ᠵᠠᠭᠠᠯᠮᠠᠶᠢᠲᠠᠨ ᠤ ᠠᠶᠠᠨ ᠳᠠᠶᠢᠨ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠹᠠᠢᠢᠯ:SiegeofAntioch.jpeg
ᠠᠨᠲ᠋ᠢᠶᠠᠬᠤ ᠶᠢᠨ ᠪᠦᠰᠡᠯᠡᠯᠲᠡ. ᠵᠠᠭᠠᠯᠮᠠᠶᠢᠲᠠᠨ ᠤ ᠠᠩᠬᠠᠨ ᠤ ᠠᠶᠠᠨ ᠳᠠᠶᠢᠨ ᠢ ᠬᠠᠷᠠᠭᠤᠯᠤᠭᠰᠠᠨ ᠳᠤᠮᠳᠠᠳᠤ ᠵᠠᠭᠤᠨ ᠤ ᠦᠶ᠎ᠡ ᠶᠢᠨ ᠤᠷᠠᠨ ᠵᠢᠷᠤᠭ

ᠵᠠᠭᠠᠯᠮᠠᠶᠢᠲᠠᠨ ᠤ ᠠᠶᠠᠨ ᠳᠠᠶᠢᠨ ᠨᠢ ᠷᠤᠮᠠᠨᠢᠶ ᠠ ᠫᠠᠫ ᠦᠳ ᠺᠠᠲ᠋ᠣᠯᠢᠭ ᠱᠠᠰᠢᠨ ᠤ ᠨᠡᠷ᠎ᠡ ᠶᠢᠨ ᠡᠮᠦᠨ᠎ᠡ ᠡᠴᠡ ᠧᠦ᠋ᠷᠣᠫᠠ ᠍ ᠤᠨ ᠾᠷᠢᠰᠲ ᠤᠨ ᠱᠠᠰᠢᠨᠲᠠᠨ ᠨᠤᠭᠤᠳ ᠢ ᠤᠷᠢᠶᠠᠯᠠᠨ ᠳᠠᠭᠤᠳᠠᠵᠤ 1095 – 1291 ᠣᠨ ᠤ ᠬᠣᠭᠣᠷᠣᠨᠳᠣ ᠶᠠᠪᠤᠭᠤᠯᠤᠭᠰᠠᠨ 9 ᠤᠳᠠᠭ᠎ᠠ ᠶᠢᠨ ᠳᠠᠶᠢᠨ ᠶᠤᠮ᠃

ᠵᠠᠭᠠᠯᠮᠠᠶᠢᠲᠠᠨ ᠤ ᠠᠶᠠᠨ ᠳᠠᠶᠢᠨ ᠤ ᠦᠨᠳᠦᠰᠦᠨ ᠵᠣᠷᠢᠯᠭ᠎ᠠ ᠨᠢ ᠮᠥᠰᠥᠶᠢᠯᠮᠡᠨᠴᠤᠳ ᠤᠨ ᠬᠢᠨᠠᠯᠲᠠᠨ ᠳᠤ ᠪᠠᠶᠢᠭᠰᠠᠨ ᠠᠷᠢᠭᠤᠨ ᠬᠣᠲᠠ ᠢᠶᠡᠷᠤᠰᠠᠯᠢᠮ ᠍ ᠢ ᠪᠤᠴᠠᠭᠠᠨ ᠠᠪᠬᠤ ᠶᠠᠪᠤᠳᠠᠯ ᠪᠠᠶᠢᠭᠰᠠᠨ ᠪᠥᠭᠡᠳ ᠰᠧᠯᠵᠢᠺ ᠲᠦᠷᠦᠭ ᠦᠳ ᠠᠨᠠᠲ᠋ᠣᠯᠢ ᠷᠤ ᠴᠥᠮᠥᠷᠡᠨ ᠣᠷᠣᠵᠤ᠂ ᠾᠷᠢᠰᠤᠰ ᠤᠨ ᠱᠠᠰᠢᠨ ᠤ ᠦᠨᠡᠨ ᠠᠯᠳᠠᠷᠲᠠᠨ ᠤ ᠤᠷᠤᠰᠬᠠᠯ ᠢ ᠰᠢᠲᠦᠳᠡᠭ ᠸᠢᠽᠠᠨᠲ᠋ᠢ ᠍ ᠶᠢᠨ ᠡᠵᠡᠨᠲᠦ ᠤᠯᠤᠰ ᠲᠤ ᠲᠤᠰᠯᠠᠬᠤ ᠪᠠᠷ ᠠᠩᠬᠠᠨ ᠤ ᠠᠶᠠᠨ ᠳᠠᠶᠢᠨ ᠡᠬᠢᠯᠡᠵᠡᠢ᠃ ᠤᠭ ᠳᠠᠢ ᠨᠤᠭᠤᠳ ᠨᠢ ᠵᠥᠪᠬᠡᠨ ᠯᠸᠠᠨᠲᠡᠶᠢᠨ ᠲᠡᠷᠰ ᠨᠣᠮᠲᠠᠨ᠂ ᠱᠠᠰᠢᠨ ᠦᠭᠡᠢ ᠦᠵᠡᠯᠲᠡᠨ ᠨᠦᠭᠦᠳ ᠢ ᠨᠣᠮᠣᠬᠠᠳᠬᠠᠬᠤ ᠱᠠᠰᠢᠨ ᠤ ᠵᠣᠷᠢᠯᠭ᠎ᠠ ᠲᠠᠢ ᠪᠠᠶᠢᠪᠠ᠃ ᠭᠡᠪᠡᠴᠦ ᠤᠯᠤᠰ ᠲᠥᠷᠥᠡᠳ᠋ ᠍ ᠦᠨ ᠵᠠᠰᠠᠭᠱᠠᠰᠢᠨ ᠤ ᠦᠵᠡᠯ ᠰᠠᠨᠠᠭ᠎ᠠ ᠬᠣᠯᠢᠯᠳᠤᠭᠰᠠᠨ ᠪᠠᠶᠢᠭᠰᠠᠨ ᠤ ᠢᠯᠡᠷᠡᠯ ᠨᠢ ᠱᠠᠰᠢᠨ ᠰᠢᠲᠦᠯᠭᠡ ᠶᠢᠨ ᠵᠥᠷᠢᠴᠡᠯ ᠲᠡᠢ ᠪᠠᠶᠢᠭᠰᠠᠨ ᠴᠤ᠂ 5 ᠳᠠᠬᠢ ᠠᠶᠠᠨ ᠳᠠᠶᠢᠨ ᠤ ᠦᠶ᠎ᠡ ᠪᠡᠷ ᠯᠠᠯᠤ ᠶᠢᠨ ᠱᠠᠰᠢᠨᠲᠤ ᠰᠧᠯᠵᠢᠺ ᠲᠦᠷᠦᠭ ᠦᠨ ᠷᠤᠮᠠᠨᠢᠶ ᠠ ᠰᠤᠯᠲᠠᠨ ᠳᠤ ᠤᠯᠤᠰ ᠨᠢ ᠵᠠᠭᠠᠯᠮᠠᠶᠢᠲᠠᠨ ᠨᠤᠭᠤᠳ ᠲᠠᠢ ᠬᠣᠯᠪᠣᠭᠠᠲᠠᠨ ᠪᠣᠯᠵᠤ ᠲᠤᠯᠤᠯᠳᠤᠵᠤ ᠪᠠᠶᠢᠭᠰᠠᠨ ᠢᠶᠠᠷ ᠢᠯᠡᠷᠡᠳᠡᠭ᠃ ᠵᠠᠭᠠᠯᠮᠠᠶᠢᠲᠠᠨ ᠨᠤᠭᠤᠳ ᠣᠯᠠᠨ ᠤᠳᠠᠭ᠎ᠠ ᠶᠢᠨ ᠠᠶᠠᠨ ᠳᠠᠶᠢᠨ ᠤ ᠦᠷ᠎ᠡ ᠳ᠋ᠦᠩ ᠳᠦ ᠮᠠᠰᠢ ᠬᠣᠯᠠ ᠭᠠᠵᠠᠷ ᠲᠤ ᠬᠦᠷᠴᠦ ᠴᠢᠳᠠᠭᠰᠠᠨ ᠴᠤ ᠾᠷᠢᠰᠲ ᠤᠨ ᠱᠠᠰᠢᠨᠲᠤ ᠤᠯᠤᠰ ᠤᠳ ᠤᠨ ᠳᠣᠲᠣᠭᠠᠳᠤ ᠶᠢᠨ ᠤᠯᠤᠰ ᠲᠥᠷᠥ ᠶᠢᠨ ᠵᠥᠷᠢᠴᠡᠯᠳᠦᠭᠡᠨ ᠨᠢ ᠲᠡᠳᠡᠨ ᠦ ᠦᠨᠳᠦᠰᠦᠨ ᠵᠣᠷᠢᠯᠭ᠎ᠠ ᠶᠢ ᠪᠤᠰᠠᠨᠢᠭᠤᠯᠵᠤ ᠪᠠᠶᠢᠭᠰᠠᠨ ᠪᠠᠶᠢᠨ᠎ᠠ᠃ ᠲᠤᠬᠠᠶᠢᠯᠠᠪᠠᠯ 4 ᠳ᠋ᠡᠬᠢ ᠠᠶᠠᠨ ᠤ ᠦᠶ᠎ᠡ ᠳᠦ ᠾᠷᠢᠰᠤᠰ ᠤᠨ ᠱᠠᠰᠢᠨ ᠳᠤ ᠺᠣᠨᠰᠲ᠋ᠠᠨᠲ᠋ᠢᠨᠣᠫᠣᠯᠢ ᠬᠣᠲᠠ ᠶᠢ ᠲᠣᠨᠣᠨ ᠳᠡᠭᠡᠷᠡᠮᠳᠡᠭᠰᠡᠨ ᠨᠢ ᠸᠧᠨᠧᠼᠢ ᠍ ᠶᠢᠨ ᠵᠠᠭᠠᠯᠮᠠᠶᠢᠲᠠᠨ ᠨᠤᠭᠤᠳ ᠪᠣᠯᠤᠨ ᠸᠢᠰᠠᠩᠲᠤ ᠶᠢᠨ ᠡᠵᠡᠨ ᠳᠦ ᠭᠦᠷᠦᠨ ᠦ ᠬᠣᠭᠣᠷᠣᠨᠳᠣ ᠵᠥᠷᠢᠴᠡᠯᠳᠦᠭᠡᠨ ᠡᠭᠦᠰᠬᠡᠵᠦ ᠪᠠᠶᠢᠴᠠᠢ᠃

ᠧᠦᠢᠷᠣᠫᠠ ᠶᠢᠨ ᠬᠤᠪᠢ ᠳᠤ ᠷᠤᠮᠠᠨᠢᠶ ᠠ ᠢᠮᠫᠧᠷᠢ ᠨᠤᠷᠠᠨ ᠤᠨᠠᠭᠰᠠᠨ ᠢᠶᠠᠷ ᠧᠦᠢᠷᠣᠫᠠᠳ ᠵᠢᠩᠬᠢᠨᠢ ᠦᠢᠮᠡᠭᠡᠨ ᠪᠣᠯᠵᠤ ᠪᠠᠶᠢᠭᠰᠠᠨ ᠭᠡᠳᠡᠭ᠃.. ᠲᠤᠬᠠᠢ ᠶᠢᠨ ᠦᠶ᠎ᠡ ᠳᠦ ᠠᠷᠠᠢ ᠬᠦᠴᠦᠷᠬᠡᠭ ᠪᠠᠶᠢᠭᠰᠠᠨ ᠺᠠᠷᠯ ᠹᠷᠠᠨᠺ ᠤᠳ ᠢ ᠣᠪᠣᠭ᠎ᠠ ᠨᠢᠭᠡ ᠬᠥᠯ ᠲᠣᠯᠣᠭᠠᠢ ᠳᠤ ᠨᠢ ᠣᠷᠣᠭᠤᠯᠤᠭᠰᠠᠨ ᠪᠠᠶᠢᠭᠰᠠᠨ ᠪᠣᠯ ᠠᠩᠭᠯᠢᠴᠢ ᠨᠤᠭᠤᠳ ᠡᠷᠬᠡᠪᠰᠢ ᠠᠷᠠᠢ ᠲᠤᠰ ᠲᠤ ᠪᠠᠨ ᠲᠤᠯᠠᠳᠠ ᠪᠠᠨ ᠨᠢᠭᠡ ᠶᠠᠭᠤᠮ᠎ᠠ ᠡᠮᠬᠢ ᠴᠡᠭᠴᠡ ᠲᠡᠢ ᠪᠠᠶᠢᠭᠰᠠᠨ ᠪᠣᠯ ᠭᠧᠷᠮᠠᠨ᠂ ᠰᠯᠠᠪ᠂ ᠸᠢᠭᠠᠨ ᠢ ᠣᠪᠤᠭ ᠤᠨ ᠬᠢᠨ ᠶᠠᠮᠠᠷ ᠨᠢᠭᠡ ᠨᠢᠭᠡᠳᠦᠭᠰᠡᠨ ᠤᠳᠤᠷᠢᠳᠤᠯᠭ᠎ᠠ ᠵᠣᠬᠢᠶᠠᠨ ᠪᠠᠶᠢᠭᠤᠯᠤᠯᠲᠠ ᠦᠭᠡᠢ ᠪᠡᠷ ᠧᠦᠢᠷᠣᠫᠠᠳ ᠣᠷᠣᠰᠢᠵᠤ ᠪᠠᠶᠢᠯ᠎ᠠ᠃.. ᠲᠡᠳᠡᠨ ᠦ ᠳᠠᠶᠢᠴᠢᠳ ᠨᠢᠭᠡ ᠨᠢᠭᠡᠨ ᠯᠦᠦ ᠪᠡᠨ ᠳᠠᠭᠠᠷᠢᠵᠤ ᠬᠦᠴᠦᠷᠬᠡᠶᠢᠯᠡᠯ ᠦᠢᠯᠡᠳᠦᠨ ᠳᠠᠶᠢᠨ ᠤ ᠣᠯᠵᠠ ᠤᠯᠬᠤ ᠭᠣᠣᠯ ᠵᠣᠷᠢᠯᠭ᠎ᠠ ᠲᠠᠢ ᠪᠠᠶᠢᠪᠠ᠃.. ᠡᠨᠡ ᠦᠶ᠎ᠡ ᠳᠦ ᠶᠡᠷᠦᠩᠬᠡᠢ ᠳᠤ ᠪᠡᠨ ᠵᠠᠭᠠᠯᠮᠠᠶᠢᠲᠠᠨ ᠨᠤᠭᠤᠳ ᠪᠤᠶᠤ ᠺᠷᠤᠰᠠᠳᠣᠷ ᠭᠡᠰᠡᠨ ᠨᠡᠷ᠎ᠡ ᠲᠣᠮᠶᠣᠣ ᠭᠠᠷᠤᠭᠰᠠᠨ ᠶᠤᠮ ᠰᠢᠭ ᠪᠠᠶᠢᠭᠠᠨ᠃.. ᠡᠨᠡ ᠣᠯᠠᠨ ᠶᠠᠬᠤ ᠠᠴᠠ ᠴᠤ ᠪᠤᠴᠠᠬᠤ ᠦᠭᠡᠢ ᠳᠠᠶᠢᠴᠢᠳ ᠢ ᠨᠢᠭᠡᠳᠬᠡᠵᠦ ᠺᠷᠤᠰᠠᠳᠣᠷ ᠨᠡᠷᠡᠨ ᠦ ᠳᠣᠣᠷ᠎ᠠ ᠥᠭᠡᠷ᠎ᠡ ᠱᠠᠰᠢᠨ ᠲᠠᠢ ᠤᠯᠤᠰ ᠣᠷᠣᠨ ᠨᠤᠭᠤᠳ ᠷᠤ ᠲᠤᠷᠬᠢᠷᠠᠬᠤ ᠠᠷᠭ᠎ᠠ ᠶᠢ ᠫᠠᠫ ᠣᠯᠵᠠᠢ᠃.. ᠢᠩᠭᠢᠭᠡᠳ ᠵᠣᠷᠢᠯᠭ᠎ᠠ ᠦᠭᠡᠢ ᠪᠠᠶᠢᠭᠰᠠᠨ ᠳᠠᠶᠢᠴᠢᠳ ᠵᠣᠷᠢᠯᠭ᠎ᠠ ᠲᠠᠢ ᠯᠠ ᠪᠣᠯᠵᠠᠢ᠃.. ᠡᠬᠢᠨ ᠦᠶᠡᠳᠡᠭᠡ ᠲᠡᠳᠡᠨ ᠦ ᠳᠠᠶᠢᠰᠤᠨ ᠪᠣᠯ ᠮᠠᠵᠠᠷ᠂ ᠰᠯᠠᠪ᠂ ᠸᠢᠭᠩᠭᠡ ᠨᠦᠭᠦᠳ ᠪᠠᠶᠢᠯ᠎ᠠ᠃.. ᠲᠡᠳᠡ ᠲᠤᠬᠠᠢ ᠶᠢᠨ ᠦᠶ᠎ᠡ ᠳᠦ ᠫᠠᠫ ᠲᠤ ᠵᠠᠬᠢᠷᠤᠭᠳᠠ ᠦᠭᠡᠢ ᠪᠠᠶᠢᠯ᠎ᠠ᠃..


