ᠵᠢᠷᠭᠠᠯᠠᠩᠲᠤ ᠰᠤᠮᠤ (ᠲᠥᠪ)

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠮᠣᠩᠭᠣᠯ ᠮᠣᠩᠭᠣᠯ ᠤᠯᠤᠰ ᠤᠨ
Tov.gif ᠲᠥᠪ ᠠᠶᠢᠮᠠᠭ ᠤᠨ
ᠵᠢᠷᠭᠠᠯᠠᠩᠲᠤ ᠰᠤᠮᠤ
ᠵᠢᠷᠭᠠᠯᠠᠩᠲᠤ ᠰᠤᠮᠤ ᠶᠢᠨ ᠲᠥᠪ
ᠤᠯᠠᠪᠢᠷ ᠰᠢᠷ᠎ᠠ ᠨᠢ ᠵᠠᠭᠤᠨᠠᠮ᠎ᠠ ᠳᠤ᠂ ᠶᠠᠭᠠᠨ ᠨᠢ ᠵᠢᠷᠭᠠᠯᠠᠩᠲᠤ
ᠰᠤᠮᠤ ᠶᠢᠨ 2,100 ᠺᠦᠸᠠᠳ᠋ ᠺᠢᠯᠣᠮᠧᠲ᠋ᠷ (__/27) ᠭᠠᠵᠠᠷ ᠨᠤᠲᠤᠭ ᠲᠤ
2011 ᠣᠨ ᠳᠤ 6,296 ᠬᠦᠮᠦᠨ (3/27) ᠰᠠᠭᠤᠵᠤ ᠪᠠᠶᠢᠪᠠ᠃[1]
ᠳᠣᠲᠣᠷ᠎ᠠ ᠪᠠᠨ ᠪᠤᠭᠤᠷᠤᠯ᠂ ᠥᠭᠭᠢᠶᠡᠮᠦᠷ᠂ ᠪᠠᠶᠠᠨᠪᠤᠯᠠᠭ᠂ ᠵᠠᠭᠳᠠᠯ ᠭᠡᠬᠦ ᠳᠥᠷᠪᠡᠨ ᠪᠠᠭ ᠲᠠᠢ.
____ ᠣᠨ ᠳᠤ ᠡᠭᠦᠰᠦᠨ ᠪᠠᠶᠢᠭᠤᠯᠤᠭᠳᠠᠭᠰᠠᠨ
ᠡᠷᠭᠢᠨ ᠲᠣᠭᠣᠷᠢᠨ ᠳᠤ ᠪᠠᠨ ᠲᠥᠪ ᠠᠶᠢᠮᠠᠭ ᠤᠨ ᠪᠣᠷᠣᠨᠠᠭᠤᠷᠪᠠᠶᠠᠨᠴᠣᠭᠲᠤᠤᠭᠲᠤᠭᠠᠯᠴᠠᠶᠢᠳᠠᠮᠴᠡᠭᠡᠯᠰᠦᠮᠪᠦᠷ᠂ ᠰᠡᠯᠡᠩᠭᠡ ᠠᠶᠢᠮᠠᠭ ᠤᠨ ᠣᠷᠬᠣᠨᠲᠠᠭᠤᠯᠣᠷᠬᠣᠨᠪᠠᠶᠠᠨᠭᠣᠣᠯ ᠭᠡᠰᠡᠨ ᠨᠠᠶᠢᠮᠠᠨ ᠰᠤᠮᠤ ᠪᠠᠷ ᠬᠦᠷᠢᠶᠡᠯᠡᠭᠳᠡᠳᠡᠭ᠃
ᠵᠢᠷᠭᠠᠯᠠᠩᠲᠤ ᠰᠤᠮᠤ ᠬᠣᠯᠪᠣᠭᠠᠰᠤ ᠶᠢ ᠳᠠᠷᠤᠵᠤ ᠠᠳᠠᠯᠢ ᠨᠡᠷᠡᠲᠦ ᠵᠦᠢᠯᠡᠰ ᠡᠴᠡ ᠢᠯᠭᠠᠨ ᠲᠠᠨᠢᠭᠠᠷᠠᠢ᠃
ᠵᠢᠷᠭᠠᠯᠠᠩᠲᠤ (ᠬᠤᠳᠤᠮ ᠮᠣᠩᠭᠣᠯ ᠢᠶᠠᠷ
ᠵᠢᠵᠢᠭ ᠵᠢᠷᠤᠭ ᠢ ᠡᠭᠦᠰᠭᠡᠬᠦ ᠳ᠋ᠦ ᠠᠯᠳᠠᠭ᠎ᠠ ᠭᠠᠷᠤᠯ᠎ᠠ: Unable to save thumbnail to destination
ᠵᠡᠷᠭᠡᠯᠭᠡᠨᠲᠤ) ᠨᠢ ᠲᠥᠪ ᠠᠶᠢᠮᠠᠭ ᠤᠨ ᠰᠤᠮᠤ ᠶᠤᠮ᠃ ᠮᠣᠩᠭᠣᠯ ᠤᠯᠤᠰ ᠍ ᠍ ᠤᠨ ᠨᠡᠶᠢᠰᠯᠡᠯ ᠤᠯᠠᠭᠠᠨᠪᠠᠭᠠᠲᠤᠷ ᠬᠣᠲᠠ ᠠᠴᠠ 135 ᠺᠢᠯᠣᠮᠧᠲ᠋ᠷ ᠵᠠᠶᠢᠲᠠᠢ ᠣᠷᠣᠰᠢᠳᠠᠭ᠃

ᠲᠡᠦᠬᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠵᠢᠷᠭᠠᠯᠠᠩᠲᠤ ᠰᠤᠮᠤ ᠶᠢᠨ ᠨᠤᠲᠤᠭ ᠨᠢ ᠲᠦᠰᠢᠶᠡᠲᠦ ᠬᠠᠨ ᠠᠶᠢᠮᠠᠭ ᠤᠨ ᠪᠠᠭᠠᠲᠤᠷ ᠸᠠᠩ ᠤᠨ ᠬᠣᠰᠢᠭᠤᠨ ᠳᠤ ᠬᠠᠷᠢᠶᠠᠯᠠᠭᠳᠠᠵᠤ ᠪᠠᠶᠢᠭᠰᠠᠨ᠃ ᠬᠣᠵᠢᠮ 1927 ᠣᠨ ᠳᠤ ᠰᠠᠩ ᠤᠨ ᠲᠠᠷᠢᠶᠠᠯᠠᠩ ᠨᠡᠷ᠎ᠡ ᠲᠡᠢ ᠪᠡᠷ ᠠᠩᠬ᠎ᠠ ᠪᠠᠶᠢᠭᠤᠯᠤᠭᠳᠠᠨ ᠤᠯᠠᠮ ᠢᠶᠠᠷ ᠪᠠᠶᠠᠨ-ᠥᠯᠵᠡᠶᠢᠲᠦ ᠰᠤᠮᠤ ᠭᠡᠵᠦ ᠶᠠᠪᠤᠭᠠᠳ᠂ 1957 ᠣᠨ ᠳᠤ ᠪᠦᠭᠦᠳᠡ ᠨᠠᠶᠢᠷᠠᠮᠳᠠᠬᠤ ᠮᠣᠩᠭᠣᠯ ᠠᠷᠠᠳ ᠤᠯᠤᠰ ᠍ ᠍ ᠤᠨ ᠰᠠᠶᠢᠳ ᠨᠠᠷ ᠤᠨ ᠵᠥᠪᠯᠡᠯ ᠦᠨ ᠲᠣᠭᠲᠠᠭᠠᠯ ᠢᠶᠠᠷ ᠵᠢᠷᠭᠠᠯᠠᠩᠲᠤ ᠰᠤᠮᠤ ᠪᠣᠯᠤᠨ ᠪᠠᠶᠢᠭᠤᠯᠤᠭᠳᠠᠭᠰᠠᠨ᠃

ᠭᠠᠵᠠᠷ ᠵᠦᠢ[ᠵᠠᠰᠠᠪᠤᠷᠢᠯᠠᠬᠤ | ᠺᠣᠳ᠋ ᠢᠶᠠᠷ ᠵᠠᠰᠠᠬᠣ]

《ᠵᠢᠷᠭᠠᠯᠠᠩᠲᠤ》 ᠨᠠᠭᠤᠷ
ᠵᠢᠷᠭᠠᠯᠠᠩᠲᠤ ᠰᠤᠮᠤ ᠶᠢᠨ 12 ᠵᠢᠯ ᠦᠨ ᠪᠦᠷᠢᠨ ᠳᠤᠮᠳᠠ ᠰᠤᠷᠭᠠᠭᠤᠯᠢ
ᠵᠢᠷᠭᠠᠯᠠᠩᠲᠤ ᠰᠤᠮᠤ ᠶᠢᠨ ᠰᠠᠨᠰᠠᠷ ᠤᠨ ᠵᠢᠷᠤᠭ

ᠵᠠᠰᠠᠭ ᠵᠠᠬᠢᠷᠭᠠᠨ ᠤ ᠠᠩᠬᠠᠨ ᠱᠠᠲᠤᠨ ᠤ ᠨᠢᠭᠡᠴᠡ 4 ᠪᠠᠭ ᠲᠠᠢ᠃ 186800 ᠭᠠ ᠨᠤᠲᠤᠭ ᠳᠡᠪᠢᠰᠬᠡᠷ ᠲᠡᠢ᠃ ᠡᠭᠦᠨ ᠡᠴᠡ: 99000 ᠭᠠ ᠲᠠᠯᠠᠪᠠᠢ ᠨᠢ ᠪᠡᠯᠴᠢᠭᠡᠷ᠂ 38000 ᠭᠠ ᠲᠠᠷᠢᠶᠠᠯᠠᠩ ᠤᠨ ᠲᠠᠯᠠᠪᠠᠢ ᠲᠠᠢ᠂ 33800 ᠭᠠ ᠲᠠᠯᠠᠪᠠᠢ ᠨᠢ ᠨᠠᠷᠠᠰᠤᠨ ᠣᠢ ᠶᠢᠨ ᠵᠣᠩᠬᠢᠯᠠᠭᠰᠠᠨ ᠣᠢ ᠶᠢᠨ ᠰᠠᠨ ᠪᠦᠬᠦᠢ ᠭᠠᠵᠠᠷ ᠲᠠᠢ᠃ ᠰᠤᠮᠤ ᠶᠢᠨ ᠨᠤᠲᠤᠭ ᠳᠡᠪᠢᠰᠬᠡᠷ ᠳᠠᠯᠠᠢ ᠶᠢᠨ ᠲᠦᠪᠰᠢᠨ ᠡᠴᠡ ᠳᠡᠭᠡᠭᠰᠢ 950-1050 ᠮᠧᠲ᠋ᠷ ᠲᠦ ᠡᠷᠭᠦᠭᠳᠡᠭᠰᠡᠨ᠂ ᠵᠢᠯ ᠳᠤ ᠳᠤᠮᠳᠠᠴᠢ ᠪᠠᠷ 200-250 ᠮᠢᠯᠯᠢᠮᠧᠲ᠋ᠷ ᠲᠤᠨᠳᠠᠰᠤ ᠤᠨᠠᠳᠠᠭ ᠣᠢ᠂ ᠬᠡᠭᠡᠷ᠎ᠡ ᠬᠣᠣᠰᠯᠠᠭᠰᠠᠨ ᠪᠠᠶᠢᠭᠠᠯᠢ ᠶᠢᠨ ᠪᠦᠲᠦᠴᠡ ᠲᠡᠢ᠃

ᠬᠦᠮᠦᠨ ᠠᠮᠠ[ᠵᠠᠰᠠᠪᠤᠷᠢᠯᠠᠬᠤ | ᠺᠣᠳ᠋ ᠢᠶᠠᠷ ᠵᠠᠰᠠᠬᠣ]

2008 ᠣᠨ ᠤ ᠵᠢᠯ ᠦᠨ ᠡᠴᠦᠰ ᠦᠨ ᠬᠦᠮᠦᠨ ᠠᠮᠠ ᠶᠢᠨ ᠲᠣᠭ᠎ᠠ ᠪᠠᠷ 5981 ᠬᠦᠮᠦᠨ᠂ 1676 ᠡᠷᠦᠬᠡ ᠲᠣᠭᠠᠯᠠᠭᠳᠠᠭᠰᠠᠨ᠃ ᠡᠭᠦᠨ ᠡᠴᠡ ᠬᠦᠢᠰ ᠦᠨ ᠬᠤᠪᠢ ᠳᠤ 3043 ᠡᠷᠡᠭᠲᠡᠢ᠂ 2938 ᠡᠮᠡᠭᠲᠡᠢ᠃

ᠡᠳ᠋ ᠍ ᠍ ᠦᠨ ᠵᠠᠰᠠᠭ[ᠵᠠᠰᠠᠪᠤᠷᠢᠯᠠᠬᠤ | ᠺᠣᠳ᠋ ᠢᠶᠠᠷ ᠵᠠᠰᠠᠬᠣ]

ᠳᠡᠳ᠋ ᠪᠦᠲᠦᠴᠡ ᠰᠠᠶᠢᠨ ᠬᠥᠭᠵᠢᠭᠰᠡᠨ᠂ ᠮᠣᠩᠭᠣᠯ ᠤᠯᠤᠰ ᠤᠨ ᠪᠣᠰᠤᠭ᠎ᠠ ᠲᠡᠩᠬᠡᠯᠢᠭ ᠦᠨ ᠳᠠᠭᠠᠭᠤᠬᠢ ᠲᠥᠪ ᠵᠠᠰᠠᠮᠠᠯ ᠵᠠᠮ ᠳᠠᠭᠠᠷᠢᠨ ᠥᠩᠭᠡᠷᠡᠳᠡᠭ᠃ ᠰᠤᠮᠤ ᠶᠢᠨ ᠲᠥᠰᠥᠪ ᠲᠦ ᠪᠠᠶᠢᠭᠤᠯᠤᠯᠭ᠎ᠠ ᠨᠤᠭᠤᠳ ᠪᠣᠯᠬᠤ ЗДТГ, ᠰᠤᠮᠤ ᠶᠢᠨ ᠬᠦᠮᠦᠨ ᠡᠮᠨᠡᠯᠭᠡ᠂ ᠰᠤᠶᠤᠯ ᠤᠨ ᠲᠥᠪ᠂ ᠶᠡᠷᠦᠩᠬᠡᠢ ᠪᠣᠯᠪᠠᠰᠤᠷᠠᠯ ᠤᠨ 11 ᠵᠢᠯ ᠦᠨ ᠪᠦᠷᠢᠨ ᠳᠤᠮᠳᠠ ᠰᠤᠷᠭᠠᠭᠤᠯᠢ᠂ 2 ᠪᠠᠭ᠎ᠠ ᠰᠤᠷᠭᠠᠭᠤᠯᠢ᠂ ᠬᠡᠦᠬᠡᠳ ᠦᠨ 4 ᠴᠡᠴᠡᠷᠯᠢᠭ ᠦᠢᠯᠡ ᠠᠵᠢᠯᠯᠠᠭ᠎ᠠ ᠶᠠᠪᠤᠭᠤᠯᠵᠤ ᠪᠠᠶᠢᠨ᠎ᠠ᠃

2008 ᠣᠨ ᠤ ᠵᠢᠯ ᠦᠨ ᠡᠴᠦᠰ ᠦᠨ ᠮᠠᠯ ᠤᠨ ᠲᠣᠭᠠᠯᠠᠯᠭ᠎ᠠ ᠪᠠᠷ ᠰᠤᠮᠤ ᠶᠢᠨ ᠬᠡᠮᠵᠢᠶᠡᠨ ᠳᠦ ᠨᠡᠶᠢᠲᠡ 128836 ᠲᠣᠯᠣᠭᠠᠢ ᠮᠠᠯ ᠲᠣᠭᠠᠯᠠᠭᠳᠠᠭᠰᠠᠨ ᠠᠴᠠ ᠲᠡᠮᠡᠭᠡ-89, ᠠᠳᠤᠭᠤ-6015, ᠦᠬᠡᠷ-8217, ᠬᠣᠨᠢ-63377, ᠢᠮᠠᠭ᠎ᠠ-51138 ᠲᠤᠰ ᠲᠣᠭᠠᠯᠠᠭᠳᠠᠭᠰᠠᠨ ᠪᠠᠶᠢᠨ᠎ᠠ᠃ ᠰᠤᠮᠤ ᠶᠢᠨ ᠨᠡᠶᠢᠲᠡ ᠡᠷᠦᠬᠡ ᠶᠢᠨ 15.7% ᠪᠤᠶᠤ 264 ᠮᠠᠯᠴᠢᠨ ᠡᠷᠦᠬᠡ ᠲᠡᠢ᠃ ᠵᠢᠯ ᠳᠤ ᠳᠤᠮᠳᠠᠴᠢ ᠪᠠᠷ 35-40 ᠮᠢᠩᠭᠠᠨ ᠲᠥᠯ ᠪᠣᠶᠢᠵᠢᠭᠤᠯᠠᠨ ᠠᠪᠴᠤ ᠪᠠᠶᠢᠨ᠎ᠠ᠃


ᠣᠳᠣ ᠪᠠᠷ ᠭᠠᠵᠠᠷ ᠲᠠᠷᠢᠶᠠᠯᠠᠩ᠂ ᠮᠠᠯ ᠠᠵᠤ ᠠᠬᠤᠢ᠂ ᠠᠭᠤᠯᠠ ᠠᠭᠤᠷᠬᠠᠢ᠂ ᠠᠶᠠᠯᠠᠯ ᠵᠢᠭᠤᠯᠴᠢᠯᠠᠯ ᠤᠨ ᠴᠢᠭᠯᠡᠯ ᠢᠶᠡᠷ 98 ᠠᠵᠤ ᠠᠬᠤᠢ ᠶᠢᠨ ᠨᠢᠭᠡᠴᠡ ᠦᠢᠯᠡ ᠠᠵᠢᠯᠯᠠᠭ᠎ᠠ ᠶᠢ ᠪᠠᠨ ᠶᠠᠪᠤᠭᠤᠯᠵᠤ ᠪᠠᠶᠢᠨ᠎ᠠ᠃ 2009 ᠣᠨ ᠳᠤ ᠰᠤᠮᠤ ᠶᠢᠨ ᠬᠡᠮᠵᠢᠶᠡᠨ ᠳᠦ ᠨᠡᠶᠢᠲᠡ 10025 ᠭᠠ ᠲᠠᠯᠠᠪᠠᠢ ᠳᠤ ᠦᠷ᠎ᠡ ᠲᠠᠷᠢᠶ᠎ᠠ᠂ 1254 ᠭᠠ ᠳᠦ ᠲᠥᠮᠥᠰᠥ᠂ 35 ᠭᠠ ᠳᠦ ᠬᠦᠨᠡᠰᠦᠨ ᠦ ᠨᠣᠭᠣᠭ᠎ᠠ ᠲᠠᠷᠢᠶᠠᠯᠠᠭᠠᠳ ᠪᠠᠶᠢᠨ᠎ᠠ᠃ ᠭᠠᠵᠠᠷ ᠲᠠᠷᠢᠶᠠᠯᠠᠩ ᠤᠨ ᠦᠢᠯᠡᠳᠪᠦᠷᠢᠯᠡᠯ ᠦᠨ ᠠᠷᠪᠢᠨ ᠶᠡᠬᠡ ᠲᠤᠷᠰᠢᠯᠭ᠎ᠠ ᠲᠠᠢ ᠪᠦᠲᠦᠭᠡᠯᠴᠢ ᠬᠥᠳᠡᠯᠮᠦᠷᠢᠴᠢ ᠠᠷᠠᠳ ᠲᠦᠮᠡᠨ ᠦ ᠳᠤᠮᠳᠠ ᠠᠴᠠ 14 ᠬᠥᠳᠡᠯᠮᠦᠷᠢ ᠶᠢᠨ ᠪᠠᠭᠠᠲᠤᠷ᠂ 6 ᠭᠠᠪᠢᠶᠠᠲᠤ ᠲᠥᠷᠥᠨ ᠭᠠᠷᠴᠠᠢ᠃

ᠡᠰᠢ ᠪᠠᠷᠢᠮᠲᠠ[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠠᠳᠠᠨ᠎ᠠ ᠶᠢᠨ ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠠᠯᠪᠠᠨ ᠶᠣᠰᠣᠨ ᠤ ᠰᠠᠶᠢᠲᠤ

ᠪᠢᠴᠢᠭᠡᠰᠦ