ᠵᠢᠷᠭᠠᠯᠠᠩᠲᠤ ᠰᠤᠮᠤ (ᠪᠠᠶᠠᠨᠬᠣᠩᠭᠣᠷ)

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
«ᠵᠢᠷᠭᠠᠯᠠᠩᠲᠤ ᠰᠤᠮᠤ» ᠦᠭᠡ ᠪᠡᠷ ᠡᠨᠳᠡ ᠬᠣᠯᠪᠣᠭᠳᠠᠯ᠎ᠠ᠃ ᠥᠭᠡᠷ᠎ᠡ ᠵᠦᠢᠯ ᠦᠨ ᠬᠠᠭᠤᠳᠠᠰᠤ ᠶᠢ «ᠵᠢᠷᠭᠠᠯᠠᠩᠲᠤ ᠰᠤᠮᠤ (ᠰᠠᠯᠠᠭ᠎ᠠ ᠤᠳᠬ᠎ᠠ)» ᠍ ᠠᠴᠠ ᠣᠯᠵᠤ ᠪᠣᠯᠤᠨ᠎ᠠ᠃
ᠵᠢᠷᠭᠠᠯᠠᠩᠲᠤ ᠰᠤᠮᠤ
ᠵᠢᠷᠭᠠᠯᠠᠩᠲᠣ ᠰᠤᠮᠤ
ᠰᠤᠮᠤ
ᠡᠵᠡᠨ ᠤᠯᠤᠰ ᠮᠣᠩᠭᠣᠯ ᠮᠣᠩᠭᠣᠯ (ᠮᠣᠩᠭᠣᠯ ᠤᠯᠤᠰ)
ᠳᠡᠭᠡᠳᠦ ᠠᠶᠢᠮᠠᠭ ᠪᠠᠶᠠᠨᠬᠣᠩᠭᠣᠷ
ᠳᠣᠲᠣᠭᠠᠳᠤ ᠪᠠᠭ (‌4) 1. ᠨᠠᠮᠲᠣᠯᠣᠭᠠᠢ
2. ᠥᠯᠵᠡᠶᠢᠲᠦ-ᠥᠨᠳᠥᠷ
3. ᠬᠥᠨᠳᠡᠯᠡᠨ ᠪᠤᠯᠠᠭ
4. ᠡᠮᠡᠭᠡᠯ ᠲᠣᠯᠣᠭᠠᠢ
ᠭᠠᠵᠠᠷ ᠨᠤᠲᠤᠭ 4175 ᠺᠦᠸᠠᠳ᠋ ᠺᠢᠯᠣᠮᠧᠲ᠋ᠷ
ᠬᠦᠮᠦᠨ ᠠᠮᠠ (2012) 2,884 ᠬᠦᠮᠦᠨ
ᠰᠢᠤᠳᠠᠨ ᠳᠤᠭᠠᠷ 64180
ᠬᠠᠶᠠᠭ᠎ᠠ ᠵᠠᠯᠭᠠᠭ᠎ᠠ
ᠭᠠᠵᠠᠷ᠂ ᠨᠤᠲᠤᠭ
ᠬᠠᠩᠭᠠᠢ᠂ ↗ ᠴᠢᠯᠠᠭᠤᠲᠤ
ᠭᠤᠷᠪᠠᠨᠪᠤᠯᠠᠭ
ᠵᠠᠭ᠂ ↘ ᠭᠠᠯᠠᠭᠤ ᠳᠤ
ᠵᠢᠷᠭᠠᠯᠠᠩᠲᠤ (
ᠵᠢᠵᠢᠭ ᠵᠢᠷᠤᠭ ᠢ ᠡᠭᠦᠰᠭᠡᠬᠦ ᠳ᠋ᠦ ᠠᠯᠳᠠᠭ᠎ᠠ ᠭᠠᠷᠤᠯ᠎ᠠ: Unable to save thumbnail to destination
) ᠨᠢ ᠪᠠᠶᠠᠨᠬᠣᠩᠭᠣᠷ ᠠᠶᠢᠮᠠᠭ ᠤᠨ ᠰᠤᠮᠤ ᠶᠤᠮ᠃ ᠵᠢᠷᠭᠠᠯᠠᠩᠲᠤ ᠨᠢ 1940 ᠣᠨ ᠳᠤ ᠵᠠᠭ ᠰᠤᠮᠤᠠ ᠠᠴᠠ ᠰᠠᠯᠵᠤ ᠪᠠᠶᠢᠳᠠᠷ ᠶᠢᠨ ᠦᠷᠡᠵᠢᠯ ᠦᠨ ᠰᠠᠩ ᠤᠨ ᠠᠵᠤ ᠠᠬᠤᠢ ᠶᠢ ᠲᠦᠰᠢᠭᠯᠡᠨ ᠪᠠᠶᠢᠭᠤᠯᠤᠭᠳᠠᠵᠠᠢ᠃ ᠪᠠᠶᠢᠳᠠᠷᠠᠭ ᠦᠷᠡᠵᠢᠯ ᠦᠨ ᠰᠠᠩ ᠤᠨ ᠠᠵᠤ ᠠᠬᠤᠢ ᠨᠢ ᠨᠠᠷᠢᠨ᠂ ᠨᠠᠷᠢᠪᠲᠤᠷ ᠨᠣᠣᠰᠣᠨ ᠤ ᠴᠢᠭᠯᠡᠯ ᠦᠨ ᠬᠣᠨᠢᠨ ᠰᠦᠷᠦᠭ ᠦᠨ ᠪᠦᠲᠦᠴᠡ ᠶᠢ ᠰᠢᠨ᠎ᠡ ᠪᠡᠷ ᠪᠤᠢ ᠪᠣᠯᠭᠠᠵᠤ ᠲᠡᠭᠦᠨ ᠢ ᠪᠡᠨ 《ᠴᠢᠮ᠎ᠠ ᠪᠠᠷ》 (ᠪᠠᠶᠢᠳᠠᠷᠠᠭ) ᠡᠭᠦᠯᠳᠡᠷ ᠦᠨ ᠬᠣᠨᠢ ᠭᠡᠵᠦ ᠨᠡᠷᠡᠯᠡᠭᠰᠡᠨ᠃ ᠡᠨᠡᠬᠦ ᠰᠠᠩ ᠤᠨ ᠠᠵᠤ ᠠᠬᠤᠢ ᠨᠢ ᠲᠤᠬᠠᠢ ᠶᠢᠨ ᠦᠶᠡᠳᠡᠭᠡ 《ᠡᠷᠳᠡᠨᠢᠲᠦ ᠬᠡᠪᠢᠰ》 ᠺᠣᠮᠫᠠᠨᠢ ᠳᠤ ᠨᠣᠣᠰᠣ ᠪᠠᠨ ᠨᠡᠶᠢᠯᠡᠭᠦᠯᠳᠡᠭ ᠪᠠᠶᠢᠭᠰᠠᠨ ᠪᠠ ᠡᠷᠳᠡᠨᠢᠲᠦ ᠬᠡᠪᠢᠰᠦᠨ ᠦ ᠦᠨᠳᠦᠰᠦᠨ ᠲᠦᠭᠦᠬᠡᠢ ᠡᠳ᠋ ᠨᠢ ᠮᠥᠨᠥᠬᠢ ᠨᠠᠷᠢᠨ ᠨᠠᠷᠢᠪᠲᠤᠷ ᠤᠷᠲᠤ ᠨᠣᠣᠰᠣ ᠶᠤᠮ᠃ ᠵᠢᠷᠭᠠᠯᠠᠩᠲᠤ ᠰᠤᠮᠤ ᠨᠢ ᠪᠠᠶᠢᠳᠠᠷ ᠶᠢᠨ ᠰᠠᠩ ᠤᠨ ᠠᠵᠤ ᠠᠬᠤᠢ ᠶᠢ ᠲᠦᠰᠢᠭᠯᠡᠨ ᠪᠠᠶᠢᠭᠤᠯᠤᠭᠳᠠᠭᠰᠠᠨ ᠪᠣᠯᠬᠣᠷ ᠨᠡᠶᠢᠲᠡ ᠮᠣᠩᠭᠣᠯᠴᠤᠳ ᠵᠢᠷᠭᠠᠯᠠᠩᠲᠤ ᠭᠡᠬᠦ ᠡᠴᠡ ᠪᠡᠨ ᠢᠯᠡᠭᠦᠦ ᠲᠡᠢ ᠪᠡᠷ ᠪᠠᠶᠢᠳᠠᠷᠠᠭ ᠭᠡᠵᠦ ᠨᠡᠷᠡᠶᠢᠳᠬᠦ ᠪᠣᠯᠵᠠᠢ᠃ ᠵᠢᠷᠭᠠᠯᠠᠩᠲᠤ ᠰᠤᠮᠤ ᠨᠢ ᠳᠥᠷᠪᠡᠨ ᠪᠠᠭ ᠲᠠᠢ᠃ 2008 ᠣᠨ ᠤ ᠵᠢᠯ ᠦᠨ ᠡᠴᠦᠰ ᠦᠨ ᠬᠦᠮᠦᠨ ᠠᠮᠠ ᠶᠢᠨ ᠪᠣᠯᠤᠨ ᠮᠠᠯ ᠤᠨ ᠲᠣᠭᠠᠯᠠᠯᠭ᠎ᠠ ᠪᠠᠷ 3009 ᠬᠦᠮᠦᠨ᠂ 110 ᠭᠠᠷᠤᠢ ᠮᠢᠩᠭᠠᠨ ᠲᠣᠯᠣᠭᠠᠢ ᠮᠠᠯ ᠪᠦᠷᠢᠳᠬᠡᠭᠳᠡᠭᠰᠡᠨ᠃

ᠵᠢᠷᠭᠠᠯᠠᠩᠲᠤ ᠰᠤᠮᠤ ᠨᠢ ᠠᠶᠢᠮᠠᠭ ᠤᠨ ᠢᠶᠠᠨ ᠬᠠᠮᠤᠭ ᠤᠨ ᠬᠣᠢ ᠳᠤ ᠲᠠᠯ᠎ᠠ ᠶᠢᠨ ᠰᠤᠮᠤ ᠪᠥᠭᠡᠳ ᠥᠪᠡᠷ ᠦᠨ ᠠᠶᠢᠮᠠᠭ ᠤᠨ ᠢᠶᠠᠨ ᠭᠠᠯᠠᠭᠤ ᠳᠤᠵᠠᠭ ᠰᠤᠮᠤ ᠳᠤ ᠪᠣᠯᠤᠨ ᠠᠷᠤᠬᠠᠩᠭᠠᠢ ᠠᠶᠢᠮᠠᠭ ᠤᠨ ᠴᠢᠯᠠᠭᠤᠲᠤᠬᠠᠩᠭᠠᠢ ᠰᠤᠮᠤ ᠳᠤ ᠲᠠᠢ ᠬᠢᠯᠢᠯᠡᠳᠡᠭ᠃ ᠲᠤᠰ ᠰᠤᠮᠤ ᠨᠢ ᠪᠠᠶᠠᠨᠬᠣᠩᠭᠣᠷ ᠠᠶᠢᠮᠠᠭ ᠤᠨ ᠬᠠᠩᠭᠠᠢ ᠶᠢᠨ ᠪᠥᠰᠡ ᠶᠢᠨ ᠰᠤᠮᠤᠳ ᠤᠨ ᠲᠥᠪ ᠨᠢ ᠪᠥᠭᠡᠳ ᠰᠤᠮᠤ ᠳᠤᠮᠳᠠ ᠶᠢᠨ ᠡᠮᠨᠡᠯᠭᠡ᠂ ᠮᠣᠩᠭᠣᠯ ᠤᠯᠤᠰ ᠤᠨ ᠰᠤᠶᠤᠯ ᠤᠨ ᠭᠠᠪᠢᠶᠠᠲᠤ ᠵᠢᠳᠬᠦᠯᠲᠡᠨ ᠴ᠃ᠨᠠᠮᠰᠠᠷᠠᠢ ᠶᠢᠨ ᠨᠡᠷᠡᠮᠵᠢᠲᠦ ᠠᠷᠪᠠᠨ ᠨᠢᠭᠡᠨ ᠵᠢᠯ ᠦᠨ ᠰᠤᠷᠭᠠᠯᠲᠠ ᠲᠠᠢ ᠰᠤᠷᠭᠠᠭᠤᠯᠢ᠂ ᠡᠷᠴᠢᠮ ᠬᠦᠴᠦᠨ ᠦ ᠪᠠᠶᠢᠭᠤᠯᠤᠯᠭ᠎ᠠ ᠲᠠᠢ᠃ 2008 ᠣᠨ ᠳᠤ ᠵᠢᠷᠭᠠᠯᠠᠩᠲᠤ ᠰᠤᠮᠤ ᠬᠥᠳᠡᠯᠭᠡᠭᠡᠨ ᠳᠦ ᠡᠭᠦᠷ ᠦᠨ ᠬᠣᠯᠪᠣᠭ᠎ᠠ ᠲᠠᠢ ᠪᠣᠯᠤᠭᠰᠠᠨ᠃ 2009 ᠣᠨ ᠳᠤ ᠲᠥᠪ ᠦᠨ ᠡᠷᠴᠢᠮ ᠬᠦᠴᠦᠨ ᠦ ᠱᠤᠭᠤᠮ ᠳᠤ ᠬᠣᠯᠪᠣᠭᠳᠠᠵᠤ᠂ ᠪᠠᠶᠢᠩᠭᠤ ᠶᠢᠨ ᠡᠷᠴᠢᠮ ᠬᠦᠴᠦ ᠪᠡᠷ ᠬᠠᠩᠭᠠᠭᠳᠠᠭᠰᠠᠨ᠃

ᠬᠦᠮᠦᠰ[ᠵᠠᠰᠠᠪᠤᠷᠢᠯᠠᠬᠤ | ᠺᠣᠳ᠋ ᠢᠶᠠᠷ ᠵᠠᠰᠠᠬᠣ]

  • ᠪ᠃ᠪᠣᠷᠳᠣᠬ - ᠦᠨᠳᠦᠰᠦᠨ ᠦ ᠪᠥᠬᠡ ᠶᠢᠨ ᠤᠯᠤᠰ ᠤᠨ ᠨᠠᠴᠢᠨ
  • ᠴ᠃ᠮᠠᠭᠸᠠᠩᠷᠢᠨᠴᠢᠨ - ᠦᠨᠳᠦᠰᠦᠨ ᠦ ᠪᠥᠬᠡ ᠶᠢᠨ ᠠᠶᠢᠮᠠᠭ ᠤᠨ ᠵᠠᠭᠠᠨ
  • [ᠳ᠋ᠠᠭᠪᠠ ᠶᠢᠨ ᠰᠠᠶᠢᠨᠪᠢᠯᠢᠭ |ᠳ᠃ᠰᠠᠶᠢᠨᠪᠢᠯᠢᠭ]] - ᠦᠨᠳᠦᠰᠦᠨ ᠦ ᠪᠥᠬᠡ ᠶᠢᠨ ᠠᠶᠢᠮᠠᠭ ᠤᠨ ᠵᠠᠭᠠᠨ

ᠪᠢᠴᠢᠭᠡᠰᠦ