ᠵᠡᠪᠡ ᠵᠠᠩᠵᠤᠨ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
— «ᠵᠡᠪᠡ» ᠭᠡᠳ ᠬᠣᠯᠪᠣᠭᠳᠠᠪᠠ —
ᠬᠠᠷᠠᠶᠢᠬᠤ: ᠤᠳᠤᠷᠢᠳᠬᠤ, ᠬᠠᠶᠢᠯᠲᠠ
ᠵᠡᠪᠡ ᠵᠠᠩᠵᠤᠨ

ᠵᠡᠪᠡ ᠨᠢ ᠴᠢᠩᠭᠢᠰ ᠬᠠᠭᠠᠨ ᠤ ᠬᠠᠮᠤᠭ ᠤᠨ ᠠᠯᠳᠠᠷᠲᠠᠢ᠂ ᠳᠣᠮᠣᠭᠲᠤ ᠵᠠᠩᠵᠤᠳ ᠤᠨ ᠨᠢᠭᠡ ᠶᠤᠮ᠃ ᠪᠠᠶᠢᠭᠤᠯᠤᠭᠰᠠᠨ ᠭᠠᠪᠢᠶ᠎ᠠ ᠵᠢᠳᠬᠦᠯ᠂ ᠠᠮᠵᠢᠯᠲᠠ ᠪᠠᠷ ᠢᠶᠠᠨ ᠰᠦᠪᠡᠭᠡᠳᠡᠢ ᠪᠠᠭᠠᠲᠤᠷ ᠲᠠᠢ ᠵᠡᠷᠭᠡᠴᠡᠬᠦᠶᠢᠴᠡ ᠴᠡᠷᠢᠭ ᠦᠨ ᠵᠠᠩᠵᠤᠨ ᠪᠠᠶᠢᠵᠠᠢ᠃ ᠲᠡᠷᠡᠪᠡᠷ ᠬᠠᠮᠤᠭ ᠮᠣᠩᠭᠣᠯ ᠍ ᠤᠨ ᠪᠦᠷᠢᠯᠳᠦᠬᠦᠨ ᠬᠡᠰᠡᠭ ᠦᠨ ᠨᠢᠭᠡ ᠲᠠᠶᠢᠴᠢᠭᠤᠳ ᠳᠤ ᠬᠠᠷᠢᠶᠠᠯᠠᠭᠳᠠᠳᠠᠭ ᠪᠡᠰᠦᠲᠤ ᠠᠶᠢᠮᠠᠭ ᠠᠴᠠ ᠭᠠᠷᠤᠯᠲᠠᠢ ᠬᠦᠮᠦᠨ ᠪᠠᠶᠢᠪᠠ᠃ ᠨᠢᠷᠤᠨ ᠮᠣᠩᠭᠣᠯ ᠠᠶᠢᠮᠠᠭ ᠤᠨ ᠪᠡᠰᠦᠲᠤ ᠣᠪᠣᠭᠲᠠᠨ᠃ ᠴᠢᠩᠭᠢᠰ ᠬᠠᠭᠠᠨ ᠤ 4 ᠬᠣᠰᠢᠭᠤᠴᠢ᠂ 9 ᠥᠷᠯᠥᠭ ᠦᠨ ᠨᠢᠭᠡ ᠪᠠᠶᠢᠵᠠᠢ᠃ ᠡᠷᠡᠯᠬᠡᠭ ᠪᠠᠭᠠᠲᠤᠷ ᠮᠥᠷᠲᠡᠭᠡᠨ᠂ ᠠᠷᠭ᠎ᠠ ᠤᠬᠠᠭᠠᠨ ᠶᠡᠬᠡ ᠲᠡᠢ  ᠪᠡᠷᠭᠡ ᠶᠢᠨ ᠡᠷᠳᠡᠮᠲᠡᠨ᠂ ᠤᠯᠤᠰ ᠲᠥᠷᠥ ᠶᠢᠨ ᠵᠢᠳᠬᠦᠯᠲᠡᠨ ᠬᠦᠮᠦᠨ ᠶᠤᠮ᠃ ᠲᠡᠭᠦᠨ ᠦ ᠲᠦᠷᠦᠭᠰᠡᠨ ᠣᠨ ᠨᠢ ᠲᠣᠳᠣᠷᠬᠠᠢ ᠦᠭᠡᠢ ᠪᠠᠶᠢᠳᠠᠭ ᠪᠥᠭᠡᠳ 1225 ᠣᠨ ᠳᠤ ᠨᠠᠰᠤ ᠪᠠᠷᠠᠭᠰᠠᠨ ᠲᠡᠮᠳᠡᠭᠯᠡᠯ ᠪᠠᠶᠢᠳᠠᠭ᠃

