠷᠡ ᠪᠡᠷ ᠬᠠᠷᠠᠪᠤᠷ ᠲᠤ ᠠᠷᠠᠯᠵᠢᠶ᠎ᠠ  ᠶᠢᠨ ᠰᠤᠷᠭᠠᠭᠤᠯᠢ ᠳᠤ ᠣᠷᠣᠵᠤ 1975 ᠣᠨ ᠳᠤ M.B.A. ᠵᠡᠷᠭᠡ ᠠᠪᠴᠠᠢ᠃

ᠲᠡᠷᠡ ᠪᠡᠷ ᠠᠪᠤ ᠶᠢᠨ ᠢᠶᠠᠨ ᠵᠠᠮ ᠢᠶᠠᠷ ᠶᠠᠪᠤᠵᠤ ᠭᠠᠵᠠᠷ ᠤᠨ ᠲᠣᠰᠤᠨ ᠤ ᠠᠷᠠᠯᠵᠢᠶ᠎ᠠ ᠳᠤ ᠬᠦᠴᠦ ᠪᠡᠨ ᠦᠵᠡᠬᠦ ᠪᠡᠷ ᠰᠢᠢᠳᠡᠭᠰᠡᠨ ᠪᠠᠶᠢᠨ᠎ᠠ᠃ ᠲᠡᠷᠡ ᠮᠡᠳᠦᠯᠡᠩᠳᠡ ᠳᠦ ᠪᠤᠴᠠᠵᠤ ᠢᠷᠡᠭᠡᠳ ᠪᠡᠶ᠎ᠡ ᠳᠠᠭᠠᠭᠰᠠᠨ ᠴᠢᠯᠠᠭᠣᠨ ᠲᠣᠰᠣ ᠪᠣᠯᠤᠨ ᠬᠡᠢ ᠣᠯᠪᠤᠷᠢᠯᠠᠬᠤ ᠺᠣᠮᠫᠠᠨᠢ ᠪᠠᠶᠢᠭᠤᠯᠤᠨ "ᠠᠷᠪᠦ᠋ᠰᠲᠠ" ᠭᠡᠵᠦ ᠨᠡᠷᠡᠯᠡᠭᠰᠡᠨ ᠨᠢ ᠢᠰᠫᠠᠨᠢ ᠪᠠᠷ "ᠪᠤᠱ" ᠭᠡᠰᠡᠨ ᠦᠭᠡ ᠶᠤᠮ ᠪᠠᠶᠢᠨ᠎ᠠ᠃

ᠲᠡᠷᠡ ᠨᠣᠮ ᠤᠨ ᠰᠠᠩᠴᠢ᠂ ᠪᠠᠭᠰᠢ ᠪᠠᠶᠢᠭᠰᠠᠨ ᠯᠷᠠ ᠸᠡᠯᠴᠢ ᠲᠡᠢ 1977 ᠣᠨ ᠳᠤ ᠭᠡᠷᠯᠡᠵᠦ 1981 ᠣᠨ ᠳᠤ ᠬᠣᠶᠠᠷ ᠢᠬᠡᠷ᠎ᠡ ᠥᠬᠢᠳ ᠪᠠᠷᠪᠠᠷ᠎ᠠᠵᠧᠨᠠ ᠨᠠᠷ ᠢ ᠲᠥᠷᠦᠭᠦᠯᠵᠡᠢ᠃

ᠤᠯᠤᠰ ᠲᠥᠷᠥ ᠳᠦ ᠣᠷᠣᠭᠰᠠᠨ ᠨᠢ[ᠵᠠᠰᠠᠪᠤᠷᠢᠯᠠᠬᠤ | ᠺᠣᠳ᠋ ᠢᠶᠠᠷ ᠵᠠᠰᠠᠬᠣ]

1978 ᠣᠨ ᠳᠤ ᠪᠢᠽᠢᠨ᠋ᠧᠰ ᠦᠨ ᠢᠶᠡᠨ ᠢᠳᠡ ᠳᠤᠮᠳᠠᠭᠤᠷ ᠠᠮᠧᠷᠢᠺᠠ ᠶᠢᠨ ᠨᠢᠭᠡᠳᠦᠭᠰᠡᠨ ᠤᠯᠤᠰ ᠤᠨ ᠲᠥᠯᠥᠭᠡᠯᠡᠭᠴᠢᠳ ᠦᠨ ᠲᠠᠩᠬᠢᠮ ᠪᠤᠶᠤ ᠺᠣᠩᠷᠧᠰᠰ ᠤᠨ ᠳᠣᠣᠷᠠᠳᠣ ᠱᠠᠲᠤᠨ ᠤ ᠬᠠᠤᠯᠢ ᠲᠣᠭᠲᠠᠭᠠᠬᠤ ᠪᠠᠶᠢᠭᠤᠯᠤᠯᠭ᠎ᠠ ᠶᠢᠨ ᠰᠣᠩᠭᠣᠭᠤᠯᠢ ᠳᠤ ᠣᠷᠣᠯᠴᠠᠨ ᠤᠷᠢᠳᠴᠢᠯᠠᠭᠰᠠᠨ ᠰᠣᠩᠭᠣᠭᠤᠯᠢ ᠳᠤ ᠢᠯᠠᠯᠲᠠ ᠪᠠᠶᠢᠭᠤᠯᠤᠭᠰᠠᠨ ᠪᠣᠯᠪᠠᠴᠤ ᠠᠷᠠᠳᠴᠢᠯᠠᠭᠰᠠᠨ ᠨᠠᠮ ᠤᠨ ᠰᠧᠨᠠᠲ᠋ᠣᠷ ᠺᠠᠨᠠᠳᠠ ᠬᠠᠨᠰ ᠲᠤ 6 ᠬᠤᠪᠢ ᠤᠨ ᠰᠠᠨᠠᠯ ᠢᠶᠠᠷ ᠢᠯᠠᠭᠳᠠᠵᠠᠢ᠃

1980 ᠍ ᠊ᠭᠠᠳ ᠣᠨ ᠤ ᠡᠬᠢᠨ ᠦᠶ᠎ᠡ ᠪᠡᠷ ᠭᠠᠵᠠᠷ ᠤᠨ ᠲᠣᠰᠤᠨ ᠤ ᠬᠠᠩᠰᠢ ᠤᠨᠠᠭᠰᠠᠨ ᠠᠴᠠ ᠪᠤᠱ ᠥᠪᠡᠷ ᠦᠨ ᠺᠣᠮᠫᠠᠨᠢ ᠶᠢ (ᠣᠳᠣ Bush Exploration) "Spectrum 7" ᠬᠡᠮᠡᠬᠦ ᠭᠠᠵᠠᠷ ᠤᠨ ᠲᠣᠰᠤᠨ ᠤ ᠬᠥᠷᠥᠩᠭᠡ ᠣᠷᠣᠭᠤᠯᠤᠭᠴᠢ ᠺᠣᠮᠫᠠᠨᠢ ᠲᠠᠢ ᠨᠢᠭᠡᠳᠬᠦ ᠰᠠᠨᠠᠯ ᠢ ᠬᠦᠯᠢᠶᠡᠨ ᠠᠪᠴᠤ ᠡᠭᠦᠰᠦᠨ ᠭᠠᠷᠤᠭᠰᠠᠨ ᠺᠣᠮᠫᠠᠨᠢ ᠶᠢᠨ ᠢᠶᠠᠨ ᠳᠠᠷᠤᠭ᠎ᠠ ᠪᠣᠯᠵᠠᠢ᠃

1986 ᠣᠨ ᠤ ᠭᠠᠵᠠᠷ ᠤᠨ ᠲᠣᠰᠤᠨ ᠤ ᠦᠨ᠎ᠡ ᠶᠢᠨ ᠣᠭᠴᠣᠮ ᠤᠨᠠᠯᠲᠠ ᠠᠴᠠ Spectrum 7 ᠍ ᠶᠢ Harken Energy ᠍ ᠳᠦ ᠵᠠᠷᠤᠬᠤ ᠲᠣᠬᠢᠷᠠᠯᠴᠠᠭᠠᠨ ᠳᠤ ᠬᠦᠷᠴᠡᠢ᠃ ᠳᠠᠷᠠᠭ᠎ᠠ ᠨᠢ ᠲᠡᠷᠡ ᠥᠪᠡᠷ ᠦᠨ ᠬᠤᠪᠢᠴᠠᠭ᠎ᠠ ᠶᠢ ᠪᠠᠨ ᠵᠠᠷᠤᠵᠤ ᠲᠣᠳᠣᠷᠬᠠᠢ ᠬᠡᠮᠵᠢᠶᠡᠨ ᠦ ᠠᠰᠢᠭ ᠣᠯᠵᠠᠢ᠃ 1986 ᠣᠨ ᠤ 7 ᠰᠠᠷ᠎ᠠ ᠳᠤ 40 ᠨᠠᠰᠤᠨ ᠤ ᠪᠠᠨ ᠣᠢ ᠶᠢᠨ ᠳᠠᠷᠠᠭᠠᠬᠠᠨ᠂ ᠲᠡᠷᠡ ᠪᠡᠷ ᠮᠡᠷᠭᠡᠵᠢᠯ ᠦᠨ ᠪᠣᠯᠤᠨ ᠬᠤᠪᠢ ᠤᠨ ᠠᠮᠢᠳᠤᠷᠠᠯ ᠤᠨ ᠢᠶᠠᠨ ᠪᠠᠭ᠎ᠠ ᠵᠡᠷᠭᠡ ᠠᠳᠠᠷᠠᠮ᠎ᠠ ᠲᠠᠢ ᠡᠷᠭᠢᠯᠲᠡ ᠶᠢᠨ ᠦᠶ᠎ᠡ ᠳᠦ ᠣᠴᠢᠵᠠᠢ᠃ ᠲᠡᠷᠡ ᠠᠷᠢᠬᠢ ᠪᠦᠷᠢᠮᠦᠰᠦᠨ ᠤᠤᠭᠤᠬᠤ ᠪᠠᠨ ᠪᠣᠯᠢᠵᠤ ᠡᠬᠡᠨᠡᠷ ᠦᠨ ᠢᠶᠡᠨ ᠰᠢᠲᠦᠳᠡᠭ ᠮᠧᠲ᠋ᠣᠳᠢᠰᠲᠤ ᠱᠠᠰᠢᠨ ᠢ ᠤᠯᠠᠮ ᠪᠦᠷ ᠰᠢᠲᠦᠬᠦ ᠪᠣᠯᠵᠠᠢ᠃ ᠲᠡᠷᠡ ᠮᠡᠳᠡᠭᠳᠡᠬᠦᠶᠢᠴᠡ ᠨᠤᠬᠤᠴᠠᠲᠠᠢ ᠪᠣᠯᠤᠭᠰᠠᠨ ᠨᠢ ᠲᠡᠭᠦᠨ ᠦ ᠠᠪᠤ ᠶᠢᠨ 1988 ᠣᠨ ᠤ ᠶᠡᠷᠦᠩᠬᠡᠶᠢᠯᠡᠭᠴᠢ ᠶᠢᠨ ᠰᠣᠩᠭᠣᠭᠤᠯᠢ ᠳᠤ ᠤᠷᠤᠯᠴᠠᠬᠤ ᠪᠣᠯᠤᠭᠰᠠᠨ ᠰᠢᠢᠳᠪᠦᠷᠢᠲᠡᠢ ᠰᠠᠯᠤᠰᠢ ᠦᠭᠡᠢ ᠬᠣᠯᠪᠣᠭ᠎ᠠ ᠲᠠᠢ ᠶᠤᠮ᠃ ᠦᠨᠳᠦᠰᠦᠨ ᠦ ᠤᠯᠤᠰ ᠲᠥᠷᠥ ᠶᠢᠨ ᠪᠣᠳᠣᠯᠭ᠎ᠠ ᠥᠭᠡᠷᠡᠴᠢᠯᠡᠭᠳᠡᠨ ᠠᠪᠤ ᠨᠢ ᠰᠣᠩᠭᠣᠭᠤᠯᠢ ᠳᠤ ᠨᠡᠷ᠎ᠡ ᠳᠡᠪᠰᠢᠬᠦ ᠪᠣᠯᠤᠭᠰᠠᠨ ᠢᠶᠡᠷ 1987 ᠣᠨ ᠳᠤ ᠪᠤᠱ ᠶᠢᠨ ᠭᠡᠷ ᠪᠦᠯᠢ ᠶᠢᠨ ᠬᠢᠨ ᠸᠠᠰᠢᠩᠲ᠋ᠣᠨ ᠬᠣᠳᠠ ᠳᠤ ᠠᠪᠤ ᠶᠢᠨ ᠬᠢ ᠨᠢ ᠠᠮᠵᠢᠯᠲᠠᠲᠠᠢ ᠪᠣᠯᠤᠭᠰᠠᠨ ᠰᠣᠩᠭᠣᠭᠤᠯᠢ ᠶᠢ ᠨᠢ ᠳᠡᠮᠵᠢᠬᠦ ᠪᠡᠷ ᠨᠡᠭᠦᠨ ᠣᠴᠢᠵᠠᠢ᠃ ᠬᠡᠳᠦᠢ ᠪᠡᠷ ᠪᠠᠭ᠎ᠠ ᠪᠤᠱ ᠺᠣᠮᠫᠠᠨᠢ ᠶᠢᠨ ᠠᠵᠢᠯ ᠳᠤ ᠠᠯᠪᠠᠨ ᠶᠣᠰᠣᠨ ᠤ ᠣᠷᠣᠯᠴᠠᠭᠴᠢ ᠶᠢᠨ ᠠᠯᠪᠠᠨ ᠲᠤᠰᠢᠶᠠᠯ ᠦᠭᠡᠢ ᠪᠠᠶᠢᠭᠰᠠᠨ ᠴᠤ ᠠᠪᠤ ᠶᠢᠨ ᠢᠶᠠᠨ ᠬᠠᠮᠤᠭ ᠤᠨ ᠶᠡᠬᠡ ᠢᠲᠡᠭᠡᠯ ᠢ ᠣᠯᠤᠭᠰᠠᠨ ᠬᠠᠮᠤᠭ ᠤᠨ ᠭᠣᠣᠯ ᠬᠠᠷᠢᠯᠴᠠᠳᠠᠭ ᠬᠦᠮᠦᠨ ᠪᠠᠶᠢᠭᠰᠠᠨ ᠪᠠᠶᠢᠨ᠎ᠠ᠃ ᠲᠡᠷᠡ ᠡᠨᠡ ᠦᠶ᠎ᠡ ᠪᠡᠷ ᠤᠷᠠᠨ ᠢᠯᠡᠳᠬᠡᠭᠴᠢ ᠶᠢᠨ ᠠᠪᠢᠶᠠᠰ ᠢᠶᠠᠨ ᠢᠯᠡᠷᠡᠭᠦᠯᠵᠦ ᠾᠷᠢᠰᠲ ᠤᠨ ᠺᠣᠨᠰᠧᠷᠠᠸᠢᠲ᠋ᠧᠸ ᠤᠳ ᠲᠠᠢ ᠭᠣᠣᠯ ᠬᠣᠯᠪᠣᠭ᠎ᠠ ᠪᠣᠯᠵᠤ ᠪᠠᠶᠢᠯ᠎ᠠ᠃

1989 ᠣᠨ ᠳᠤ ᠪᠣᠯᠤᠭᠰᠠᠨ ᠰᠣᠩᠭᠣᠭᠤᠯᠢ ᠶᠢᠨ ᠳᠠᠷᠠᠭ᠎ᠠ ᠤᠳᠠᠯ ᠦᠭᠡᠢ ᠪᠠᠭ᠎ᠠ ᠪᠤᠱ ᠲᠸᠺᠰᠰ ᠲᠤ ᠪᠠᠨ ᠪᠤᠴᠠᠵᠤ ᠨᠡᠭᠦᠵᠦ ᠣᠴᠢᠬᠤ ᠳᠤ ᠪᠠᠨ ᠳᠠᠯᠯᠠᠰ ᠲᠤ ᠣᠴᠢᠨ ᠲᠡᠨᠳᠡ ᠪᠡᠨ ᠪᠦᠯᠦᠭ ᠴᠢᠨᠡᠭᠡᠯᠢᠭ ᠬᠥᠷᠥᠩᠭᠡ ᠣᠷᠣᠭᠤᠯᠤᠭᠴᠢᠳ ᠢ ᠴᠤᠭᠯᠠᠭᠤᠯᠤᠨ ᠲᠸᠺᠰᠰ ᠷᠠᠢᠨᠵᠧᠷᠰ (Texas Rangers) ᠬᠡᠮᠡᠬᠦ ᠮᠡᠷᠭᠡᠵᠢᠯ ᠦᠨ ᠪᠧᠢᠰᠪᠣᠯ (baseball)  ᠤᠨ ᠪᠠᠭ ᠢ ᠬᠤᠳᠠᠯᠳᠤᠨ ᠠᠪᠴᠠᠢ᠃ ᠲᠡᠷᠡᠪᠡᠷ ᠥᠪᠡᠷ ᠢᠶᠡᠨ ᠴᠤ ᠡᠨᠡ ᠪᠦᠯᠦᠭᠲᠦ ᠪᠡᠨ ᠪᠠᠭᠳᠠᠵᠣ ᠪᠠᠶᠢᠭᠰᠠᠨ ᠪᠠᠶᠢᠨ᠎ᠠ᠃ ᠪᠠᠭ ᠤᠨ ᠤᠳᠤᠷᠢᠳᠤᠯᠭ᠎ᠠ ᠶᠢᠨ ᠭᠡᠰᠢᠭᠦᠨ ᠦ ᠬᠤᠪᠢ ᠳᠤ ᠥᠪᠡᠷ ᠦᠨ ᠲᠠᠯᠠᠪᠠᠢ ᠳᠡᠭᠡᠷ᠎ᠡ ᠲᠣᠭᠯᠠᠬᠤ ᠲᠣᠭᠯᠠᠯᠲᠠ ᠪᠣᠯᠭᠠᠨ ᠳᠤ ᠢᠷᠡᠬᠦ ᠪᠣᠯᠤᠭᠰᠠᠨ ᠢᠶᠡᠷ ᠭᠡᠷ ᠪᠦᠯᠢ ᠶᠢᠨ ᠨᠡᠷ᠎ᠡ ᠬᠦᠨᠳᠦ ᠡᠴᠡ ᠭᠠᠳᠠᠨ᠎ᠠ ᠨᠡᠷ᠎ᠡ ᠬᠦᠨᠳᠦ ᠨᠢ ᠲᠸᠺᠰᠰ ᠲᠤ ᠨᠡᠯᠢᠶᠡᠳ ᠥᠰᠦᠭᠰᠡᠨ ᠪᠠᠶᠢᠨ᠎ᠠ᠃ ᠮᠥᠨ ᠲᠡᠷᠡᠪᠡᠷ ᠡᠭᠦᠪᠡᠷ ᠢᠶᠡᠨ ᠪᠠᠭ᠎ᠠ ᠦᠭᠡᠢ ᠠᠰᠢᠭ ᠣᠯᠤᠭᠰᠠᠨ ᠨᠢ ᠲᠡᠷᠡ ᠠᠩᠬ᠎ᠠ $606,000 ᠍ ᠦᠨ ᠬᠥᠷᠥᠩᠭᠡ ᠣᠷᠣᠭᠤᠯᠤᠯᠲᠠ ᠬᠢᠭᠡᠳ ᠳᠠᠷᠠᠭ᠎ᠠ ᠨᠢ ᠵᠠᠷᠤᠬᠤ ᠳᠤ ᠪᠠᠨ $15 ᠰᠠᠶ᠎ᠠ ᠶᠢ ᠣᠯᠣᠭᠰᠠᠨ ᠠᠴᠠ ᠬᠠᠷᠠᠭᠳᠠᠵᠤ ᠪᠠᠶᠢᠨ᠎ᠠ᠃

ᠲᠸᠺᠰᠰ ᠮᠤᠵᠢ ᠤᠯᠤᠰ ᠤᠨ ᠠᠯᠪᠠᠨ ᠵᠠᠬᠢᠷᠤᠭᠴᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠡᠨᠡ ᠠᠮᠵᠢᠯᠲᠠ ᠠᠴᠠ ᠭᠠᠳᠠᠨ᠎ᠠ ᠲᠡᠷᠡ 1994 ᠣᠨ ᠳᠤ ᠲᠸᠺᠰᠰ ᠮᠤᠵᠢ ᠤᠯᠤᠰ ᠤᠨ ᠠᠯᠪᠠᠨ ᠵᠠᠬᠢᠷᠤᠭᠴᠢ ᠪᠠᠷ ᠠᠷᠠᠳᠴᠢᠯᠠᠭᠰᠠᠨ ᠨᠠᠮ ᠤᠨ ᠠᠨ ᠷᠢᠳᠠᠷᠳᠠᠰ ᠢ 350,000 ᠰᠠᠨᠠᠯ ᠤᠨ ᠳᠠᠪᠠᠭᠤᠲᠠᠢ ᠪᠠᠷ ᠢᠯᠠᠭᠰᠠᠨ ᠨᠢ ᠭᠡᠷ ᠪᠦᠯᠢ ᠶᠢᠨ ᠬᠢᠨ ᠪᠣᠯᠤᠨ ᠪᠦᠬᠦ ᠬᠦᠮᠦᠨ ᠢ ᠭᠠᠶᠢᠬᠠᠰᠢᠷᠠᠭᠤᠯᠵᠠᠢ᠃ ᠲᠡᠷᠡ ᠭᠠᠶᠢᠬᠠᠮᠠᠷ ᠲᠠᠶᠢᠪᠤᠩ ᠪᠠᠶᠢᠳᠠᠯ ᠢ ᠰᠣᠩᠭᠣᠭᠤᠯᠢ ᠶᠢᠨ ᠢᠶᠠᠨ ᠺᠣᠮᠫᠠᠨᠢ  ᠶᠢᠨ ᠠᠵᠢᠯ ᠳᠤ ᠬᠠᠷᠠᠭᠤᠯᠤᠨ᠂ ᠰᠣᠩᠭᠣᠭᠤᠯᠢ ᠶᠢᠨ ᠮᠥᠷ ᠦᠨ ᠬᠥᠲᠥᠯᠪᠦᠷᠢ ᠳᠦ ᠰᠤᠷᠭᠠᠭᠤᠯᠢ ᠨᠤᠭᠤᠳ ᠤᠨ ᠣᠷᠣᠨ ᠨᠤᠲᠤᠭ ᠤᠨ ᠬᠢᠨᠠᠯᠲᠠ ᠶᠢ ᠰᠠᠶᠢᠵᠢᠷᠭᠠᠭᠤᠯᠬᠤ᠂ ᠰᠢᠨᠡᠴᠢᠯᠡᠯᠲᠡ ᠬᠢᠬᠦ ᠶᠢ ᠠᠮᠠᠯᠤᠭᠰᠠᠨ ᠢᠶᠠᠷ ᠭᠠᠷᠴᠤ ᠢᠷᠡᠵᠡᠢ᠃ 1995 ᠣᠨ ᠤ ᠠᠩᠬᠠᠨ ᠤ ᠤᠯᠠᠷᠢᠯ ᠳᠤ ᠪᠠᠨ ᠪᠤᠱ ᠶᠡᠬᠡᠩᠬᠢ ᠵᠣᠷᠢᠯᠭ᠎ᠠ ᠳᠤ ᠪᠠᠨ ᠬᠦᠷᠴᠡᠢ᠃ ᠡᠨᠡ ᠵᠣᠷᠢᠯᠲᠠ ᠨᠤᠭᠤᠳ ᠲᠤ ᠨᠢ ᠵᠠᠬᠢᠷᠭᠠᠨ ᠤ ᠬᠠᠷᠢᠭᠤᠴᠠᠯᠭ᠎ᠠ ᠶᠢᠨ ᠰᠢᠨᠡᠴᠢᠯᠡᠯ ᠪᠤᠶᠤ ᠵᠠᠷᠭᠤ ᠮᠡᠳᠡᠭᠦᠯᠦᠭᠴᠢᠳ ᠦᠨ ᠵᠠᠷᠭᠤᠯᠳᠤᠬᠤ ᠡᠷᠬᠡ ᠶᠢ ᠬᠢᠵᠠᠭᠠᠷᠯᠠᠬᠤ ᠭᠡᠰᠡᠨ ᠲᠸᠺᠰᠰ ᠤᠨ ᠲᠣᠮᠣ ᠺᠣᠮᠫᠠᠨᠢ ᠨᠤᠭᠤᠳ ᠤᠨ ᠰᠣᠨᠢᠷᠬᠠᠯ ᠳᠤ ᠨᠡᠶᠢᠴᠡᠭᠰᠡᠨ ᠵᠦᠢᠯ ᠣᠷᠣᠵᠠᠢ᠃ ᠲᠡᠭᠦᠨ ᠦ ᠣᠯᠠᠨ ᠳᠤ ᠨᠡᠶᠢᠴᠡᠲᠡᠢ ᠪᠤᠰᠤᠳ ᠢ ᠥᠪᠡᠷᠲᠡᠭᠡᠨ ᠲᠠᠲᠠᠬᠤ ᠴᠢᠳᠠᠪᠤᠷᠢ ᠨᠢ ᠲᠡᠭᠦᠨ ᠢ ᠠᠩᠬᠠᠨ ᠤ ᠵᠢᠯ ᠦᠨ ᠡᠴᠦᠰ ᠭᠡᠬᠦ ᠳᠦ ᠯᠠ ᠠᠮᠧᠷᠢᠺᠠ ᠶᠢᠨ ᠨᠢᠭᠡᠳᠦᠭᠰᠡᠨ ᠤᠯᠤᠰ ᠤᠨ ᠬᠠᠮᠤᠭ ᠤᠨ ᠠᠯᠳᠠᠷᠲᠠᠢ ᠲᠣᠮᠣ ᠮᠤᠵᠢ ᠶᠢᠨ ᠵᠠᠬᠢᠷᠤᠭᠴᠢ ᠪᠣᠯᠭᠠᠨ ᠲᠤᠬᠠᠢ ᠶᠢᠨ ᠦᠶ᠎ᠡ ᠳᠦ ᠤᠳᠤᠷᠢᠳᠥᠵᠤ ᠪᠠᠶᠢᠭᠰᠠᠨ ᠠᠷᠠᠳᠴᠢᠯᠠᠭᠰᠠᠨ ᠨᠠᠮ ᠤᠨ ᠬᠢᠨ ᠴᠤ ᠲᠡᠭᠦᠨ ᠢ ᠬᠠᠮᠲᠤᠷᠠᠨ ᠠᠵᠢᠯᠯᠠᠬᠤ ᠪᠣᠯᠤᠮᠵᠢ ᠲᠠᠢ ᠬᠦᠮᠦᠨ ᠬᠡᠮᠡᠨ ᠠᠪᠴᠤ ᠦᠵᠡᠵᠦ ᠪᠠᠶᠢᠴᠠᠢ᠃

1997 ᠣᠨ ᠳᠤ ᠪᠤᠱ ᠬᠥᠷᠥᠩᠭᠡ ᠶᠢᠨ ᠲᠠᠲᠠᠪᠤᠷᠢ ᠶᠢ ᠵᠢᠯ ᠳᠤ 3 ᠰᠠᠶ᠎ᠠ ᠳ᠋ᠣᠯᠯᠠᠷ ᠢᠶᠠᠷ ᠪᠠᠭᠠᠰᠬᠠᠭᠰᠠᠨ ᠪᠣᠯᠤᠨ ᠪᠤᠰᠤᠳ ᠲᠠᠲᠠᠪᠤᠷᠢ ᠶᠢ ᠬᠥᠩᠭᠡᠯᠡᠭᠰᠡᠨ ᠲᠠᠲᠠᠪᠤᠷᠢ ᠶᠢᠨ ᠰᠢᠨᠡᠴᠢᠯᠡᠯᠲᠡ ᠶᠢ ᠳᠡᠮᠵᠢᠵᠦ ᠪᠠᠶᠢᠯ᠎ᠠ᠃ ᠡᠨᠡ ᠨᠢ ᠺᠣᠨᠰᠧᠷᠠᠸᠠᠲ᠋ᠢᠸ(ᠨᠠᠢᠷᠠᠮᠳᠠᠯᠠᠭᠴᠢᠳ) ᠤᠳ ᠢ ᠴᠤ᠂ ᠯᠢᠪᠧᠷᠠᠯ (ᠠᠷᠠᠳᠴᠢᠯᠠᠭᠴᠢᠳ) ᠤᠳ ᠢ ᠴᠤ ᠪᠠᠶᠠᠷᠯᠠᠭᠤᠯᠤᠭ᠎ᠠ ᠦᠭᠡᠢ ᠤᠯᠤᠰ ᠲᠥᠷᠥ ᠶᠢᠨ ᠡᠷᠦᠰᠳᠡᠯ ᠪᠠᠶᠢᠭᠰᠠᠨ ᠶᠤᠮ᠃ ᠡᠴᠦᠰ ᠲᠦ ᠨᠢ ᠲᠡᠭᠦᠨ ᠦ ᠲᠥᠯᠦᠪᠯᠡᠭᠡᠨ ᠡᠴᠡ 1 ᠰᠠᠶ᠎ᠠ ᠳ᠋ᠣᠯᠯᠠᠷ ᠢᠶᠠᠷ ᠲᠠᠲᠠᠪᠤᠷᠢ ᠶᠢ ᠪᠠᠭᠤᠷᠠᠭᠤᠯᠵᠤ᠂ ᠲᠡᠷᠡ ᠡᠨᠡ ᠠᠯᠳᠠᠭᠠᠨ ᠠᠴᠠ ᠪᠠᠨ ᠪᠠᠷᠤᠭ ᠨᠡᠷ᠎ᠡ ᠬᠦᠨᠳᠦ ᠪᠡᠨ ᠠᠯᠠᠳᠠᠯ ᠦᠭᠡᠢ ᠴᠡᠪᠡᠷᠬᠡᠨ ᠦᠯᠡᠳᠡᠵᠦ ᠴᠢᠳᠠᠭᠰᠠᠨ ᠶᠤᠮ᠃ 1998 ᠣᠨ ᠤ 11 ᠰᠠᠷ᠎ᠠ ᠳᠤ ᠪᠤᠱ ᠲᠸᠺᠰᠰ ᠮᠤᠵᠢ ᠶᠢᠨ ᠠᠩᠬᠠᠨ ᠤ 2 ᠤᠳᠠᠭ᠎ᠠ ᠳᠠᠷᠠᠭᠠᠯᠠᠨ ᠰᠣᠩᠭᠣᠭᠳᠠᠵᠤ 4 ᠵᠢᠯ ᠲᠠᠰᠤᠷᠠᠯᠲᠠ ᠦᠭᠡᠢ ᠠᠵᠢᠯᠯᠠᠵᠤ ᠪᠠᠶᠢᠭ᠎ᠠ ᠠᠮᠪᠠᠨ ᠵᠠᠬᠢᠷᠤᠭᠴᠢ ᠪᠣᠯᠵᠠᠢ᠃ ᠡᠨᠡ ᠢᠯᠠᠯᠲᠠ ᠪᠠᠨ 65% - 35% ᠍ ᠦᠨ ᠬᠠᠷᠢᠴᠠᠭ᠎ᠠ ᠲᠠᠢ ᠪᠠᠷ ᠢᠯᠠᠨ᠂ ᠪᠦᠭᠦᠳᠡ ᠨᠠᠶᠢᠷᠠᠮᠳᠠᠬᠤ ᠨᠠᠮ ᠤᠨ ᠲᠡᠦᠬᠡᠨ ᠳᠦ ᠬᠠᠷ᠎ᠠ᠂ ᠯᠠᠲ᠋ᠢᠨ ᠠᠮᠧᠷᠢᠺᠠ ᠭᠠᠷᠤᠯ ᠲᠠᠢ ᠦᠨᠳᠦᠰᠦᠨ ᠦ ᠴᠥᠭᠡᠩᠬᠢ ᠨᠦᠭᠦᠳ ᠡᠴᠡ ᠬᠠᠮᠤᠭ ᠤᠨ ᠶᠡᠬᠡ ᠣᠯᠠᠨ ᠰᠠᠨᠠᠯ ᠠᠪᠤᠭᠰᠠᠨ ᠪᠠᠶᠢᠯ᠎ᠠ᠃ ᠲᠡᠭᠦᠨ ᠦ ᠲᠸᠺᠰᠰ ᠳᠠᠬᠢ ᠠᠮᠵᠢᠯᠲᠠ ᠢᠯᠠᠩᠭᠤᠶ᠎ᠠ ᠦᠨᠳᠦᠰᠦᠨ ᠦ ᠴᠥᠭᠡᠩᠬᠢ ᠨᠦᠭᠦᠳ ᠡᠴᠡ ᠠᠪᠤᠭᠰᠠᠨ ᠳᠡᠮᠵᠢᠯᠭᠡ ᠨᠢ ᠪᠦᠭᠦᠳᠡ ᠨᠠᠶᠢᠷᠠᠮᠳᠠᠬᠤ ᠨᠠᠮ ᠤᠨ ᠬᠢᠨ ᠤ ᠠᠩᠬᠠᠷᠤᠯ ᠢ ᠲᠠᠲᠠᠵᠤ ᠠᠷᠠᠳᠴᠢᠯᠠᠭᠰᠠᠨ ᠨᠠᠮ ᠠᠴᠠ ᠳᠠᠷᠤᠭ᠎ᠠ ᠶᠢᠨ ᠶᠡᠷᠦᠩᠬᠡᠶᠢᠯᠡᠭᠴᠢ ᠶᠢᠨ ᠰᠣᠩᠭᠣᠭᠤᠯᠢ ᠳᠤ ᠨᠡᠷ᠎ᠡ ᠳᠡᠪᠰᠢᠭᠴᠢ ᠠᠯᠠ ᠭᠣᠣᠷ ᠤᠨ ᠡᠰᠡᠷᠬᠦ ᠦᠨᠳᠦᠰᠦᠨ ᠦ ᠬᠡᠮᠵᠢᠶᠡᠨ ᠳᠦ ᠨᠡᠷ᠎ᠡ ᠳᠡᠪᠰᠢᠭᠦᠯᠵᠦ ᠪᠣᠯᠬᠤ ᠰᠣᠩᠭᠣᠯᠲᠠ ᠭᠡᠵᠦ ᠦᠵᠡᠭᠰᠡᠨ ᠪᠠᠶᠢᠨ᠎ᠠ᠃

ᠶᠡᠷᠦᠩᠬᠡᠶᠢᠯᠡᠭᠴᠢ ᠶᠢᠨ ᠰᠣᠩᠭᠣᠭᠤᠯᠢ[ᠵᠠᠰᠠᠪᠤᠷᠢᠯᠠᠬᠤ | ᠺᠣᠳ᠋ ᠢᠶᠠᠷ ᠵᠠᠰᠠᠬᠣ]

1999 ᠣᠨ ᠤ 7 ᠰᠠᠷ᠎ᠠ ᠳᠤ ᠪᠤᠱ ᠠᠮᠧᠷᠢᠺᠠ ᠶᠢᠨ ᠨᠢᠭᠡᠳᠦᠭᠰᠡᠨ ᠤᠯᠤᠰ ᠦᠨ ᠶᠡᠷᠦᠩᠬᠡᠶᠢᠯᠡᠭᠴᠢ ᠶᠢᠨ ᠰᠣᠩᠭᠣᠭᠤᠯᠢ ᠳᠤ ᠨᠡᠷ᠎ᠡ ᠳᠡᠪᠰᠢᠬᠦ ᠪᠡᠨ ᠠᠯᠪᠠᠨ ᠶᠣᠰᠣᠭᠠᠷ ᠵᠠᠷᠯᠠᠵᠤ᠂ ᠥᠪᠡᠷ ᠢ ᠪᠡᠨ "ᠡᠨᠡᠷᠢᠩᠭᠦᠢ ᠺᠣᠨᠰᠧᠷᠠᠸᠠᠲ᠋ᠢᠸ" ᠭᠡᠰᠡᠨ ᠪᠠᠶᠢᠨ᠎ᠠ᠃ ᠲᠡᠷᠡ ᠠᠵᠢᠯ ᠳᠤ ᠪᠠᠨ ᠪᠦᠭᠦᠳᠡ ᠨᠠᠶᠢᠷᠠᠮᠳᠠᠬᠤ ᠨᠠᠮ ᠤᠨ ᠣᠷᠣᠯᠴᠠᠭ᠎ᠠ ᠶᠢ ᠨᠡᠮᠡᠭᠳᠡᠭᠦᠯᠬᠦ᠂ ᠨᠡᠷ᠎ᠡ ᠬᠦᠨᠳᠦ ᠪᠡᠨ ᠠᠯᠠᠳᠠᠭᠰᠠᠨ ᠴᠠᠭᠠᠨ ᠣᠷᠳᠣᠨ ᠤ ᠨᠡᠷ᠎ᠡ ᠬᠦᠨᠳᠦ ᠶᠢ ᠳᠡᠭᠡᠭᠰᠢᠯᠡᠭᠦᠯᠬᠦ ᠮᠥᠨ ᠪᠣᠯᠪᠠᠰᠤᠷᠠᠯ ᠢ ᠰᠠᠶᠢᠵᠢᠷᠭᠠᠭᠤᠯᠬᠤ᠂ ᠵᠠᠰᠠᠭ ᠤᠨ ᠭᠠᠵᠠᠷ ᠤᠨ ᠣᠷᠣᠯᠴᠠᠭ᠎ᠠ ᠶᠢ ᠪᠠᠭᠠᠰᠭᠠᠬᠤ᠂ ᠦᠨᠳᠦᠰᠦᠨ ᠦ ᠪᠠᠶᠠᠯᠢᠭ᠂ ᠲᠠᠲᠠᠪᠤᠷᠢ ᠶᠢᠨ ᠪᠣᠳᠣᠯᠭ᠎ᠠ ᠶᠢ ᠰᠢᠨᠡᠴᠢᠯᠡᠬᠦ ᠪᠡᠨ ᠠᠮᠠᠯᠠᠭᠰᠠᠨ ᠪᠠᠶᠢᠨ᠎ᠠ᠃

ᠰᠢᠭᠦᠮᠵᠢᠯᠡᠭᠴᠢᠳ ᠲᠡᠭᠦᠨ ᠦ ᠤᠯᠤᠰ ᠲᠥᠷᠥ ᠶᠢᠨ ᠪᠠᠭ᠎ᠠ ᠳᠠᠳᠤᠯᠭ᠎ᠠ ᠶᠢᠨ ᠲᠤᠷᠰᠢᠯᠭ᠎ᠠ ᠪᠣᠯᠤᠨ ᠵᠥᠪᠬᠡᠨ ᠬᠥᠷᠥᠩᠭᠡᠲᠡᠨ ᠨᠦᠭᠦᠳ᠂ ᠲᠣᠮᠣ ᠠᠷᠠᠯᠵᠢᠶ᠎ᠠ ᠦᠳ ᠦᠨ ᠠᠰᠢᠭ ᠰᠣᠨᠢᠷᠬᠠᠯ ᠳᠤ ᠠᠩᠬᠠᠷᠳᠠᠭ ᠢ ᠰᠢᠭᠦᠮᠵᠢᠯᠡᠵᠦ ᠪᠠᠶᠢᠬᠤ ᠳᠤ᠂ ᠳᠡᠮᠵᠢᠭᠴᠢᠳ ᠨᠢ ᠲᠡᠭᠦᠨ ᠢ ᠵᠢᠩᠬᠢᠨᠢ ᠳᠤᠮᠳᠠᠴᠢ ᠠᠮᠧᠷᠢᠺᠠ ᠬᠦᠮᠦᠨ ᠸᠠᠰᠢᠩᠲ᠋ᠣᠨ ᠤ ᠵᠠᠪᠠᠭᠠᠨ ᠤᠯᠤᠰ ᠲᠥᠷᠥ ᠶᠢᠨ ᠲᠣᠭᠣᠭᠠᠨ ᠠᠴᠠ ᠭᠠᠷᠴᠤ ᠢᠷᠡᠭᠡ ᠦᠭᠡᠢ ᠭᠡᠵᠦ ᠦᠵᠡᠳᠡᠭ ᠪᠠᠶᠢᠨ᠎ᠠ᠃ ᠪᠤᠱ ᠶᠢᠨ ᠡᠨᠡᠷᠢᠩᠭᠦᠢ ᠺᠣᠨᠰᠧᠷᠠᠸᠠᠲ᠋ᠢᠸ ᠦᠵᠡᠯ ᠳᠦ ᠨᠢ ᠢᠲᠡᠭᠡᠳᠡᠭ ᠦᠭᠡᠢ ᠯᠢᠪᠧᠷᠠᠯᠴᠢ ᠨᠤᠭᠤᠳ ᠲᠡᠭᠦᠨ ᠦ ᠠᠯᠠᠬᠤ ᠶᠠᠯ᠎ᠠ ᠶᠢ ᠳᠡᠮᠵᠢᠭᠰᠡᠨ᠂ ᠠᠪᠣᠷᠲ ᠢ ᠡᠰᠡᠷᠬᠦ ᠲᠡᠮᠡᠴᠡᠭᠰᠡᠨ᠂ ᠭᠣᠮᠠᠴᠢ ᠨᠤᠭᠤᠳ ᠢ ᠬᠠᠮᠠᠭᠠᠯᠠᠭᠰᠠᠨ ᠬᠠᠤᠯᠢ ᠶᠢ ᠡᠰᠡᠷᠭᠦᠴᠡᠭᠰᠡᠨ ᠵᠡᠷᠭᠡ ᠶᠢ ᠨᠢ ᠰᠡᠬᠦᠨ ᠲᠠᠯᠪᠢᠳᠠᠭ᠃ ᠲᠡᠭᠦᠨ ᠦ ᠵᠠᠷᠢᠮ ᠠᠯᠳᠠᠭᠠᠨ ᠨᠤᠭᠤᠳ ᠪᠣᠯᠬᠤ ᠬᠡᠨ ᠳᠡᠯᠡᠬᠡᠢ ᠶᠢᠨ ᠤᠳᠤᠷᠢᠳᠤᠭᠴᠢᠳ ᠪᠤᠢ? ᠭᠡᠰᠡᠨ ᠰᠤᠷᠪᠤᠯᠵᠢᠯᠠᠭᠴᠢ ᠶᠢᠨ ᠠᠰᠠᠭᠤᠯᠲᠠᠨ ᠳᠤ ᠬᠠᠷᠢᠭᠤᠯᠵᠤ ᠴᠢᠳᠠᠭ᠎ᠠ ᠦᠭᠡᠢ᠂ ᠪᠣᠪ ᠵᠢᠦᠩᠰ ᠶᠡᠬᠡ ᠰᠤᠷᠭᠠᠭᠤᠯᠢ ᠶᠢᠨ ᠺᠠᠲ᠋ᠣᠯᠢᠭ ᠱᠠᠰᠢᠨ ᠤ ᠡᠰᠡᠷᠬᠦ ᠲᠥᠪ ᠳᠡᠭᠡᠷ᠎ᠡ ᠰᠤᠷᠲᠠᠯᠴᠢᠯᠠᠭᠠᠨ ᠤ ᠺᠣᠮᠫᠠᠨᠢ ᠳᠤ ᠠᠵᠢᠯ ᠤᠨᠨ ᠢᠶᠠᠨ ᠨᠢᠭᠡ ᠭᠣᠣᠯ ᠵᠣᠴᠢᠯᠠᠯᠲᠠ ᠶᠢ ᠬᠢᠭᠰᠡᠨ ᠵᠡᠷᠭᠡ ᠶᠢ ᠡᠰᠡ ᠲᠣᠭᠠᠴᠠᠪᠠᠯ ᠲᠡᠷᠡᠪᠡᠷ ᠥᠪᠡᠷ ᠦᠨ ᠨᠠᠮ ᠠᠴᠠ ᠶᠡᠷᠦᠩᠬᠡᠶᠢᠯᠡᠭᠴᠢ ᠶᠢᠨ ᠰᠣᠩᠭᠣᠭᠤᠯᠢ ᠳᠤ ᠨᠡᠷ᠎ᠡ ᠳᠡᠪᠰᠢᠬᠦ ᠪᠡᠷ ᠲᠡᠭᠦᠨ ᠲᠡᠢ ᠥᠷᠢᠰᠦᠯᠳᠦᠭᠰᠡᠨ ᠰᠧᠨᠠᠲ᠋ᠴᠢ ᠵᠣᠩ ᠮᠠᠺᠺ ᠡᠴᠢᠨ ᠢ 3 ᠰᠠᠷ᠎ᠠ ᠶᠢᠨ "ᠰᠤᠫᠧᠷ ᠮᠢᠭᠮᠠᠷ ᠭᠠᠷᠠᠭ" ᠍ ᠳᠦ ᠨᠶᠤ ᠢᠣᠷᠺᠺᠠᠯᠢᠹᠣᠷᠨᠢ ᠵᠡᠷᠭᠡ ᠣᠯᠠᠨ ᠮᠤᠵᠢ ᠤᠯᠤᠰ ᠲᠤ ᠢᠯᠠᠨ ᠶᠡᠷᠦᠩᠬᠡᠶᠢᠯᠡᠭᠴᠢ ᠶᠢᠨ ᠰᠣᠩᠭᠣᠭᠤᠯᠢ ᠳᠤ ᠥᠷᠢᠰᠦᠯᠳᠥᠬᠦ ᠡᠷᠬᠡ ᠲᠡᠢ ᠪᠣᠯᠤᠭᠰᠠᠨ ᠪᠠᠶᠢᠨ᠎ᠠ᠃ ᠲᠡᠭᠦᠨ ᠦ ᠠᠮᠵᠢᠯᠲᠠ ᠶᠢ ᠮᠠᠺᠺᠡᠢ ᠶᠢᠨ ᠠᠯᠪᠠᠨ ᠶᠣᠰᠣᠭᠠᠷ ᠬᠦᠯᠢᠶᠡᠨ ᠵᠥᠪᠰᠢᠶᠡᠷᠡᠴᠡᠢ᠃

2000 ᠣᠨ ᠤ 7 ᠰᠠᠷ᠎ᠠ ᠳᠤ ᠪᠤᠱ ᠶᠡᠷᠦᠩᠬᠡᠶᠢᠯᠡᠭᠴᠢ ᠶᠢᠨ ᠰᠣᠩᠭᠣᠭᠤᠯᠢ ᠳᠤ ᠬᠠᠮᠲᠤᠷᠠᠨ ᠨᠡᠷ᠎ᠡ ᠳᠡᠪᠰᠢᠵᠦ ᠳᠡᠳ᠋ ᠶᠡᠷᠦᠩᠬᠡᠶᠢᠯᠡᠭᠴᠢ ᠶᠢᠨ ᠲᠥᠯᠥᠭᠡ ᠥᠷᠢᠰᠦᠯᠳᠥᠬᠦ ᠬᠦᠮᠦᠨ ᠢᠶᠡᠷ ᠸᠠᠶᠣᠮᠢᠨ ᠢ ᠮᠤᠵᠢ ᠶᠢᠨ ᠺᠣᠩᠷᠧᠰᠰ ᠤᠨ ᠭᠡᠰᠢᠭᠦᠨ᠂ ᠪᠤᠱ ᠶᠢᠨ ᠠᠪᠤ ᠶᠢᠨ ᠪᠠᠲᠤᠯᠠᠨ ᠬᠠᠮᠠᠭᠠᠯᠠᠬᠤ ᠶᠢᠨ ᠰᠠᠶᠢᠳ ᠪᠠᠶᠢᠭᠰᠠᠨ᠂ ᠭᠠᠵᠠᠷ ᠤᠨ ᠲᠣᠰᠤᠨ ᠤ ᠪᠢᠽᠢᠨ᠋ᠧᠰ ᠡᠷᠬᠢᠯᠡᠳᠡᠭ ᠳ᠋ᠢᠺ ᠴᠧᠢᠨᠢᠭ ᠵᠠᠷᠯᠠᠵᠠᠢ᠃ ᠪᠤᠱ᠂ ᠴᠧᠢᠨᠢ 2 ᠍ ᠢ 2000 ᠣᠨ ᠤ 8 ᠰᠠᠷ᠎ᠠ ᠶᠢᠨ 2 ᠍ ᠤ ᠡᠳᠦᠷ ᠦᠨ ᠪᠦᠭᠦᠳᠡ ᠨᠠᠶᠢᠷᠠᠮᠳᠠᠬᠤ ᠨᠠᠮ ᠤᠨ ᠶᠡᠬᠡ ᠬᠤᠷᠠᠯ ᠳᠡᠭᠡᠷ᠎ᠡ ᠠᠯᠪᠠᠨ ᠶᠣᠰᠣᠭᠠᠷ ᠨᠡᠷ᠎ᠡ ᠳᠡᠪᠰᠢᠭᠰᠡᠨ ᠢ ᠵᠠᠷᠯᠠᠭᠰᠠᠨ ᠪᠠᠶᠢᠨ᠎ᠠ᠃ ᠲᠡᠳᠡᠨ ᠦ ᠠᠯᠢ ᠭᠣᠷ ᠪᠣᠯᠤᠨ ᠲᠡᠭᠦᠨ ᠲᠡᠢ ᠬᠠᠮᠲᠤᠷᠠᠨ ᠳᠡᠳ᠋ ᠶᠡᠷᠦᠩᠬᠡᠶᠢᠯᠡᠭᠴᠢ ᠳᠤ ᠨᠡᠷ᠎ᠡ ᠳᠡᠪᠰᠢᠭᠴᠢ ᠺᠣᠨᠧᠺᠲ᠋ᠢᠺ ᠲᠤ ᠮᠤᠵᠢ ᠤᠯᠤᠰ ᠤᠨ ᠰᠧᠨᠠᠲ᠋ᠣᠷ ᠵᠣᠽᠧᠹ ᠯᠢᠪᠧᠷᠮᠠᠨ ᠨᠠᠷ ᠤᠨ ᠡᠰᠡᠷᠬᠦ ᠬᠢᠭᠰᠡᠨ ᠥᠷᠢᠰᠦᠯᠳᠦᠭᠡᠨ ᠨᠢ ᠬᠠᠮᠤᠭ ᠤᠨ ᠪᠠᠭ᠎ᠠ ᠵᠥᠷᠢᠶ᠎ᠡ ᠲᠡᠢ᠂ ᠮᠠᠷᠭᠤᠭᠠᠨ ᠲᠠᠢ ᠶᠡᠷᠦᠩᠬᠡᠶᠢᠯᠡᠭᠴᠢ ᠶᠢᠨ ᠰᠣᠩᠭᠣᠭᠤᠯᠢ ᠨᠤᠭᠤᠳ ᠤᠨ ᠨᠢᠭᠡ ᠪᠠᠶᠢᠯ᠎ᠠ᠃

2000 ᠣᠨ ᠤ 11 ᠰᠠᠷ᠎ᠠ ᠶᠢᠨ 7 ᠍ ᠤ ᠰᠣᠩᠭᠣᠭᠤᠯᠢ ᠶᠢᠨ ᠰᠥᠨᠢ ᠹᠯᠣᠷᠢᠳᠠ ᠮᠤᠵᠢ ᠤᠯᠤᠰ ᠤᠨ 25 ᠰᠣᠩᠭᠣᠭᠤᠯᠢ ᠶᠢᠨ ᠰᠠᠨᠠᠯ ᠯᠠ ᠪᠦᠬᠦ ᠶᠠᠭᠤᠮ᠎ᠠ ᠶᠢ ᠰᠢᠢᠳᠪᠦᠷᠢᠯᠡᠬᠦ ᠪᠣᠯᠤᠭᠰᠠᠨ ᠪᠠᠶᠢᠭᠰᠠᠨ᠃ ᠥᠴᠥᠬᠡᠨ ᠪᠠᠭ᠎ᠠ ᠬᠡᠮᠵᠢᠶᠡᠨ ᠦ ᠰᠣᠩᠭᠣᠭᠤᠯᠢ ᠶᠢᠨ ᠰᠠᠨᠠᠯ ᠤᠨ ᠵᠥᠷᠢᠭᠦᠲᠡᠢ ᠪᠡᠷ ᠪᠤᠱ ᠣᠯᠠᠨ ᠨᠡᠶᠢᠲᠡ ᠶᠢᠨ ᠰᠠᠨᠠᠯ ᠢᠯᠡᠭᠦᠦ ᠠᠪᠤᠭᠰᠠᠨ ᠠᠯᠠ ᠭᠣᠣᠷ ᠢ ᠢᠯᠠᠵᠤ ᠠᠯᠠ ᠭᠣᠣᠷ ᠢᠯᠠᠭᠳᠠᠯ ᠢᠶᠠᠨ ᠬᠦᠯᠢᠶᠡᠨ ᠵᠥᠪᠰᠢᠶᠡᠷᠡᠬᠦ ᠳᠤ ᠬᠦᠷᠦᠭᠰᠡᠨ ᠪᠠᠶᠢᠨ᠎ᠠ᠃ ᠬᠡᠳᠦᠨ ᠴᠠᠭ ᠤᠨ ᠳᠠᠷᠠᠭ᠎ᠠ ᠠᠯᠠ ᠭᠣᠣᠷ ᠹᠯᠣᠷᠢᠳᠠ ᠳᠠᠬᠢ ᠡᠴᠦᠰ ᠦᠨ ᠰᠠᠨᠠᠯ ᠲᠣᠭᠠᠯᠠᠯᠲᠠ ᠶᠢᠨ ᠳ᠋ᠦᠩ ᠮᠠᠰᠢ ᠣᠶᠢᠷᠠᠬᠠᠨ ᠭᠠᠷᠤᠭᠰᠠᠨ ᠠᠴᠠ ᠳᠠᠬᠢᠨ ᠲᠣᠭᠠᠯᠠᠯ ᠳᠤ ᠬᠢᠵᠦ ᠡᠬᠢᠯᠡᠬᠦ ᠳᠦ ᠡᠮᠦᠨᠡᠬᠢ ᠦᠷ᠎ᠡ ᠳ᠋ᠦᠩ ᠢ ᠬᠦᠯᠢᠶᠡᠨ ᠵᠥᠪᠰᠢᠶᠡᠷᠡᠭᠰᠡᠨ ᠢᠶᠡᠨ ᠪᠣᠯᠢᠭᠰᠠᠨ ᠢᠶᠠᠨ ᠮᠡᠳᠡᠭᠳᠡᠭᠰᠡᠨ ᠪᠠᠶᠢᠨ᠎ᠠ᠃ ᠠᠮᠧᠷᠢᠺᠠ ᠶᠢᠨ ᠨᠢᠭᠡᠳᠦᠭᠰᠡᠨ ᠤᠯᠤᠰ ᠍ ᠦᠨ ᠬᠠᠤᠯᠢ ᠶᠢᠨ ᠳᠡᠭᠡᠳᠦ ᠱᠠᠲᠤᠨ ᠤ ᠪᠠᠶᠢᠭᠤᠯᠤᠯᠭ᠎ᠠ ᠳᠤ ᠬᠦᠷᠦᠭᠰᠡᠨ 5 ᠳᠣᠯᠣᠭ᠎ᠠ ᠬᠣᠨᠣᠭ ᠤᠨ ᠬᠠᠤᠯᠢ ᠵᠦᠢ ᠶᠢᠨ ᠮᠠᠷᠭᠤᠭᠠᠨ ᠤ ᠡᠴᠦᠰ ᠲᠦ ᠳᠡᠭᠡᠳᠦ ᠰᠢᠭᠦᠬᠦ 5:4 ᠍ ᠦᠨ ᠬᠠᠷᠢᠴᠠᠭ᠎ᠠ ᠲᠠᠢ ᠪᠠᠷ ᠬᠦᠯᠢᠶᠡᠨ ᠵᠥᠪᠰᠢᠶᠡᠷᠡᠴᠢ ᠹᠯᠣᠷᠢᠳᠠ ᠳᠠᠬᠢ ᠳᠠᠬᠢᠨ ᠲᠣᠭᠠᠯᠠᠯᠲᠠ ᠶᠢ ᠪᠣᠯᠢᠭᠤᠯᠵᠤ ᠪᠤᠱ ᠶᠢ 537 ᠬᠦᠮᠦᠨ ᠦ ᠰᠠᠨᠠᠯ ᠢᠶᠠᠷ ᠢᠯᠠᠭᠰᠠᠨ ᠢ ᠵᠠᠷᠯᠠᠭᠰᠠᠨ ᠶᠤᠮ᠃ 12 ᠰᠠᠷ᠎ᠠ ᠶᠢᠨ 13  ᠤ ᠡᠳᠦᠷ ᠡᠨᠡ ᠰᠢᠢᠳᠪᠦᠷᠢ ᠶᠢᠨ ᠳᠠᠷᠠᠭ᠎ᠠ ᠠᠯᠠ ᠭᠣᠣᠷ ᠠᠵᠢᠯ ᠢᠶᠠᠨ ᠵᠣᠭᠰᠣᠭᠠᠵᠤ ᠪᠤᠱ ᠶᠢᠨ ᠢᠯᠠᠯᠲᠠᠨ ᠳᠤ ᠪᠠᠶᠠᠷ ᠬᠦᠷᠭᠡᠨ ᠬᠣᠶᠠᠭᠤᠯᠠ ᠣᠷᠣᠨ ᠳᠠᠶᠠᠭᠠᠷ ᠢᠶᠠᠨ ᠡᠨᠡ ᠪᠠᠭ᠎ᠠ ᠢᠯᠭᠠᠭ᠎ᠠ ᠳᠤ ᠰᠣᠩᠭᠣᠭᠤᠯᠢ ᠶᠢᠨ ᠳᠠᠷᠠᠭᠠᠬᠢ ᠮᠠᠷᠭᠤᠭᠠᠨ ᠢᠶᠠᠨ ᠣᠷᠬᠢᠬᠤ ᠶᠢ ᠤᠷᠢᠶᠠᠯᠠᠭᠰᠠᠨ ᠪᠠᠶᠢᠨ᠎ᠠ᠃ ᠪᠤᠱ ᠶᠡᠷᠦᠩᠬᠡᠶᠢᠯᠡᠭᠴᠢ ᠪᠣᠯᠤᠩᠭᠤᠲᠠ ᠪᠠᠨ ᠨᠢᠭᠡ ᠨᠠᠮ ᠤᠨ ᠤᠳᠤᠷᠢᠳᠤᠭᠴᠢ ᠪᠢᠰᠢ ᠨᠢᠭᠡᠳᠦᠮᠡᠯ ᠨᠢᠭᠡ ᠤᠯᠤᠰ ᠤᠨ ᠤᠳᠤᠷᠢᠳᠤᠭᠴᠢ ᠪᠠᠶᠢᠬᠤ ᠪᠠᠨ ᠣᠨᠴᠠᠭᠠᠶᠢᠯᠠᠨ ᠬᠡᠯᠡᠵᠡᠢ᠃

ᠠᠮᠧᠷᠢᠺᠠ ᠶᠢᠨ ᠨᠢᠭᠡᠳᠦᠭᠰᠡᠨ ᠤᠯᠤᠰ ᠤᠨ ᠶᠡᠷᠦᠩᠬᠡᠶᠢᠯᠡᠭᠴᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠢᠩᠭᠢᠭᠰᠡᠨ ᠢᠶᠡᠷ ᠲᠡᠷᠡ ᠪᠡᠷ 2001 ᠣᠨ ᠤ 1 ᠰᠠᠷ᠎ᠠ ᠶᠢᠨ 20 ᠍ ᠳᠦ ᠠᠯᠪᠠᠨ ᠲᠤᠰᠢᠶᠠᠯ ᠬᠦᠯᠢᠶᠡᠨ ᠠᠪᠴᠠᠢ᠃ ᠠᠯᠪᠠᠨ ᠲᠤᠰᠢᠶᠠᠯ ᠢᠶᠠᠨ ᠬᠦᠯᠢᠶᠡᠨ ᠠᠪᠤᠭᠰᠠᠨ ᠠᠴᠠ ᠬᠣᠶᠢᠰᠢ ᠪᠤᠱ ᠶᠢᠨ ᠤᠳᠤᠷᠢᠳᠤᠯᠭ᠎ᠠ ᠰᠤᠷᠲᠠᠯᠴᠢᠯᠠᠭᠠᠨ ᠳᠡᠭᠡᠷ᠎ᠡ ᠪᠡᠨ ᠠᠮᠠᠯᠠᠭᠰᠠᠨ ᠲᠠᠲᠠᠪᠤᠷᠢ ᠶᠢᠨ ᠬᠥᠩᠭᠡᠯᠡᠯᠲᠡ ᠪᠡᠨ ᠬᠡᠷᠡᠭᠵᠢᠭᠦᠯᠵᠦ᠂ ᠡᠳ᠋ ᠍ ᠦᠨ ᠵᠠᠰᠠᠭ ᠤᠨ ᠲᠡᠰᠦᠷᠡᠯᠲᠡ᠂ ᠲᠣᠮᠣ ᠺᠣᠷᠫᠣᠷᠠᠼᠢ ᠶᠢᠨ ᠬᠡᠮᠵᠢᠶᠡᠨ ᠦ ᠢᠯᠵᠠᠷᠠᠯ᠂ ᠬᠡᠭᠡᠯᠢ ᠬᠠᠬᠤᠤᠯᠢ ᠳᠤ ᠬᠢᠵᠠᠭᠠᠷ ᠲᠠᠯᠪᠢᠵᠤ ᠴᠢᠳᠠᠭᠰᠠᠨ ᠤᠯᠤᠰ ᠲᠥᠷᠥ ᠶᠢᠨ ᠠᠮᠵᠢᠯᠲᠠ ᠲᠠᠢ ᠪᠠᠶᠢᠨ᠎ᠠ᠃ 9 ᠰᠠᠷ᠎ᠠ ᠶᠢᠨ 11 ᠍ ᠤ ᠡᠳᠦᠷ ᠦᠨ ᠰᠦᠷᠳᠡᠭᠦᠯᠦᠭᠴᠢ ᠳᠣᠪᠲᠣᠯᠭᠠᠨ ᠤ ᠳᠠᠷᠠᠭ᠎ᠠ ᠪᠤᠱ ᠰᠦᠷᠳᠡᠭᠦᠯᠦᠭᠴᠢ  ᠶᠢᠨ ᠡᠰᠡᠷᠬᠦ ᠳᠠᠶᠢᠨ ᠵᠠᠷᠯᠠᠨ ᠠᠮᠧᠷᠢᠺᠠ ᠶᠢᠨ ᠨᠢᠭᠡᠳᠦᠭᠰᠡᠨ ᠤᠯᠤᠰ ᠤᠨ ᠭᠠᠳᠠᠭᠠᠳᠤ ᠪᠣᠳᠣᠯᠭ᠎ᠠ ᠳᠤ ᠲᠡᠦᠬᠡᠨ ᠳᠦ ᠰᠢᠢᠳᠮᠡᠭᠡᠢ ᠪᠡᠶ᠎ᠡ ᠳᠠᠭᠠᠭᠰᠠᠨ ᠠᠯᠬᠤᠮ ᠠᠯᠬᠤᠪᠠ᠃

2002 ᠣᠨ ᠳᠤ 4 ᠵᠢᠯ ᠵᠠᠪᠰᠠᠷᠯᠠᠭᠰᠠᠨ ᠤ ᠳᠠᠷᠠᠭ᠎ᠠ ᠨᠢᠭᠡᠳᠦᠭᠰᠡᠨ ᠦᠨᠳᠦᠰᠦᠨ ᠦ ᠪᠠᠶᠢᠭᠤᠯᠤᠯᠭ᠎ᠠ ᠢᠷᠠᠺ ᠳᠠᠬᠢ ᠵᠡᠪᠰᠡᠭ ᠦᠨ ᠰᠢᠯᠭᠠᠯᠲᠠ ᠪᠠᠨ ᠬᠡᠷᠪᠡ ᠰᠢᠯᠭᠠᠭᠴᠢ ᠨᠠᠷ ᠲᠤ ᠶᠠᠮᠠᠷ ᠨᠢᠭᠡᠨ ᠰᠠᠭᠠᠳ ᠤᠴᠠᠷᠠᠭᠤᠯᠪᠠᠯ ᠨᠣᠴᠢᠲᠠᠢ ᠪᠠᠷ ᠠᠪᠴᠤ ᠦᠵᠡᠬᠦ ᠪᠣᠯᠤᠨ᠎ᠠ ᠬᠡᠮᠡᠨ ᠠᠩᠬᠠᠷᠠᠭᠤᠯᠤᠨ ᠡᠬᠢᠯᠡᠵᠡᠢ᠃ ᠡᠨᠡ ᠰᠢᠢᠳᠪᠦᠷᠢ ᠭᠠᠷᠤᠭᠰᠠᠨ ᠠᠴᠠ ᠬᠣᠶᠢᠰᠢ ᠤᠳᠠᠯ ᠦᠭᠡᠢ ᠳ᠋ᠢᠫᠯᠣᠮᠠᠲ ᠤᠳ ᠬᠡᠷᠪᠡ ᠢᠷᠠᠺ ᠱᠠᠭᠠᠷᠳᠠᠯᠭ᠎ᠠ ᠶᠢ ᠪᠡᠶᠡᠯᠡᠭᠦᠯᠬᠦ ᠦᠭᠡᠢ ᠪᠣᠯ ᠬᠦᠴᠦ ᠬᠡᠷᠡᠭᠯᠡᠬᠦ ᠨᠢ ᠵᠥᠪ ᠦᠦ ᠪᠤᠷᠤᠭᠤ ᠤᠤ ᠭᠡᠳᠡᠭ ᠳᠡᠭᠡᠷ᠎ᠡ ᠮᠠᠷᠭᠤᠯᠳᠤᠵᠤ ᠡᠬᠢᠯᠡᠵᠡᠢ᠃ 2003 ᠣᠨ ᠤ 3 ᠰᠠᠷ᠎ᠠ ᠳᠤ ᠬᠡᠳᠦᠨ ᠰᠠᠷ᠎ᠠ ᠶᠢᠨ ᠮᠠᠷᠭᠤᠭᠠᠨ ᠤ ᠡᠴᠦᠰ ᠲᠦ ᠠᠮᠧᠷᠢᠺᠠ ᠶᠢᠨ ᠨᠢᠭᠡᠳᠦᠭᠰᠡᠨ ᠤᠯᠤᠰᠪᠷᠢᠲ᠋ᠠᠨ(ᠠᠩᠭᠯᠢ) ᠬᠣᠶᠠᠷ ᠨᠢᠭᠡᠳᠦᠭᠰᠡᠨ ᠦᠨᠳᠦᠰᠦᠨ ᠦ ᠪᠠᠶᠢᠭᠤᠯᠤᠯᠭ᠎ᠠ ᠤᠨ ᠠᠶᠤᠯ ᠦᠭᠡᠢ ᠶᠢᠨ ᠵᠥᠪᠯᠡᠯ ᠦᠨ ᠳᠡᠮᠵᠢᠯᠭᠡ ᠦᠭᠡᠢ ᠪᠡᠷ ᠢᠷᠠᠺ ᠲᠤ ᠳᠠᠶᠢᠨ ᠡᠬᠢᠯᠡᠵᠡᠢ᠃ 4 ᠳᠣᠯᠣᠭ᠎ᠠ ᠬᠣᠨᠣᠭ ᠤᠨ ᠳᠠᠷᠠᠭ᠎ᠠ ᠬᠣᠯᠪᠣᠭᠠᠲᠠᠨ ᠤ ᠬᠦᠴᠦᠨ ᠪᠠᠭᠳᠠᠳ᠋ ᠍ ᠢ ᠪᠥᠰᠡᠯᠡᠨ ᠡᠵᠡᠯᠡᠵᠡᠢ᠃ ᠮᠥᠨ ᠰᠠᠳ᠋ᠲᠤᠮ ᠬᠤᠰᠰᠡᠢᠨ ᠦ ᠲᠦᠷᠦᠭᠰᠡᠨ ᠬᠣᠲᠠ ᠲᠢᠺᠷᠢᠳ᠋ ᠪᠠᠭ᠎ᠠ ᠵᠡᠷᠭᠡ ᠡᠰᠡᠷᠭᠦᠴᠡᠭᠰᠡᠨ ᠦ ᠡᠴᠦᠰ ᠲᠦ ᠪᠠᠭᠤᠵᠤ ᠦᠭᠭᠦᠭᠰᠡᠨ ᠢᠶᠡᠷ ᠫᠧᠨ᠋ᠲ᠋ᠠᠭᠤᠨ ᠢᠷᠠᠺ ᠳᠠᠬᠢ ᠲᠣᠮᠣ ᠮᠥᠷᠭᠥᠯᠳᠦᠭᠡᠨ ᠨᠦᠭᠦᠳ ᠳᠠᠭᠤᠰᠤᠯ᠎ᠠ ᠭᠡᠵᠦ ᠮᠡᠳᠡᠭᠳᠡᠵᠡᠢ᠃

ᠬᠣᠶᠠᠷ ᠳ᠋ᠡᠬᠢ ᠰᠣᠩᠭᠣᠭᠤᠯᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠣᠶᠠᠷ ᠳ᠋ᠡᠬᠢ ᠤᠳᠠᠭ᠎ᠠ ᠪᠠᠨ ᠰᠣᠩᠭᠣᠭᠳᠠᠭᠰᠠᠨ ᠨᠢ

2004 ᠣᠨ ᠳᠤ ᠪᠤᠱ ᠵᠣᠩ ᠺᠧᠷᠷᠢ ᠶᠢ ᠢᠯᠡᠳᠲᠡ ᠳᠠᠪᠠᠭᠤ ᠢᠯᠠᠨ ᠳᠠᠬᠢᠨ ᠶᠡᠷᠦᠩᠬᠡᠶᠢᠯᠡᠭᠴᠢ ᠪᠡᠷ ᠰᠣᠩᠭᠣᠭᠳᠠᠭᠰᠠᠨ ᠶᠤᠮ᠃ ᠰᠣᠩᠭᠣᠭᠤᠯᠢ ᠶᠢᠨ ᠠᠵᠢᠯ ᠨᠢ ᠨᠡᠯᠢᠶᠡᠳ ᠬᠤᠷᠴᠠ ᠰᠢᠷᠦᠭᠦᠨ ᠥᠷᠢᠰᠦᠯᠳᠦᠭᠡᠨ ᠲᠡᠢ ᠪᠠᠶᠢᠭᠰᠠᠨ ᠴᠤ ᠡᠨᠡ ᠢᠯᠠᠯᠲᠠ ᠨᠢ ᠪᠤᠱ ᠶᠢᠨ 2000 ᠣᠨ ᠤ ᠢᠯᠠᠯᠲᠠ ᠠᠴᠠ ᠬᠠᠮᠢᠶ᠎ᠠ ᠦᠭᠡᠢ ᠢᠯᠡᠭᠦᠦ ᠲᠤᠤᠱᠲᠠᠢ᠂ ᠠᠮᠠᠷᠬᠠᠨ ᠢᠯᠠᠭᠰᠠᠨ ᠢᠯᠠᠯᠲᠠ ᠪᠠᠶᠢᠯ᠎ᠠ᠃

ᠮᠥᠨ ᠦᠵᠡᠬᠦ[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠠᠳᠠᠨ᠎ᠠ ᠶᠢᠨ ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠡᠮᠦᠨᠡᠬᠢ
ᠠᠨ ᠷᠢᠴᠠᠷᠳᠠᠰ
ᠲᠸᠺᠰᠰ ᠮᠤᠵᠢ ᠤᠯᠤᠰ ᠤᠨ ᠠᠮᠪᠠᠨ ᠵᠠᠬᠢᠷᠤᠭᠴᠢ
{{{on}}}
ᠳᠠᠷᠠᠭᠠᠬᠢ
ᠷᠢᠺ ᠫᠧᠷᠷᠢ
ᠡᠮᠦᠨᠡᠬᠢ
ᠪᠢᠯ ᠺᠯᠢᠨᠳᠣᠨ
ᠠᠮᠧᠷᠢᠺᠠ ᠶᠢᠨ ᠨᠢᠭᠡᠳᠦᠭᠰᠡᠨ ᠤᠯᠤᠰ ᠤᠨ ᠶᠡᠷᠦᠩᠬᠡᠶᠢᠯᠡᠭᠴᠢ
{{{on}}}
ᠳᠠᠷᠠᠭᠠᠬᠢ
ᠪᠠᠷᠠᠺ ᠣᠪᠠᠮᠠ
ᠡᠮᠦᠨᠡᠬᠢ
ᠵᠠᠺ ᠰᠢᠷᠠᠺ
ᠹᠷᠠᠨᠼᠢ
ᠶᠡᠬᠡ ᠨᠠᠶᠢᠮᠠ ᠍ ᠤᠨ ᠳᠠᠷᠤᠭ᠎ᠠ
{{{on}}}
ᠳᠠᠷᠠᠭᠠᠬᠢ
ᠲᠣᠨᠢ ᠪᠯᠡᠶᠢᠷ
ᠨᠢᠭᠡᠳᠦᠭᠰᠡᠨ ᠸᠠᠩᠲᠤ ᠤᠯᠤᠰ

ᠪᠢᠴᠢᠭᠡᠰᠦ