ᠵᠠᠭᠠᠯᠮᠠᠶᠢᠲᠠᠨ ᠤ ᠭᠤᠷᠪᠠ ᠳᠠᠬᠢ ᠠᠶᠠᠨ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ

1189 III ᠠᠯᠧᠺᠰᠠᠨᠳᠠᠷ ᠫᠠᠫ᠂ ᠹᠷᠧᠳᠧᠷᠢᠺ ᠪᠠᠷᠪᠤᠷᠠᠰ ᠬᠠᠭᠠᠨ᠂ ᠠᠩᠭᠯᠢ ᠶᠢᠨ ᠬᠠᠭᠠᠨ ᠠᠷᠰᠯᠠᠨ ᠵᠣᠷᠢᠭᠲᠤ ᠭᠡᠭᠳᠡᠳᠡᠭ 1 ᠍ ᠳᠦᠭᠡᠷ ᠷᠢᠴᠠᠷ ᠲᠤ ᠹᠷᠠᠨᠼᠢ ᠶᠢᠨ ᠬᠠᠭᠠᠨ II ᠹᠢᠯᠢᠫᠫ ᠨᠠᠷ ᠤᠨ ᠤᠳᠤᠷᠢᠳᠤᠯᠭ᠎ᠠ ᠪᠠᠷ ᠭᠤᠷᠪᠠ ᠳᠤ ᠬᠢ ᠳᠣᠪᠲᠣᠯᠭ᠎ᠠ ᠡᠬᠢᠯᠡᠭᠰᠡᠨ᠃ 3 ᠍ ᠳᠦᠭᠡᠷ ᠵᠠᠭᠠᠯᠮᠠᠶᠢᠲᠠᠨ ᠤ ᠠᠶᠠᠨ ᠳᠠᠶᠢᠨ ᠳᠤ ᠧᠦ᠋ᠷᠣᠫᠠ ᠶᠢᠨ 3 ᠬᠦᠴᠦᠷᠬᠡᠭ ᠬᠠᠭᠠᠨ ᠶᠠᠪᠤᠭᠰᠠᠨ ᠶᠠᠪᠤᠳᠠᠯ ᠨᠢ ᠫᠠᠫ ᠲᠤ ᠠᠮᠵᠢᠯᠲᠠ ᠲᠠᠢ ᠪᠣᠯᠬᠤ ᠢᠲᠡᠭᠡᠯ ᠲᠥᠷᠦᠭᠦᠯᠵᠦ ᠪᠠᠶᠢᠭᠰᠠᠨ᠃ ᠭᠡᠪᠡᠴᠦ ᠡᠨᠡ ᠦᠶ᠎ᠡ ᠳᠦ ᠮᠦᠰᠦ᠋ᠯᠮᠠᠨᠴᠤᠳ ᠠᠯᠢ ᠬᠡᠵᠢᠶᠡᠨᠡᠢ ᠵᠣᠬᠢᠶᠠᠨ ᠪᠠᠶᠢᠭᠤᠯᠤᠯᠲᠠ ᠳᠤ ᠣᠷᠣᠵᠤ ᠨᠢᠭᠡᠳᠦᠭᠰᠡᠨ ᠪᠠᠶᠢᠯ᠎ᠠ᠃ ᠤᠳᠠᠭ᠎ᠠ ᠳᠠᠷᠠᠭᠠᠯᠠᠭᠰᠠᠨ ᠵᠠᠭᠠᠯᠮᠠᠶᠢᠲᠠᠨ ᠤ ᠳᠣᠪᠲᠣᠯᠭ᠎ᠠ ᠲᠡᠳᠡᠨ ᠢ ᠬᠦᠴᠦᠷᠬᠡᠭᠵᠢᠭᠦᠯᠦᠭᠰᠡᠨ ᠶᠤᠮ᠃ ᠲᠡᠳᠡᠨ ᠦ ᠬᠠᠭᠠᠨ ᠰᠠᠯᠠᠳᠢᠨ ᠰᠠᠶᠢᠲᠤᠷ ᠵᠡᠪᠰᠡᠭᠯᠡᠭᠰᠡᠨ᠂ ᠲᠤᠷᠰᠢᠯᠭ᠎ᠠ ᠲᠠᠢ᠂ ᠭᠤᠷᠪᠠᠨ ᠵᠠᠭᠤᠨ ᠮᠢᠩᠭ᠎ᠠ ᠬᠦᠷᠲᠡᠯ᠎ᠡ ᠬᠦᠮᠦᠨ ᠲᠡᠢ ᠠᠷᠮᠢ ᠶᠢ ᠤᠳᠤᠷᠢᠳᠥᠵᠤ ᠪᠠᠶᠢᠯ᠎ᠠ᠃ ᠴᠢᠰᠤ ᠠᠰᠬᠠᠷᠠᠭᠤᠯᠤᠭᠰᠠᠨ ᠬᠠᠲᠠᠭᠤ ᠰᠢᠷᠦᠭᠦᠨ ᠲᠤᠯᠤᠭᠠᠨ ᠭᠤᠷᠪᠠᠨ ᠵᠢᠯ ᠦᠷᠭᠦᠯᠵᠢᠯᠡᠵᠦ᠂ ᠹᠷᠧᠳᠧᠷᠢᠺ ᠤᠰᠤᠨ ᠳᠤ ᠵᠢᠪᠵᠢ ᠦᠬᠦᠭᠡᠳ᠂ ᠷᠢᠴᠠᠷ ᠲᠤ ᠰᠠᠯᠠᠳᠢᠨᠲᠠᠢ ᠡᠪ ᠦᠨ ᠭᠡᠷ᠎ᠡ ᠪᠠᠶᠢᠭᠤᠯᠤᠭᠰᠠᠨ ᠢᠶᠠᠷ ᠳᠠᠭᠤᠰᠤᠭᠰᠠᠨ ᠶᠤᠮ᠃ ᠷᠢᠴᠠᠷ ᠲᠤ ᠬᠠᠷᠢᠬᠤ ᠵᠠᠮ ᠳᠤ ᠪᠠᠨ ᠭᠧᠷᠮᠠᠨ ᠳᠤ ᠪᠠᠷᠢᠭᠳᠠᠵᠤ ᠬᠣᠷᠢᠭᠳᠠᠵᠤ ᠪᠠᠶᠢᠭᠠᠳ᠂ ᠬᠣᠵᠢᠮ ᠣᠷᠭᠣᠨ ᠬᠠᠷᠢᠭᠰᠠᠨ ᠭᠡᠳᠡᠭ᠃

ᠪᠢᠴᠢᠭᠡᠰᠦ