ᠴᠢᠩᠭᠢᠰ ᠬᠠᠭᠠᠨ ᠳᠤ ᠵᠢᠳᠬᠦᠬᠦ ᠪᠣᠯᠤᠭᠰᠠᠨ ᠨᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠣᠩᠭᠣᠯ ᠤᠨ ᠨᠢᠭᠤᠴᠠ ᠲᠣᠪᠴᠢᠶ᠎ᠠ ᠳᠤ ᠦᠭᠦᠯᠡᠭᠰᠡᠨ ᠢᠶᠡᠷ ᠴᠢᠩᠭᠢᠰ ᠬᠠᠭᠠᠨ ᠬᠦᠢᠲᠡᠨ ᠦ ᠲᠤᠯᠤᠯᠳᠤᠭᠠᠨ ᠠᠴᠠ ᠵᠢᠭᠤᠲᠠᠭᠰᠠᠨ ᠠᠤᠢᠴᠤᠤ ᠪᠠᠭᠠᠲᠤᠷ ᠢᠶᠠᠷ ᠤᠳᠤᠷᠢᠳᠤᠭᠤᠯᠤᠭᠰᠠᠨ ᠲᠠᠶᠢᠴᠢᠭᠤᠳ ᠢ ᠨᠡᠬᠡᠨ ᠪᠠᠶᠢᠯᠳᠤᠬᠤ ᠦᠶ᠎ᠡ ᠪᠡᠷ ᠵᠡᠪᠡ ᠲᠡᠭᠦᠨ ᠦ ᠬᠥᠵᠦᠭᠦᠦ ᠶᠢ ᠬᠠᠷᠪᠤᠨ ᠰᠢᠷᠬᠠᠲᠤᠭᠤᠯᠤᠭᠰᠠᠨ ᠪᠠᠶᠢᠨ᠎ᠠ᠃ ᠲᠤᠯᠤᠯᠳᠤᠭᠠᠨ ᠲᠡᠭᠦᠰᠦᠭᠰᠡᠨ ᠦ ᠳᠠᠷᠠᠭ᠎ᠠ ᠴᠢᠩᠭᠢᠰ ᠬᠠᠭᠠᠨ ᠣᠯᠵᠠᠯᠠᠭᠰᠠᠳᠠᠭᠰᠠᠨ ᠬᠦᠮᠦᠰ ᠡᠴᠡ ᠥᠪᠡᠷ ᠢ ᠨᠢ ᠬᠠᠷᠪᠤᠭᠰᠠᠨ ᠬᠦᠮᠦᠨ ᠢ ᠤᠯᠬᠤ ᠭᠡᠵᠦ ᠥᠪᠡᠷ ᠦᠨ ᠮᠣᠷᠢᠨ ᠤ ᠬᠥᠵᠦᠭᠦᠦ ᠶᠢ ᠬᠡᠨ ᠬᠠᠷᠪᠤᠭᠰᠠᠨ ᠲᠠᠯ᠎ᠠ ᠪᠠᠷ ᠠᠰᠠᠭᠤᠬᠤ ᠳᠤ ᠲᠡᠳᠡᠨ ᠦ ᠳᠤᠮᠳᠠ ᠠᠴᠠ ᠨᠢᠭᠡᠨ ᠬᠦᠮᠦᠨ ᠰᠠᠶᠢᠨ ᠳᠤᠷ᠎ᠠ ᠪᠠᠷ ᠢᠶᠠᠨ ᠦᠨᠡᠨ ᠢᠶᠡᠨ ᠬᠦᠯᠢᠶᠡᠨ ᠲᠡᠭᠦᠨ ᠦ ᠮᠣᠷᠢ ᠶᠢ ᠪᠤᠰᠤ ᠥᠪᠡᠷ ᠢ ᠨᠢ ᠬᠠᠷᠪᠤᠭᠰᠠᠨ ᠢᠶᠠᠨ ᠬᠡᠯᠡᠵᠦ᠂ ᠬᠡᠷᠪᠡ ᠠᠮᠢᠳᠤ ᠦᠯᠡᠳᠡᠭᠡᠪᠡᠯ ᠲᠡᠭᠦᠨ ᠳᠦ ᠦᠨᠡᠨᠴᠢ ᠪᠡᠷ ᠵᠢᠳᠬᠦᠬᠦ ᠪᠡᠨ ᠠᠮᠠᠯᠠᠬᠤ ᠳᠤ ᠴᠢᠩᠭᠢᠰ ᠬᠠᠭᠠᠨ ᠶᠡᠬᠡᠳᠡ ᠰᠠᠶᠢᠰᠢᠶᠠᠨ ᠬᠦᠯᠢᠶᠡᠨ ᠠᠪᠴᠤ᠂ 《ᠵᠡᠪᠡ》 ᠬᠡᠮᠡᠬᠦ ᠨᠡᠷ᠎ᠡ ᠬᠠᠶᠢᠷᠠᠯᠠᠨ ᠥᠪᠡᠷ ᠦᠨ ᠰᠢᠳᠠᠷ ᠬᠦᠮᠦᠰ ᠦᠨ ᠨᠢᠭᠡ ᠪᠣᠯᠭᠠᠭᠰᠠᠨ ᠠᠵᠡᠢ᠃ ᠡᠮᠦᠨ᠎ᠡ ᠨᠢ ᠵᠡᠪᠡ ᠨᠣᠶᠠᠨ ᠵᠢᠷᠭᠤᠭᠠᠳᠠᠢ ᠬᠡᠮᠡᠬᠦ ᠨᠡᠷ᠎ᠡ ᠲᠡᠢ ᠪᠠᠶᠢᠵᠠᠢ᠃

ᠬᠦᠴᠦᠭᠦᠯᠦᠭ ᠢ ︵ᠨᠠᠶᠢᠮᠠᠨ ᠠᠶᠢᠮᠠᠭ ᠤᠨ ᠲᠠᠶᠠᠨ ᠬᠠᠨ ᠤ ᠬᠦᠦ ︶ ᠳᠠᠷᠤᠭᠰᠠᠨ ᠨᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠵᠢᠪᠡ ᠨᠢ ᠴᠢᠩᠭᠢᠰ ᠬᠠᠭᠠᠨ ᠤ ᠠᠯᠪᠠᠨ ᠳᠤ ᠳᠥᠩᠭᠡᠵᠢ ᠠᠷᠪᠠᠲᠤ ᠶᠢᠨ ᠨᠣᠶᠠᠨ ᠢᠶᠠᠷ ᠡᠬᠢᠯᠡᠭᠰᠡᠨ ᠬᠡᠳᠦᠢ ᠴᠤ ᠲᠠᠪᠤᠬᠠᠨ ᠵᠢᠯ ᠦᠨ ᠳᠠᠷᠠᠭ᠎ᠠ ᠪᠤᠶᠤ 1206 ᠣᠨ ᠳᠤ ᠶᠡᠬᠡ ᠮᠣᠩᠭᠣᠯ ᠤᠯᠤᠰ ᠪᠠᠶᠢᠭᠤᠯᠤᠭᠳᠠᠬᠤ ᠳᠤ ᠮᠢᠩᠭᠠᠨ ᠤ ᠨᠣᠶᠠᠨ ᠪᠣᠯᠲᠠᠯ᠎ᠠ ᠪᠠᠨ ᠳᠡᠪᠰᠢᠵᠦ᠂ ᠤᠯᠠᠮ ᠢᠶᠠᠷ ᠬᠦᠴᠦᠭᠦᠯᠦᠭ ᠢ ᠳᠠᠷᠤᠬᠤ ᠠᠶᠠᠨ ᠤ ᠦᠶ᠎ᠡ ᠳᠦ ᠲᠦᠮᠡᠨ ᠦ ᠨᠣᠶᠠᠨ ᠪᠣᠯᠵᠠᠢ᠃ ᠴᠢᠩᠭᠢᠰ ᠬᠠᠭᠠᠨ ᠤ ᠬᠠᠮᠤᠭ ᠤᠨ ᠦᠨᠡᠨᠴᠢ ᠪᠥᠭᠡᠳ ᠠᠪᠢᠶᠠᠰᠯᠢᠭ ᠵᠠᠩᠵᠤᠳ ᠤᠨ ᠨᠢᠭᠡ ᠪᠣᠯᠤᠭᠰᠠᠨ ᠪᠥᠭᠡᠳ ᠰᠦᠪᠡᠭᠡᠳᠡᠢ ᠪᠠᠭᠠᠲᠤᠷ ᠲᠠᠢ ᠨᠢᠭᠡ ᠢᠵᠢᠯ ᠲᠦᠪᠰᠢᠨ ᠳᠦ ᠦᠨᠡᠯᠡᠭᠳᠡᠬᠦᠶᠢᠴᠡ ᠠᠭᠤᠤ ᠵᠠᠩᠵᠤᠨ ᠪᠣᠯᠵᠠᠢ᠃

ᠵᠡᠪᠡ ᠬᠠᠷ᠎ᠠ ᠬᠢᠳᠠᠨ ᠤ ᠬᠦᠴᠦᠭᠦᠯᠦᠭ ᠢ ᠳᠠᠷᠤᠵᠤ ᠭᠠᠶᠢᠬᠠᠯᠲᠠᠢ ᠢᠯᠠᠯᠲᠠ ᠪᠠᠶᠢᠭᠤᠯᠤᠭᠰᠠᠨ᠃ ᠵᠡᠪᠡ ᠲᠦ ᠠᠲᠠᠭᠠᠷᠬᠠᠭᠰᠠᠨ ᠬᠦᠮᠦᠰ ᠴᠢᠩᠭᠢᠰ ᠬᠠᠭᠠᠨ ᠳᠤ ᠲᠡᠭᠦᠨ ᠢ ᠤᠷᠪᠠᠬᠤ ᠨᠢ ᠭᠡᠵᠦ ᠮᠡᠳᠡᠭᠡᠯᠡᠭᠰᠡᠨ ᠢ ᠰᠣᠨᠣᠰᠤᠭᠠᠳ ᠳᠠᠷᠤᠢ ᠪᠤᠴᠠᠨ ᠢᠷᠡᠵᠦ᠂ ᠦᠨᠡᠨᠴᠢ ᠰᠢᠳᠤᠷᠭᠤ ᠶᠢᠨ ᠢᠶᠠᠨ ᠪᠡᠯᠭᠡᠳᠡᠯ ᠪᠣᠯᠭᠠᠨ 100 ᠴᠠᠭᠠᠨ ᠠᠳᠤᠭᠤ ᠡᠷᠭᠦᠨ ᠪᠠᠷᠢᠭᠰᠠᠨ ᠭᠡᠳᠡᠭ᠃ ᠭᠡᠪᠡᠴᠦ ᠴᠢᠩᠭᠢᠰ ᠬᠠᠭᠠᠨ ᠲᠡᠭᠦᠨ ᠦ ᠤᠷ᠎ᠠ ᠴᠢᠳᠠᠪᠤᠷᠢ᠂ ᠦᠨᠡᠨᠴᠢ ᠰᠢᠳᠤᠷᠭᠤ ᠳᠤ ᠣᠭᠲᠣᠬᠠᠨ ᠴᠤ ᠡᠷᠡᠭᠡᠯᠵᠡᠵᠦ ᠪᠠᠶᠢᠭ᠎ᠠ ᠦᠭᠡᠢ ᠠᠵᠢ᠃ ᠬᠦᠴᠦᠭᠦᠯᠦᠭ ᠨᠢ ᠱᠠᠰᠢᠨ ᠤ ᠢᠯᠭᠠᠪᠤᠷᠢᠨ ᠭᠠᠳᠠᠭᠤᠷᠬᠠᠬᠤ ᠪᠣᠳᠣᠯᠭ᠎ᠠ ᠶᠠᠪᠤᠭᠤᠯᠵᠤ ᠪᠠᠶᠢᠭᠰᠠᠨ ᠢ ᠵᠡᠪᠡ ᠠᠰᠢᠭᠯᠠᠨ ᠱᠠᠰᠢᠨ ᠤ ᠵᠥᠭᠡᠯᠡᠨ ᠪᠣᠳᠣᠯᠭ᠎ᠠ ᠪᠠᠷ ᠬᠠᠨᠳᠤᠨ ᠬᠦᠴᠦᠭᠦᠯᠦᠭ ᠢ ᠳᠠᠷᠤᠬᠤ ᠳᠤ ᠨᠤᠲᠤᠭ ᠤᠨ ᠠᠷᠠᠳ ᠤᠨ ᠳᠡᠮᠵᠢᠯᠭᠡ ᠶᠢ ᠠᠪᠴᠤ ᠴᠢᠳᠠᠭᠰᠠᠨ ᠭᠡᠳᠡᠭ᠃

ᠠᠯᠲᠠᠨ ᠤᠯᠤᠰ ᠢ ᠳᠠᠶᠢᠯᠠᠭᠰᠠᠨ ᠨᠢ[ᠵᠠᠰᠠᠪᠤᠷᠢᠯᠠᠬᠤ | ᠺᠣᠳ᠋ ᠢᠶᠠᠷ ᠵᠠᠰᠠᠬᠣ]

1211 ᠣᠨ ᠳᠤ ᠴᠢᠩᠭᠢᠰ ᠬᠠᠭᠠᠨ ᠠᠯᠲᠠᠨ ᠤᠯᠤᠰ ᠍ ᠢ ᠳᠣᠪᠲᠣᠯᠬᠤ ᠳᠤ ᠵᠡᠪᠡ ᠵᠠᠩᠵᠤᠨ ᠵᠡᠭᠦᠨ ᠵᠢᠭᠦᠷ ᠦᠨ ᠴᠡᠷᠢᠭ ᠢ ᠤᠳᠤᠷᠢᠳᠤᠨ ᠪᠠᠶᠢᠯᠳᠤᠵᠤ 1211 ᠣᠨ ᠤ 7 ᠰᠠᠷ᠎ᠠ ᠳᠤ ᠦ  ᠱᠠ ᠪᠤ ᠴᠠᠶᠢᠵᠠ ᠶᠢ ᠡᠵᠡᠯᠡᠨ ᠠᠪᠴᠠᠢ᠃ ᠤᠯᠠᠮ ᠢᠶᠠᠷ ᠴᠠᠪᠴᠢᠶᠠᠯ (ᠵᠦᠢ ᠶᠦᠩ  ᠭᠤᠸᠠᠨ) ᠪᠣᠭᠤᠮᠲᠠ ᠬᠦᠷᠢᠶ᠎ᠡ ᠳᠦ ᠴᠡᠷᠢᠭ ᠢᠶᠡᠨ ᠬᠤᠳᠠᠯ ᠤᠬᠤᠷᠢᠭᠤᠯᠤᠨ ᠥᠪᠡᠷ ᠦᠨ ᠳᠠᠶᠢᠰᠤᠨ ᠢ ᠥᠳᠦᠨ ᠭᠠᠷᠭᠠᠬᠤ ᠠᠷᠭ᠎ᠠ ᠬᠡᠷᠡᠭᠯᠡᠨ ᠪᠤᠲᠠ ᠴᠣᠬᠢᠵᠠᠢ᠃ ᠴᠢᠩᠭᠢᠰ ᠬᠠᠭᠠᠨ ᠵᠡᠪᠡ ᠶᠢ ᠠᠯᠲᠠᠨ ᠤᠯᠤᠰ ᠤᠨ ᠵᠡᠭᠦᠨ ᠨᠡᠶᠢᠰᠯᠡᠯ ᠳᠦᠩ ᠴᠡᠩ ᠢ ᠡᠵᠡᠯᠡᠭᠦᠯᠬᠦ ᠪᠡᠷ ᠶᠠᠪᠤᠭᠤᠯᠬᠤ ᠳᠤ ᠬᠣᠲᠠ ᠶᠢᠨ ᠪᠡᠬᠢᠯᠡᠯᠲᠡ ᠰᠠᠶᠢᠨ ᠪᠠᠶᠢᠭᠰᠠᠨ ᠳᠤ ᠵᠢᠷᠭᠤᠭᠠᠨ ᠡᠳᠦᠷ ᠦᠨ ᠭᠠᠵᠠᠷ ᠴᠡᠷᠢᠭ ᠢᠶᠡᠨ ᠤᠬᠤᠷᠢᠭᠤᠯᠤᠭᠠᠳ ᠬᠥᠲᠥᠯᠭᠡᠭᠡ ᠮᠣᠷᠢ ᠲᠠᠢ ᠴᠡᠷᠢᠭ ᠰᠥᠨᠢ ᠶᠢᠡᠷ ᠳᠠᠪᠬᠢᠭᠤᠯᠤᠨ ᠡᠷᠭᠢᠵᠦ ᠣᠴᠢᠵᠤ ᠭᠡᠨᠡᠳᠡᠭᠦᠯᠦᠨ ᠡᠵᠡᠯᠡᠵᠡᠢ᠃ ᠡᠨᠡ ᠮᠠᠶ᠋ᠢᠭ ᠢᠶᠠᠷ ᠰᠲ᠋ᠠᠨᠳᠠᠷᠲ ᠪᠤᠰᠤ ᠴᠡᠷᠢᠭ ᠦᠨ ᠲᠠᠺᠲ᠋ᠢᠺ ᠬᠡᠷᠡᠭᠯᠡᠬᠦ᠂ ᠪᠠᠶᠢᠷᠢᠯᠠᠯ ᠢᠶᠠᠨ ᠭᠡᠨᠡᠳᠲᠡ ᠬᠤᠷᠳᠤᠨ ᠰᠣᠯᠢᠬᠤ ᠵᠡᠷᠭᠡ ᠠᠷᠭ᠎ᠠ ᠨᠤᠭᠤᠳ ᠢ ᠴᠢᠳᠠᠮᠠᠭᠠᠢ ᠠᠰᠢᠭᠯᠠᠵᠤ ᠴᠥᠭᠡᠨ ᠴᠡᠷᠢᠭ ᠦᠨ ᠬᠦᠴᠦ ᠪᠡᠷ ᠬᠡᠳᠦ ᠬᠡᠳᠦ ᠳᠠᠬᠢᠨ ᠳᠠᠪᠠᠭᠤ ᠬᠦᠴᠦᠲᠡᠢ ᠳᠠᠶᠢᠰᠤᠨ ᠢᠶᠠᠨ ᠪᠤᠲᠠ ᠴᠣᠬᠢᠵᠤ ᠴᠢᠳᠠᠳᠠᠭ ᠪᠠᠶᠢᠭᠰᠠᠨ ᠨᠢ ᠵᠡᠪᠡ ᠵᠠᠩᠵᠤᠨ ᠤ ᠨᠢᠭᠡ ᠣᠨᠴᠠᠯᠢᠭ ᠰᠢᠨᠵᠢ ᠪᠠᠶᠢᠴᠠᠢ᠃

ᠬᠣᠷᠧᠽᠮ ᠲᠠᠢ ᠪᠠᠶᠢᠯᠳᠤᠭᠰᠠᠨ ᠪᠠ ᠺᠠᠰᠫᠢ ᠲᠡᠩᠭᠢᠰ ᠢ ᠲᠣᠭᠣᠷᠢᠭᠰᠠᠨ ᠠᠶᠠᠨ[ᠵᠠᠰᠠᠪᠤᠷᠢᠯᠠᠬᠤ | ᠺᠣᠳ᠋ ᠢᠶᠠᠷ ᠵᠠᠰᠠᠬᠣ]

1219 ᠣᠨ ᠳᠤ ᠴᠢᠩᠭᠢᠰ ᠬᠠᠭᠠᠨ ᠬᠣᠷᠧᠽᠮ ᠢ ᠳᠠᠶᠢᠯᠠᠷ᠎ᠠ ᠮᠣᠷᠳᠠᠬᠤ ᠳᠤ ᠵᠡᠪᠡ ᠵᠠᠩᠵᠤᠨ ᠰᠦᠪᠡᠭᠡᠳᠡᠢ ᠪᠠᠭᠠᠲᠤᠷ ᠲᠠᠢ ᠬᠠᠮᠲᠤ ᠪᠠᠷ ᠬᠣᠷᠧᠽᠮ ᠤᠨ ᠰᠢᠬ᠎ᠠ ᠶᠢ ᠬᠥᠭᠡᠭᠡᠨ ᠪᠤᠲᠠ ᠴᠣᠬᠢᠬᠤ ᠡᠭᠦᠷᠭᠡ ᠶᠢ ᠬᠦᠯᠢᠶᠡᠵᠦ 1221-1223 ᠣᠨ ᠨᠤᠭᠤᠳ ᠲᠤ ᠵᠡᠪᠡ᠂ ᠰᠦᠪᠡᠭᠡᠳᠡᠢ ᠪᠠᠭᠠᠲᠤᠷ ᠬᠣᠶᠠᠷ ᠺᠠᠰᠫᠢ ᠲᠡᠩᠭᠢᠰ ᠢ ᠲᠣᠭᠣᠷᠢᠨ ᠪᠠᠶᠢᠯᠳᠤᠨ ᠳᠠᠭᠠᠭᠤᠯᠤᠭᠰᠠᠨ ᠠᠯᠳᠠᠷᠲᠤ ᠠᠶᠠᠨ ᠢᠶᠠᠨ ᠬᠢᠵᠠᠢ᠃ ᠤᠭ ᠠᠶᠠᠨ ᠤ ᠦᠶ᠎ᠡ ᠪᠡᠷ ᠠᠽᠧᠷᠪᠠᠶᠢᠵᠠᠨᠭᠦᠷᠦᠵᠢᠶ ᠠᠪᠣᠯᠭᠠᠷᠢᠶ᠎ᠠ᠂ ᠺᠦ᠋ᠮᠠᠨ ᠵᠡᠷᠭᠡ ᠤᠯᠤᠰ ᠤᠳ ᠢ ᠳᠠᠶᠢᠯᠠᠭᠰᠠᠨ ᠪᠥᠭᠡᠳ ᠬᠠᠮᠤᠭ ᠤᠨ ᠠᠯᠳᠠᠷᠲᠠᠢ ᠲᠤᠯᠤᠯᠳᠤᠭᠠᠨ ᠢᠶᠠᠨ ᠺᠠᠯᠺᠠ ᠭᠣᠣᠯ ᠍ ᠤᠨ ᠬᠥᠪᠡᠭᠡᠨ ᠳᠤ ᠺᠧᠪ ᠦᠨ ᠣᠷᠣᠰ ᠤᠳ᠂ ᠺᠢᠫᠴᠠᠺ ᠤᠳ ᠤᠨ ᠬᠠᠮᠲᠤᠷᠠᠭᠰᠠᠨ ᠴᠡᠷᠢᠭ ᠲᠡᠢ ᠬᠢᠵᠠᠢ᠃ ᠵᠡᠪᠡ ᠵᠠᠩᠵᠤᠨ ᠤ ᠡᠩ ᠦᠨ ᠪᠤᠰᠤ ᠴᠡᠷᠢᠭ ᠦᠨ ᠤᠬᠠᠭᠠᠨ᠂ ᠰᠦᠪᠡᠭᠡᠳᠡᠢ ᠶᠢᠨ ᠬᠠᠰᠢᠷ ᠨᠠᠷᠢᠨ ᠤᠬᠠᠭᠠᠨ ᠨᠢ ᠮᠠᠰᠢ ᠬᠦᠴᠢᠲᠡᠢ ᠬᠣᠣᠰᠯᠠᠯ ᠢ ᠪᠣᠯᠭᠠᠭᠰᠠᠨ ᠪᠠᠶᠢᠨ᠎ᠠ᠃ ᠺᠠᠯᠺᠠ ᠭᠣᠣᠯ ᠤᠨ ᠲᠤᠯᠤᠯᠳᠤᠭᠠᠨ ᠳᠤ 20000 ᠴᠡᠷᠢᠭ ᠪᠦᠬᠦᠢ ᠵᠡᠪᠡ᠂ ᠰᠦᠪᠡᠭᠡᠳᠡᠢ ᠶᠢᠨ ᠠᠷᠮᠢ 80000 ᠴᠡᠷᠢᠭ ᠪᠦᠬᠦᠢ ᠣᠷᠣᠰ ᠤᠨ ᠨᠣᠶᠠᠳ ᠢᠵᠠᠭᠤᠷᠲᠠᠨ ᠨᠤᠭᠤᠳ ᠤᠨ ᠠᠷᠮᠢ ᠶᠢ ᠪᠤᠲᠠ ᠴᠣᠬᠢᠨ 50000 ᠭᠠᠷᠤᠢ ᠴᠡᠷᠢᠭ ᠢ ᠤᠰᠠᠳᠬᠠᠭᠰᠠᠨ ᠪᠠᠶᠢᠨ᠎ᠠ᠃

ᠠᠮᠢᠳᠤᠷᠠᠯ ᠤᠨ ᠲᠡᠭᠦᠰᠬᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠵᠡᠪᠡ ᠵᠠᠩᠵᠤᠨ ᠺᠢᠫᠴᠠᠺ ᠤᠨ ᠨᠤᠲᠤᠭ ᠠᠴᠠ ᠮᠣᠩᠭᠣᠯ ᠤᠷᠤᠭᠤ ᠪᠤᠴᠠᠵᠤ ᠶᠠᠪᠤᠬᠤ ᠵᠠᠮ ᠳᠤ ᠪᠠᠨ ᠺᠠᠨᠭᠢᠯ ︵ᠤᠷᠤᠰ︶ ᠠᠶᠢᠮᠠᠭ ᠤᠨ ᠨᠤᠲᠤᠭ ᠲᠤ ᠨᠠᠰᠤ ᠪᠠᠷᠠᠭᠰᠠᠨ ᠲᠤᠬᠠᠢ ᠮᠡᠳᠡᠭᠡ ᠪᠠᠶᠢᠳᠠᠭ᠃ ᠡᠨᠡ ᠮᠡᠳᠡᠭᠡ ᠶᠢ ᠢᠯᠡᠭᠦᠦ ᠪᠣᠳᠠᠲᠠᠢ ᠭᠡᠵᠦ ᠲᠡᠦᠬᠡᠴᠢᠳ ᠦᠵᠡᠳᠡᠭ᠃ ᠮᠥᠨ ᠬᠣᠵᠢᠮ ᠥᠭᠡᠲᠡᠢ ᠬᠠᠭᠠᠨ ᠤ ᠠᠯᠲᠠᠨ ᠤᠯᠤᠰ ᠢ ᠳᠠᠶᠢᠯᠠᠬᠤ ᠳᠠᠶᠢᠨ ᠳᠤ ᠬᠣᠰᠢᠭᠤᠴᠢ ᠵᠠᠩᠵᠤᠨ ᠢᠶᠠᠷ ᠣᠷᠣᠯᠴᠠᠭᠰᠠᠨ ᠬᠡᠮᠡᠨ 《ᠮᠣᠩᠭᠣᠯ ᠤᠨ ᠨᠢᠭᠤᠴᠠ ᠲᠣᠪᠴᠢᠶ᠎ᠠ》 ᠍ ᠳᠦ ᠲᠡᠮᠳᠡᠭᠯᠡᠭᠰᠡᠨ ᠪᠠᠶᠢᠳᠠᠭ᠃ ᠭᠡᠪᠡᠴᠦ ᠲᠡᠦᠬᠡᠴᠢᠳ ᠡᠨᠡ ᠶᠠᠪᠤᠳᠠᠯ ᠢ ᠪᠣᠯᠤᠯᠴᠠᠭ᠎ᠠ ᠦᠭᠡᠢ ᠭᠡᠵᠦ ᠦᠵᠡᠳᠡᠭ ᠪᠠᠶᠢᠨ᠎ᠠ᠃

ᠳᠤᠷᠠᠰᠬᠠᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠢᠲᠠᠳᠲᠥᠪ ᠠᠽᠢᠶ᠎ᠠ ᠪᠣᠯᠤᠨ ᠧᠦ᠋ᠷᠣᠫᠠ ᠲᠤ ᠬᠢᠭᠰᠡᠨ ᠠᠭᠤᠤ ᠠᠶᠠᠨ ᠳᠠᠶᠢᠨ ᠨᠤᠭᠤᠳ ᠲᠡᠭᠦᠨ ᠳᠦ ᠪᠠᠯᠠᠷᠠᠰᠢ ᠦᠭᠡᠢ ᠰᠤᠤ ᠠᠯᠳᠠᠷ ᠢ ᠠᠪᠴᠢᠷᠠᠭᠰᠠᠨ ᠶᠤᠮ᠃ ᠬᠠᠷ᠎ᠠ ᠲᠡᠩᠭᠢᠰ ᠣᠷᠴᠢᠮ ᠤᠨ ᠬᠤᠢ ᠰᠠᠯᠬᠢ ᠮᠡᠲᠦ ᠪᠦᠬᠦᠨ ᠢ ᠠᠷᠴᠢᠨ ᠭᠠᠷᠤᠭᠰᠠᠨ ᠠᠶᠠᠨ᠂ ᠺᠧᠪ ᠦᠨ ᠣᠷᠣᠰ ᠢ ᠪᠠᠭᠤᠯᠭᠠᠵᠤ ᠠᠪᠤᠭᠰᠠᠨ ᠠᠶᠠᠨ ᠨᠢ ᠥᠨᠥ ᠬᠦᠷᠲᠡᠯ᠎ᠡ ᠭᠠᠶᠢᠬᠠᠭᠳᠠᠭᠰᠠᠭᠠᠷ ᠪᠠᠶᠢᠭ᠎ᠠ ᠪᠢᠯᠡ᠃ ᠰᠦᠪᠡᠭᠡᠳᠡᠢ ᠪᠠᠭᠠᠲᠤᠷ ᠲᠠᠢ ᠬᠠᠮᠲᠤ ᠴᠢᠩᠭᠢᠰ ᠬᠠᠭᠠᠨ ᠤ ᠬᠢᠭᠰᠡᠨ ᠪᠦᠬᠦᠢ ᠯᠠ ᠠᠶᠠᠨ ᠳᠠᠶᠢᠨ ᠳᠤ ᠣᠷᠣᠯᠴᠠᠭᠰᠠᠨ ᠪᠥᠭᠡᠳ ᠬᠣᠶᠢᠳᠤ ᠢᠷᠡᠨ᠂ ᠺᠠᠸᠬᠠᠰ᠂ ᠺᠢᠫᠴᠠᠺ᠂ ᠺᠷ ᠤᠮ᠂ ᠪᠤᠯᠭᠤᠷᠠ ᠵᠡᠷᠭᠡ ᠤᠯᠤᠰ ᠤᠳ ᠢᠶᠠᠷ ᠬᠢᠭᠰᠡᠨ ᠴᠡᠷᠢᠭ ᠦᠨ ᠠᠶᠠᠨ ᠳᠠᠶᠢᠨ ᠨᠢ ᠳᠡᠯᠡᠬᠡᠢ ᠶᠢᠨ ᠲᠡᠦᠬᠡᠨ ᠳᠦ ᠶᠡᠬᠡᠳᠡ ᠠᠯᠳᠠᠷᠰᠢᠭᠰᠠᠨ ᠪᠥᠭᠡᠳ ᠳᠡᠯᠡᠬᠡᠢ ᠶᠢᠨ ᠤᠯᠤᠰ ᠣᠷᠣᠨ ᠨᠤᠭᠤᠳ ᠤᠨ ᠪᠠᠲᠤᠯᠠᠨ ᠬᠠᠮᠠᠭᠠᠯᠠᠬᠤ-ᠴᠡᠷᠢᠭ ᠦᠨ ᠠᠺᠠᠳᠧᠮᠢ ᠨᠤᠭᠤᠳ᠂ ᠲᠡᠭᠦᠨ ᠦ ᠳᠣᠲᠣᠷ᠎ᠠ ᠠᠮᠧᠷᠢᠺᠠ ᠶᠢᠨ ᠨᠢᠭᠡᠳᠦᠭᠰᠡᠨ ᠤᠯᠤᠰNorth Atlantic Treaty Organization ᠍ ᠦᠨ ᠴᠡᠷᠢᠭ ᠦᠨ ᠡᠷᠳᠡᠮᠲᠡᠳ ᠦᠨ ᠰᠢᠮᠡᠳᠦᠨ ᠰᠤᠳᠤᠯᠳᠠᠭ ᠭᠣᠣᠯ ᠰᠤᠳᠤᠯᠤᠭᠳᠠᠬᠤᠨ ᠪᠣᠯᠤᠭᠰᠠᠨ ᠨᠢ ᠬᠠᠮᠤᠭ ᠤᠨ ᠪᠠᠬᠠᠷᠬᠠᠯᠲᠠᠢ ᠶᠤᠮ

ᠪᠢᠴᠢᠭᠡᠰᠦ