ᠵᠡᠭᠦᠨ ᠬᠠᠩᠭ᠋ᠠᠢ ᠰᠤᠮᠤ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠵᠡᠭᠦᠨ ᠬᠠᠩᠭ᠋ᠠᠢ ᠰᠤᠮᠤ
ᠵᠠᠭᠦᠨ ᠬᠠᠩᠭ᠋ᠠᠢ ᠰᠤᠮᠤ
ᠰᠤᠮᠤ
ᠰᠣᠭᠣ ᠨᠠᠭᠤᠷ ᠠᠯᠤᠰ ᠠᠴᠠ
ᠤᠯᠤᠰ᠂ ᠣᠷᠣᠨ ᠮᠣᠩᠭᠣᠯ ᠮᠣᠩᠭᠣᠯ (ᠮᠣᠩᠭᠣᠯ ᠤᠯᠤᠰ)
ᠳᠡᠭᠡᠳᠦ ᠨᠤᠲᠤᠭ ᠤᠪᠰᠤ ᠠᠶᠢᠮᠠᠭ
ᠨᠤᠲᠤᠭ ᠤᠨ ᠬᠤᠪᠢᠶᠠᠷᠢ
(4 ᠪᠠᠭ ᠲᠠᠢ)
1. ᠳᠠᠯᠠᠨᠪᠤᠯᠠᠭ
2. ᠪᠠᠶᠠᠨᠭᠣᠣᠯ
3. ᠵᠢᠷᠭᠠᠯᠠᠩᠲᠤ
4. ᠬᠠᠶᠢᠷᠬᠠᠨ
ᠭᠠᠵᠠᠷ ᠨᠤᠲᠤᠭ 2.6 ᠮᠢᠩᠭᠠᠨ км² ᠣᠷᠤᠭᠤᠯᠵᠤ ᠬᠡᠷᠡᠭᠯᠡᠭᠰᠡᠨ ᠠᠯᠳᠠᠭ᠎ᠠ ᠄ ᠬᠦᠴᠦᠨ ᠦᠭᠡᠢ <ref> ᠲᠡᠮᠳᠡᠭ ︔ ᠠᠭᠤᠯᠭ᠎ᠠ ᠲᠠᠭᠯᠠᠭᠰᠠᠨ ᠦᠭᠡᠢ ᠣᠷᠤᠯᠪᠤᠷᠢ ᠨᠢ ᠡᠷᠬᠡᠪᠰᠢ name ᠴᠢᠨᠠᠷ ᠢ ᠨᠢ ᠲᠠᠭᠯᠠᠬᠤ ᠬᠡᠷᠡᠭᠲᠡᠢ ︕
ᠬᠦᠮᠦᠨ ᠠᠮᠠ (2012) 2,226 ᠬᠦᠮᠦᠨ ᠣᠷᠤᠭᠤᠯᠵᠤ ᠬᠡᠷᠡᠭᠯᠡᠭᠰᠡᠨ ᠠᠯᠳᠠᠭ᠎ᠠ ᠄ ᠬᠦᠴᠦᠨ ᠦᠭᠡᠢ <ref> ᠲᠡᠮᠳᠡᠭ ︔ ᠠᠭᠤᠯᠭ᠎ᠠ ᠲᠠᠭᠯᠠᠭᠰᠠᠨ ᠦᠭᠡᠢ ᠣᠷᠤᠯᠪᠤᠷᠢ ᠨᠢ ᠡᠷᠬᠡᠪᠰᠢ name ᠴᠢᠨᠠᠷ ᠢ ᠨᠢ ᠲᠠᠭᠯᠠᠬᠤ ᠬᠡᠷᠡᠭᠲᠡᠢ ︕
ᠰᠢᠤᠳᠠᠨ ᠳᠤᠭᠠᠷ 85010
ᠬᠠᠶᠠᠭ᠎ᠠ ᠵᠠᠯᠭᠠᠭ᠎ᠠ
