ᠵᠠᠺᠠᠷᠲ᠋ᠠ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠵᠠᠺᠠᠷᠲ᠋ᠠ ᠬᠣᠲᠠ
ᠣᠨᠴᠠᠭᠠᠢ ᠨᠤᠲᠤᠭ
 • ᠢᠨᠳᠦ᠋ᠨᠢᠱᠢᠶ ᠠ ᠢᠶᠡᠷ Daerah Khusus Ibu Kota Jakarta
 • ᠠᠩᠭᠯᠢ ᠪᠠᠷ Special Capital Region of Jakarta
 • ᠣᠷᠣᠰ ᠢᠶᠠᠷ ᠣᠰᠣᠪ ᠤᠢ ᠰᠲ᠋ᠣᠯᠢᠴᠢᠨ ᠤᠢ
ᠣᠺᠷᠤᠭ ᠳᠵᠠᠺᠠᠷᠲ᠋ᠠ

ᠰᠦᠯᠳᠡ ᠲᠤᠭ

ᠰᠦᠯᠳᠡ ᠲᠡᠮᠳᠡᠭ
ᠢᠨᠳᠦ᠋ᠨᠢᠱᠢᠶ ᠠ ᠳᠠᠬᠢ ᠵᠠᠺᠠᠷᠲ᠋ᠠ ᠨᠤᠲᠤᠭ (ᠲᠣᠮᠣᠷᠠᠭᠤᠯᠵᠤ ᠬᠠᠷᠠᠬᠤ)
ᠤᠯᠤᠰ ᠣᠷᠣᠨ Flag of Indonesia.svg ᠢᠨᠳᠦ᠋ᠨᠢᠱᠢᠶ ᠠ
ᠮᠤᠵᠢ᠂ ᠨᠤᠲᠤᠭ ᠵᠠᠺᠠᠷᠲ᠋ᠠ
ᠳᠣᠲᠣᠷ᠎ᠠ ᠪᠠᠨ (6) ᠨᠡᠷ᠎ᠡ ᠪᠦᠬᠦᠢ 5 ᠳᠡᠭᠦᠷᠭᠡ᠂ 1 ᠬᠣᠰᠢᠭᠤ
ᠭᠠᠵᠠᠷ ᠨᠤᠲᠤᠭ 740.28 ᠺᠦᠸᠠᠳ᠋ ᠺᠢᠯᠣᠮᠧᠲ᠋ᠷ
ᠬᠦᠮᠦᠨ ᠠᠮᠠ 2010 ᠣᠨ ᠳᠤ 9,607,787 ᠬᠦᠮᠦᠨ
ᠨᠢᠭᠲᠠᠴᠠ ᠰᠡᠶᠢᠷᠡᠭ 14470 ᠬᠦᠮᠦᠨ/км²
ᠠᠷᠠᠳ ᠲᠦᠮᠡᠨ 35% - ᠵᠢᠪᠠ᠂ 28% - ᠪᠧᠲ᠋ᠠᠪᠢ
15% - ᠰᠤᠩᠳᠠ᠂ 6% - ᠬᠢᠲᠠᠳ
ᠨᠤᠲᠤᠭ ᠤᠨ ᠣᠯᠠᠨ ᠵᠠᠺᠠᠷᠲ ᠤᠨ ᠬᠢᠨ
1966 ᠣᠨ ᠥᠨᠥ ᠶᠢᠨ ᠣᠨᠴᠠᠭᠠᠢ ᠨᠤᠲᠤᠭ ᠡᠭᠦᠰᠦᠭᠰᠡᠨ
ᠵᠠᠰᠠᠭ ᠳᠠᠷᠤᠭ᠎ᠠ ᠵᠣᠺᠣ ᠸᠢᠳᠣᠳᠣ
ᠴᠠᠭ ᠤᠨ ᠪᠥᠰᠡ ᠥᠷᠥᠨ᠎ᠡ ᠢᠨᠳᠥᠶᠢᠨᠧᠽᠢ ᠶᠢᠨ ᠴᠠᠭ (ГЦ+7)
ᠤᠲᠠᠰᠤᠨ ᠳ᠋ᠣᠭᠠᠷ +62 21
ᠴᠠᠬᠢᠮ ᠭᠠᠵᠠᠷ jakarta.go.id (ᠢᠨᠳᠦ᠋ᠨᠢᠱᠢᠶ ᠠ ᠢᠶᠡᠷ)

ᠵᠠᠺᠠᠷᠲ᠋ᠠ (ᠳᠠᠭᠤᠳᠠᠯᠭ᠎ᠠ ᠨᠢ ᠵᠠᠺ ᠢᠶᠠᠷ ᠲᠠ, ᠺᠢᠷᠢᠯ ᠮᠣᠩᠭᠣᠯ ᠭᠡᠭᠡᠭᠳᠡᠬᠦ ᠡᠭᠡᠰᠢᠭ ᠦᠨ ᠳᠦᠷᠢᠮ ᠢᠶᠡᠷ ᠵᠠᠺᠠᠷᠲ, ᠳᠠᠭᠤᠳᠠᠯᠭ᠎ᠠ ᠨᠢ ᠵᠠᠺ ᠢᠶᠠᠷᠲ; ᠬᠤᠳᠤᠮ ᠮᠣᠩᠭᠣᠯ ᠢᠶᠠᠷ ᠵᠠᠺᠠᠷᠲ᠋ᠠ; ᠢᠨᠳᠦ᠋ᠨᠢᠱᠢᠶ ᠠ ᠢᠶᠡᠷ Jakarta, ᠳᠠᠭᠤᠳᠠᠯᠭ᠎ᠠ ᠨᠢ ᠵᠠ ᠺᠠᠷᠲᠠ; ᠣᠷᠣᠰ ᠢᠶᠠᠷ ᠳᠵᠠᠺᠠ́ᠷᠲ᠋ᠠ; ᠠᠩᠭᠯᠢ ᠪᠠᠷ Jakarta) — ᠢᠨᠳᠦ᠋ᠨᠢᠱᠢᠶ ᠠ ᠤᠯᠤᠰ ᠤᠨ ᠨᠡᠶᠢᠰᠯᠡᠯ᠂ ᠤᠯᠤᠰ ᠤᠨ ᠢᠶᠠᠨ ᠬᠠᠮᠤᠭ ᠤᠨ ᠲᠣᠮᠣ᠂ 10.2 ᠰᠠᠶ᠎ᠠ ᠬᠦᠮᠦᠨ ᠲᠡᠢ ᠬᠣᠲᠠ.

ᠡᠩ ᠦᠨ ᠢᠶᠡᠷ ᠪᠣᠯ ᠢᠨᠳᠥᠶᠢᠨᠧᠽᠢ ᠶᠢᠨ ᠤᠯᠤᠰ ᠤᠨ 34 ᠮᠤᠵᠢ ᠶᠢᠨ᠂ ᠶᠠᠭ ᠬᠡᠯᠡᠪᠡᠯ ᠮᠤᠵᠢ ᠲᠠᠢ ᠲᠡᠩᠴᠡᠬᠦ ᠣᠨᠴᠠᠭᠠᠢ ᠪᠠᠶᠢᠷᠢ ᠰᠠᠭᠤᠷᠢ ᠳᠤ 2 ᠬᠣᠲᠠ ᠶᠢᠨ (ᠨᠥᠭᠥᠭᠡ ᠨᠢ ᠢᠭᠢᠺᠠᠷᠲ᠋ᠠ) ᠨᠢᠭᠡ ᠨᠢ ᠵᠠᠺᠠᠷᠲ᠋ᠠ ᠶᠤᠮ᠃ 740.28 ᠺᠦᠸᠠᠳ᠋ ᠺᠢᠯᠣᠮᠧᠲ᠋ᠷ ᠭᠠᠵᠠᠷ ᠨᠤᠲᠤᠭ ᠢ ᠡᠵᠡᠯᠡᠬᠦ ᠡᠨᠡᠬᠦ ᠬᠣᠲᠠ ᠮᠤᠵᠢ ᠶᠢ ᠠᠯᠪᠠᠨ ᠶᠣᠰᠣᠭᠠᠷ ᠨᠡᠶᠢᠰᠯᠡᠯ ᠵᠠᠺᠠᠷᠲ ᠤᠨ ᠣᠨᠴᠠᠭᠠᠢ ᠨᠤᠲᠤᠭ (ᠢᠨᠳᠦ᠋ᠨᠢᠱᠢᠶ ᠠ ᠢᠶᠡᠷ Daerah Khusus Ibu Kota Jakarta) ᠭᠡᠨ᠎ᠡ᠃ ᠳᠡᠯᠡᠬᠡᠢ ᠶᠢᠨ 4 ᠍ ᠳᠦᠭᠡᠷ ᠣᠯᠠᠨ ᠬᠦᠮᠦᠨ ᠲᠡᠢ ᠢᠨᠳᠦ᠋ᠨᠢᠱᠢᠶ ᠠ ᠤᠯᠤᠰ ᠤᠨ ᠬᠠᠮᠤᠭ ᠤᠨ ᠲᠣᠮᠣ ᠬᠣᠲᠠ ᠪᠣᠯᠬᠤ ᠵᠠᠺᠠᠷᠲ᠋ᠠ ᠨᠢ ᠵᠡᠭᠦᠨ ᠡᠮᠦᠨᠡᠲᠦ ᠠᠽᠢᠶ᠎ᠠ ᠍ ᠶᠢᠨ ᠲᠡᠷᠢᠭᠦᠨ ᠶᠡᠬᠡ᠂ ᠳᠡᠯᠡᠬᠡᠢ ᠶᠢᠨ 13 ᠍ ᠳᠦᠭᠡᠷ ᠣᠯᠠᠨ ᠬᠦᠮᠦᠨ ᠲᠡᠢ ᠬᠣᠲᠠ ᠭᠡᠳᠡᠭ ᠨᠢ ᠪᠠᠲᠤ ᠲᠠᠢ᠃ ᠵᠠᠺᠠᠷᠲ᠋ᠠ ᠬᠣᠲᠠ ᠶᠢᠨ ᠪᠥᠭᠡᠭᠡᠨᠡᠷᠡᠯ ᠢ ᠶᠠᠩᠵᠤ ᠪᠦᠷᠢ ᠪᠡᠷ ᠲᠣᠭᠠᠴᠠᠳᠠᠭ ᠠᠴᠠ ᠠᠯᠪᠠᠨ ᠶᠣᠰᠣᠨ ᠤ ᠬᠢ ᠪᠤᠶᠤ 6,682.8 ᠺᠦᠸᠠᠳ᠋ ᠺᠢᠯᠣᠮᠧᠲ᠋ᠷ ᠨᠤᠲᠤᠭ ᠢ ᠬᠠᠮᠤᠷᠬᠤ "ᠵᠠᠪᠣᠲ᠋ᠧᠳᠠᠪᠧᠺᠵᠢᠷ" ᠨᠤᠲᠤᠭ ᠲᠤ 2010 ᠣᠨ ᠳᠤ 28.3 ᠰᠠᠶ᠎ᠠ ᠬᠦᠮᠦᠨ ᠪᠠᠶᠢᠨ᠎ᠠ ᠭᠡᠵᠦ ᠲᠣᠭᠠᠯᠠᠭᠳᠠᠵᠠᠢ᠃

ᠵᠠᠺᠠᠷᠲ ᠤᠨ ᠭᠠᠵᠠᠷ ᠲᠤ ᠯᠠᠪ 4 ᠍ ᠳᠦᠭᠡᠷ ᠵᠠᠭᠤᠨ ᠤ ᠦᠶ᠎ᠡ ᠳᠦ ᠰᠠᠭᠤᠷᠢᠨ ᠪᠠᠶᠢᠭᠰᠠᠨ᠃ ᠲᠡᠦᠬᠡᠨ ᠳᠦ 397–1527 ᠣᠨ ᠤ ᠦᠶ᠎ᠡ ᠶᠢ ᠨᠢ "ᠰᠤᠩᠳᠠ ᠺᠧᠯᠠᠫᠠ" (Sunda Kelapa), 1527–1619 ᠣᠨ ᠤ ᠬᠢ ᠶᠢ "ᠵᠠᠶ᠋ᠢᠺᠠᠷᠲ᠋ᠠ" (Jayakarta), 1619-1942 ᠣᠨ ᠤ ᠬᠢ ᠶᠢ "ᠪᠠᠲᠠᠪᠢ ᠪᠠᠨ" (Batavia) ᠵᠡᠷᠭᠡ ᠪᠡᠷ ᠨᠡᠷᠡᠶᠢᠳᠴᠦ ᠪᠠᠶᠢᠪᠠ᠃ ᠺᠣᠯᠣᠨᠢ ᠶᠢᠨ ᠦᠶ᠎ᠡ ᠶᠢᠨ ᠪᠠᠲᠠᠪᠢᠭ᠎ᠠ ᠶᠢ ᠬᠠᠯᠤᠰᠤᠨ "ᠵᠠᠺᠠᠷᠲ᠋ᠠ" ᠭᠡᠬᠦ ᠨᠡᠷ᠎ᠡ ᠨᠢ ᠡᠮᠦᠨᠡᠬᠢ ᠵᠠᠶ᠋ᠢᠺᠠᠷᠲ᠋ᠠ (ᠬᠠᠭᠤᠴᠢᠨ ᠵᠢᠪᠠ᠂ ᠪᠦᠷ ᠰᠠᠮᠭᠠᠷᠳᠠ ᠬᠡᠯᠡᠨ ᠦ ᠦᠭᠡ) ᠭᠡᠳᠡᠭ ᠦᠭᠡᠨ ᠦ ᠬᠤᠷᠢᠶᠠᠭᠳᠠᠭᠰᠠᠨ ᠬᠡᠯᠡᠯᠭᠡ ᠶᠤᠮᠰᠠᠨᠵᠡᠢ᠃

ᠰᠤᠶᠢᠷᠠᠨ᠎ᠠ-ᠬᠠᠲᠲ᠋ᠠ᠂ ᠬᠠᠯᠢᠮᠤ-ᠫᠧᠷᠲᠠᠨᠠᠺᠦᠶᠢᠰᠤᠮᠠ ᠭᠡᠬᠦ ᠬᠣᠶᠠᠷ ᠨᠢᠰᠬᠦ ᠪᠠᠭᠤᠳᠠᠯ᠂ ᠳᠠᠯᠠᠢ ᠶᠢᠨ ᠲᠠᠨᠵᠤᠩ ᠪᠣᠭᠣᠮᠲᠠ ᠪᠠᠷ ᠣᠯᠠᠨ ᠤᠯᠤᠰ ᠲᠠᠢ ᠬᠣᠯᠪᠣᠭᠳᠠᠳᠠᠭ᠃ Association of South - East Asian Nations ᠍ ᠤ ᠲᠥᠪ ᠪᠠᠶᠢᠷᠢ ᠵᠠᠺᠠᠷᠲ ᠲᠤ ᠪᠠᠶᠢᠳᠠᠭ᠃

ᠵᠠᠰᠠᠭ ᠵᠠᠬᠢᠷᠭᠠᠨ ᠤ ᠬᠤᠪᠢᠶᠠᠷᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠵᠠᠺᠠᠷᠲ ᠢ ᠣᠳᠣ ᠦᠢᠯᠡᠴᠢᠯᠡᠵᠦ ᠪᠤᠢ ᠵᠠᠰᠠᠭ ᠵᠠᠬᠢᠷᠭᠠᠨ ᠤ ᠬᠤᠪᠢᠶᠠᠷᠢ ᠪᠠᠷ ᠢᠨᠳᠥᠶᠢᠨᠧᠽᠢ ᠶᠢᠨ 2 ᠍ ᠳᠦᠭᠡᠷ ᠵᠡᠷᠭᠡ ᠶᠢᠨ ᠬᠣᠲᠠ (kota) ᠍ ᠠᠴᠠ ᠢᠯᠭᠠᠭ᠎ᠠ ᠲᠠᠢ ᠪᠤᠶᠤ᠂ 1 ᠍ ᠳᠦᠭᠡᠷ ᠵᠡᠷᠭᠡ ᠶᠢᠨ ᠮᠤᠵᠢ (provinsi) ᠍ ᠲᠠᠢ ᠲᠡᠩᠴᠡᠬᠦ "ᠨᠡᠶᠢᠰᠯᠡᠯ ᠵᠠᠺᠠᠷᠲ ᠤᠨ ᠣᠨᠴᠠᠭᠠᠢ ᠨᠤᠲᠤᠭ" (Daerah Khusus Ibukota Jakarta) ᠭᠡᠬᠦ ᠤᠴᠢᠷᠲᠠᠢ᠃ ᠳᠣᠲᠣᠷ᠎ᠠ ᠪᠠᠨ 5 ᠬᠣᠲᠠ (kota, ᠳᠡᠭᠦᠷᠭᠡ ᠮᠡᠲᠦ), 1 ᠬᠣᠰᠢᠭᠤ (kabupaten, ᠬᠥᠳᠡᠭᠡ) ᠪᠣᠯᠵᠤ ᠬᠤᠪᠢᠶᠠᠭᠳᠠᠨ᠎ᠠ:

  • ᠲᠥᠪ ᠵᠠᠺᠠᠷᠲ᠋ᠠ (Jakarta Pusat, ᠠᠩᠭᠯᠢ ᠪᠠᠷ Central Jakarta) ᠬᠣᠲᠠ᠂ ᠳᠡᠭᠦᠷᠭᠡ
  • ᠥᠷᠥᠨ᠎ᠡ ᠵᠠᠺᠠᠷᠲ᠋ᠠ (Jakarta Barat, ᠠᠩᠭᠯᠢ ᠪᠠᠷ West Jakarta) ᠬᠣᠲᠠ᠂ ᠳᠡᠭᠦᠷᠭᠡ
  • ᠡᠮᠦᠨ᠎ᠡ ᠵᠠᠺᠠᠷᠲ᠋ᠠ (Jakarta Selatan, ᠠᠩᠭᠯᠢ ᠪᠠᠷ South Jakarta) ᠬᠣᠲᠠ᠂ ᠳᠡᠭᠦᠷᠭᠡ
  • ᠳᠣᠷᠣᠨ᠎ᠠ ᠵᠠᠺᠠᠷᠲ᠋ᠠ (Jakarta Timur, ᠠᠩᠭᠯᠢ ᠪᠠᠷ East Jakarta) ᠬᠣᠲᠠ᠂ ᠳᠡᠭᠦᠷᠭᠡ
  • ᠤᠮᠠᠷ᠎ᠠ ᠵᠠᠺᠠᠷᠲ᠋ᠠ (Jakarta Utara, ᠠᠩᠭᠯᠢ ᠪᠠᠷ North Jakarta) ᠬᠣᠲᠠ᠂ ᠳᠡᠭᠦᠷᠭᠡ
  • ᠮᠢᠩᠭᠠᠨ ᠠᠷᠠᠯ (Kepulauan Seribu, ᠠᠩᠭᠯᠢ ᠪᠠᠷ Thousand Islands) ᠬᠣᠰᠢᠭᠤ

ᠵᠢᠷᠤᠭ[ᠵᠠᠰᠠᠪᠤᠷᠢᠯᠠᠬᠤ | ᠺᠣᠳ᠋ ᠢᠶᠠᠷ ᠵᠠᠰᠠᠬᠣ]

View of Jakarta from Monas.jpg
Jakarta City Skyline part 2.jpg

ᠭᠠᠳᠠᠭᠠᠳᠤ ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

Commons
Викимедиа дуу дүрсний сан: Jakarta

ᠪᠢᠴᠢᠭᠡᠰᠦ