ᠵᠠᠭᠤᠨ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ

ᠵᠠᠭᠤᠨ ᠨᠢ 100 ᠵᠢᠯ ᠲᠡᠢ ᠲᠡᠩᠴᠡᠬᠦ ᠴᠠᠭ ᠬᠤᠭᠤᠴᠠᠭᠠᠨ ᠤ ᠨᠢᠭᠡᠴᠡ ᠶᠤᠮ᠃

ᠭᠠᠷᠣᠷ ᠤᠨ ᠲᠣᠭᠠᠯᠠᠯ ᠤᠨ ᠡᠬᠢᠯᠡᠯ ᠪᠠ ᠲᠡᠭᠦᠰᠬᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠠᠷᠣᠷ ᠤᠨ ᠲᠣᠭᠠᠯᠠᠯ ᠤᠨ ᠳᠠᠭᠠᠤ ᠠᠩᠬᠠᠨ ᠤ ᠵᠠᠭᠤᠨ ᠨᠢ ᠨᠢᠭᠡᠳᠦᠭᠡᠷ ᠣᠨ ᠤ ᠨᠢᠭᠡ ᠰᠠᠷ᠎ᠠ ᠶᠢᠨ ᠨᠢᠭᠡᠨ ᠡᠴᠡ ᠡᠬᠢᠯᠡᠵᠦ ᠵᠤᠤ ᠳᠠᠬᠢ ᠣᠨ ᠤ ᠠᠷᠪᠠᠨ ᠬᠣᠶᠠᠳᠤᠭᠠᠷ ᠰᠠᠷ᠎ᠠ ᠶᠢᠨ ᠭᠤᠴᠢᠨ ᠨᠢᠭᠡᠨ ᠢᠶᠡᠷ ᠲᠡᠭᠦᠰᠳᠡᠭ᠃ ᠬᠣᠶᠠᠳᠤᠭᠠᠷ ᠵᠠᠭᠤᠨ ᠨᠢ 101 ᠣᠨ ᠠᠴᠠ ᠡᠬᠢᠯᠡᠬᠦ᠂ ᠭᠤᠷᠪᠠᠳᠤᠭᠠᠷ ᠵᠠᠭᠤᠨ ᠨᠢ 201 ᠣᠨ ᠠᠴᠠ ᠡᠬᠢᠯᠡᠬᠦ ᠵᠡᠷᠭᠡ ᠪᠡᠷ ᠦᠷᠭᠦᠯᠵᠢᠯᠡᠳᠡᠭ᠃ 100×n - 99 ᠵᠢᠯ ᠳᠤ n ᠍ ᠳᠦᠭᠡᠷ ᠵᠠᠭᠤᠨ ᠨᠢ ᠡᠬᠢᠯᠡᠳᠡᠭ᠃

ᠮᠠᠨ ᠤ ᠡᠷᠡᠨ ᠦ ᠠᠩᠬᠠᠨ ᠤ ᠵᠠᠭᠤᠨ ᠪᠠ ᠮᠠᠨ ᠤ ᠡᠷᠡᠨ ᠦ ᠡᠮᠦᠨᠡᠬᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠠᠨ ᠤ ᠡᠷᠡᠨ ᠦ ᠡᠮᠦᠨᠡᠬᠢ ᠠᠩᠬᠠᠨ ᠤ ᠵᠠᠭᠤᠨ ᠪᠠ ᠮᠠᠨ ᠤ ᠡᠷᠡᠨ ᠦ ᠠᠩᠬᠠᠨ ᠤ ᠵᠠᠭᠤᠨ ᠬᠣᠭᠣᠷᠣᠨᠳᠣ 《ᠲᠡᠭ ᠵᠠᠭᠤᠨ》 ᠭᠡᠵᠦ ᠪᠠᠶᠢᠳᠠᠭ ᠦᠭᠡᠢ᠃ ᠶᠦᠯ ᠦᠨ ᠲᠣᠭᠠᠯᠠᠯ ᠨᠢ ᠮᠠᠨ ᠤ ᠡᠷᠡᠨ ᠦ ᠡᠮᠦᠨ᠎ᠡ ᠨᠢᠭᠡᠳᠦᠭᠡᠷ ᠣᠨ ᠠᠴᠠ ᠮᠠᠨ ᠤ ᠡᠷᠡᠨ ᠦ ᠨᠢᠭᠡᠳᠦᠭᠡᠷ ᠣᠨ ᠷᠤ ᠰᠢᠯᠵᠢᠳᠡᠭ᠃ ᠮᠠᠨ ᠤ ᠡᠷᠡᠨ ᠦ ᠡᠮᠦᠨ᠎ᠡ ᠠᠩᠬᠠᠨ ᠤ ᠵᠠᠭᠤᠨ ᠨᠢ ᠮᠠᠨ ᠤ ᠡᠷᠡᠨ ᠦ ᠡᠮᠦᠨ᠎ᠡ ᠵᠤᠤ ᠳᠠᠬᠢ ᠣᠨᠣ ᠠᠴᠠ ᠮᠠᠨ ᠤ ᠡᠷᠡᠨ ᠦ ᠡᠮᠦᠨ᠎ᠡ ᠨᠢᠭᠡᠳᠦᠭᠡᠷ ᠣᠨ ᠤ ᠬᠣᠭᠣᠷᠣᠨᠳᠣᠬᠢ ᠬᠤᠭᠤᠴᠠᠭ᠎ᠠ ᠶᠢ ᠢᠯᠡᠷᠬᠡᠶᠢᠯᠡᠨ᠎ᠡ᠃ ᠪᠤᠰᠤᠳ ᠮᠠᠨ ᠤ ᠡᠷᠡᠨ ᠦ ᠡᠮᠦᠨ᠎ᠡ ᠵᠠᠭᠤ ᠨᠤᠭᠤᠳ ᠨᠢ ᠡᠨᠡ ᠮᠡᠲᠦ ᠦᠷᠭᠦᠯᠵᠢᠯᠡᠨ᠎ᠡ᠃

ᠪᠤᠰᠤᠳ ᠲᠣᠭᠠᠯᠠᠯ ᠤᠨ ᠰᠢᠰᠲ᠋ᠧᠮ ᠳᠦ ᠬᠢ ᠴᠠᠭ ᠬᠤᠭᠤᠴᠠᠭᠠᠨ ᠤ ᠨᠢᠭᠡᠴᠡ ᠨᠦᠭᠦᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠠᠷᠣᠷ ᠤᠨ ᠲᠣᠭᠠᠯᠠᠯ ᠤᠨ ᠵᠡᠷᠭᠡᠴᠡᠭᠡ ᠶᠦᠯ ᠦᠨ ᠲᠣᠭᠠᠯᠠᠯ ᠪᠠ ᠬᠢᠨᠳᠤ ᠲᠣᠭᠠᠯᠠᠯ ᠨᠢ ᠴᠠᠭ ᠬᠤᠭᠤᠴᠠᠭ᠎ᠠ ᠶᠢ ᠢᠯᠡᠷᠬᠡᠶᠢᠯᠡᠬᠦ ᠨᠢᠭᠡᠴᠡ ᠨᠦᠭᠦᠳ ᠲᠡᠢ ᠪᠠᠶᠢᠳᠠᠭ᠃ ᠵᠢᠱᠢᠶ᠎ᠡ ᠨᠢ ᠬᠢᠨᠳᠤ ᠲᠣᠭᠠᠯᠠᠯ ᠨᠢ ᠴᠠᠭ ᠬᠤᠭᠤᠴᠠᠭ᠎ᠠ ᠶᠢ 60 ᠵᠢᠯ ᠢᠶᠡᠷ ᠨᠢᠭᠡ ᠦᠶ᠎ᠡ ᠪᠣᠯᠭᠠᠨ ᠲᠣᠭᠠᠯᠠᠳᠠᠭ᠃

ᠳᠡᠯᠭᠡᠷᠡᠭᠦᠯᠵᠦ ᠦᠵᠡᠬᠦ[ᠵᠠᠰᠠᠪᠤᠷᠢᠯᠠᠬᠤ | ᠺᠣᠳ᠋ ᠢᠶᠠᠷ ᠵᠠᠰᠠᠬᠣ]

http://wiki.uhaan.com/index.php?title=ᠵᠠᠭᠤᠨ&oldid=327101》 ᠍  ᠡᠴᠡ ᠠᠪᠤᠭᠰᠠᠨ

ᠪᠢᠴᠢᠭᠡᠰᠦ