ᠵᠠᠷᠤᠳ ᠬᠣᠰᠢᠭᠤ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠵᠠᠷᠤᠳ ᠬᠤᠰᠢᠭᠤ
ᠬᠤᠰᠢᠭᠤ
ᠵᠠᠷᠤᠳ ᠬᠤᠰᠢᠭᠤ ᠨᠢ ᠲᠦᠩᠯᠢᠶᠤᠤ ᠬᠤᠳᠠ ᠵᠢᠨ ᠪᠠᠷᠠᠭᠤᠨ ᠬᠤᠶᠢᠲᠦ ᠬᠡᠰᠡᠭ ᠲᠦ ᠪᠠᠢᠷᠢᠯᠠᠳᠠᠭ
ᠤᠯᠤᠰ ᠤᠷᠤᠨ Flag of the People's Republic of China.svg ᠬᠢᠲᠠᠳ
ᠮᠤᠵᠢ᠂ ᠣᠷᠣᠨ ᠥᠪᠥᠷ ᠮᠣᠩᠭᠣᠯ ᠤᠨ ᠥᠪᠡᠷᠲᠡᠭᠡᠨ ᠵᠠᠰᠠᠬᠤ ᠣᠷᠣᠨ
ᠠᠶᠢᠮᠠᠭ᠂ ᠲᠣᠭᠣᠷᠢᠭ ᠲᠦᠩᠯᠢᠶᠣᠣ ᠬᠣᠲᠠ
ᠬᠣᠰᠢᠭᠤ᠂ ᠰᠢᠶᠠᠨ ᠵᠠᠷᠤᠳ ᠬᠤᠰᠢᠭᠤ
ᠰᠤᠮᠤ᠂ ᠪᠠᠯᠭᠠᠰᠦ 1.ᠯᠦᠪᠸᠢ ᠪᠠᠯᠭᠠᠰᠤ
2.ᠬᠤᠩᠬᠤᠳᠤ ᠠᠭᠤᠯᠠ ᠪᠠᠯᠭᠠᠰᠦ
3.ᠪᠠᠶᠠᠷᠲᠤᠬᠤᠰᠢᠭᠤ ᠪᠠᠯᠭᠠᠰᠤ
4.ᠠᠷᠦ ᠬᠦᠨᠳᠡᠯᠡᠨ ᠪᠠᠯᠭᠠᠰᠦ
5.ᠭᠠᠬᠠᠶᠢᠳᠦ ᠪᠠᠯᠭᠠᠰᠤ
6.ᠵᠢᠷᠦᠬᠡ ᠪᠠᠯᠭᠠᠰᠦ
7.ᠤᠯᠠᠭᠠᠨᠬᠠᠳᠠ ᠰᠤᠮᠤ
8.ᠦᠯᠵᠶᠢᠮᠦ᠋ᠷᠡᠨ ᠰᠤᠮᠤ
9.ᠭᠡᠷᠴᠢᠯᠠᠭᠤ ᠰᠤᠮᠤ
10.ᠪᠠᠶᠠᠨᠳᠠᠯ᠎ᠠ ᠰᠤᠮᠤ
11.ᠴᠢᠨᠳᠠᠮᠤᠨᠢ ᠰᠤᠮᠤ
12.ᠲᠤᠯᠤᠳᠤ ᠰᠤᠮᠤ
13.ᠴᠢᠪᠠᠭᠠᠳᠦ ᠰᠤᠮᠤ
14.ᠦᠨᠡᠭᠡᠴᠢ ᠰᠤᠮᠤ
15.ᠦᠨᠡᠭᠡᠴᠢ ᠮᠠᠯᠵᠢᠯ ᠦᠨ ᠲᠠᠯᠠᠪᠠᠢ
16.ᠦᠷᠭᠡᠨᠲᠠᠯ᠎ᠠ ᠲᠠᠷᠢᠶᠠᠯᠠᠩ ᠦᠨ ᠲᠠᠯᠠᠪᠠᠢ
17.ᠰᠢᠶᠠᠩ ᠱᠠᠨ ᠲᠠᠷᠢᠶᠠᠯᠠᠩ ᠦᠨ ᠲᠠᠯᠠᠪᠠᠢ
18.ᠭᠠᠳᠠᠰᠦ ᠰᠦᠨ ᠪᠦᠳᠦᠭᠡᠭᠳᠡᠬᠦᠨ ᠦ ᠲᠠᠯᠠᠪᠠᠢ
ᠭᠠᠵᠠᠷ ᠨᠤᠲᠤᠭ 17500ᠺᠦᠸᠠᠳ᠋ ᠺᠢᠯᠣᠮᠧᠲ᠋ᠷ
ᠬᠦᠮᠦᠨ ᠠᠮᠠ (2010ᠤᠨ) 279371 ᠬᠦᠮᠦᠨ
ᠨᠢᠭᠲᠠᠴᠠ ᠰᠡᠶᠢᠷᠡᠭ 17 ᠬᠦᠮᠦᠨ/km²
ᠠᠷᠠᠳ ᠲᠦᠮᠡᠨ 50.72% - ᠬᠢᠲᠠᠳ᠂ 48.7% - ᠮᠣᠩᠭᠣᠯ
ᠤᠲᠠᠰᠤᠨ ᠳ᠋ᠣᠭᠠᠷ +86 0475-722/723
ᠮᠠᠰᠢᠨ ᠤ ᠳ᠋ᠣᠭᠠᠷ 蒙G

ᠵᠠᠷᠤᠳ ᠬᠤᠰᠢᠭᠤ ᠪᠤᠯ ᠦᠪᠦᠷ ᠮᠤᠩᠭᠤᠯ ᠤᠨ ᠦᠪᠡᠷᠲᠡᠭᠡᠨ ᠵᠠᠰᠠᠬᠤ ᠤᠷᠤᠨ ᠤ ᠲᠦᠩᠯᠢᠶᠤᠤ ᠬᠤᠳᠠ ᠶᠢᠨ ᠬᠠᠷᠢᠶ᠎ᠠ ᠬᠤᠰᠢᠭᠤ᠃ ᠲᠤᠰ ᠬᠤᠰᠢᠭᠤ ᠨᠢ ᠦᠪᠦᠷ ᠮᠤᠩᠭᠤᠯ ᠤᠨ ᠦᠪᠡᠷᠲᠡᠭᠡᠨ ᠵᠠᠰᠠᠬᠤ ᠤᠷᠤᠨ ᠤ ᠵᠡᠭᠦᠨ ᠬᠡᠰᠡᠭ᠂ᠲᠦᠩᠯᠢᠶᠤᠤ ᠬᠤᠳᠠ ᠶᠢᠨ ᠪᠠᠷᠠᠭᠤᠨ ᠬᠤᠶᠢᠳᠦ ᠬᠡᠰᠡᠭ ᠲᠦ ᠪᠠᠶᠢᠷᠢᠯᠠᠵᠦ᠂ᠡᠮᠦᠨ᠎ᠠ ᠲᠠᠯ᠎ᠠ ᠪᠠᠷ  ᠶ᠋ᠢᠡᠨ ᠺᠠᠶᠢᠯᠦ ᠰᠢᠶᠠᠨ ᠪᠠ ᠬᠣᠷᠴᠢᠨ ᠵᠡᠭᠦᠨ ᠭᠠᠷᠤᠨ ᠲᠤᠮᠳᠠᠳᠤ ᠬᠤᠰᠢᠭᠤ ᠲᠠᠢ ᠂ ᠪᠠᠷᠠᠭᠤᠨ ᠲᠠᠯ᠎ᠠ ᠪᠡᠷ ᠶ᠋ᠢᠡᠨ ᠠᠷᠤ ᠬᠣᠷᠴᠢᠨ ᠬᠤᠰᠢᠭᠤ ᠲᠠᠢ᠂ ᠬᠤᠶᠢᠲᠦ ᠲᠠᠯ᠎ᠠ ᠪᠡᠷ  ᠶ᠋ᠢᠡᠨ ᠵᠡᠭᠦᠨ ᠪᠠᠷᠠᠭᠤᠨ ᠬᠤᠶᠠᠷ ᠦᠵᠦᠮᠦᠴᠢᠨ ᠬᠤᠰᠢᠭᠤ ᠪᠠ ᠬᠤᠤᠯᠢᠨ ᠭᠤᠤᠯ ᠬᠤᠳᠠ ᠲᠠᠢ᠂ ᠵᠡᠭᠦᠨ ᠲᠠᠯ᠎ᠠ ᠪᠡᠷ ᠶ᠋ᠢᠡᠨ ᠬᠣᠷᠴᠢᠨ ᠪᠠᠷᠠᠭᠤᠨ ᠭᠠᠷᠤᠨ ᠲᠤᠮᠳᠠᠳᠦ ᠬᠤᠰᠢᠭᠤ ᠲᠠᠢ ᠲᠤᠰ ᠲᠤᠰ ᠬᠦᠷᠰᠢᠯᠡᠵᠦ᠂ ᠵᠡᠭᠦᠨ ᠤᠳᠤᠷᠢᠭ ᠦᠨ119°14′ᠡᠴᠡ125°57′᠂ ᠤᠮᠠᠷᠠᠲᠦ ᠦᠷᠭᠡᠷᠢᠭ ᠦᠨ43°50′ ᠡᠴᠡ 45°50′   ᠳᠦ ᠪᠠᠶᠢᠷᠢᠰᠢᠵᠦ ᠂ 17500 ᠺᠦᠸᠠᠳ᠋ ᠺᠢᠯᠤᠮᠸᠲ᠋ᠷ ᠨᠤᠲᠤᠭ ᠲᠡᠪᠢᠰᠭᠡᠷ ᠡᠵᠡᠯᠡᠵᠦ ᠪᠤᠢ᠃ ᠵᠠᠷᠤᠳ ᠬᠤᠰᠢᠭᠤ ᠨᠢ ᠮᠤᠩᠭᠤᠯ᠂ᠮᠠᠨᠵᠦ᠂ ᠬᠢᠳᠠᠳ᠂ ᠬᠤᠳᠤᠩ ᠵᠡᠷᠭᠡ ᠠᠷᠪᠠᠨ ᠭᠤᠷᠪᠠᠨ ᠠᠬ᠎ᠠ ᠲᠡᠭᠦᠦ ᠦᠨᠳᠦᠰᠦᠲᠡᠨ ᠪᠡᠷ ᠪᠦᠷᠢᠯᠳᠦᠭᠰᠡᠨ᠂ ᠨᠡᠶᠢᠲᠡ279371(ᠲᠦᠩᠯᠢᠶᠤᠤ ᠬᠤᠳᠠ ᠶᠢᠨ 2010 ᠤᠨ ᠦ ᠵᠢᠷᠭᠤᠳᠤᠭᠠᠷ ᠬᠤᠭᠤᠴᠠᠭᠠᠨ ᠦ ᠬᠦᠮᠦᠨ ᠠᠮᠠ ᠶᠢᠨ ᠨᠡᠶᠢᠳᠡᠮ ᠪᠠᠶᠢᠴᠠᠭᠠᠯᠲᠠ ᠶᠢᠨ ᠳ᠋ᠠᠢᠲ᠋ᠠ ) ᠬᠦᠮᠦᠨ ᠠᠮᠠ ᠲᠠᠢ ᠪᠠᠶᠢᠵᠦ᠂ᠮᠤᠩᠭᠤᠯ ᠦᠨᠳᠦᠰᠦᠲᠡᠨ ᠦ ᠬᠦᠮᠦᠨ ᠠᠮᠠ ᠨᠢ 48.7% ᠵᠢ ᠡᠵᠡᠯᠡᠳᠡᠭ᠃


ᠵᠠᠷᠤᠳ ᠨᠡᠷ᠎ᠡ ᠶᠢᠨ ᠢᠷᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

  ᠠᠷᠪᠠᠨ ᠭᠤᠷᠪᠠᠳᠤᠭᠠᠷ ᠵᠠᠭᠤᠨ ᠦ ᠦᠶᠡᠰ ᠦᠨ ᠮᠤᠩᠭᠤᠯ ᠲᠡᠥᠬᠡ ᠰᠤᠷᠪᠤᠯᠵᠢ ᠪᠢᠴᠢᠭ ᠦᠳ ᠡᠴᠡ ᠵᠠᠷᠤᠳ ᠬᠡᠬᠦ ᠨᠡᠷᠡᠶᠢᠳᠦᠯ ᠢ ᠦᠵᠡᠵᠦ ᠭᠠᠷᠬᠤ ᠦᠭᠡᠢ ᠪᠤᠯᠪᠠᠴᠦ ᠰᠡᠭᠦᠯ ᠤᠨ ᠦᠶ᠎ᠠ ᠳᠦ ᠪᠢᠴᠢᠭᠳᠡᠭᠰᠡᠨ《ᠠᠯᠲᠠᠨ ᠬᠦᠷᠳᠤᠨ ᠮᠢᠩᠭᠠᠨ ᠭᠡᠭᠡᠰᠤᠳᠤ》 ᠳᠦ ᠲᠠᠶᠠᠨ ᠬᠠᠭᠠᠨ ᠦ ᠦᠶᠡᠰ ᠲᠦ ᠵᠠᠷᠤᠳ ᠤᠨ ᠪᠠᠰᠠᠩ ᠲᠠᠪᠤᠨᠠᠩ ᠢ ᠪᠠᠰᠠ ᠤᠷᠢᠶᠠᠩᠬᠠᠢ ᠶᠢᠨ ᠪᠠᠰᠠᠩ ᠲᠠᠪᠤᠨᠠᠩ ᠭᠡᠳᠡᠭ᠂ᠲᠡᠷᠡ ᠲᠠᠶᠠᠨ ᠬᠠᠭᠠᠨ ᠦ ᠭᠠᠭᠴᠠ ᠦᠬᠢᠨ ᠲᠦᠷᠦᠯᠳᠦ ᠭᠦᠩᠵᠦ ᠲᠠᠢ ᠤᠷᠤᠭᠯᠠᠭᠰᠠᠨ ᠪᠦᠭᠡᠳ ᠪᠠᠷᠠᠭᠤᠨ ᠭᠤᠷᠪᠠᠨ ᠲᠦᠮᠡᠨ ᠢ ᠲᠠᠶᠢᠯᠠᠬᠤ ᠳᠦ ᠬᠤᠰᠢᠭᠤᠴᠢᠯᠠᠨ ᠶᠠᠪᠤᠵᠦ ᠪᠠᠶᠢᠯ᠎ᠠ ᠭᠡᠵᠦ ᠲᠡᠮᠳᠡᠭᠯᠡᠵᠡᠢ᠃ ᠬᠡᠷᠪᠡ ᠲᠡᠶᠢᠮᠦ ᠪᠤᠯ ᠵᠠᠷᠤᠳ ᠨᠢ 《ᠮᠤᠩᠭᠤᠯ ᠦᠨ ᠨᠢᠭᠤᠴᠠ ᠲᠤᠪᠴᠢᠶᠠᠨ》 ᠳ᠋ᠡᠬᠢ ᠵᠠᠷᠴᠢᠭᠤᠳ ᠡᠴᠡ ᠢᠷᠡᠯᠲᠡᠢ ᠪᠠᠶᠢᠨ᠎ᠠ᠃ᠵᠠᠷᠴᠢᠭᠤᠳ ᠪᠤᠯ ᠮᠤᠩᠭᠤᠯ ᠤᠨ ᠡᠷᠳᠡᠨ ᠤ ᠤᠷᠢᠶᠠᠩᠬᠠᠢ ᠠᠶᠢᠮᠠᠭ ᠤᠨ ᠨᠢᠭᠡᠨ ᠰᠠᠯᠪᠤᠷᠢ ᠶᠤᠮ᠃ ᠤᠷᠢᠶᠠᠩᠬᠠᠢ ᠨᠠᠷ ᠡᠷᠭᠦᠨ᠎ᠠ ᠬᠤᠨ ᠡᠴᠡ ᠭᠠᠷᠴᠦ ᠢᠷᠡᠬᠦ ᠳᠦ ᠲᠠᠯᠠᠨ ᠬᠦᠭᠡᠷᠭᠡ ᠶᠢᠨ ᠨᠢᠭᠡ ᠵᠢ ᠨᠢ ᠬᠦᠬᠡᠷᠭᠡᠳᠡᠭᠰᠡᠨ ᠭᠡᠳᠡᠭ᠃ ᠲᠤᠪᠤ ᠮᠡᠷᠭᠡᠨ ᠦ ᠦᠶ᠎ᠠ ᠳᠦ ᠲᠡᠳᠡ ᠪᠤᠷᠬᠠᠨ ᠬᠠᠯᠳᠤᠨ ᠦ ᠲᠦᠩᠭᠡᠯᠢᠭ ᠭᠤᠷᠤᠬ᠎ᠠ ᠤᠷᠴᠢᠮ ᠨᠤᠳᠤᠭᠯᠠᠵᠦ ᠪᠠᠶᠢᠭᠠᠳ ᠪᠤᠳᠠᠨᠴᠢᠷ ᠤᠨ ᠦᠶ᠎ᠠ ᠪᠤᠯᠬᠤ ᠳᠦ ᠪᠤᠷᠵᠢᠭᠢᠨ ᠤᠪᠤᠭᠳᠠᠨ ᠳᠦ ᠡᠵᠡᠯᠡᠭᠳᠡᠵᠡᠢ᠃ ᠤᠷᠢᠶᠠᠩᠬᠠᠢ ᠨᠠᠷ ᠤᠨ ᠲᠤᠳᠤᠷ᠎ᠠ ᠡᠴᠡ ᠵᠠᠷᠴᠢᠭᠤᠳ ᠨᠢ ᠲᠡᠮᠦᠷ ᠬᠠᠶᠢᠯᠠᠭᠤᠯᠵᠦ ᠵᠡᠪᠰᠡᠭ ᠦᠢᠯᠡᠳᠳᠡᠭ ᠪᠠᠶᠢᠵᠠᠢ᠃ ᠲᠤᠰ ᠤᠪᠤᠭ ᠤᠨ ᠵᠠᠷᠴᠢᠭᠤᠳᠠᠢ ᠡᠪᠦᠭᠡᠨ ᠪᠤᠯ ᠲᠡᠮᠦᠷ ᠦᠨ ᠲᠠᠷᠬᠠᠨ ᠪᠦᠭᠡᠳ ᠲᠡᠮᠦᠵᠢᠨ ᠢ ᠪᠠᠭ᠎ᠠ ᠪᠠᠶᠢᠬᠤ ᠳ᠋ᠤᠨᠢ ᠦᠯᠦᠭᠡᠢ ᠪᠡᠯᠡᠭᠯᠡᠵᠦ ᠰᠡᠭᠦᠯᠡᠷ ᠨᠢ ᠬᠦᠪᠡᠭᠦᠨ ᠵᠠᠯᠮ᠎ᠠ ᠪᠠᠨ ᠬᠦᠷᠭᠡᠵᠦ ᠢᠷᠡᠭᠡᠳ ᠲᠡᠮᠦᠵᠢᠨ ᠦ ᠬᠠᠮᠤᠭ ᠠᠩᠬᠠᠨ ᠦ ᠠᠨᠳᠠ ᠨᠦᠭᠦᠳ ᠤᠨ ᠬᠢᠨᠢ ᠨᠢᠭᠡ ᠨᠢ ᠪᠤᠯᠭᠠᠵᠠᠢ᠃ ᠵᠠᠯᠮ᠎ᠠ ᠴᠢᠩᠭᠢᠰ ᠬᠠᠭᠠᠨ ᠦ ᠲᠦᠷᠦ ᠶᠢᠨ ᠬᠡᠷᠡᠭ ᠵᠦᠪᠯᠡᠬᠦ ᠳᠦ ᠤᠷᠤᠯᠴᠠᠳᠠᠭ ᠪᠦᠭᠡᠳ ᠬᠡᠳᠦᠨ ᠤᠳᠠᠭᠠᠨ ᠦ ᠲᠠᠶᠢᠨ ᠳᠦ ᠴᠢᠩᠭᠢᠰ ᠬᠠᠭᠠᠨ ᠦ ᠠᠮᠢ ᠵᠢ ᠠᠪᠤᠷᠠᠭᠰᠠᠨ ᠲᠤᠯᠠ 1206 ᠤᠨ ᠳᠦ ᠶᠡᠬᠡ ᠮᠤᠩᠭᠤᠯ ᠤᠯᠤᠰ ᠢ ᠪᠠᠶᠢᠭᠤᠯᠬᠤ ᠬᠤᠷᠠᠯᠲᠠᠢ ᠲᠡᠭᠡᠷ᠎ᠠ ᠲᠡᠭᠦᠨ ᠢ ᠶᠢᠰᠦᠨ ᠦᠷᠯᠦᠭ ᠤᠨ ᠨᠢᠭᠡ ᠪᠡᠷ ᠡᠷᠭᠦᠮᠵᠢᠯᠡᠨ ᠮᠢᠩᠭᠠᠳᠦ  ᠶᠢᠨ ᠨᠤᠶᠠᠨ ᠪᠤᠯᠭᠠᠵᠠᠢ᠃ ᠤᠮᠠᠷᠠᠳᠦ ᠶᠤᠸᠠᠨ ᠤᠯᠤᠰ ᠦᠨ ᠦᠶ᠎ᠠ ᠳᠦ ᠵᠠᠷᠤᠳ ᠬᠠᠯᠬ᠎ᠠ ᠲᠦᠮᠡᠨ ᠳᠦ ᠬᠠᠷᠢᠶᠠᠯᠠᠭᠳᠠᠨ ᠦᠪᠦᠷ ᠲᠠᠪᠤᠨ ᠬᠠᠯᠬ᠎ᠠ ᠶᠢᠨ ᠨᠢᠭᠡᠨ ᠤᠳᠤᠭ ᠪᠤᠯᠵᠦ ᠴᠢᠩᠭᠢᠰ ᠬᠠᠭᠠᠨ ᠦᠨ ᠭᠤᠤᠯ ᠤᠳᠤᠮ ᠪᠤᠯᠬᠤ ᠪᠠᠳᠤᠮᠦ᠋ᠩᠬᠡ ᠲᠠᠶᠠᠨ ᠬᠠᠭᠠᠨ ᠦ ᠭᠤᠴᠢ ᠤᠮᠪᠤᠯᠤ ᠤᠪᠰᠢ ᠤᠶᠢᠵᠠᠩ ᠦᠨ ᠮᠡᠳᠡᠯ ᠳᠦ ᠤᠷᠤᠭᠰᠠᠨ ᠡᠴᠡ ᠵᠠᠷᠤᠳ ᠦᠨ ᠭᠤᠤᠯ ᠨᠤᠶᠠᠳ ᠨᠢ ᠴᠢᠩᠭᠢᠰ ᠬᠠᠭᠠᠨ ᠦ ᠠᠯᠲᠠᠨ ᠤᠷᠤᠭᠳᠠᠨ ᠪᠤᠯᠤᠭᠰᠠᠨ ᠶᠤᠮ᠃ ᠴᠢᠩ ᠤᠯᠤᠰ ᠴᠦ ᠡᠨᠡᠬᠦ ᠪᠠᠢᠳᠠᠯ ᠢ ᠬᠤᠪᠢᠷᠠᠭᠤᠯᠤᠭᠰᠠᠨ ᠦᠬᠡᠢ ᠲᠤᠯᠠ ᠲᠡᠳᠡᠨ ᠦ ᠨᠤᠶᠠᠷᠬᠠᠯ ᠡᠮᠦᠨ᠎ᠠ ᠬᠤᠶᠢᠨ᠎ᠠ ᠲᠦᠷᠪᠡᠨ ᠵᠠᠭᠤ ᠭᠠᠷᠤᠢ ᠵᠢᠯ ᠦᠷᠭᠦᠯᠵᠢᠯᠡᠵᠡᠢ᠃ ᠵᠠᠷᠤᠳ ᠦᠪᠦᠷ ᠲᠠᠪᠤᠨ ᠬᠠᠯᠬ᠎ᠠ ᠵᠢᠨ ᠬᠠᠮᠤᠭ ᠵᠡᠭᠦᠨ ᠪᠡᠶ᠎ᠠ ᠳᠦ ᠲᠠᠷᠤᠢ ᠤᠳᠤ ᠵᠢᠨ ᠺᠠᠶᠢᠶᠤᠸᠠᠨ᠂ᠴᠠᠩᠳᠦ ᠵᠢᠨ ᠬᠤᠶᠢᠭᠤᠷ ᠮᠠᠯᠵᠢᠵᠦ ᠪᠠᠶᠢᠭᠰᠠᠨ ᠪᠤᠯᠪᠠᠴᠦ ᠴᠢᠩ ᠤᠯᠤᠰ ᠦᠨ ᠡᠬᠢᠨ ᠳᠦ ᠤᠳᠤ ᠵᠢᠨ ᠨᠤᠲᠤᠭ ᠲᠦ ᠵᠢᠭᠠᠭᠳᠠᠵᠠᠢ᠃ ᠦᠪᠦᠷ ᠲᠠᠪᠤᠨ ᠬᠠᠯᠬ᠎ᠠ ᠤᠳᠤᠭ ᠡᠴᠡ ᠤᠳᠤ ᠪᠤᠯᠲᠠᠯ᠎ᠠ ᠤᠭ ᠦᠨ ᠠᠶᠢᠮᠠᠭ ᠤᠭᠰᠠᠭᠠᠨ ᠦ ᠨᠡᠷᠡᠶᠢᠳᠦᠯ ᠶᠢᠡᠷ ᠵᠠᠰᠠᠭ ᠵᠠᠬᠢᠷᠭᠠᠨ ᠦ ᠨᠡᠷ᠎ᠠ ᠪᠤᠯᠭᠠᠨ ᠬᠠᠳᠠᠭᠠᠯᠠᠵᠦ ᠪᠠᠶᠢᠭ᠎ᠠ ᠨᠢ ᠵᠦᠪᠬᠡᠨ ᠪᠠᠭᠠᠷᠢᠨ ᠵᠠᠷᠤᠳ ᠬᠤᠶᠠᠷ ᠯᠡ ᠪᠤᠯᠬᠤ  ᠶᠤᠮ᠃
                         ᠦᠪᠦᠷ ᠮᠤᠩᠭᠤᠯ ᠦᠨ ᠵᠠᠯᠠᠭᠤᠴᠤᠳ ᠰᠡᠳᠭᠦᠯ
                         ᠵᠤᠬᠢᠶᠠᠭᠴᠢ ᠲᠤᠳᠤᠷᠬᠠᠢ ᠦᠬᠡᠢ᠃
  ‍*ᠲᠤᠳᠤᠷᠬᠠᠶᠢᠯᠠᠯᠲᠠ᠄ 《ᠵᠠᠷᠤᠳ》ᠨᠡᠷ᠎ᠠ ᠵᠢᠨ ᠢᠷᠡᠯ ᠦᠨ ᠲᠤᠬᠠᠢ ᠨᠢᠭᠡᠳᠦᠯᠲᠡᠢ ᠡᠷᠳᠡᠮ ᠰᠢᠨᠵᠢᠯᠡᠭᠡᠨ ᠦ ᠳ᠋ᠦ᠋ᠩᠨᠠᠯᠲᠡ ᠪᠠᠶᠢᠬᠤ ᠦᠬᠡᠢ ᠂ ᠲᠡᠭᠡᠷ᠎ᠠ ᠰᠡᠶᠢᠷᠡᠭᠦᠯᠦᠭᠰᠡᠨ ᠬᠡᠰᠡᠭ ᠪᠤᠯ ᠲᠡᠳᠡᠭᠡᠷ ᠤᠯᠠᠨ ᠦᠵᠡᠯᠲᠡ ᠨᠤᠭᠤᠳ ᠦᠨ ᠨᠢᠭᠡ ᠨᠢ ᠲᠡᠳᠦᠢ᠃