ᠡᠨᠡ ᠬᠣᠭᠣᠷᠣᠨᠳᠣ ᠬᠠᠷᠢᠨ ᠷᠤᠮᠠᠨᠢᠶ ᠠ ᠢᠮᠫᠧᠷᠢ ᠶᠢᠨ ᠨᠤᠷᠠᠨ ᠤᠨᠠᠯᠲᠠ ᠠᠴᠠ ᠬᠣᠶᠢᠰᠢ ᠠᠷᠠᠪ ᠤᠨ ᠶᠢᠷᠲᠢᠨᠴᠦ ᠮᠠᠰᠢ ᠶᠡᠬᠡ ᠬᠦᠴᠦᠷᠬᠡᠭᠵᠢᠯ ᠢᠶᠡᠨ᠃.. ᠲᠤᠰ ᠲᠤᠰ ᠲᠤ ᠪᠠᠨ ᠬᠠᠯᠢᠹᠲ ᠤᠳ ᠪᠠᠶᠢᠭᠰᠠᠨ ᠪᠣᠯ ᠯᠠᠯᠤ ᠶᠢᠨ ᠱᠠᠰᠢᠨ ᠲᠡᠳᠡᠨ ᠢ ᠨᠢᠭᠡᠳᠬᠡᠨ ᠵᠠᠩᠭᠢᠳᠴᠤ ᠠᠷᠠᠪ ᠤᠨ ᠶᠢᠷᠲᠢᠨᠴᠦᠳ ᠫᠧᠷᠰ ᠦᠳ ᠡᠴᠡ ᠬᠣᠶᠢᠰᠢᠬᠢ ᠲᠡᠦᠬᠡᠨ ᠲᠣᠮᠣᠬᠠᠨ ᠲᠡᠰᠦᠷᠡᠯᠲᠡ ᠭᠡᠵᠦ ᠬᠡᠯᠡᠬᠦ ᠳᠦ ᠪᠣᠯᠤᠨ᠎ᠠ᠃.. ᠭᠷᠧᠺ ᠦᠳ ᠲᠦ ᠴᠣᠬᠢᠭᠤᠯᠰᠤᠨ ᠠᠴᠠ ᠬᠣᠶᠢᠰᠢ ᠮᠠᠺᠧᠳᠣᠨᠢ ᠷᠤᠮᠠᠨᠢᠶ ᠠ ᠨᠥᠯᠥᠭᠡ ᠶᠢ ᠬᠦᠯᠢᠶᠡᠨ ᠵᠥᠪᠰᠢᠶᠡᠷᠡᠴᠢ ᠪᠠᠶᠢᠭᠰᠠᠨ ᠠᠷᠠᠪ ᠤᠳ ᠡᠨᠡ ᠦᠶ᠎ᠡ ᠳᠦ ᠯᠠ ᠲᠣᠯᠣᠭᠠᠢ ᠥᠨᠳᠡᠶᠢᠵᠦ ᠴᠢᠳᠠᠭᠰᠠᠨ ᠶᠤᠮ᠃.. ᠬᠣᠶᠢᠳᠤ ᠠᠹᠷᠢᠺᠠ ᠳᠤᠮᠳᠠᠳᠤ ᠠᠽᠢᠶ᠎ᠠ ᠪᠠᠭ᠎ᠠ ᠠᠽᠢᠶ᠎ᠠ ᠳᠤ ᠬᠢᠨᠠᠯᠲᠠ ᠪᠠᠨ ᠲᠣᠭᠲᠠᠭᠠᠭᠰᠠᠨ ᠲᠡᠳᠡᠨ ᠦ ᠳᠠᠷᠤᠭ᠎ᠠ ᠶᠢᠨ ᠵᠣᠭᠰᠣᠭᠠᠯ ᠨᠢ ᠢᠰᠫᠠᠨᠢ ᠫᠣᠷᠲᠤᠭᠠᠯᠢ ᠪᠠᠶᠢᠯ᠎ᠠ᠃.. ᠲᠡᠳᠡᠨ ᠦ ᠨᠥᠯᠥᠭᠡ ᠶᠢ ᠲᠡᠨᠳᠡ ᠪᠠᠷᠢᠵᠤ ᠪᠠᠶᠢᠭᠰᠠᠨ ᠬᠦᠮᠦᠨ ᠪᠣᠯ ᠺᠠᠷᠯ ᠯᠠ ᠪᠠᠶᠢᠭᠰᠠᠨ ᠭᠡᠳᠡᠭ᠃.. ᠠᠷᠠᠪ ᠤᠳ ᠤᠨ ᠬᠠᠷᠠᠴᠠ ᠮᠡᠳᠡᠭᠡᠵᠢ ᠬᠡᠷᠡᠭ ᠭᠠᠵᠠᠷ ᠵᠦᠢ ᠶᠢᠨ ᠮᠠᠰᠢ ᠲᠣᠬᠢᠷᠠᠮᠵᠢᠲᠠᠢ ᠪᠠᠶᠢᠷᠢᠯᠠᠯ ᠳᠡᠭᠡᠷ᠎ᠡ ᠪᠠᠶᠢᠭᠰᠠᠨ ᠸᠢᠰᠠᠩᠲᠤ ᠶᠢᠨ ᠢᠮᠫᠧᠷᠢ ᠶᠢ ᠬᠠᠷᠠᠭᠠᠯᠠᠵᠤ ᠪᠠᠶᠢᠯ᠎ᠠ᠃.. ᠢᠰᠯᠠᠮ ᠤᠨ ᠶᠢᠷᠲᠢᠨᠴᠦ ᠶᠢᠨ ᠡᠮᠦᠨ᠎ᠡ ᠤᠤ ᠶᠠᠭᠤ ᠦᠭᠡᠢ ᠡᠪᠦᠳᠦᠭ ᠰᠥᠬᠦᠷᠡᠴᠢᠬᠦ ᠳᠦ ᠪᠡᠯᠡᠨ ᠪᠠᠶᠢᠭᠰᠠᠨ ᠸᠢᠰᠠᠨ᠋ᠲ ᠤᠨ ᠬᠢᠨ ᠫᠠᠫᠠ ᠠᠴᠠ ᠲᠤᠰᠠᠯᠠᠮᠵᠢ ᠢᠷᠡᠭᠰᠡᠨ ᠴᠤ ᠴᠠᠭᠠᠳᠤᠬᠢ ᠨᠢ ᠣᠲᠣᠳᠣᠺᠰ ᠭᠡᠳ ᠡᠬᠢᠨ ᠦᠶᠡᠳᠡᠭᠡ ᠬᠡᠮᠡᠨ ᠦᠯᠦ ᠲᠣᠭᠣᠮᠰᠠᠷᠯᠠᠵᠠᠢ᠃.. ᠮᠦᠰᠦ᠋ᠯᠮᠠᠨ ᠤ ᠶᠢᠷᠲᠢᠨᠴᠦ ᠴᠡᠷᠢᠭ ᠵᠡᠪᠰᠡᠭ ᠦᠨ ᠬᠦᠴᠦ ᠪᠡᠷ ᠴᠤ ᠬᠦᠴᠦᠷᠬᠡᠭᠵᠢᠭᠡᠳ ᠵᠣᠭᠰᠣᠭ᠎ᠠ ᠦᠭᠡᠢ ᠪᠥᠭᠡᠳ ᠤᠷᠠᠯᠢᠭ ᠰᠢᠨᠵᠢᠯᠡᠬᠦ ᠤᠬᠠᠭᠠᠨ ᠴᠤ ᠭᠡᠰᠡᠨ ᠮᠠᠰᠢ ᠥᠨᠳᠥᠷ ᠲᠦᠪᠰᠢᠨ ᠳᠦ ᠬᠦᠷᠦᠭᠰᠡᠨ ᠪᠠᠶᠢᠭᠰᠠᠨ ᠭᠡᠳᠡᠭ᠃..


ᠡᠶᠢᠨᠬᠦᠦ ᠠᠯᠬᠤᠮ ᠲᠤᠲᠤᠮ ᠣᠶᠢᠷᠠᠳᠴᠤ ᠪᠤᠢ ᠠᠶᠤᠯ ᠰᠦᠷ ᠬᠦᠴᠦᠨ ᠦ ᠡᠰᠡᠷᠬᠦ ᠧᠦᠢᠷᠣᠫᠠ ᠨᠤᠭᠤᠳ ᠨᠢᠭᠡᠳᠦᠨ ᠲᠡᠮᠡᠴᠡᠬᠦ ᠪᠡᠷ ᠰᠢᠢᠳᠡᠰᠦᠨ ᠢᠶᠡᠷ ᠢᠪᠧᠷᠢ ᠳᠤ ᠯᠠᠯᠤ ᠶᠢᠨ ᠬᠢᠨ ᠤ ᠲᠦᠷᠢᠯᠲᠡ ᠶᠢ ᠠᠩᠬ᠎ᠠ ᠤᠳᠠᠭ᠎ᠠ ᠵᠣᠭᠰᠣᠭᠠᠵᠤ ᠴᠢᠳᠠᠭᠰᠠᠨ ᠪᠠᠶᠢᠭ᠎ᠠ ᠶᠤᠮ᠃..


ᠡᠭᠦᠨ ᠡᠴᠡ ᠬᠣᠶᠢᠰᠢ ᠸᠢᠽᠠᠨᠲᠦ ᠶᠢᠨ ᠬᠢᠨ ᠤ ᠬᠦᠰᠡᠯᠲᠡ ᠶᠢ ᠫᠠᠫ ᠢᠶᠠᠷ ᠤᠯᠠᠮᠵᠢᠯᠠᠭᠤᠯᠤᠭᠰᠠᠨ ᠤᠬᠠᠭᠠᠨ ᠮᠠᠭᠤ ᠲᠠᠢ᠂ ᠱᠠᠰᠢᠨ ᠤ ᠮᠤᠩᠬᠠᠷᠠᠭᠤᠯᠤᠯ ᠳᠤ ᠤᠮᠪᠠᠭᠰᠠᠨᠬᠠᠷᠠᠩᠭᠤᠢ ᠪᠦᠳᠦᠭᠦᠯᠢᠭ ᠧᠦᠢᠷᠣᠫᠠ ᠨᠤᠭᠤᠳ 9 ᠍ ᠶᠢᠨ ᠴᠤ ᠤᠳᠠᠭ᠎ᠠ ᠶᠢᠨ ᠠᠶᠠᠨ ᠬᠢᠭᠰᠡᠨ ᠪᠠᠶᠢᠨ᠎ᠠ᠃.. ᠵᠠᠷᠢᠮ ᠳᠤ ᠨᠢ ᠢᠯᠠᠵᠤ ᠵᠠᠷᠢᠮ ᠳᠤ ᠨᠢ ᠢᠯᠠᠭᠳᠠᠵᠤ ᠪᠠᠶᠢᠭᠰᠠᠨ ... ᠯᠠᠯᠤ ᠶᠢᠨ ᠶᠢᠷᠲᠢᠨᠴᠦ ᠶᠢᠨ ᠬᠦᠴᠦᠷᠬᠡᠭᠵᠢᠯᠲᠡ ᠶᠢ ᠳᠠᠷᠤᠵᠤ ᠨᠢᠭᠡ ