ᠵᠡᠷᠯᠢᠭ ᠭᠠᠬᠠᠢ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠵᠡᠷᠯᠢᠭ ᠭᠠᠬᠠᠢ
ᠪᠢᠣᠯᠣᠭᠢ ᠶᠢᠨ ᠠᠩᠭᠢᠯᠠᠯ
ᠠᠶᠢᠮᠠᠭ: ᠠᠮᠢᠲᠠᠨ
ᠬᠦᠷᠢᠶ᠎ᠡ: ᠬᠥᠪᠴᠢᠲᠡᠨ
ᠳᠡᠳ᠋ ᠬᠦᠷᠢᠶ᠎ᠡ: ᠰᠡᠭᠡᠷ ᠨᠢᠷᠤᠭᠤᠲᠠᠨ
ᠠᠩᠭᠢ: ᠬᠥᠬᠦᠲᠡᠨ
ᠪᠠᠭ: ᠬᠣᠣᠰ ᠲᠤᠭᠤᠷᠠᠶᠢᠲᠠᠨ
ᠳᠡᠳ᠋ ᠪᠠᠭ: ᠬᠡᠪᠢᠳᠡᠭ ᠦᠭᠡᠢ
ᠣᠪᠤᠭ: ᠭᠠᠬᠠᠢ
ᠲᠥᠷᠥᠯ: ᠵᠡᠷᠯᠢᠭ ᠭᠠᠬᠠᠢ
ᠵᠦᠢᠯ: ᠵᠡᠷᠯᠢᠭ ᠭᠠᠬᠠᠢ

ᠵᠡᠷᠯᠢᠭ ᠭᠠᠬᠠᠢ (ᠯᠠᠲ᠋ᠢᠨ ᠶᠢᠡᠷ Sus scrofa), ᠪᠤᠶᠤ ᠪᠣᠳᠣᠩ ᠨᠢ — ᠬᠥᠬᠦᠲᠡᠨ ᠠᠮᠢᠲᠠᠨ ᠤ ᠠᠶᠢᠮᠠᠭ ᠤᠨ᠂ ᠬᠣᠣᠰ ᠲᠤᠭᠤᠷᠠᠶᠢᠲᠠᠨ ᠣᠪᠣᠭ ᠤᠨ ᠠᠮᠢᠲᠠᠨ ᠶᠤᠮ᠃ ᠭᠡᠷ ᠦᠨ ᠲᠡᠵᠢᠭᠡᠪᠦᠷᠢ ᠭᠠᠬᠠᠢ  ᠶᠢᠨ ᠡᠭᠦᠰᠬᠡᠭᠴᠢ ᠶᠤᠮ᠃

 ᠶᠡᠷᠦᠩᠬᠡᠢ ᠪᠠᠶᠢᠳᠠᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠵᠡᠷᠯᠢᠭ ᠭᠠᠬᠠᠢ — ᠨᠢ ᠪᠦᠬᠦ ᠲᠥᠷᠦᠯ ᠦᠨ ᠢᠳᠡᠰᠢᠲᠡᠨ ᠠᠮᠢᠲᠠᠨ᠃ ᠡᠷ᠎ᠡ ᠶᠢ ᠪᠣᠳᠣᠩ᠂ ᠡᠮ ᠢ ᠮᠡᠭᠡᠵᠢ᠂ ᠲᠥᠯ ᠢ ᠲᠣᠷᠣᠢ ᠭᠡᠨ᠎ᠡ᠃ ᠲᠡᠵᠢᠭᠡᠪᠦᠷᠢ ᠭᠠᠬᠠᠢ ᠪᠣᠯᠤᠨ ᠥᠪᠡᠷ ᠦᠨ ᠪᠤᠰᠤᠳ ᠣᠶᠢᠷ᠎ᠠ ᠶᠢᠨ ᠲᠥᠷᠦᠯ ᠦᠳ ᠡᠴᠡ ᠪᠣᠭᠣᠨᠢ ᠮᠢᠬᠠᠯᠢᠭ ᠪᠡᠶ᠎ᠡ᠂ ᠪᠦᠳᠦᠭᠦᠨ ᠪᠠᠬᠢᠮ ᠤᠷᠲᠤ ᠬᠥᠯ᠂ᠤᠷᠲᠤ ᠨᠠᠷᠢᠪᠲᠤᠷ ᠲᠣᠯᠣᠭᠠᠢ᠂ ᠤᠷᠲᠤ ᠴᠢᠬᠢ᠂ ᠮᠠᠰᠢ ᠬᠤᠷᠴᠠ ᠤᠷᠲᠤ ᠪᠣᠰᠤᠭ᠎ᠠ ᠰᠣᠶᠣᠭ᠎ᠠ ᠪᠠᠷ ᠢᠶᠠᠨ ᠢᠯᠭᠠᠭᠳᠠᠨ᠎ᠠ᠃

ᠬᠢᠯᠭᠠᠰᠤ᠂ ᠨᠢ ᠪᠡᠶ᠎ᠡ ᠶᠢᠨ ᠳᠣᠣᠷᠠᠳᠤ ᠬᠡᠰᠡᠭ ᠡᠴᠡ ᠪᠤᠰᠤᠳ ᠬᠡᠰᠡᠭ ᠲᠦ ᠪᠡᠨ ᠪᠣᠰᠤᠭ᠎ᠠ ᠤᠷᠭᠤᠬᠤ ᠪᠥᠭᠡᠳ ᠡᠨᠡ ᠨᠢ ᠨᠢᠷᠤᠭᠤᠨ ᠳᠤ ᠪᠠᠨ ᠳᠡᠯ ᠲᠡᠢ ᠮᠡᠲᠦ ᠬᠠᠷᠠᠭᠳᠠᠭᠤᠯᠳᠠᠭ᠃ ᠬᠢᠯᠭᠠᠰᠤ ᠨᠢ ᠬᠠᠷ᠎ᠠ ᠬᠦᠷᠢᠨ ᠥᠩᠭᠡ ᠲᠡᠢ ᠪᠠᠶᠢᠬᠤ ᠪᠥᠭᠡᠳ ᠰᠢᠷ᠎ᠠ ᠥᠩᠭᠡ ᠲᠡᠢ ᠬᠣᠯᠢᠯᠳᠤᠭᠰᠠᠨ ᠪᠠᠶᠢᠳᠠᠭ᠃ ᠬᠥᠬᠡᠪᠦᠷ ᠨᠢ ᠰᠠᠷᠠᠯ ᠥᠩᠭᠡ ᠲᠡᠢ ᠪᠠᠶᠢᠳᠠᠭ ᠪᠠ ᠡᠶᠢᠮᠦ ᠡᠴᠡ ᠭᠠᠳᠤᠨ᠎ᠠ ᠵᠢᠰᠦ ᠨᠢ ᠤᠯᠠᠷᠢᠯ ᠠᠴᠠ ᠬᠠᠮᠢᠶᠠᠷᠴᠤ ᠬᠦᠷᠡᠩ᠂ ᠰᠠᠷᠠᠯ ᠪᠣᠯᠳᠠᠭ᠂ ᠬᠣᠩᠰᠢᠶᠠᠷ᠂ ᠰᠡᠭᠦᠯ᠂ ᠬᠥᠯ ᠎ᠤᠨ ᠳᠣᠣᠷᠠᠳᠤ ᠬᠡᠰᠡᠭ᠂ ᠲᠤᠭᠤᠷᠠᠢ ᠬᠠᠷ᠎ᠠ᠃ ᠪᠡᠶ᠎ᠡ  ᠶᠢᠨ ᠤᠷᠲᠤ 175 ᠰᠧᠨᠲ᠋ᠢᠮᠧᠲ᠋ᠷ ᠬᠦᠷᠲᠡᠯ᠎ᠡ ᠪᠠᠶᠢᠬᠤ ᠪᠠ᠂ ᠰᠡᠭᠦᠯ ᠨᠢ 25 ᠰᠧᠨᠲ᠋ᠢᠮᠧᠲ᠋ᠷ᠂ ᠰᠡᠷᠪᠡᠭᠡᠨ ᠦ ᠥᠨᠳᠦᠷ 1 ᠮᠧᠲ᠋ᠷ ᠬᠦᠷᠦᠳᠡᠭ᠃ ᠪᠡᠶ᠎ᠡ ᠶᠢᠨ ᠵᠢᠩ ᠪᠣᠳᠣᠩ-150-200ᠺᠢᠯᠣᠭ᠍ᠷᠠᠮ ᠬᠦᠷᠦᠳᠡᠭ᠃

ᠨᠤᠲᠤᠭᠰᠢᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠦᠮᠦᠨ ᠦ ᠬᠦᠴᠦ ᠪᠡᠷ ᠨᠤᠲᠤᠭᠰᠢᠭᠤᠯᠤᠭᠰᠠᠨ ᠭᠠᠵᠠᠷ ᠤᠳ (ᠴᠥᠭᠡᠨ ᠲᠣᠯᠣᠭᠠᠢ ᠲᠠᠢ ᠤᠮᠠᠷᠠᠳᠤ ᠠᠮᠧᠷᠢᠺᠠ᠂ ᠺᠠᠷᠠᠪ ᠤᠨ ᠪᠠᠰᠰᠧᠢᠨ᠂ ᠠᠹᠷᠢᠺᠠ ᠪᠣᠯᠤᠨ ᠪᠤᠰᠤᠳ ᠭᠠᠵᠠᠷ ᠤᠳ ᠢ ᠣᠷᠣᠭᠤᠯᠤᠭ᠎ᠠ ᠦᠭᠡᠢ ᠪᠣᠯᠤᠨ᠎ᠠ).}}[1][2]
  1. Oliver, W. & Leus, K. (2008). Sus scrofa. 2006. ᠪᠠᠶᠢᠭᠠᠯᠢ ᠬᠠᠮᠠᠭᠠᠯᠠᠬᠤ ᠣᠯᠠᠨ ᠤᠯᠤᠰ ᠤᠨ ᠬᠣᠯᠪᠣᠭᠠᠨ ᠤ ᠬᠣᠪᠣᠷᠳᠠᠭᠰᠠᠨ ᠠᠮᠢᠲᠠᠳ ᠤᠨ ᠤᠯᠠᠭᠠᠨ ᠵᠢᠭ᠌ᠰᠠᠭᠠᠯᠳᠠ. IUCN 2006. www.iucnredlist.org. 5 April 2009 ᠍ ᠳᠦ ᠠᠪᠤᠭᠰᠠᠨ᠃ Database entry includes a brief justification of why this species is of least concern.
  2. Kingdon, J. (1997). The Kingdon Guide to African Mammals. Academic Press Limited. ISBN 0-12-408355-2

ᠪᠢᠴᠢᠭᠡᠰᠦ