ᠵᠠᠶ᠎ᠠ ᠪᠠᠨᠳᠢᠳᠠ ᠨᠠᠮᠬᠠᠶᠢᠵᠠᠮᠼᠤ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠬᠠᠯᠢᠮᠠᠭ ᠤᠨ ᠨᠡᠶᠢᠰᠯᠡᠯ ᠡᠯᠡᠰᠦᠲᠦᠬᠠᠯᠢᠮᠠᠭ ᠤᠯᠤᠰ ᠤᠨ ᠶᠡᠬᠡ ᠰᠤᠷᠭᠠᠭᠤᠯᠢ ᠶᠢᠨ ᠬᠢᠴᠢᠶᠡᠯ ᠦᠨ ᠪᠠᠶᠢᠷᠢᠨ ᠤ ᠴᠡᠴᠡᠷᠯᠢᠭ ᠲᠦ ᠪᠣᠰᠤᠭᠰᠠᠨ ᠵᠠᠶ᠎ᠠ ᠪᠠᠨᠳᠢᠳᠠ ᠨᠠᠮᠬᠠᠶᠢᠵᠠᠮᠼᠤ ᠶᠢᠨ ᠬᠥᠰᠢᠶ᠎ᠡ

ᠮᠣᠩᠭᠣᠯ ᠤᠭᠰᠠᠭᠠᠲᠠᠨ᠂ ᠲᠡᠷᠡ ᠳᠤᠮᠳᠠ ᠪᠠᠨ ᠣᠶᠢᠷᠠᠳ ᠍ ᠤᠨ ᠠᠷᠠᠳ ᠲᠦᠮᠡᠨ ᠦ ᠳᠤᠮᠳᠠ ᠠᠴᠠ ᠲᠦᠷᠦᠭᠰᠡᠨ ᠠᠷᠪᠠᠨ ᠳᠣᠯᠤᠳᠤᠭᠠᠷ ᠵᠠᠭᠤᠨ ᠤ ᠨᠡᠷᠡᠲᠦ ᠬᠦᠮᠦᠨ᠂ ᠪᠤᠳ᠋ᠳ᠋ᠾᠠ ᠶᠢᠨ ᠱᠠᠰᠢᠨ ᠪᠣᠯᠤᠨ ᠲᠥᠷᠥ ᠶᠢᠨ ᠵᠢᠳᠬᠦᠯᠲᠡᠨ᠂ ᠷᠠᠪᠵᠠᠮᠪᠠᠵᠠᠶ᠎ᠠ ᠪᠠᠨᠳᠢᠳᠠᠳᠠᠭᠤᠨ ᠬᠥᠷᠪᠡᠭᠦᠯᠦᠭᠴᠢᠲᠣᠳᠣ ᠦᠰᠦᠭ ᠢ ᠵᠣᠬᠢᠶᠠᠭᠴᠢ᠂ ᠰᠣᠶᠣᠨ ᠭᠡᠭᠡᠷᠡᠭᠦᠯᠦᠭᠴᠢ ᠵᠠᠶ᠎ᠠ ᠪᠠᠨᠳᠢᠳᠠ ᠨᠠᠮᠬᠠᠶᠢᠵᠠᠮᠼᠤ (ᠥᠭᠡᠷ᠎ᠡ ᠪᠡᠷ ᠵᠠᠶ᠎ᠠ ᠪᠠᠨᠳᠢᠳᠠ ᠣᠭᠲᠠᠷᠭᠤᠢᠨᠳᠠᠯᠠᠢ; ᠬᠠᠯᠢᠮᠠᠭ ᠢᠶᠠᠷ ᠵᠠᠶ᠎ᠠ ᠫᠠᠨᠳᠢ ᠳᠤ, ᠪᠦᠲᠦᠨ ᠢᠶᠡᠷ ᠢᠶᠡᠨ ᠵᠠᠶ᠎ᠠ ᠫᠠᠨᠳᠢ ᠳᠤ ᠣһᠲᠷһᠤᠨ ᠳᠠᠯ; ᠣᠷᠣᠰ ᠢᠶᠠᠷ ᠵᠠᠶ᠎ᠠ-ᠫᠠᠨᠳᠢᠲ᠋ᠠ, ᠵᠠᠶ᠎ᠠ-ᠫᠠᠨᠳᠢᠲ᠋ᠠ ᠨᠠᠮᠺᠬᠠᠢ ᠴᠵᠠᠮᠰᠣ, 1599-1662) 1599 ᠣᠨ ᠤ ᠰᠢᠷᠠᠭᠴᠢᠨ ᠭᠠᠬᠠᠢ ᠵᠢᠯ ᠳᠤ ᠵᠤᠩᠭ᠋ᠠᠷ ᠤᠯᠤᠰ ᠤᠨ ᠨᠤᠲᠤᠭ ᠲᠤ ᠰᠠᠭᠤᠵᠤ ᠪᠠᠶᠢᠭᠰᠠᠨ ᠬᠣᠱᠤᠳ (ᠠᠶᠢᠮᠠᠭ) ᠍ ᠤᠨ ᠭᠥᠷᠥᠭᠡᠴᠢᠨ ᠣᠲᠣᠭ ᠤᠨ ᠱᠠᠩᠭᠠᠰ ᠣᠪᠣᠭᠲᠤ ᠬᠦᠮᠦᠩᠭᠦᠢᠵᠠᠶᠠᠭᠠᠴᠢ ᠶᠢᠨ ᠤᠤᠭᠠᠨ ᠬᠦᠦ ᠪᠠᠪᠠᠬᠠᠨᠢ ᠲᠠᠪᠤᠳᠤᠭᠠᠷ ᠬᠥᠪᠡᠭᠦᠨ ᠪᠣᠯᠤᠨ ᠲᠥᠷᠦᠵᠢ ᠰᠢᠷᠬᠠᠪᠠᠭ ᠬᠡᠮᠡᠬᠦ ᠨᠡᠷ᠎ᠡ ᠶᠢ ᠤᠯᠪᠠ᠃ 1616 ᠣᠨ ᠳᠤ 17 ᠨᠠᠰᠤᠨ ᠳᠤ ᠪᠠᠨ ᠲᠥᠪᠡᠳᠡᠶᠢᠨ ᡀᠠᠰᠠ ᠍ ᠤᠨ ᠪᠠᠷᠠᠶᠢᠪᠤᠨ ᠬᠡᠶᠢᠳᠡᠳ᠋ ᠱᠠᠪᠢᠯᠠᠨ ᠰᠠᠭᠤᠴᠠᠢ᠃ ᠲᠡᠭᠦᠨ ᠦ ᠨᠠᠮᠬᠠᠶᠢᠵᠠᠮᠼᠤ ᠭᠡᠬᠦ ᠰᠠᠬᠢᠯ ᠤᠨ ᠨᠡᠷ᠎ᠡ ᠨᠢ ᠮᠣᠩᠭᠣᠯ ᠢᠶᠠᠷ «ᠣᠭᠲᠠᠷᠭᠤᠢ ᠶᠢᠨ ᠳᠠᠯᠠᠢ» ᠭᠡᠵᠦ ᠬᠥᠷᠪᠡᠨ᠎ᠡ᠃ 10 ᠵᠢᠯ ᠱᠠᠰᠢᠨ ᠤ ᠨᠣᠮ ᠦᠵᠡᠭᠡᠳ ᠷᠠᠪᠵᠠᠮᠪᠠ (ᠬᠡᠲᠦᠷᠬᠡᠢ ᠮᠡᠳᠡᠭᠴᠢ) ᠴᠣᠯᠠ ᠶᠢ ᠬᠠᠮᠠᠭᠠᠯᠠᠵᠠᠢ᠃ ᠲᠡᠭᠦᠨ ᠡᠴᠡ ᠬᠣᠶᠢᠰᠢ ᠠᠬᠢᠶᠠᠳ 20 ᠵᠢᠯ ᠲᠥᠪᠡᠳ ᠦᠨ ᠣᠯᠠᠨ ᠬᠡᠶᠢᠳ ᠲᠦ ᠪᠠᠭᠰᠢ ᠯᠠᠮ᠎ᠠ ᠪᠣᠯᠵᠤ ᠶᠠᠪᠤᠬᠤ ᠳᠤ ᠪᠠᠨ ᠵᠠᠶ᠎ᠠ ᠪᠠᠨᠳᠢᠳᠠ ᠭᠡᠵᠦ ᠬᠦᠨᠳᠦᠯᠡᠭᠳᠡᠨ ᠠᠯᠳᠠᠷᠰᠢᠪᠠ᠃ 1638 ᠣᠨ ᠳᠤ ᠭᠤᠷᠪᠠᠨ ᠶᠡᠬᠡ ᠪᠣᠭᠳᠠ ᠬᠡᠮᠡᠨ ᠠᠯᠳᠠᠷᠰᠢᠭᠰᠠᠨ ᠪᠤᠶᠤ V ᠳᠦᠷᠢ ᠶᠢᠨ ᠳᠠᠯᠠᠢ ᠯᠠᠮᠠ ᠠᠭᠸᠠᠩᠯᠤᠪᠰᠠᠩᠵᠠᠮᠼᠤ᠂ IV ᠳᠦᠷᠢ ᠶᠢᠨ ᠪᠠᠨᠴᠢᠨ ᠡᠷᠳᠡᠨᠢ᠂ ᠭᠠᠯᠳᠠᠨ ᠰᠢᠷᠡᠭᠡᠲᠦ ᠬᠡᠶᠢᠳ ᠦᠨ ᠬᠠᠩᠪᠤ ᠭᠠᠯᠳᠠᠨ ᠲᠢᠪ ᠨᠠᠷ ᠤᠨ ᠵᠠᠷᠯᠢᠭ ᠳᠣᠣᠷ᠎ᠠ ᠬᠠᠯᠬ᠎ᠠ ᠳᠣᠯᠣᠭᠠᠨ ᠬᠣᠰᠢᠭᠤ᠂ ᠳᠥᠷᠪᠡᠨ ᠣᠶᠢᠷᠠᠳ ᠤᠨ ᠨᠤᠲᠤᠭ ᠲᠤ ᠲᠥᠷᠥ ᠱᠠᠰᠢᠨ ᠤ ᠶᠡᠬᠡ ᠪᠠᠭᠰᠢ ᠪᠠᠷ ᠲᠣᠮᠢᠯᠠᠭᠳᠠᠨ ᠡᠬᠡ ᠨᠤᠲᠤᠭ ᠲᠤ ᠪᠠᠨ ᠮᠣᠷᠢᠯᠠᠨ ᠢᠷᠡᠵᠡᠢ᠃[1]

1640 ᠣᠨ ᠤ ᠬᠠᠯᠬ᠎ᠠ-ᠣᠶᠢᠷᠠᠳ ᠍ ᠤᠨ ᠣᠯᠠᠨ ᠨᠣᠶᠠᠳ ᠤᠨ ᠲᠠᠷᠪᠠᠭᠠᠲᠠᠢ ᠶᠢᠨ ᠴᠢᠭᠤᠯᠭᠠᠨ ᠳᠤ ᠣᠷᠣᠯᠴᠠᠵᠤ ᠶᠡᠬᠡ ᠴᠠᠭᠠᠵᠠ ᠶᠢᠨ ᠪᠢᠴᠢᠭ ᠲᠤ ᠰᠠᠨᠠᠭ᠎ᠠ ᠪᠣᠳᠣᠯ ᠢᠶᠠᠨ ᠨᠡᠶᠢᠯᠡᠭᠦᠯᠪᠡ᠃ ᠲᠡᠷᠡ ᠪᠡᠷ ᠵᠦᠩᠭᠠᠷ ᠡᠴᠡ ᠭᠠᠷᠴᠤ ᠶᠠᠪᠤᠭᠠᠳ 1641—1642 ᠣᠨ ᠳᠤ ᠬᠠᠯᠬ᠎ᠠ᠂ 1645, 1657 ᠣᠨ ᠳᠤ ᠬᠣᠶᠠᠷ ᠤᠳᠠᠭ᠎ᠠ ᠢᠵᠢᠯ ᠦᠨ ᠣᠶᠢᠷᠠᠳ ᠭᠡᠬᠦ ᠮᠡᠲᠦ ᠮᠠᠨᠵᠤ ᠶᠢᠨ ᠡᠷᠬᠡᠨ ᠳᠦ ᠣᠷᠣᠭ᠎ᠠ ᠦᠭᠡᠢ ᠮᠣᠩᠭᠣᠯ ᠨᠤᠲᠤᠭ ᠪᠣᠯᠭᠠᠨ ᠢᠶᠠᠷ ᠨᠣᠮ ᠰᠤᠷᠭᠠᠯ ᠠᠶᠢᠯᠠᠳᠴᠤ ᠪᠠᠶᠢᠴᠠᠢ᠃ ᠵᠠᠶ᠎ᠠ ᠪᠠᠨᠳᠢᠳᠠ ᠨᠠᠮᠬᠠᠶᠢᠵᠠᠮᠼᠤ 1648 ᠣᠨ ᠤ ᠬᠤᠯᠤᠭᠠᠨ᠎ᠠ ᠵᠢᠯ ᠵᠦᠩᠭᠠᠷ ᠤᠨ ᠨᠤᠲᠤᠭ ᠴᠦᠢ ᠭᠣᠣᠯ ᠍ ᠤᠨ ᠡᠷᠭᠢ ᠳᠦ ᠠᠪᠠᠯᠠᠢ ᠲᠠᠶᠢᠵᠢᠡᠶᠢᠨ ᠳᠦ ᠡᠪᠦᠯᠵᠢᠬᠦ ᠳᠦ ᠪᠡᠨ ᠬᠠᠮᠤᠭ ᠮᠣᠩᠭᠣᠯ ᠬᠡᠯᠲᠡᠩ ᠳᠦ ᠳᠥᠬᠦᠮᠴᠢᠯᠡᠵᠦ ᠬᠤᠳᠤᠮ ᠮᠣᠩᠭᠣᠯ ᠦᠰᠦᠭ ᠢ ᠲᠣᠳᠣᠷᠠᠭᠤᠯᠵᠤ᠂ ᠲᠣᠳᠣᠷᠬᠠᠢ ᠪᠣᠯᠭᠠᠭᠰᠠᠨ ᠦᠰᠦᠭ ᠵᠣᠬᠢᠶᠠᠭᠰᠠᠨ ᠨᠢ ᠲᠣᠳᠣ ᠦᠰᠦᠭ ᠶᠤᠮ᠃ 1662 ᠣᠨ ᠳᠤ ᠲᠥᠪᠡᠳ ᠲᠦ ᠣᠴᠢᠬᠤ ᠵᠠᠮ ᠳᠤ ᠪᠠᠨ ᠬᠥᠬᠡᠨᠠᠭᠤᠷ ᠲᠤ ᠨᠠᠰᠤ ᠨᠥᠭᠴᠢᠵᠡᠢ᠃

ᠡᠰᠢ ᠪᠠᠷᠢᠮᠲᠠ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠢᠴᠢᠭᠡᠰᠦ