ᠵᠠᠰᠠᠭᠯᠠᠯ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ

ᠵᠠᠰᠠᠭᠯᠠᠯ ᠭᠡᠳᠡᠭ ᠪᠣᠯ ᠤᠯᠤᠰ ᠲᠥᠷᠥ᠂ ᠡᠷᠬᠡ ᠵᠦᠢ ᠶᠢᠨ ᠨᠡᠷ᠎ᠡ ᠲᠣᠮᠢᠶ᠎ᠠ ᠶᠤᠮ᠃ ᠠᠭᠤᠯᠭ᠎ᠠ ᠶᠢᠨ ᠲᠣᠳᠣᠷᠬᠠᠶᠢᠯᠠᠯᠲᠠ ᠳᠡᠭᠡᠷ᠎ᠡ ᠣᠯᠠᠨ ᠰᠤᠳᠤᠯᠤᠭᠠᠴᠢᠳ ᠵᠥᠷᠢᠳᠡᠭ᠃

ᠮᠣᠩᠭᠣᠯ ᠬᠡᠯᠡᠨ ᠦ ᠡᠭᠦᠳᠡᠨ ᠡᠴᠡ ᠦᠵᠡᠪᠡᠯ᠂ 《ᠵᠠᠰᠠᠭ》 ᠭᠡᠳᠡᠭ ᠵᠦᠢᠯ ᠦᠨ ᠦᠢᠯᠡᠳᠴᠦ ᠪᠤᠢ ᠶᠠᠪᠤᠴᠠ ᠶᠢ 《ᠵᠠᠰᠠᠭᠯᠠᠯ》 ᠭᠡᠵᠦ ᠣᠶᠢᠯᠠᠭᠠᠵᠤ ᠪᠠᠶᠢᠭ᠎ᠠ ᠶᠤᠮ᠃ ᠬᠠᠷᠢᠨ ᠣᠷᠴᠢᠭᠤᠯᠭ᠎ᠠ ᠶᠢᠨ ᠡᠭᠦᠳᠡᠨ ᠡᠴᠡ 《power》, 《governance》 ᠭᠡᠳᠡᠭ ᠣᠭᠲᠣ ᠥᠭᠡᠷ᠎ᠡ ᠬᠣᠶᠠᠷ ᠦᠭᠡ ᠶᠢ 《ᠵᠠᠰᠠᠭᠯᠠᠯ》 ᠭᠡᠵᠦ ᠣᠷᠴᠢᠭᠤᠯᠵᠤ ᠪᠠᠶᠢᠨ᠎ᠠ᠃

ᠠᠭᠤᠯᠭ᠎ᠠ ᠲᠠᠯ᠎ᠠ ᠠᠴᠠ ᠪᠠᠨ[ᠵᠠᠰᠠᠪᠤᠷᠢᠯᠠᠬᠤ | ᠺᠣᠳ᠋ ᠢᠶᠠᠷ ᠵᠠᠰᠠᠬᠣ]

Power ᠪᠤᠶᠤ ᠨᠢᠭᠡ ᠡᠲᠡᠭᠡᠳ ᠬᠦᠰᠡᠭᠰᠡᠨ ᠵᠦᠢᠯ ᠢᠶᠡᠨ ᠨᠥᠭᠥᠭᠡ ᠡᠲᠡᠭᠡᠳ ᠢᠶᠡᠷ ᠬᠦᠰᠡᠯ ᠵᠣᠷᠭ᠎ᠠ ᠶᠢ ᠨᠢ ᠬᠠᠷᠠᠭᠠᠯᠵᠠᠯ ᠦᠭᠡᠢ ᠬᠢᠯᠭᠡᠵᠦ ᠪᠠᠶᠢᠭ᠎ᠠ ᠶᠠᠪᠤᠳᠠᠯ ᠢ 《ᠵᠠᠰᠠᠭᠯᠠᠯ》 ᠭᠡᠳᠡᠭ ᠨᠡᠷ᠎ᠡ ᠲᠣᠮᠢᠶ᠎ᠠ ᠪᠠᠷ ᠣᠷᠴᠢᠭᠤᠯᠤᠨ ᠤᠶᠢᠯᠠᠭᠠᠬᠤ ᠶᠠᠪᠤᠳᠠᠯ ᠴᠥᠭᠡᠨ ᠦᠭᠡᠢ ᠪᠠᠶᠢᠨ᠎ᠠ᠃ ᠡᠨᠡ ᠠᠭᠤᠯᠭ᠎ᠠ ᠪᠠᠷ 《ᠲᠥᠷᠥ ᠶᠢᠨ ᠵᠠᠰᠠᠭᠯᠠᠯ》, 《ᠵᠠᠰᠠᠭᠯᠠᠯ ᠬᠤᠪᠢᠶᠠᠬᠤ》 ᠭᠡᠬᠦ ᠮᠡᠲᠦ ᠨᠡᠷ᠎ᠡ ᠲᠣᠮᠢᠶ᠎ᠠ ᠡᠭᠦᠰᠦᠭᠰᠡᠨ ᠪᠠᠶᠢᠨ᠎ᠠ᠃ ᠬᠠᠤᠯᠢ ᠵᠦᠢ ᠶᠢᠨ ᠨᠡᠷᠡᠰᠢᠯ ᠳᠦ᠂ power ᠭᠡᠳᠡᠭ ᠢ 《ᠵᠠᠰᠠᠭᠯᠠᠯ》 ᠪᠤᠰᠤ᠂ 《ᠡᠷᠬᠡ ᠮᠡᠳᠡᠯ》 ᠭᠡᠵᠦ ᠣᠷᠴᠢᠭᠤᠯᠳᠠᠭ ᠠᠭᠠᠳ ᠮᠣᠩᠭᠣᠯ ᠤᠯᠤᠰ ᠤᠨ ᠦᠨᠳᠦᠰᠦᠨ ᠬᠠᠤᠯᠢ ᠳᠤ 《ᠡᠷᠬᠡ ᠮᠡᠳᠡᠯ》 ᠬᠡᠮᠡᠨ ᠨᠡᠷᠡᠯᠡᠭᠰᠡᠨ ᠪᠤᠢ᠃ ᠡᠶᠢᠮᠦ ᠡᠴᠡ ᠰᠡᠭᠦᠯ ᠦᠨ ᠦᠶ᠎ᠡ ᠶᠢᠨ ᠬᠠᠤᠯᠢ ᠵᠦᠢ ᠶᠢᠨ ᠨᠣᠮ ᠳᠤ 《ᠡᠷᠬᠡ ᠮᠡᠳᠡᠯ ᠬᠤᠪᠢᠶᠠᠷᠢᠯᠠᠬᠤ》 ᠭᠡᠬᠦ ᠨᠡᠷ᠎ᠡ ᠲᠣᠮᠢᠶ᠎ᠠ ᠶᠢ ᠥᠷᠭᠡᠨ ᠬᠡᠷᠡᠭᠯᠡᠵᠦ ᠪᠠᠶᠢᠨ᠎ᠠ᠃ ᠬᠠᠷᠢᠨ ᠤᠯᠤᠰ ᠲᠥᠷᠥ ᠰᠤᠳᠤᠯᠤᠯ ᠤᠨ ᠨᠡᠷ᠎ᠡ ᠲᠣᠮᠢᠶᠠᠨ ᠳᠤ 《power》 ᠭᠡᠳᠡᠭ ᠢ 《ᠵᠠᠰᠠᠭᠯᠠᠯ》 ᠭᠡᠬᠦ ᠨᠡᠷ᠎ᠡ ᠪᠡᠷ ᠬᠡᠷᠡᠭᠯᠡᠭᠰᠡᠭᠡᠷ ᠪᠠᠶᠢᠭ᠎ᠠ ᠶᠤᠮ᠃ ᠲᠥᠷᠥ ᠶᠢᠨ ᠪᠤᠰᠤ ᠪᠠᠶᠢᠭᠤᠯᠤᠯᠭ᠎ᠠ ᠨᠤᠭᠤᠳ 《governance》 ᠭᠡᠳᠡᠭ ᠦᠭᠡ ᠶᠢ 《ᠵᠠᠰᠠᠭᠯᠠᠯ》 ᠬᠡᠮᠡᠨ ᠣᠷᠴᠢᠭᠤᠯᠤᠭᠰᠠᠨ ᠢᠶᠠᠷ 《ᠰᠠᠶᠢᠨ ᠵᠠᠰᠠᠭᠯᠠᠯ》, 《ᠠᠷᠠᠳᠴᠢᠯᠠᠭᠰᠠᠨ ᠵᠠᠰᠠᠭᠯᠠᠯ》 ᠭᠡᠬᠦ ᠮᠡᠲᠦ ᠨᠡᠷ᠎ᠡ ᠲᠣᠮᠢᠶ᠎ᠠ ᠰᠡᠭᠦᠯ ᠦᠨ ᠦᠶ᠎ᠡ ᠳᠦ ᠶᠡᠬᠡ ᠬᠡᠷᠡᠭᠯᠡᠬᠦ ᠪᠣᠯᠤᠯ᠎ᠠ᠃ ᠢᠩᠭᠢᠭᠰᠡᠨ ᠢᠶᠡᠷ 《ᠵᠠᠰᠠᠭᠯᠠᠯ》 ᠭᠡᠳᠡᠭ ᠦᠭᠡ ᠶᠢᠨ ᠦᠨᠳᠦᠰᠦᠨ ᠤᠳᠬ᠎ᠠ ᠪᠦᠷᠢᠨ ᠠᠯᠳᠠᠭᠳᠠᠭᠰᠠᠨ ᠪᠢᠯᠡ᠃ Good governance ᠭᠡᠳᠡᠭ ᠢ 《ᠰᠠᠶᠢᠨ ᠵᠠᠰᠠᠭᠯᠠᠯ》 ᠭᠡᠵᠦ ᠪᠠᠭᠤᠯᠭᠠᠭᠠᠳ᠂ ᠡᠷᠭᠢᠭᠦᠯᠦᠭᠡᠳ ᠲᠡᠭᠦᠨ ᠢ ᠪᠡᠨ 《ᠰᠠᠶᠢᠨ ᠡᠷᠬᠡ ᠮᠡᠳᠡᠯ》 ᠭᠡᠵᠦ ᠣᠶᠢᠯᠠᠭᠠᠪᠠᠯ ᠤᠳᠬ᠎ᠠ ᠶᠢᠨ ᠠᠶᠤᠮᠰᠢᠭᠲᠠᠢ ᠠᠯᠳᠠᠭ᠎ᠠ ᠭᠠᠷᠬᠤ ᠨᠢ ᠯᠠᠪᠲᠠᠢ᠃

ᠲᠡᠶᠢᠮᠦ ᠡᠴᠡ᠂ ᠪᠢᠷ᠎ᠠ ᠶᠢᠨ ᠴᠢᠮᠡᠳ ᠲᠡᠷᠢᠭᠦᠲᠡᠢ ᠵᠠᠷᠢᠮ ᠡᠷᠳᠡᠮᠲᠡᠨ 《ᠵᠠᠰᠠᠭᠯᠠᠯ》 ᠭᠡᠳᠡᠭ ᠦᠭᠡ ᠶᠢ ᠬᠡᠷᠡᠭᠯᠡᠬᠦ ᠦᠭᠡᠢ ᠪᠠᠶᠢᠬᠤ ᠶᠢ ᠰᠠᠨᠠᠯ ᠪᠣᠯᠭᠠᠳᠠᠭ᠃ 《Power》 ᠭᠡᠳᠡᠭ ᠢ 《ᠡᠷᠬᠡ ᠮᠡᠳᠡᠯ》, ᠬᠠᠷᠢᠨ 《governance》 ᠭᠡᠳᠡᠭ ᠢ 《ᠤᠳᠤᠷᠢᠳᠤᠯᠭ᠎ᠠ》 ᠭᠡᠵᠦ ᠣᠷᠴᠢᠭᠤᠯᠬᠤ ᠶᠢ ᠲᠡᠷᠡ ᠪᠡᠷ ᠰᠠᠨᠠᠯ ᠪᠣᠯᠭᠠᠳᠠᠭ᠃ ᠨᠡᠶᠢᠭᠡᠮ ᠤᠨ ᠰᠢᠨᠵᠢᠯᠡᠬᠦ ᠤᠬᠠᠭᠠᠨ ᠤ ᠨᠠᠷᠢᠨ ᠢᠯᠭᠠᠭ᠎ᠠ ᠲᠠᠢ ᠣᠶᠢᠯᠠᠭᠠᠯᠲᠠ ᠶᠢ ᠲᠣᠳᠣᠷᠬᠠᠢ ᠵᠠᠭᠠᠭᠯᠠᠬᠤ ᠡᠭᠦᠳᠡᠨ ᠡᠴᠡ ᠴᠢᠮᠡᠳ ᠪᠠᠭᠰᠢ ᠶᠢᠨ ᠰᠠᠨᠠᠭ᠎ᠠ ᠵᠠᠷᠢᠮ ᠲᠠᠯ᠎ᠠ ᠪᠠᠷ ᠵᠥᠪ ᠪᠠᠶᠢᠬᠤ ᠮᠠᠭᠠᠳ ᠦᠭᠡᠢ ᠶᠤᠮ᠃ 《ᠵᠠᠰᠠᠭᠯᠠᠯ ᠭᠡᠳᠡᠭ ᠨᠢ ᠤᠯᠤᠰ ᠣᠷᠣᠨ ᠢ ᠤᠳᠤᠷᠢᠳᠬᠤ ᠲᠥᠷᠥ ᠶᠢᠨ ᠡᠷᠬᠡ ᠪᠠᠷᠢᠳᠠᠭ ᠲᠣᠭᠲᠠᠯᠴᠠᠭ᠎ᠠ ᠶᠤᠮ᠃ ᠵᠠᠰᠠᠭᠯᠠᠯ ᠨᠢ ᠬᠠᠤᠯᠢ ᠲᠣᠭᠲᠠᠭᠠᠬᠤ᠂ ᠭᠦᠢᠴᠡᠳᠭᠡᠬᠦ᠂ ᠰᠢᠭᠦᠬᠦ ᠬᠡᠰᠡᠭ ᠡᠴᠡ ᠪᠥᠷᠢᠳᠦᠨ᠎ᠡ》 ᠨᠠᠪᠠᠯ:᠎ᠠ᠃ᠨᠢᠮᠠᠳᠠᠪᠠ

ᠪᠢᠴᠢᠭᠡᠰᠦ