ᠵᠠᠷᠤᠳ ᠨᠡᠷ᠎ᠠ ᠵᠢᠨ ᠢᠷᠡᠯ 2[ᠵᠠᠰᠠᠪᠤᠷᠢᠯᠠᠬᠤ | ᠺᠣᠳ᠋ ᠢᠶᠠᠷ ᠵᠠᠰᠠᠬᠣ]

  ᠥᠪᠥᠷ ᠮᠣᠩᠭ᠋ᠣᠯ ᠤᠨ ᠨᠢᠭᠡᠨ ᠬᠣᠰᠢᠭᠤᠨ ᠤ ᠨᠡᠷ᠎ᠡ᠃ ᠵᠠᠷᠤᠳ ᠨᠢ ᠣᠪᠤᠭ ᠪᠣᠯᠤᠨ ᠵᠠᠰᠠᠭ ᠵᠠᠬᠢᠷᠭᠠᠨ ᠤ ᠬᠠᠮ ᠨᠡᠷ᠎ᠡ ᠪᠣᠯᠤᠨ᠎ᠠ᠂ 《 ᠮᠣᠩᠭ᠋ᠣᠯ ᠤᠨ ᠨᠢᠭᠤᠴᠠ ᠲᠣᠪᠴᠢᠶ᠋ᠠᠨ》᠂ 《 ᠰᠤᠳᠤᠷ ᠤᠨ ᠴᠢᠭᠤᠯᠭᠠᠨ》 ᠵᠡᠷᠭᠡ ᠰᠤᠷᠪᠤᠯᠵᠢ ᠳᠤ ᠡᠨᠡ ᠨᠡᠷ ᠡ ᠲᠡᠮᠳᠡᠭᠯᠡᠭᠳᠡᠭᠡᠳᠦᠢ᠃ ᠵᠠᠷᠢᠮ ᠡᠷᠳᠡᠮᠲᠡᠨ ᠦ ᠦᠵᠡᠬᠦ ᠪᠡᠷ ᠦᠭᠡ ᠶᠢᠨ ᠢᠵᠠᠭᠤᠷ ᠢ ᠵᠠᠷ᠂ ᠵᠠᠷ ᠲᠤᠩᠬᠠᠭ ᠲᠠᠢ ᠬᠣᠯᠪᠣᠨ ᠲᠠᠢᠢᠯᠪᠤᠷᠢᠯᠠᠭᠰᠠᠨ ᠪᠠᠢᠢᠳᠠᠭ᠃ ᠮᠣᠩᠭ᠋ᠣᠯ ᠤᠨ ᠡᠷᠲᠡᠨ ᠦ ᠣᠪᠣᠭᠲᠤ ᠵᠠᠷᠴᠢᠭᠤᠳ ᠭᠡᠰᠡᠨ ᠣᠪᠤᠭ ᠪᠠᠢᠢᠳᠠᠭ᠃ ᠡᠨᠡ ᠦᠭᠡ ᠶᠢᠨ ᠢᠵᠠᠭᠤᠷ ᠨᠢ 《 ᠵᠠᠷᠴᠢ》ᠪᠣᠯᠤᠨ ᠠ᠃ ᠲᠡᠭᠡᠪᠡᠯ 《  ᠤᠳ》 ᠪᠤᠶ᠋ᠤ 《᠊ᠭᠤᠳ》ᠪᠣᠯ ᠣᠯᠠᠨ ᠲᠣᠭᠠᠨ ᠤ ᠳᠠᠭᠠᠪᠤᠷᠢ ᠪᠣᠯᠬᠤ ᠶᠤᠮ᠃ ᠪᠢᠳᠡᠨ ᠦ ᠪᠣᠳᠣᠯ ᠢᠶᠠᠷ ᠵᠠᠷᠤᠳ ᠪᠤᠶ᠋ᠤ᠂ ᠵᠠᠷᠴᠢᠭᠤᠳ ᠪᠣᠯ ᠢᠵᠠᠭᠤᠷ ᠨᠢᠭᠡᠲᠡᠢ ᠦᠭᠡ ᠪᠣᠯᠤᠯᠲᠠᠢ᠃ ᠵᠠᠷᠤᠳ ᠤᠨ ᠳᠠᠷᠮᠠ ᠭᠦᠦᠰᠢ ᠶᠢᠨ 《 ᠠᠯᠲᠠᠨ ᠬᠦᠷᠳᠦᠨ ᠮᠢᠩᠭ᠋ᠠᠨ ᠬᠡᠭᠡᠰᠦᠳᠦ》 ᠭᠡᠳᠡᠭ ᠨᠣᠮ ᠳᠤ ᠪᠠᠨ 《ᠵᠠᠷᠤᠳ ᠤᠨ ᠪᠠᠭᠠᠰᠦᠨ ᠲᠠᠪᠤᠨᠠᠩ᠂ ᠮᠣᠩᠭ᠋ᠣᠯ ᠤᠨ 9 ᠥᠷᠯᠦᠭ ᠦᠨ ᠨᠢᠭᠡ ᠵᠡᠯᠮ᠎ᠠ  ᠶᠢᠨ ᠦᠷ᠎ᠠ ᠦᠨᠳᠦᠰᠦ》 ᠭᠡᠰᠡᠨ ᠲᠡᠮᠳᠡᠭᠯᠡᠯ ᠪᠠᠢᠢᠳᠠᠭ᠃ ᠡᠭᠦᠨ ᠢ ᠦᠨᠳᠦᠰᠦᠯᠡᠪᠡᠯ ᠵᠠᠷᠤᠳ ᠨᠢ ᠵᠠᠷᠴᠢᠭᠤᠳ᠂ ᠤᠷᠢᠶ᠋ᠠᠩᠬᠠᠨ ᠲᠠᠢ ᠬᠣᠯᠪᠣᠭ᠎ᠠ ᠲᠠᠢ ᠣᠪᠤᠭ ᠪᠥᠭᠡᠳ ᠠᠷᠪᠠᠳᠣᠭᠠᠷ ᠵᠠᠭᠤᠨ ᠤ ᠦᠶᠡ  ᠪᠡᠷ ᠣᠨᠣᠨ ᠮᠥᠷᠡᠨ᠂ ᠪᠤᠷᠬᠠᠨ ᠬᠠᠯᠳᠤᠨ ᠬᠠᠪᠢ ᠪᠠᠷ ᠨᠤᠲᠤᠭᠯᠠᠵᠤ ᠪᠠᠢᠢᠭᠰᠠᠨ ᠡᠷᠲᠡᠨ ᠦ ᠣᠪᠤᠭ ᠠᠢᠢᠮᠠᠭ ᠪᠣᠯᠤᠨ᠎ᠠ᠃
  ᠲᠡᠦᠬᠡ ᠶᠢᠨ ᠮᠡᠳᠡᠭᠡ ᠰᠤᠷᠪᠤᠯᠵᠢ ᠠᠴᠠ ᠦᠵᠡᠬᠦ ᠳᠤ ᠵᠠᠷᠤᠳ ᠨᠢ ᠠᠷᠪᠠᠨ ᠵᠢᠷᠭᠣᠳᠣᠭᠠᠷ ᠵᠠᠭᠤᠨ ᠤ ᠦᠶ᠎ᠡ ᠳᠤ ᠪᠡᠶ᠎ᠡ ᠪᠠᠨ ᠳᠠᠭᠠᠭᠰᠠᠨ ᠲᠣᠮᠣᠬᠠᠨ ᠣᠲᠣᠭ ᠪᠣᠯᠵᠤ ᠮᠠᠨᠵᠤ ᠴᠢᠩ ᠤᠯᠤᠰ ᠤᠨ ᠦᠶ᠎ᠡ ᠳᠤ ᠨᠢᠭᠡᠨ ᠬᠣᠰᠢᠭᠤ ᠪᠣᠯᠭᠠᠨ ᠵᠣᠬᠢᠶ᠋ᠠᠨ ᠪᠠᠢᠢᠭᠤᠯᠤᠭᠳᠠᠵᠠᠢ᠃ ᠵᠠᠩ ᠮᠤ ᠶᠢᠨ ᠵᠣᠬᠢᠶ᠋ᠠᠭᠰᠠᠨ 《 ᠮᠣᠩᠭ᠋ᠣᠯ ᠤᠨ ᠨᠡᠭᠦᠳᠡᠯ ᠮᠠᠯᠵᠢᠯ ᠤᠨ ᠲᠡᠮᠳᠡᠭᠯᠡᠯ》 ᠳᠤ 《 ᠶᠤᠸᠠᠨ ᠤᠯᠤᠰ ᠤᠨ ᠲᠠᠢᠢᠽᠦ ᠶᠢᠨ 17  ᠳᠤᠭᠠᠷ ᠦᠶ᠎ᠡ  ᠶᠢᠨ ᠠᠴᠢ ᠭᠡᠷᠡᠰᠡᠨᠵᠡ᠂ ᠬᠠᠰᠠᠷ ᠲᠤ ᠬᠣᠶᠠᠷ ᠬᠥᠪᠡᠭᠦᠨ ᠲᠡᠢ ᠠᠵᠤᠭᠤ᠃ ᠡᠬᠡ ᠢᠨᠦ ᠤᠪᠠᠰᠢ ᠣᠶᠢᠵᠡᠨ ᠨᠣᠶᠠᠨ ᠤ ᠦᠶ᠎ᠡ ᠳᠤ ᠥᠪᠡᠷ ᠦᠨ ᠬᠠᠷᠢᠶ᠋ᠠᠲᠤ ᠠᠢᠢᠮᠠᠭ ᠢᠶᠠᠨ ᠵᠠᠷᠤᠳ ᠬᠡᠮᠡᠪᠡ》 ᠬᠡᠮᠡᠨ ᠲᠡᠮᠳᠡᠭᠯᠡᠵᠡᠢ᠃ ᠵᠠᠷᠤᠳ ᠠᠢᠢᠮᠠᠭ ᠨᠢ ᠪᠠᠲᠤᠮᠥᠩᠬᠡ ᠳᠠᠶᠠᠨ ᠬᠠᠭᠠᠨ ᠤ ᠦᠶ᠎ᠡ ᠳᠤ ᠬᠠᠯᠬ᠎ᠠ ᠲᠦᠮᠡᠨ ᠦ ᠨᠢᠭᠡᠨ ᠣᠲᠣᠭ ᠪᠣᠯᠵᠤ ᠶᠠᠪᠤᠭᠠᠳ ᠰᠡᠭᠦᠯ ᠳᠤ ᠪᠡᠨ ᠠᠯᠴᠣ ᠪᠣᠯᠣᠳ ᠤᠨ ᠬᠠᠷᠢᠶᠠᠨ ᠳᠠᠬᠢ ᠥᠪᠥᠷ ᠬᠠᠯᠬ᠎ᠠ ᠶᠢᠨ ᠪᠦᠷᠢᠯᠳᠦᠬᠦᠨ ᠳᠤ ᠪᠠᠭᠳᠠᠵᠤ᠂ ᠵᠡᠭᠦᠨ ᠡᠮᠦᠨ᠎ᠡ ᠵᠦᠭ ᠲᠤ ᠨᠡᠭᠦᠳᠡᠯᠯᠡᠨ ᠮᠦᠭᠳᠡᠨ ᠬᠣᠲᠠ ᠶᠢᠨ ᠠᠷᠤ ᠪᠠᠷ ᠨᠤᠲᠤᠭᠯᠠᠪᠠ᠃ ᠲᠤᠬᠠᠢ ᠶᠢᠨ ᠦᠶ᠎ᠡ ᠳᠤ ᠵᠠᠷᠤᠳ ᠠᠢᠢᠮᠠᠭ 5000 ᠴᠡᠷᠢᠭ ᠲᠡᠢ ᠬᠦᠴᠦᠷᠬᠡᠭ ᠠᠢᠢᠮᠠᠭ ᠪᠠᠢᠢᠭᠰᠠᠨ ᠪᠥᠭᠡᠳ 1628 ᠤᠨ ᠳᠤ ᠮᠠᠨᠵᠤ ᠶᠢ ᠳᠠᠭᠠᠵᠤ ᠵᠠᠷᠤᠳ ᠢ ᠵᠡᠭᠦᠨ᠂ ᠪᠠᠷᠠᠭᠤᠨ ᠬᠣᠶᠠᠷ ᠬᠣᠰᠢᠭᠤ ᠪᠣᠯᠭᠠᠨ ᠬᠤᠪᠢᠶᠠᠵᠤ᠂ ᠬᠣᠰᠢᠭᠤ ᠨᠣᠶᠠᠨ ᠨᠢ ᠲᠥᠷᠥ ᠶᠢᠨ ᠪᠡᠶᠢᠯᠡ᠂ ᠳᠠᠷᠬᠠᠨ ᠪᠡᠶᠢᠯᠡ ᠶᠢᠨ ᠬᠡᠷᠭᠡᠮ ᠬᠦᠷᠳᠡᠵᠦ ᠵᠤᠤ ᠤᠳᠠ ᠶᠢᠨ ᠴᠢᠭᠤᠯᠭᠠᠨ ᠳᠤ ᠬᠠᠷᠢᠶᠠᠯᠠᠭᠤᠯᠵᠠᠢ᠃ ᠬᠣᠵᠢᠮ ᠨᠢ ᠵᠢᠷᠢᠮ ᠦᠨ ᠴᠢᠭᠤᠯᠭᠠᠨ ᠳᠤ ᠵᠠᠬᠢᠷᠤᠭᠤᠯᠵᠠᠢ᠃ ᠡᠳᠦᠭᠡ ᠥᠪᠥᠷ ᠮᠣᠩᠭ᠋ᠣᠯ ᠤᠨ ᠲᠤᠢᠩᠯᠢᠶᠣᠣ ᠬᠣᠲᠠ ᠶᠢᠨ ᠬᠠᠷᠢᠶᠠᠨ ᠳᠤ ᠵᠠᠬᠢᠷᠤᠭᠳᠠᠵᠤ ᠪᠠᠢᠢᠨ᠎ᠠ᠃ (ᠠ᠊᠂ ᠫᠤᠩᠰᠣᠭ )
  ᠠᠰᠢᠭᠯᠠᠭᠰᠠᠨ ᠨᠣᠮ ᠵᠣᠬᠢᠶ᠋ᠠᠯ ᠄
  ᠠ᠊᠂ ᠸᠴᠢᠷ᠂ ᠮᠣᠩᠭ᠋ᠣᠯᠴᠤᠳ ᠤᠨ ᠭᠠᠷᠤᠯ ᠨᠡᠷᠡᠰᠢᠯ᠂ ᠣᠯᠠᠭᠠᠨᠪᠠᠭᠠᠲᠦᠷ᠂ 2008  
   ᠨᠠᠮᠰᠠᠷᠠᠢ᠂ ᠴᠢᠩ ᠤᠯᠤᠰ ᠤᠨ ᠦᠶ᠎ᠡ ᠶᠢᠨ ᠮᠣᠩᠭ᠋ᠣᠯ ᠬᠣᠰᠢᠭᠤ ᠴᠢᠭᠤᠯᠭᠠᠨ᠂ ᠬᠥᠬᠡ ᠬᠣᠲᠠ᠂ 1984 
  ᠪ᠊᠂ ᠰᠤᠳᠨᠠᠮᠳᠤᠷᠵᠢ᠂ ᠮᠣᠩᠭ᠋ᠣᠯ ᠣᠪᠣᠭ ᠶᠠᠰᠤᠲᠠᠨ ᠤ ᠴᠢᠭᠤᠯᠭᠠᠨ᠂ ᠯᠢᠶ᠋ᠤᠤᠨᠢᠩ ᠂ 2007 
  ᠳᠡᠯᠭᠡᠷᠡᠭᠦᠯᠦᠨ ᠦᠵᠡᠬᠦ ᠨᠣᠮ ᠵᠣᠬᠢᠶ᠋ᠠᠯ ᠄
  ᠳᠠᠢᠢᠴᠢᠩ ᠤᠯᠤᠰ ᠤᠨ ᠮᠠᠭᠠᠳ ᠬᠠᠤᠯᠢ᠂ ᠬᠠᠢᠢᠯᠠᠷ᠂ 1992 
  ᠵᠠᠷᠯᠢᠭ ᠢᠢᠠᠷ ᠲᠣᠭᠲᠠᠭᠠᠭᠰᠠᠨ ᠭᠠᠳᠠᠭᠠᠳᠤ ᠮᠣᠩᠭ᠋ᠣᠯ᠂ ᠬᠣᠲᠣᠩ ᠠᠢᠢᠮᠠᠭ ᠤᠨ ᠸᠠᠩ ᠭᠦᠩ ᠤᠳ ᠦᠨ ᠢᠯᠡᠳᠬᠡᠯ ᠱᠠᠰᠲᠢᠷ᠂ ᠬᠥᠬᠡ ᠬᠣᠲᠠ᠂ 2 006 
  ᠵᠠᠩ ᠮᠤ᠂ ᠮᠣᠩᠭ᠋ᠣᠯ ᠤᠨ ᠬᠣᠰᠢᠭᠤ ᠨᠤᠲᠤᠭ ᠤᠨ ᠲᠡᠮᠳᠡᠭᠯᠡᠯ᠂ ᠬᠥᠬᠡ ᠬᠣᠲᠠ᠂ 1988

ᠦᠯᠢᠭᠡᠷ ᠦᠨ ᠦᠯᠦᠭᠡᠢ --- ᠵᠠᠷᠤᠳ[ᠵᠠᠰᠠᠪᠤᠷᠢᠯᠠᠬᠤ | ᠺᠣᠳ᠋ ᠢᠶᠠᠷ ᠵᠠᠰᠠᠬᠣ]

  ᠦᠯᠢᠭᠡᠷ ᠬᠤᠯᠪᠤᠭ᠎ᠠ ᠪᠤᠯ ᠦᠪᠦᠷ ᠮᠤᠩᠭᠤᠯ ᠦᠨ ᠵᠡᠭᠦᠨ ᠬᠡᠰᠡᠭ ᠲᠦ ᠦᠷᠭᠡᠨ ᠲᠡᠯᠭᠡᠷᠡᠭᠰᠡᠨ᠂ ᠬᠦᠭᠵᠢᠮᠳᠡᠬᠦ ᠶᠠᠷᠢᠬᠤ ᠲᠠᠭᠤᠯᠠᠬᠤ ᠵᠢ ᠤᠶᠠᠯᠳᠠᠭᠤᠯᠤᠭᠰᠠᠨ ᠦᠪᠡᠷᠮᠢᠴᠡ ᠬᠡᠪ ᠨᠠᠮᠪᠠ ᠪᠦᠬᠦᠢ ᠲᠠᠭᠤᠤᠷᠢᠯᠢᠭ ᠦᠨ ᠠᠷᠭ᠎ᠠ ᠮᠠᠶᠢᠭ ᠪᠤᠯᠤᠨ᠎ᠠ᠃ ᠬᠡᠳᠦᠨ ᠵᠠᠭᠤᠨ ᠦ ᠲᠤᠷᠰᠢ᠂ᠦᠯᠢᠭᠡᠷ ᠬᠤᠯᠪᠤᠭ᠎ᠠ ᠨᠢ ᠲᠠᠯ᠎ᠠ ᠨᠤᠲᠤᠭ ᠦᠨ ᠠᠷᠠᠳ ᠲᠦᠮᠡᠨ ᠦ ᠬᠠᠮᠤᠭ ᠦᠨ ᠴᠢᠬᠤᠯᠠ ᠤᠶᠤᠨ ᠦ ᠲᠡᠵᠢᠭᠡᠯ ᠪᠤᠯᠤᠭᠰᠠᠭᠠᠷ ᠢᠷᠡᠵᠠᠢ᠃ ᠲᠡᠭᠡᠭᠰᠡᠨ ᠢᠶᠡᠷ᠂ ᠮᠤᠩᠭᠤᠯ ᠦᠨ ᠲᠠᠯ᠎ᠠ  ᠨᠤᠶᠤᠭ ᠲᠦ ᠬᠤᠭᠤᠷᠴᠢ ᠬᠡᠮᠡᠬᠦ ᠠᠵᠢᠯ ᠲᠦᠷᠦᠯ ᠶᠡᠬᠡᠪᠡᠷ ᠭᠠᠵᠠᠷ ᠠᠪᠴᠦ᠂ ᠬᠦᠷᠦᠭᠰᠡᠨ ᠭᠠᠵᠠᠷ ᠪᠦᠬᠦᠨ ᠬᠦᠷ ᠤᠯᠠᠨ ᠦ ᠬᠠᠯᠠᠭᠤᠨ ᠬᠦᠷᠢᠶᠡᠯᠡᠯ ᠢ ᠤᠯᠵᠦ᠂ ᠭᠤᠷᠪᠠᠨ ᠡᠳᠦᠷ ᠭᠤᠷᠪᠠᠨ ᠰᠦᠨᠢ ᠠᠮᠠᠷᠠᠯ ᠦᠬᠡᠢ ᠦᠯᠢᠭᠡᠷ ᠲᠤᠤᠯᠢᠰ ᠬᠤᠭᠤᠷᠳᠠᠭᠰᠠᠭᠠᠷ ᠢᠷᠡᠵᠡᠢ᠃
  ᠵᠠᠷᠤᠳ ᠬᠤᠰᠢᠭᠤ ᠫᠠᠵᠠᠢ ᠮᠤᠤᠦ᠋ᠬᠢᠨ ᠵᠡᠷᠭᠡ ᠦᠯᠢᠭᠡᠷ ᠤᠷᠠᠯᠢᠭ ᠦᠨ ᠶᠡᠬᠡ ᠪᠠᠭᠰᠢ ᠵᠢ ᠦᠰᠭᠡᠨ ᠬᠦᠮᠦᠵᠢᠭᠦᠯᠵᠦ᠂《ᠭᠡᠰᠡᠷ ᠪᠠᠭᠠᠳᠤᠷ》᠂《ᠮᠠᠩᠭᠤᠰ ᠢ ᠲᠠᠷᠤᠭᠰᠠᠨ ᠦᠯᠢᠭᠡᠷ》ᠵᠡᠷᠭᠡ ᠪᠠᠭᠠᠳᠤᠷᠯᠢᠭ ᠲᠤᠤᠯᠢ ᠵᠢ ᠵᠤᠬᠢᠶᠠᠨ ᠪᠦᠳᠦᠭᠡᠭᠰᠡᠨ ᠪᠠ《ᠴᠦᠨ ᠴᠢᠦ ᠪᠠᠶᠢᠯᠳᠤᠭᠠᠨᠲᠦ ᠤᠯᠤᠰ ᠦᠨ ᠦᠯᠢᠭᠡᠷ》᠂《ᠭᠤᠷᠪᠠᠨ ᠤᠯᠤᠰ ᠦᠨ ᠦᠯᠢᠭᠡᠷ》᠂《ᠰᠠᠭᠢᠭᠤᠯᠤᠭᠰᠠᠨ ᠡᠷᠭᠦᠮᠵᠢᠯᠡᠭᠰᠡᠨ ᠦᠯᠢᠭᠡᠷ》ᠵᠡᠷᠭᠡ ᠰᠤᠩᠭᠤᠳᠠᠭ ᠤᠷᠠᠨ ᠵᠤᠬᠢᠶᠠᠯ ᠦᠨ ᠬᠤᠭᠤᠷ ᠦᠨ ᠦᠯᠢᠭᠡᠷ ᠦᠨ ᠬᠤᠪᠢᠯᠠᠪᠤᠷᠢ ᠵᠢ ᠤᠷᠴᠢᠭᠤᠯᠤᠨ ᠪᠦᠳᠦᠭᠡᠭᠰᠡᠨ ᠶᠤᠮ᠃
  ᠲᠡᠭᠡᠷ᠎ᠠ ᠵᠠᠭᠤᠨ ᠦ ᠲᠠᠯᠠᠭᠠᠳ ᠤᠨ ᠦ ᠦᠶ᠎ᠠ ᠳᠦ᠂ ᠵᠠᠷᠤᠳ ᠬᠤᠰᠢᠭᠤᠨ ᠦ ᠦᠯᠢᠭᠡᠷ ᠦᠨ ᠭᠡᠷ ᠦᠢᠯᠠ ᠠᠵᠢᠯᠯᠠᠭ᠎ᠠ ᠪᠠᠨ ᠶᠠᠪᠤᠭᠤᠯᠵᠦ ᠪᠠᠶᠢᠭᠰᠠᠨ ᠲᠡᠮᠳᠡᠭᠯᠡᠯ ᠲᠠᠢ᠃
  ᠤᠶᠢᠷ᠎ᠠ ᠵᠢᠨ ᠵᠢᠯ ᠂ ᠦᠯᠢᠭᠡᠷ ᠦᠨ ᠶᠡᠬᠡ ᠪᠠᠭᠰᠢ ᠫᠠᠵᠠᠢ ᠶᠢᠨ ᠮᠡᠨᠳᠦᠯᠡᠭᠰᠡᠨ 100 ᠵᠢᠯ ᠢ ᠲᠤᠷᠠᠰᠬᠠᠬᠤ ᠬᠦᠳᠡᠯᠭᠡᠭᠡᠨ ᠵᠢᠴᠢ ᠦᠯᠢᠭᠡᠷ ᠬᠤᠯᠪᠤᠭ᠎ᠠ ᠶᠢᠨ ᠤᠷᠤᠯᠳᠤᠭᠠᠨ ᠂ ᠦᠯᠢᠭᠡᠷ ᠦᠨ ᠶᠡᠬᠡ ᠪᠠᠭᠰᠢ ᠮᠤᠤᠦ᠋ᠬᠢᠨ ᠦ ᠮᠡᠨᠳᠦᠯᠡᠭᠰᠡᠨ 100 ᠵᠢᠯ ᠢ ᠲᠤᠷᠠᠰᠬᠠᠬᠤ ᠬᠦᠳᠡᠯᠭᠡᠭᠡᠨ ᠵᠢᠴᠢ ᠦᠯᠢᠭᠡᠷ ᠬᠤᠯᠪᠤᠭ᠎ᠠ ᠶᠢᠨ ᠤᠷᠤᠯᠳᠤᠭᠠᠨ ᠵᠡᠷᠭᠡ ᠵᠢ ᠵᠠᠯᠭᠠᠭ᠎ᠠ ᠵᠠᠯᠭᠠᠪᠠᠷ ᠡᠷᠬᠢᠯᠠᠨ ᠶᠠᠪᠤᠭᠳᠠᠭᠤᠯᠵᠦ᠂ ᠤᠯᠠᠨ ᠲᠦᠮᠡᠨ ᠦ ᠦᠯᠢᠭᠡᠷ ᠬᠤᠯᠪᠤᠭ᠎ᠠ ᠰᠤᠨᠤᠰᠬᠤ ᠤᠷᠮ᠎ᠠ ᠪᠠᠬ᠎ᠠ ᠪᠠ ᠵᠠᠯᠠᠭᠤ ᠨᠢᠭᠡ ᠦᠶ᠎ᠠ ᠶᠢᠨ ᠬᠢᠨ  ᠦ ᠦᠯᠢᠭᠡᠷ ᠬᠤᠯᠪᠤᠭ᠎ᠠ ᠰᠤᠷᠤᠯᠴᠠᠬᠤ᠂ ᠡᠨᠡᠬᠦ ᠦᠨᠡᠳᠦ ᠰᠤᠶᠤᠯ ᠶᠢᠡᠨ ᠤᠯᠠᠮᠵᠢᠯᠠᠨ ᠬᠦᠭᠵᠢᠬᠦᠯᠬᠦ ᠢᠳᠡᠭᠡᠯ ᠵᠤᠷᠢᠭ ᠢ ᠦᠨᠡᠩᠬᠦ ᠲᠠᠶᠢᠴᠢᠯᠠᠵᠦ ᠴᠢᠳᠠᠵᠠᠢ᠃
  2007 ᠤᠨ ᠳᠦ᠂ ᠬᠤᠰᠢᠭᠤᠨ ᠦ ᠰᠤᠶᠤᠯ ᠦᠨ ᠤᠷᠳᠤᠨ ᠦ ᠪᠠᠶᠢᠷᠢᠨ ᠳᠦ 《ᠦᠯᠢᠭᠡᠷ ᠦᠨ ᠮᠦᠽᠸᠢ》 ᠵᠢ ᠡᠬᠢᠯᠡᠨ ᠪᠠᠶᠢᠭᠤᠯᠵᠦ᠂ ᠲᠤᠬᠠᠢ ᠵᠢᠨ ᠵᠢᠯ ᠦᠨ 8 ᠰᠠᠷ᠎ᠠ ᠵᠢᠨ 10  ᠳᠦ ᠮᠦᠽᠸᠢ ᠶᠢᠨ ᠨᠡᠭᠡᠭᠡᠯᠲᠡ ᠪᠠᠨ ᠬᠢᠭᠰᠡᠨ ᠪᠠᠶᠢᠨ᠎ᠠ᠃ ᠦᠯᠢᠭᠡᠷ ᠦᠨ ᠮᠦᠽᠸᠢ ᠨᠡᠭᠡᠭᠳᠡᠭᠰᠡᠨ ᠲᠠᠰᠢᠷᠠᠮ ᠶ᠋ᠢᠡᠷ᠂ ᠤᠯᠤᠰ ᠦᠨ ᠲᠡᠰ ᠦᠨ ᠪᠤᠳᠠᠰ ᠦᠨ ᠪᠤᠰᠤ ᠰᠤᠶᠤᠯ ᠦᠨ ᠦᠪ---ᠦᠯᠢᠭᠡᠷ ᠬᠤᠯᠪᠤᠭ᠎ᠠ ᠵᠢ ᠠᠮᠵᠢᠯᠲᠠᠲᠠᠢ ᠪᠦᠷᠢᠳᠭᠡᠭᠰᠡᠨ ᠪᠠᠶᠠᠷᠲᠦ ᠴᠢᠮᠡᠭᠡ ᠵᠢ ᠲᠤᠩᠬᠠᠭᠯᠠᠭᠰᠠᠨ ᠪᠠᠶᠢᠨ᠎ᠠ᠃

ᠪᠠᠶᠢᠭᠠᠯᠢ ᠠᠬᠤᠢ·ᠴᠠᠭ ᠠᠭᠠᠷ[ᠵᠠᠰᠠᠪᠤᠷᠢᠯᠠᠬᠤ | ᠺᠣᠳ᠋ ᠢᠶᠠᠷ ᠵᠠᠰᠠᠬᠣ]

  ᠵᠠᠷᠤᠳ ᠬᠤᠰᠢᠭᠤᠨ ᠦ ᠬᠤᠶᠢᠳᠦ ᠲᠤᠮᠳᠠ ᠬᠡᠰᠡᠭ ᠲᠦ ᠪᠠᠷᠲᠠᠭ᠎ᠠ ᠰᠦᠷᠯᠢᠭ ᠶᠡᠬᠡ ᠬᠢᠩᠭᠠᠨ ᠲᠠᠪᠠᠭ᠎ᠠ ᠬᠦᠨᠳᠡᠯᠢᠰᠤᠨ᠂ ᠭᠠᠵᠠᠷ ᠦᠨ ᠪᠠᠶᠢᠴᠠ ᠬᠠᠷᠢᠴᠠᠩᠭᠤᠢ ᠦᠨᠳᠦᠷ ᠪᠠᠶᠢᠵᠦ᠂ ᠵᠡᠭᠦᠨ ᠡᠮᠦᠨ᠎ᠠ ᠬᠡᠰᠡᠭ ᠨᠢ ᠬᠣᠷᠴᠢᠨ ᠦᠨ ᠲᠠᠯ᠎ᠠ ᠨᠤᠲᠤᠭ ᠲᠠᠢ ᠵᠠᠯᠭᠠᠯᠳᠤᠨ ᠭᠠᠵᠠᠷ ᠦᠨ ᠪᠠᠶᠢᠴᠠ ᠬᠠᠷᠢᠴᠠᠩᠭᠤᠢ ᠨᠠᠮ ᠪᠠᠶᠢᠳᠠᠭ᠃ ᠲᠤᠰ ᠬᠤᠰᠢᠭᠤᠨ ᠦᠨ ᠬᠠᠮᠤᠭ ᠦᠨᠳᠦᠷ ᠴᠢᠭ ᠨᠢ ᠬᠠᠨ ᠠᠭᠤᠯᠠ ᠤᠢ ᠰᠢᠭᠤᠢ  ᠶᠢᠨ ᠲᠠᠯᠠᠪᠠᠢ ᠶᠢᠨ ᠲᠦᠨᠳᠦᠷ ᠠᠭᠤᠯᠠ᠂ ᠲᠠᠯᠠᠢ ᠶᠢᠨ ᠲᠦᠪᠰᠢᠨ ᠡᠴᠡ 1444.2ᠮᠸᠲ᠋ᠷ ᠡᠷᠭᠦᠭᠳᠡᠵᠡᠢ᠃ ᠬᠠᠮᠤᠭ ᠲᠤᠤᠷ᠎ᠠ ᠴᠢᠭ ᠨᠢ ᠲᠤᠯᠤᠳᠦ ᠰᠤᠮᠤ ᠶᠢᠨ ᠳ᠋ᠠᠮᠢᠬᠤᠸᠠ ᠲᠤᠪᠤ᠂ ᠲᠠᠯᠠᠢ ᠵᠢᠨ ᠲᠦᠪᠰᠢᠨ ᠡᠴᠡ 179.2ᠮᠸᠲ᠋ᠷ ᠡᠷᠭᠦᠭᠳᠡᠵᠡᠢ᠃ 
  ᠵᠠᠷᠤᠳ ᠬᠤᠰᠢᠭᠤ ᠨᠢ ᠲᠤᠮᠳᠠ ᠰᠡᠷᠢᠭᠦᠨ ᠪᠦᠰᠡᠨ ᠦ ᠡᠬᠡ ᠬᠠᠭᠤᠷᠠᠢ ᠵᠢᠨ ᠤᠯᠠᠷᠢᠯ ᠦᠨ ᠰᠠᠯᠬᠢᠨ ᠦ ᠠᠭᠤᠷ ᠠᠮᠢᠰᠬᠤᠯ ᠳᠦ ᠪᠠᠭᠲᠠᠵᠦ᠂ ᠲᠦᠷᠪᠡᠨ ᠤᠯᠠᠷᠢᠯ ᠢᠯᠡᠳᠳᠡ᠂ ᠨᠠᠷᠠᠨ ᠦ ᠲᠤᠰᠤᠯᠲᠠ ᠭᠦᠢᠴᠡᠳ᠂ ᠲᠤᠨᠳᠠᠰᠤᠨ ᠦ ᠬᠡᠮᠵᠢᠶ᠎ᠠ ᠪᠠᠭ᠎ᠠ ᠵᠡᠷᠭᠡ ᠨᠡᠶᠢᠳᠡᠯᠢᠭ ᠤᠨᠴᠠᠯᠢᠭ ᠲᠠᠢ᠃ ᠵᠢᠯ ᠦᠨ ᠲᠡᠭᠰᠢᠳᠭᠡᠯ ᠲᠤᠯᠠᠭᠠᠴᠠ ᠵᠢᠨ ᠬᠡᠮᠵᠢᠶ᠎ᠠ 6.6℃᠂ ᠨᠠᠷᠠᠨ ᠦᠨ ᠲᠤᠰᠤᠯᠲᠠ ᠶᠢᠨ ᠬᠤᠭᠤᠠᠭ᠎ᠠ ᠲᠡᠭᠰᠢᠳᠭᠡᠭᠡᠳ ᠵᠢᠯ ᠳᠦ2882.7ᠴᠠᠭ᠃ ᠴᠢᠭᠢᠭ ᠦᠨ ᠬᠡᠮᠵᠢᠶ᠎ᠠ ᠲᠡᠭᠰᠢᠳᠭᠡᠭᠡᠳ49%᠂ᠰᠠᠯᠬᠢᠨ ᠦᠨ ᠬᠤᠷᠳᠤᠴᠠ ᠲᠡᠭᠰᠢᠳᠭᠡᠭᠡᠳ2.7ᠮᠸᠲ᠋ᠷ/ᠰᠸᠺᠦ᠋ᠨ᠋ᠳ᠋᠃
  ᠴᠠᠭ ᠠᠭᠠᠷ ᠦᠨ ᠲᠠᠪᠠᠭᠤ ᠨᠦᠭᠦᠴᠡᠯ ᠡᠴᠡ ᠰᠢᠯᠲᠠᠭᠠᠯᠠᠭᠳᠠᠵᠦ᠂ ᠵᠠᠷᠤᠳ ᠬᠤᠰᠢᠭᠤᠨ ᠦ ᠲᠦᠷᠪᠡᠨ ᠤᠯᠠᠷᠢᠯ ᠦᠨ ᠦᠩᠬᠡ ᠦᠵᠡᠮᠵᠢ ᠭᠤᠶᠢᠳᠠ ᠦᠵᠡᠰᠭᠦᠯᠡᠩ ᠪᠠᠶᠢᠵᠦ᠂ ᠵᠢᠨ ᠭᠦᠷᠦᠨ ᠦ ᠬᠢᠯᠢ ᠬᠡᠷᠡᠮ᠂ᠯᠢᠶᠤᠤ ᠭᠦᠷᠦᠨ ᠦ ᠠᠭᠤᠢ ᠳ᠋ᠦ᠋ᠩ᠂ ᠪᠠᠨᠰᠠ ᠶᠢᠨ ᠰᠦᠮ᠎ᠠ᠂ ᠠᠯᠲᠠᠨ ᠰᠢᠷᠭᠤᠤᠯ ᠠᠭᠤᠯᠠ᠂ ᠬᠤᠶᠠᠷᠬᠤᠸᠠ ᠶᠢᠨ  ᠨᠠᠮᠤᠭ ᠲᠠᠯ᠎ᠠ ᠂ ᠴᠡᠷᠢᠭ ᠦᠨ ᠠᠭᠲᠠ ᠶᠢᠨ ᠠᠭᠤᠯᠠᠷᠬᠠᠭ ᠲᠠᠯ᠎ᠠ ᠵᠡᠷᠭᠡ ᠵᠢᠭᠤᠯᠴᠢᠯᠠᠯ ᠦᠨ ᠤᠷᠤᠨ ᠨᠢ ᠲᠦᠷᠪᠡᠨ ᠵᠦᠭ ᠦᠨ ᠵᠢᠭᠤᠯᠴᠢᠳ ᠦᠨ ᠮᠠᠭᠲᠠᠭᠠᠯ ᠰᠠᠶᠢᠰᠢᠶᠠᠯ ᠢ ᠬᠦᠷᠳᠡᠭᠰᠡᠭᠡᠷ ᠢᠷᠡᠵᠡᠢ᠃

ᠡᠳ᠋ ᠪᠠᠶᠠᠯᠢᠭ·ᠦᠢᠯᠡᠳᠪᠦᠷᠢᠯᠡᠯ ᠠᠮᠢᠳᠤᠷᠠᠯ[ᠵᠠᠰᠠᠪᠤᠷᠢᠯᠠᠬᠤ | ᠺᠣᠳ᠋ ᠢᠶᠠᠷ ᠵᠠᠰᠠᠬᠣ]

  ᠵᠠᠷᠤᠳ ᠬᠤᠰᠢᠭᠤ ᠨᠢ ᠡᠯᠪᠡᠭ ᠪᠠᠶᠠᠯᠢᠭ ᠠᠭᠤᠷᠬᠠᠢ ᠶᠢᠨ ᠪᠤᠯᠠᠭᠳᠠᠴᠠ ᠲᠠᠢ ᠪᠠᠶᠢᠵᠦ᠂ ᠲᠦᠩᠯᠢᠶᠤᠤ ᠬᠤᠳᠠ ᠶᠢᠨ ᠨᠢᠭᠡᠨᠳᠡ ᠢᠯᠡᠷᠡᠭᠦᠯᠦᠭᠰᠡᠨ ᠠᠭᠤᠷᠬᠠᠢ ᠶᠢᠨ ᠪᠤᠯᠠᠭᠳᠠᠴᠠ ᠶᠢᠨ 80% ᠵᠢ ᠡᠵᠡᠯᠡᠳᠡᠭ᠃ ᠪᠦᠬᠦ ᠬᠤᠰᠢᠭᠤ ᠨᠡᠶᠢᠲᠡ 120 ᠭᠠᠷᠤᠢ ᠤᠯᠪᠤᠷᠢᠯᠠᠯᠲᠠ ᠶᠢᠨ ᠴᠢᠭ ᠨᠡᠭᠡᠭᠡᠨ ᠠᠵᠢᠯᠯᠠᠭᠤᠯᠵᠦ᠂ᠭᠤᠤᠯᠳᠠᠭᠤ ᠾᠸᠷᠤᠮ ᠪᠸᠷᠢᠯᠢ ᠭᠧᠷᠮᠠᠨ ᠬᠠᠹᠨᠢ ᠵᠡᠷᠭᠡ ᠬᠤᠪᠤᠷ ᠰᠢᠷᠤᠢ᠂ ᠵᠡᠰ ᠴᠠᠶᠢᠷ ᠲᠤᠭᠤᠯᠭ᠎ᠠ ᠮᠦᠩᠭᠦ ᠵᠡᠷᠭᠡ ᠦᠩᠭᠡᠳᠦ ᠲᠡᠮᠦᠷᠯᠢᠭ᠂ ᠨᠡᠭᠦᠷᠡᠰᠦ ᠭᠷᠠᠹᠢᠲ ᠫᠢᠷᠤᠫᠢᠲ᠋ᠯᠢᠲ ᠂ ᠭᠢᠯᠠᠭᠠᠷ ᠂ ᠬᠠᠢᠯᠠᠭᠤᠷ ᠵᠤᠩᠰᠢ᠂ ᠺᠠᠤᠯᠢᠩ᠂ ᠴᠤᠬᠤᠢ ᠶᠢᠨ ᠴᠢᠯᠠᠭᠤ᠂ ᠺᠸᠠᠷᠴᠠ ᠵᠡᠷᠭᠡ ᠲᠡᠮᠦᠷᠯᠢᠭ ᠪᠤᠰᠤ ᠠᠭᠤᠷᠬᠠᠢ ᠵᠢᠨ ᠡᠬᠢ ᠪᠠᠶᠠᠯᠢᠭ ᠪᠠᠶᠢᠳᠠᠭ᠃ ᠲᠡᠭᠦᠨ ᠳᠦ᠂ᠨᠡᠭᠦᠷᠡᠰᠦᠨ ᠦ ᠬᠠᠳᠠᠭᠠᠯᠠᠭᠳᠠᠴᠠ 120 ᠳ᠋ᠦ᠋ᠩᠰᠢᠭᠤᠷ ᠲᠤᠨ ᠂ ᠬᠤᠪᠤᠷ ᠲᠡᠮᠦᠷᠯᠢᠭ ᠦᠨ ᠬᠠᠳᠠᠭᠠᠯᠠᠭᠳᠠᠴᠠ 2 ᠳ᠋ᠣᠩᠰᠢᠭᠤᠷ ᠲᠤᠨ ᠳᠦ ᠬᠦᠷᠳᠡᠭ᠃
  ᠵᠠᠷᠤᠳ ᠬᠤᠰᠢᠭᠤᠨ ᠦ ᠬᠤᠶᠢᠳᠦ ᠬᠡᠰᠡᠭ ᠦᠨ ᠬᠢᠨ ᠮᠠᠯ ᠮᠠᠯᠵᠢᠬᠤ ᠪᠡᠷ ᠭᠤᠤᠯᠯᠠᠵᠦ᠂ ᠵᠡᠭᠦᠨ ᠡᠮᠦᠨ᠎ᠠ ᠬᠡᠰᠡᠭ ᠦᠨ ᠬᠢᠨ ᠬᠠᠭᠠᠰ ᠲᠠᠷᠢᠶᠠᠯᠠᠬᠤ ᠬᠠᠭᠠᠰ ᠮᠠᠯᠵᠢᠬᠤ ᠦᠢᠯᠡᠳᠪᠦᠷᠢᠯᠡᠯ ᠦᠨ ᠠᠷᠭ᠎ᠠ ᠪᠡᠷ ᠭᠤᠤᠯᠯᠠᠨ᠎ᠠ᠃

ᠵᠠᠮ ᠬᠠᠷᠢᠯᠴᠠᠭ᠎ᠠ·ᠴᠢᠮᠡᠭᠡ ᠨᠡᠪᠲᠡᠷᠡᠯᠬᠡ[ᠵᠠᠰᠠᠪᠤᠷᠢᠯᠠᠬᠤ | ᠺᠣᠳ᠋ ᠢᠶᠠᠷ ᠵᠠᠰᠠᠬᠣ]

  ᠵᠠᠷᠤᠳ ᠬᠤᠰᠢᠭᠤᠨ ᠦ ᠨᠤᠲᠤᠭ ᠶᠢᠡᠷ ᠲᠦᠩᠯᠢᠶᠤᠤ ᠊᠊᠊᠊᠊ ᠬᠤᠤᠯᠢᠩᠭᠤᠤᠯ ᠴᠢᠭᠯᠡᠯ ᠦᠨ ᠲᠡᠮᠦᠷ ᠵᠠᠮ᠂ᠤᠯᠠᠭᠠᠨᠬᠤᠳᠠ ᠊᠊᠊᠊᠊ ᠰᠢᠯᠢᠩᠬᠤᠳᠠ ᠴᠢᠭᠯᠡᠯ ᠦᠨ ᠲᠡᠮᠦᠷ ᠵᠠᠮ ᠪᠠ ᠰᠢᠨ᠋ᠮᠢᠨ ᠎᠎᠎᠊᠊᠊᠊᠊ ᠯᠦᠪᠸᠢ ᠴᠢᠭᠯᠡᠯ ᠦᠨ ᠠᠤᠲ᠋ᠤ᠊ ᠲᠦᠷᠭᠡᠨ ᠦ ᠵᠠᠮ᠂ G306 ᠳ᠋ᠤᠭᠠᠷᠲᠦ ᠤᠯᠤᠰ ᠦᠨ ᠵᠠᠮ᠂ <ᠦ᠌᠊·ᠮᠤ᠌᠊·ᠦ᠌᠊·ᠵᠠ᠊·ᠤ᠊ > ᠦ ᠶᠡᠬᠡ ᠵᠠᠰᠠᠮᠠᠯ ᠵᠠᠮ ᠵᠡᠷᠭᠡ ᠵᠠᠮ ᠱᠤᠭᠤᠮ ᠲᠡᠪᠢᠰᠦᠭᠳᠡᠵᠦ᠂ ᠵᠠᠰᠠᠮᠠᠯ ᠵᠠᠮ ᠦᠨ ᠨᠡᠶᠢᠲᠡ ᠤᠷᠳᠦ 2203 ᠺᠢᠯᠤᠮᠸᠲ᠋ᠷ ᠢ ᠲᠠᠪᠠᠭᠰᠠᠨ ᠶ᠋ᠢᠡᠷ ᠲᠤᠰ ᠬᠤᠰᠢᠭᠤᠨ ᠦ ᠵᠠᠮ ᠬᠠᠷᠢᠯᠴᠠᠭ᠎ᠠ ᠲᠦᠢᠯ ᠦᠨ ᠲᠦᠭᠦᠮ ᠪᠠᠢᠳᠠᠭ᠃
  ᠬᠤᠰᠢᠭᠤᠨ ᠲᠦᠪ ᠡᠴᠡ ᠨᠡᠶᠢᠰᠯᠡᠯ ᠪᠡᠭᠡᠵᠢᠩ᠂ᠤᠷᠤᠨ ᠦ ᠲᠦᠪ ᠬᠦᠬᠡᠬᠤᠳᠠ ᠂ ᠵᠡᠷᠭᠡᠯᠳᠡᠭᠡ ᠮᠤᠵᠢ ᠶᠢᠨ ᠲᠤᠮᠤ ᠬᠤᠳᠠ ᠮᠦᠭᠳᠡᠨ ᠴᠠᠩᠴᠦ᠋ᠨ ᠮᠡᠳᠦᠴᠢᠯᠡᠨ ᠶᠡᠬᠡ ᠪᠠᠭ᠎ᠠ ᠲᠠᠪᠢ ᠰᠢᠬᠠᠮ ᠬᠤᠳᠠ ᠤᠷᠤᠭᠤ ᠲᠤᠭᠳᠠᠮᠠᠯ ᠬᠤᠭᠤᠴᠠᠭᠠᠳᠦ ᠠᠦ᠋ᠲ᠋ᠤᠪᠦ᠋ᠰ ᠠᠶᠠᠯᠠᠳᠠᠭ᠃ ᠲᠦᠩᠯᠢᠶᠤᠤ ᠬᠤᠳᠠ ᠪᠠ ᠵᠠᠷᠤᠳ ᠬᠤᠰᠢᠭᠤ ᠬᠤᠭᠤᠷᠤᠨᠳᠦ ᠂ ᠦᠷᠯᠦᠭᠡᠡ  ᠦ ᠲᠠᠪᠤ ᠡᠴᠡ ᠪᠦᠷᠦᠢ ᠶᠢᠨ ᠲᠤᠯᠤᠭᠠᠨ ᠴᠠᠭ ᠬᠠᠭᠠᠰ ᠴᠠᠭ ᠪᠤᠯᠲᠠᠯ᠎ᠠ ᠬᠤᠷᠢᠨ ᠮᠢᠨᠦ᠋ᠲ ᠪᠦᠷᠢ ᠨᠢᠭᠡ ᠡᠭᠡᠯᠵᠢ ᠠᠦ᠋ᠲ᠋ᠤᠪᠦ᠋ᠰ ᠠᠶᠠᠯᠠᠳᠠᠭ ᠶᠢᠡᠷ ᠦᠯᠦ ᠪᠠᠷᠠᠨ ᠡᠳᠦᠷ ᠪᠦᠷᠢ ᠭᠤᠷᠪᠠᠨ ᠡᠭᠡᠯᠵᠢ ᠭᠠᠯᠳᠦ ᠲᠡᠷᠭᠡ ᠠᠶᠠᠯᠠᠳᠠᠭ᠁
  ᠵᠠᠷᠤᠳ ᠬᠤᠰᠢᠭᠤ ᠨᠢ 1988 ᠤᠨ ᠡᠴᠡ ᠡᠬᠢᠯᠡᠨ ᠰᠤᠮᠤ ᠭᠠᠴᠠᠭ᠎ᠠ ᠨᠤᠭᠤᠳ ᠲᠦ ᠴᠠᠬᠢᠯᠭᠠᠨ ᠨᠡᠪᠲᠡᠷᠡᠭᠦᠯᠵᠦ᠂ ᠰᠢᠨ᠎ᠠ ᠮᠢᠩᠭᠠᠨ ᠪᠤᠯᠬᠤ ᠳᠦ ᠨᠡᠯᠢᠶᠡᠳ ᠲᠤᠭᠠᠨ ᠦ ᠭᠠᠴᠠᠭ᠎ᠠ ᠲᠤᠰᠬᠤᠨ ᠴᠠᠬᠢᠯᠭᠠᠨ ᠨᠡᠪᠲᠡᠷᠡᠵᠦ᠂ ᠴᠢᠮᠡᠭᠡ ᠬᠤᠯᠪᠤᠭᠠᠨ ᠦ ᠬᠠᠮᠤᠭ ᠰᠢᠨ᠎ᠠ ᠲᠧᠭᠨᠣᠯᠣᠭᠢ ᠵᠢ ᠲᠡᠯᠡᠬᠡᠢ ᠵᠢᠨ ᠤᠷᠤᠨ ᠦᠳ ᠲᠠᠢ ᠮᠦᠷᠦ ᠵᠡᠷᠭᠡᠴᠡᠨ ᠡᠳ᠋ᠯᠡᠴᠡᠭᠡᠵᠦ᠂ᠤᠳᠤ ᠪᠤᠯᠬᠤ ᠳᠦ ᠪᠦᠬᠦ ᠬᠤᠰᠢᠭᠤᠨ ᠦ ᠰᠢᠯᠢᠨ ᠺᠠᠪᠸᠯᠢ ᠵᠢᠨ ᠬᠡᠷᠡᠭᠯᠡᠭᠴᠢ20500ᠡᠷᠦᠬᠡ᠂ ᠤᠳᠠᠰᠤᠲᠤ ᠲᠸᠯᠸᠢᠰ ᠦᠨ ᠬᠡᠷᠡᠭᠯᠡᠭᠴᠢ 12000 ᠡᠷᠦᠬᠡ᠂ ᠰᠢᠯᠵᠢᠮᠡᠯ ᠴᠢᠮᠡᠬᠡ ᠬᠤᠯᠪᠤᠭᠠᠨ ᠦ ᠬᠡᠷᠡᠭᠯᠡᠭᠴᠢ185000 ᠬᠦᠮᠦᠨ ᠢ ᠲᠠᠪᠠᠭᠰᠠᠨ ᠪᠠᠢᠨ᠎ᠠ᠃

ᠦᠨᠳᠦᠰᠦᠲᠡᠨ ᠦ ᠰᠤᠷᠭᠠᠨ ᠬᠦᠮᠦᠵᠢᠯ[ᠵᠠᠰᠠᠪᠤᠷᠢᠯᠠᠬᠤ | ᠺᠣᠳ᠋ ᠢᠶᠠᠷ ᠵᠠᠰᠠᠬᠣ]

  ᠵᠠᠷᠤᠳ ᠬᠤᠰᠢᠭᠤᠨ ᠦᠨ ᠰᠤᠷᠭᠠᠨ ᠬᠦᠮᠦᠵᠢᠯ ᠦᠨ ᠰᠢᠰᠲ᠋ᠸᠮ ᠦᠨ ᠬᠢᠨ ᠦᠨᠳᠦᠰᠦᠲᠡᠨ ᠦ ᠰᠤᠷᠭᠠᠨ ᠬᠦᠮᠦᠵᠢᠯ ᠦᠨ ᠡᠮᠦᠨ᠎ᠠ ᠹᠷᠤᠨᠲ ᠳᠦ ᠭᠠᠪᠰᠢᠭᠠᠶᠢᠯᠠᠨ ᠠᠵᠢᠯᠯᠠᠭᠰᠠᠨ ᠶᠢᠡᠷ᠂ᠲᠤᠰ ᠬᠤᠰᠢᠭᠤᠨ ᠦ ᠦᠨᠳᠦᠰᠦᠲᠡᠨ ᠦ ᠰᠤᠷᠭᠠᠨ ᠬᠦᠮᠦᠵᠢᠯ ᠮᠠᠭᠲᠠᠮ᠎ᠠ ᠱᠠᠭᠰᠢᠮ᠎ᠠ ᠦᠷ᠎ᠠ ᠪᠦᠳᠦᠮᠵᠢ ᠤᠯᠤᠭᠰᠠᠨ ᠪᠠᠶᠢᠨ᠎ᠠ᠃
  ᠵᠠᠷᠤᠳ ᠬᠤᠰᠢᠭᠤᠨ ᠦᠨ ᠮᠤᠩᠭᠤᠯ ᠦᠨᠳᠦᠰᠦᠲᠡᠨ ᠦ ᠲᠤᠷᠰᠢᠯᠲᠠ ᠶᠢᠨ ᠪᠠᠭ᠎ᠠ ᠰᠤᠷᠭᠠᠭᠤᠯᠢ ᠶᠢᠡᠷ ᠠᠪᠴᠦ ᠦᠵᠡᠬᠦ ᠳᠦ᠂ ᠰᠤᠷᠤᠭᠴᠢ ᠶᠢᠨ ᠰᠤᠷᠤᠯᠭ᠎ᠠ ᠶᠢᠨ ᠬᠢᠷᠢ ᠪᠦᠳᠦᠮᠵᠢ ᠵᠢ ᠪᠠᠳᠤᠯᠠᠭᠰᠠᠨ ᠰᠠᠭᠤᠷᠢᠨ ᠲᠡᠭᠡᠷ᠎ᠠ᠂ ᠮᠤᠩᠭᠤᠯ ᠬᠢᠳᠠᠳ ᠠᠩᠭ᠍ᠯᠢ ᠭᠤᠷᠪᠠᠨ ᠬᠡᠯᠡᠨ ᠦ ᠲᠤᠰᠬᠠᠢ ᠠᠩᠭᠢ ᠪᠠ ᠮᠤᠷᠢᠨ ᠬᠤᠭᠤᠷ᠂ᠦᠯᠢᠭᠡᠷ ᠬᠤᠯᠪᠤᠭ᠎ᠠ᠂ ᠬᠤᠷᠴᠢᠨ ᠠᠷᠠᠳ ᠦᠨ ᠲᠠᠭᠤᠤ᠂ᠵᠠᠷᠤᠳ ᠪᠠᠷ ᠵᠢᠷᠤᠭ᠂ᠮᠤᠩᠭᠤᠯ ᠰᠢᠳᠠᠷ᠎ᠠ᠂ ᠮᠤᠩᠭᠤᠯ ᠪᠦᠵᠢᠭ᠂ ᠮᠤᠩᠭᠤᠯ ᠤᠷᠳᠦ ᠶᠢᠨ ᠲᠠᠭᠤᠤ᠂ ᠮᠤᠩᠭᠤᠯ ᠭᠠᠷ ᠤᠷᠯᠠᠯ᠂ᠮᠤᠩᠭᠤᠯ ᠪᠦᠬᠡ ᠵᠡᠷᠭᠡ ᠣᠨᠴᠠᠯᠢᠭᠲᠤ ᠠᠩᠭᠢ ᠵᠢ ᠨᠡᠭᠡᠭᠡᠭᠰᠡᠨ ᠢᠶᠡᠷ ᠮᠤᠩᠭᠤᠯ ᠦᠨᠳᠦᠰᠦᠲᠡᠨ ᠦ ᠬᠡᠥᠬᠡᠳ ᠲᠡᠭᠦᠤᠨᠡᠷ ᠲᠦ ᠮᠤᠩᠭᠤᠯ ᠰᠤᠶᠤᠯ ᠢᠶᠠᠨ ᠲᠠᠨᠢᠵᠦ ᠡᠵᠡᠮᠰᠢᠬᠦ ᠠᠯᠲᠠᠨ ᠪᠤᠯᠤᠮᠵᠢ ᠵᠢ ᠤᠯᠭᠤᠵᠠᠢ᠃ ᠤᠳᠤ ᠲᠤᠰ ᠰᠤᠷᠭᠠᠭᠤᠯᠢ ᠨᠢ 6000 ᠭᠠᠷᠤᠢ ᠪᠠᠭᠰᠢ ᠠᠵᠢᠯᠲᠠᠨ ᠲᠠᠢ ᠤᠯᠤᠰ ᠦᠨ ᠲᠡᠰ ᠦᠨ ᠦᠨᠳᠦᠰᠦᠲᠡᠨ ᠦ ᠰᠤᠷᠭᠠᠨ ᠬᠦᠮᠦᠵᠢᠯ ᠦᠨ ᠹᠷᠣᠨᠲ ᠪᠤᠯᠵᠦ ᠬᠦᠭᠵᠢᠭᠰᠡᠨ ᠪᠠᠶᠢᠨ᠎ᠠ᠃
  ᠤᠶᠢᠷ᠎ᠠ ᠵᠢᠨ ᠬᠤᠶᠠᠷ ᠵᠢᠯ ᠳᠦ᠂ ᠴᠢᠨᠳᠠᠮᠤᠨᠢ ᠦᠨᠡᠭᠡᠴᠢ ᠤᠯᠠᠭᠠᠨᠬᠠᠳᠠ ᠵᠡᠷᠭᠡ ᠰᠤᠮᠤ ᠶᠢᠨ ᠪᠠᠭ᠎ᠠ ᠰᠤᠷᠭᠠᠭᠤᠯᠢ ᠵᠢ ᠰᠡᠷᠭᠦᠭᠡᠭᠰᠡᠨ ᠪᠦᠭᠡᠳ ᠮᠤᠩᠭᠤᠯ ᠦᠨᠳᠦᠰᠦᠲᠡᠨ ᠦ ᠬᠡᠥᠬᠡᠳ ᠦᠨ ᠴᠡᠴᠡᠷᠯᠢᠭ ᠢ ᠰᠢᠨ᠎ᠠ ᠪᠡᠷ ᠪᠠᠶᠢᠭᠤᠯᠵᠠᠢ᠃

ᠪᠢᠴᠢᠭᠡᠰᠦ