ᠭᠠᠵᠠᠷ᠂ ᠨᠤᠲᠤᠭ
ᠪᠠᠷᠠᠭᠤᠨᠲᠤᠷᠤᠨ
ᠲᠡᠰ
ᠥᠨᠳᠦᠷᠬᠠᠩᠭᠠᠢ
ᠪᠠᠶᠠᠩᠬᠠᠶᠢᠷᠬᠠᠨ
ᠰᠣᠩᠭᠢᠨ᠎ᠠ
ᠰᠠᠨᠲᠠᠮᠠᠷᠭᠠᠴᠠ
ᠭᠠᠵᠠᠷ ᠳᠠᠢ-
ᠳ ᠤᠨ ᠤᠷᠲᠤ
ᠤᠯᠠᠭᠠᠨᠠᠭᠠᠮ (357 ᠺᠢᠯᠣᠮᠧᠲ᠋ᠷ)
ᠤᠯᠠᠭᠠᠨᠪᠠᠭᠠᠲᠤᠷ (1092 ᠺᠢᠯᠣᠮᠧᠲ᠋ᠷ) [1]

ᠵᠡᠭᠦᠨ ᠬᠠᠩᠭ᠋ᠠᠢ ᠨᠢ ᠤᠪᠰᠤ ᠠᠶᠢᠮᠠᠭ ᠤᠨ ᠰᠤᠮᠤ ᠶᠤᠮ᠃ ᠤᠭ ᠰᠤᠮᠤ 1924 ᠣᠨ ᠳᠤ ᠪᠠᠶᠢᠭᠤᠯᠤᠭᠳᠠᠵᠠᠢ᠃ ᠰᠤᠮᠤ ᠶᠢᠨ ᠲᠥᠪ ᠨᠢ ᠵᠢᠷᠭᠠᠯᠠᠩ ᠳᠤ ᠭᠡᠳᠡᠭ᠃ ᠵᠢᠷᠭᠠᠯᠠᠩᠲᠤ᠂ ᠳᠠᠯᠠᠨᠪᠤᠯᠠᠭ᠂ ᠪᠠᠶᠠᠩ ᠢᠶᠠᠯ᠂ᠬᠠᠶᠢᠷᠬᠠᠨ ᠭᠡᠰᠡᠨ ᠪᠠᠭ ᠤᠳ ᠲᠤ ᠬᠤᠪᠢᠶᠠᠭᠳᠠᠳᠠᠭ᠃ ‎

ᠭᠠᠵᠠᠷ ᠵᠦᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠠᠨ ᠬᠥᠬᠥ ᠶᠢᠨ ᠨᠢᠷᠤᠭᠤᠨ ᠤ ᠵᠡᠭᠦᠨ ᠲᠡᠭᠦᠰᠬᠡᠯ ᠦᠨ ᠬᠡᠰᠡᠭ ᠲᠦ ᠪᠠᠶᠢᠷᠢᠯᠠᠳᠠᠭ᠃ ᠪᠠᠷᠠᠭᠤᠨ ᠲᠠᠯ᠎ᠠ ᠪᠠᠷ ᠢᠶᠠᠨ ᠥᠨᠳᠦᠷᠬᠠᠩᠭᠠᠢ ᠰᠤᠮᠤ᠂ ᠬᠣᠶᠢᠳᠤ ᠲᠠᠯ᠎ᠠ ᠪᠠᠷ ᠢᠶᠠᠨ ᠪᠠᠷᠠᠭᠤᠨᠲᠤᠷᠤᠨ ᠰᠤᠮᠤ᠂ ᠵᠡᠭᠦᠨ ᠲᠠᠯ᠎ᠠ ᠪᠠᠷ ᠢᠶᠠᠨ ᠵᠠᠪᠬᠠᠨ ᠠᠶᠢᠮᠠᠭ ᠤᠨ ᠲᠡᠰᠪᠠᠶᠠᠩᠬᠠᠶᠢᠷᠬᠠᠨᠰᠣᠩᠭᠢᠨ᠎ᠠ ᠰᠤᠮᠤ ᠳᠤ ᠲᠠᠢ᠂ ᠡᠮᠦᠨ᠎ᠡ ᠲᠠᠯ᠎ᠠ ᠠᠴᠠ ᠪᠠᠨ ᠵᠠᠪᠬᠠᠨ ᠠᠶᠢᠮᠠᠭ ᠤᠨ ᠰᠠᠨᠲᠠᠮᠠᠷᠭᠠᠴᠠ ᠰᠤᠮᠤᠲᠠᠢ ᠲᠤᠰ ᠲᠤᠰ ᠬᠢᠯᠢ ᠵᠠᠯᠭᠠᠨ ᠣᠷᠣᠰᠢᠳᠠᠭ᠃ ᠤᠯᠠᠭᠠᠨᠪᠠᠭᠠᠲᠤᠷ ᠬᠣᠲᠠ ᠠᠴᠠ 1080 ᠺᠢᠯᠣᠮᠧᠲ᠋ᠷ ᠵᠠᠢ ᠳᠤ᠂ ᠤᠪᠰᠤ ᠠᠶᠢᠮᠠᠭ ᠤᠨ ᠲᠥᠪ ᠤᠯᠠᠭᠠᠨᠠᠭᠠᠮ ᠬᠣᠲᠠ ᠠᠴᠠ 360 ᠺᠢᠯᠣᠮᠧᠲ᠋ᠷ ᠵᠠᠢ ᠳᠤ ᠣᠷᠣᠰᠢᠳᠠᠭ᠃ 1905 ᠣᠨ ᠤ ᠭᠠᠵᠠᠷ ᠬᠥᠳᠡᠯᠦᠯᠲᠡ ᠶᠢᠨ ᠤᠯᠠ ᠮᠥᠷ ᠪᠣᠯᠬᠤ ᠬᠠᠨᠬᠥᠶᠢᠬᠡᠢ-ᠪᠤᠯᠠᠨᠠᠢ ᠶᠢᠨ ᠬᠠᠭᠠᠷᠠᠯ ᠵᠡᠭᠦᠨ ᠬᠠᠩᠭ᠋ᠠᠢ ᠰᠤᠮᠤ ᠶᠢᠨ ᠨᠤᠲᠤᠭ ᠤᠨ ᠲᠠᠯᠠᠯᠠᠨ ᠬᠤᠪᠢᠶᠠᠳᠠᠭ᠃ ᠬᠣᠶᠢᠳᠤ ᠬᠡᠰᠡᠭ ᠢᠶᠡᠷ ᠢᠶᠡᠨ ᠣᠢ ᠠᠭᠤᠯᠠᠷᠬᠠᠭ᠂ ᠡᠮᠦᠨᠡᠲᠦ ᠬᠡᠰᠡᠭ ᠢᠶᠡᠷ ᠢᠶᠡᠨ ᠲᠠᠯᠠᠷᠬᠠᠭ ᠭᠠᠵᠠᠷ ᠤᠨ ᠭᠠᠳᠠᠷᠭᠤ ᠲᠠᠢ᠃ ᠬᠠᠷ᠎ᠠ ᠤᠰᠤ ᠡᠬᠡ ᠭᠣᠣᠯ᠂ ᠨᠠᠷᠢᠨ ᠭᠣᠣᠯ (ru), ᠪᠠᠶᠠᠩ ᠢᠶᠠᠯ᠂ ᠴᠡᠴᠡᠷᠯᠢᠭ ᠦᠨ ᠭᠣᠣᠯ᠂ ᠴᠠᠪᠳᠠᠨ᠂ ᠰᠣᠭᠣ ᠵᠡᠷᠭᠡ ᠵᠢᠵᠢᠭᠪᠲᠤᠷ ᠭᠣᠣᠯ ᠨᠠᠭᠤᠷ ᠤᠳ ᠲᠠᠢ᠃ ᠣᠶᠢᠲᠤ ᠬᠡᠭᠡᠷ᠎ᠡ ᠶᠢᠨ ᠪᠥᠰᠡ ᠳᠦ ᠣᠷᠣᠰᠢᠳᠠᠭ᠃

ᠬᠦᠮᠦᠨ ᠠᠮᠠ᠂ ᠡᠳ᠋ ᠍ ᠦᠨ ᠵᠠᠰᠠᠭ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠦᠮᠦᠨ ᠠᠮᠠ 2500 ᠣᠷᠴᠢᠮ᠂ 126000 ᠣᠷᠴᠢᠮ ᠲᠣᠯᠣᠭᠠᠢ ᠮᠠᠯ ᠲᠠᠢ᠃ ᠬᠦᠮᠦᠨ ᠠᠮᠠ ᠶᠢᠨ ᠣᠷᠣᠯᠭ᠎ᠠ ᠶᠢᠨ ᠶᠡᠬᠡᠩᠬᠢ ᠬᠡᠰᠡᠭ ᠢ ᠤᠯᠠᠮᠵᠢᠯᠠᠯᠲᠤ ᠪᠡᠯᠴᠢᠭᠡᠷ ᠦᠨ ᠮᠠᠯ ᠠᠵᠤ ᠠᠬᠤᠢ ᠪᠦᠷᠢᠳᠦᠭᠦᠯᠳᠡᠭ᠃ ᠡᠭᠦᠨ ᠡᠴᠡ ᠭᠠᠳᠠᠨ᠎ᠠ ᠳᠠᠪᠤᠰᠤ ᠣᠯᠪᠤᠷᠢᠯᠠᠯᠲᠠ᠂ ᠠᠨ ᠠᠩᠨᠠᠭᠤᠷ᠂ ᠠᠯᠲᠠ ᠣᠯᠪᠤᠷᠢᠯᠠᠯᠲᠠ ᠵᠡᠷᠭᠡ ᠡᠳ᠋ ᠍ ᠦᠨ ᠵᠠᠰᠠᠭ ᠤᠨ ᠪᠤᠰᠤᠳ ᠡᠬᠡ ᠡᠭᠦᠰᠪᠦᠷᠢ ᠨᠦᠭᠦᠳ ᠲᠡᠢ᠃

ᠲᠡᠦᠬᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠦᠮᠦᠨ ᠠᠮᠠ ᠶᠢᠨ ᠦᠨᠳᠦᠰᠦᠨ ᠬᠡᠰᠡᠭ ᠨᠢ ᠡᠯᠵᠢᠭᠡᠨ ᠨᠠᠷ ᠪᠥᠭᠡᠳ᠂ ᠡᠯᠵᠢᠭᠡᠨ ᠣᠪᠤᠭ ᠨᠢ ᠬᠠᠮᠤᠭ ᠮᠣᠩᠭᠣᠯ ᠤᠨ ᠬᠠᠨᠯᠢᠭ ᠤᠨ ᠳᠠᠷᠯᠢᠭᠢᠨ ᠬᠡᠮᠡᠬᠦ ᠬᠡᠰᠡᠭ ᠲᠦ ᠨᠢ ᠬᠠᠮᠤᠷᠤᠭᠳᠠᠵᠤ ᠪᠠᠶᠢᠭᠠᠳ ᠴᠢᠩᠭᠢᠰ ᠬᠠᠭᠠᠨᠢ ᠠᠩᠬᠠᠨ ᠤ 13 ᠬᠦᠷᠢᠶᠡᠨ ᠦ (ᠬᠦᠷᠢᠶᠡᠯᠡᠩ ᠪᠠᠭᠤᠵᠤ᠂ ᠬᠠᠮᠲᠤ ᠳᠤ ᠪᠠᠨ ᠨᠦᠭᠦᠭᠴᠢ ᠣᠪᠤᠭ) ᠨᠢᠭᠡ ᠪᠣᠯᠵᠤ ᠪᠠᠶᠢᠴᠠᠢ᠃ ᠤᠯᠠᠮ ᠢᠶᠠᠷ ᠪᠠᠲᠤᠮᠦ᠋ᠩᠬᠡ ᠳᠠᠶᠠᠩ ᠬᠠᠭᠠᠨᠢ ᠣᠳᠬᠣᠨ ᠬᠦᠦ ᠭᠡᠷᠰᠡᠩ ᠵᠠᠯᠠᠶᠢᠷ ᠬᠤᠩᠲᠠᠶᠢᠵᠢ ᠶᠢᠨ ᠬᠣᠶᠠᠳᠤᠭᠠᠷ ᠬᠦᠦ ᠨᠣᠶᠠᠨ ᠲᠠᠢ ᠳᠤ ᠪᠡᠰᠦᠲᠤ ᠪᠠ ᠡᠯᠵᠢᠭᠡᠨ ᠨᠠᠷ ᠢ ᠥᠭᠴᠦ ᠵᠠᠬᠢᠷᠤᠭᠤᠯᠵᠠᠢ᠃ ᠮᠠᠨᠵᠤ ᠶᠢᠨ ᠦᠶ᠎ᠡ ᠳᠦ ᠵᠠᠰᠠᠭᠲᠤ ᠬᠠᠨ ᠠᠶᠢᠮᠠᠭ ᠤᠨ ᠠᠴᠢᠲᠤ ᠸᠠᠩ ᠤᠨ ᠬᠣᠰᠢᠭᠤ ᠭᠡᠵᠦ ᠨᠡᠷᠡᠯᠡᠭᠳᠡᠵᠦ ᠪᠠᠶᠢᠭᠠᠳ᠂ 1923 ᠣᠨ ᠠᠴᠠ ᠬᠠᠨᠲᠠᠶᠢᠰᠢᠷᠢ ᠤᠤᠯ ᠤᠨ ᠠᠶᠢᠮᠠᠭ ᠤᠨ ᠬᠠᠨᠬᠥᠶᠢᠬᠡᠢ ᠤᠤᠯ ᠤᠨ ᠬᠣᠰᠢᠭᠤ ᠭᠡᠵᠦ᠂ ᠲᠤᠬᠠᠢ ᠶᠢᠨ ᠦᠶ᠎ᠡ ᠶᠢᠨ ᠥᠭᠡᠷᠡᠴᠢᠯᠡᠨ ᠪᠠᠶᠢᠭᠤᠯᠤᠯᠲᠠ ᠠᠴᠠ ᠬᠠᠮᠢᠶᠠᠷᠴᠢ ᠨᠡᠷ᠎ᠡ ᠪᠡᠨ ᠡᠯᠵᠢᠭᠡᠨ ᠨᠠᠷ ᠤᠨ ᠬᠣᠰᠢᠭᠤ ᠨᠡᠷ᠎ᠡ ᠪᠡᠨ ᠥᠭᠡᠷᠡᠴᠢᠯᠡᠵᠦ ᠪᠠᠶᠢᠴᠠᠢ᠃ ᠣᠳᠣ ᠴᠠᠭᠠᠨᠬᠠᠶᠢᠷᠬᠠᠨ᠂ ᠥᠨᠳᠦᠷᠬᠠᠩᠭᠠᠢ᠂ ᠵᠡᠭᠦᠨ ᠬᠠᠩᠭ᠋ᠠᠢ ᠰᠤᠮᠤ ᠶᠢᠨ ᠪᠦᠬᠦ ᠬᠡᠰᠡᠭ ᠲᠦ᠂ ᠪᠠᠷᠠᠭᠤᠨᠲᠤᠷᠤᠨ ᠰᠤᠮᠤ ᠶᠢᠨ ᠡᠮᠦᠨᠡᠲᠦ ᠵᠡᠭᠦᠨ ᠬᠡᠰᠡᠭ ᠲᠦ ᠡᠯᠵᠢᠭᠡᠨ ᠨᠠᠷᠠ ᠨᠢ ᠣᠷᠣᠰᠢᠨ ᠰᠠᠭᠤᠳᠠᠭ᠃

ᠡᠨᠡᠬᠦ ᠡᠯᠵᠢᠭᠡᠨ ᠨᠠᠷ ᠤᠨ ᠬᠣᠰᠢᠭᠤ ᠠᠩᠬᠠᠨ ᠳᠤ ᠪᠠᠨ ᠨᠢᠭᠡ ᠬᠣᠰᠢᠭᠤ ᠪᠠᠶᠢᠭᠠᠳ ᠬᠣᠵᠢᠮ ᠬᠣᠶᠠᠷ ᠬᠤᠪᠢᠶᠠᠭᠳᠠᠵᠠᠢ᠃ ᠡᠳᠡᠭᠡᠷ ᠨᠢ ᠲᠤᠬᠠᠢ ᠶᠢᠨ ᠦᠶ᠎ᠡ ᠳᠦ ᠵᠠᠰᠠᠭᠯᠠᠵᠤ ᠪᠠᠶᠢᠭᠰᠠᠨ ᠠᠴᠢᠲᠤ ᠸᠠᠩ ᠭᠣᠨᠴᠣᠭᠳᠠᠮᠪᠠ᠂ ᠵᠣᠷᠢᠭᠲᠤ ᠸᠠᠩ ᠨᠠᠸᠠᠰᠡᠷᠡᠩ ᠨᠠᠷ ᠤᠨ ᠴᠣᠯᠠ ᠬᠡᠷᠭᠡᠮ ᠡᠴᠡ ᠬᠠᠮᠢᠶᠠᠷᠴᠢ ᠠᠴᠢᠲᠤ ᠸᠠᠩ ᠤᠨ ᠬᠣᠰᠢᠭᠤ᠂ ᠵᠣᠷᠢᠭᠲᠤ ᠸᠠᠩ ᠤᠨ ᠬᠣᠰᠢᠭᠤ ᠭᠡᠭᠡ ᠳᠦ ᠬᠢ ᠪᠣᠯᠵᠠᠢ᠃ ᠵᠣᠷᠢᠭᠲᠤ ᠸᠠᠩ ᠤᠨ ᠬᠣᠰᠢᠭᠤ ᠨᠢ ᠭᠣᠣᠯ ᠬᠣᠰᠢᠭᠤᠨ ᠠᠴᠠ ᠲᠠᠰᠤᠯᠤᠭᠰᠠᠨ ᠬᠠᠷᠢᠴᠠᠩᠭᠤᠢ ᠵᠢᠵᠢᠭ ᠬᠣᠰᠢᠭᠤ ᠪᠠᠶᠢᠭᠰᠠᠨ ᠲᠤᠯᠠ ᠣᠳᠣ ᠶᠢᠨ ᠵᠡᠭᠦᠨ ᠬᠠᠩᠭ᠋ᠠᠢ ᠰᠤᠮᠤ ᠪᠣᠯᠤᠨ ᠪᠠᠷᠠᠭᠤᠨᠲᠤᠷᠤᠨ ᠰᠤᠮᠤ ᠶᠢᠨ ᠵᠡᠭᠦᠨ ᠬᠡᠰᠡᠭ ᠨᠢ ᠪᠣᠯᠵᠠᠢ᠃ ᠠᠴᠢᠲᠤ ᠸᠠᠩ ᠤᠨ ᠬᠣᠰᠢᠭᠤ ᠨᠢ ᠭᠣᠣᠯ ᠲᠣᠮᠣ ᠪᠠᠶᠢᠭᠰᠠᠨ ᠲᠤᠯᠠ ᠴᠠᠭᠠᠨᠬᠠᠶᠢᠷᠬᠠᠨ᠂ ᠥᠨᠳᠦᠷᠬᠠᠩᠭᠠᠢ ᠰᠤᠮᠤ᠂ ᠮᠥᠨ ᠪᠠᠷᠠᠭᠤᠨᠲᠤᠷᠤᠨ ᠰᠤᠮᠤ ᠶᠢᠨ ᠡᠮᠦᠨᠡᠲᠦ ᠬᠡᠰᠡᠭ ᠨᠢ ᠪᠣᠯᠵᠠᠢ᠃

ᠵᠡᠭᠦᠯᠲᠡ᠂ ᠲᠠᠶᠢᠯᠪᠤᠷᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠵᠠᠭᠪᠤᠷ:ᠯᠠᠪᠠᠯᠠᠬᠤ ᠬᠣᠯᠪᠣᠭᠠᠰᠤ

  1. ᠤᠪᠰᠤ ᠠᠶᠢᠮᠠᠭ ᠤᠨ ᠪᠦᠷᠢᠳᠭᠡᠯ ᠤᠨ ᠬᠡᠯᠲᠡᠰ᠃ «2012 ᠣᠨ ᠤ ᠵᠢᠯ ᠦᠨ ᠡᠮᠬᠢᠳᠬᠡᠯ».

ᠪᠢᠴᠢᠭᠡᠰᠦ