ᠵᠢᠩᠭᠠᠷ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ

ᠵᠢᠩᠭᠠᠷ (ᠬᠠᠯᠢᠮᠠᠭ: Җᠠңhᠷ) ᠪᠣᠯ 15 ᠍ ᠳᠦᠭᠡᠷ ᠵᠠᠭᠤᠨ ᠤ ᠦᠶ᠎ᠡ ᠳᠦ ᠣᠶᠢᠷᠠᠳ ᠲᠦᠮᠡᠨ ᠦ ᠳᠤᠮᠳᠠ ᠵᠣᠬᠢᠶᠠᠭᠳᠠᠵᠤ᠂ ᠨᠡᠶᠢᠲᠡ ᠮᠣᠩᠭᠣᠯᠴᠤᠳ ᠍ ᠤᠨ ᠳᠤᠮᠳᠠ ᠲᠠᠷᠬᠠᠭᠰᠠᠨ ᠠᠷᠠᠳ ᠤᠨ ᠠᠮᠠᠨ ᠵᠣᠬᠢᠶᠠᠯ ᠤᠨ ᠨᠢᠭᠡ ᠲᠥᠷᠥᠯ ᠪᠣᠯᠬᠤ ᠪᠠᠭᠠᠲᠤᠷᠯᠢᠭ ᠤᠨ ᠲᠤᠤᠯᠢ ᠶᠤᠮ᠃ ᠭᠡᠰᠡᠷᠮᠣᠩᠭᠣᠯ ᠤᠨ ᠨᠢᠭᠤᠴᠠ ᠲᠣᠪᠴᠢᠶ᠎ᠠ ᠵᠣᠬᠢᠶᠠᠯ ᠤᠳ ᠤᠨ ᠬᠠᠮᠲᠤ ᠮᠣᠩᠭᠣᠯᠴᠤᠳ ᠤᠨ ᠡᠷᠲᠡᠨ ᠦ ᠤᠳᠬ᠎ᠠ ᠵᠣᠬᠢᠶᠠᠯ ᠤᠨ ᠭᠤᠷᠪᠠᠨ ᠣᠷᠭᠢᠯ ᠭᠡᠭᠳᠡᠳᠡᠭ᠃

fdsgsd

ᠵᠢᠩᠭᠠᠷ ᠰᠤᠳᠤᠯᠤᠯ[ᠵᠠᠰᠠᠪᠤᠷᠢᠯᠠᠬᠤ | ᠺᠣᠳ᠋ ᠢᠶᠠᠷ ᠵᠠᠰᠠᠬᠣ]

1924 ᠣᠨ ᠠᠴᠠ ᠣᠷᠣᠰ ᠤᠨ ᠪ᠃ᠶᠠ᠃ᠸᠯᠠᠳᠢᠮᠢᠷᠼᠣᠸ ᠲᠡᠷᠢᠭᠦᠲᠡᠢ ᠡᠷᠳᠡᠮᠲᠡᠳ ᠮᠣᠩᠭᠣᠯ ᠤᠨ ᠠᠷᠠᠳ ᠤᠨ ᠠᠮᠠᠨ ᠵᠣᠬᠢᠶᠠᠯ ᠍ ᠤᠨ ᠨᠢᠭᠡᠨ ᠲᠥᠷᠥᠯ ᠪᠣᠯᠬᠤ ᠲᠤᠤᠯᠢ ᠨᠤᠭᠤᠳ ᠢ ᠰᠤᠳᠤᠯᠵᠤ᠂ ᠪᠢᠴᠢᠵᠦ ᠲᠡᠮᠳᠡᠭᠯᠡᠬᠦ ᠰᠤᠳᠤᠯᠭᠠᠨ ᠤ ᠠᠵᠢᠯ ᠢ ᠡᠬᠢᠯᠡᠭᠦᠯᠦᠭᠰᠡᠨ ᠪᠥᠭᠡᠳ ᠮᠣᠩᠭᠣᠯᠴᠤᠳ ᠤᠨ ᠣᠯᠠᠨ ᠣᠪᠤᠭ ᠶᠠᠰᠤᠲᠠᠨ ᠤ ᠳᠤᠮᠳᠠ ᠵᠢᠩᠭᠠᠷ ᠤᠨ ᠲᠤᠤᠯᠢ ᠲᠦᠭᠡᠮᠡᠯ ᠲᠠᠷᠬᠠᠬᠤ ᠳᠤ ᠪᠠᠨ ᠠᠯᠢ ᠨᠢᠭᠡ ᠪᠦᠯᠦᠭ ᠨᠢ ᠣᠯᠠᠨ ᠬᠤᠪᠢᠯᠪᠤᠷᠢ ᠪᠠᠷ ᠲᠠᠷᠬᠠᠭᠰᠠᠨ ᠢ ᠣᠯᠵᠤ ᠢᠯᠡᠷᠡᠭᠦᠯᠵᠡᠢ᠃ ᠰᠢᠨᠵᠢᠯᠡᠬᠦ ᠤᠬᠠᠭᠠᠨ ᠤ ᠠᠺᠠᠳᠧᠮᠢ ᠮᠣᠩᠭᠣᠯ ᠨᠤᠲᠤᠭ ᠠᠴᠠ ᠣᠯᠳᠠᠭᠰᠠᠨ ᠵᠢᠩᠭᠠᠷ ᠲᠤᠤᠯᠢ ᠶᠢᠨ ᠣᠯᠠᠨ ᠪᠦᠯᠦᠭ ᠦᠨ ᠠᠮᠠᠨ ᠬᠤᠪᠢᠯᠪᠤᠷᠢ ᠶᠢ ᠴᠤᠭᠯᠠᠭᠤᠯᠵᠤ ᠬᠣᠶᠠᠷ ᠤᠳᠠᠭ᠎ᠠ ᠡᠮᠬᠢᠳᠬᠡᠨ ᠭᠠᠷᠭᠠᠭᠰᠠᠨ ᠪᠥᠭᠡᠳ 1963 ᠣᠨ ᠳᠤ ᠡᠷᠳᠡᠮᠲᠡᠨ ᠪᠠᠭᠰᠢ ᠲ᠃ᠳᠤᠭᠠᠷᠰᠦ᠋ᠷᠦᠩ ᠵᠢᠩᠭᠠᠷ ᠲᠤᠤᠯᠢ ᠶᠢᠨ 13 ᠪᠦᠯᠦᠭ ᠢ ᠬᠠᠯᠢᠮᠠᠭ ᠬᠡᠯᠡᠨ ᠡᠴᠡ ᠣᠷᠴᠢᠭᠤᠯᠤᠨ ᠣᠯᠠᠨ ᠤ ᠬᠦᠷᠲᠡᠭᠡᠯ ᠪᠣᠯᠭᠠᠭᠰᠠᠨ ᠢ 2000 ᠣᠨ ᠳᠤ ᠲᠡᠭᠦᠨ ᠦ ᠦᠷ᠎ᠡ ᠬᠡᠦᠬᠡᠳ ᠦᠳ ᠨᠢ 26 ᠪᠦᠯᠦᠭ ᠪᠣᠯᠭᠠᠨ ᠬᠡᠪᠯᠡᠭᠦᠯᠦᠭᠰᠡᠨ ᠪᠠᠶᠢᠳᠠᠭ᠃ ᠵᠢᠩᠭᠠᠷ ᠤᠨ ᠪᠦᠯᠦᠭ ᠦᠳ ᠢ ᠪᠦᠷᠢᠨ ᠣᠯᠵᠤ ᠴᠤᠭᠯᠠᠭᠤᠯᠬᠤ᠂ ᠰᠣᠩᠭᠣᠮᠠᠯ ᠡᠬᠡ ᠪᠦᠲᠦᠭᠡᠬᠦ ᠡᠬᠢ ᠶᠢ ᠲᠠᠯᠪᠢᠭᠰᠠᠨ ᠬᠦᠮᠦᠨ ᠪᠣᠯ ᠡᠷᠳᠡᠮᠲᠡᠨ ᠵᠣᠬᠢᠶᠠᠯᠴᠢ ᠴ᠃ᠳᠠᠮᠳᠢᠨᠰᠦ᠋ᠷᠦᠩ ᠶᠤᠮ᠃ ᠮᠣᠩᠭᠣᠯ ᠰᠤᠳᠤᠯᠤᠯ ᠤᠨ ᠨᠡᠷᠡᠲᠦ ᠡᠷᠳᠡᠮᠲᠡᠨ ᠪ᠃ᠷᠢᠨᠴᠢᠨ ᠥᠪᠡᠷ ᠦᠨ ᠱᠠᠪᠢ ᠲ᠃ᠭᠠᠯᠰᠠᠩ ᠳᠤ ᠵᠢᠩᠭᠠᠷ ᠲᠤᠤᠯᠢ ᠶᠢ ᠡᠮᠬᠢᠳᠬᠡᠨ ᠮᠣᠩᠭᠣᠯ ᠵᠢᠩᠭᠠᠷ ᠤᠨ ᠰᠣᠩᠭᠣᠮᠠᠯ ᠡᠬᠡ ᠶᠢ ᠪᠡᠯᠡᠳᠬᠡᠬᠦ ᠳᠠᠭᠠᠭᠠᠯᠭᠠᠪᠤᠷᠢ ᠥᠭᠭᠦᠭᠰᠡᠨ ᠢ ᠤᠳᠤᠮ ᠳᠠᠮᠵᠢᠭ᠌ᠰᠠᠨ ᠲᠤᠤᠯᠢᠴᠢ ᠥᠭᠡᠯᠡᠳ ᠲᠠᠩᠭᠤᠳ ᠤᠨ ᠬᠦᠦ ᠪᠡᠶᠡᠯᠡᠭᠦᠯᠵᠦ᠂ 2006 ᠣᠨ ᠳᠤ ᠮᠣᠩᠭᠣᠯ ᠵᠢᠩᠭᠠᠷ ᠬᠥᠯᠭᠡᠨ ᠶᠡᠬᠡ ᠰᠤᠳᠤᠷ ᠤᠨ ᠬᠣᠶᠠᠷ ᠪᠣᠲᠢ ᠶᠢ ᠮᠣᠩᠭᠣᠯ ᠲᠦᠮᠡᠨ ᠳᠦ ᠪᠡᠨ ᠡᠷᠭᠦᠨ ᠪᠠᠷᠢᠭᠰᠠᠨ᠃ ᠵᠢᠩᠭᠠᠷ ᠪᠣᠯ ᠤᠯᠤᠰ ᠲᠥᠷᠥ᠂ ᠱᠠᠰᠢᠨ᠂ ᠮᠣᠩᠭᠣᠯ ᠤᠨ ᠠᠬᠤᠢ ᠠᠮᠢᠳᠤᠷᠠᠯ᠂ ᠲᠡᠦᠬᠡ ᠵᠡᠷᠭᠡ ᠪᠦᠬᠦᠢ ᠯᠠ ᠰᠢᠨᠵᠢᠯᠡᠬᠦ ᠤᠬᠠᠭᠠᠨ ᠢ ᠥᠪᠡᠷᠲᠡᠭᠡᠨ ᠪᠠᠭᠲᠠᠭᠠᠭᠰᠠᠨ ᠢᠷᠠᠭᠤ ᠨᠠᠶᠢᠷᠠᠭ ᠬᠡᠯᠪᠡᠷᠢ ᠪᠡᠷ ᠪᠢᠴᠢᠭᠳᠡᠭᠰᠡᠨ ᠥᠪ ᠰᠤᠶᠤᠯ ᠤᠨ ᠠᠭᠤᠤ ᠪᠦᠲᠦᠭᠡᠯ ᠮᠥᠨ᠃

ᠭᠠᠳᠠᠭᠰᠢ ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]


Bold text

http://wiki.uhaan.com/index.php?title=ᠵᠢᠩᠭᠠᠷ&oldid=424295》 ᠍  ᠡᠴᠡ ᠠᠪᠤᠭᠰᠠᠨ

ᠪᠢᠴᠢᠭᠡᠰᠦ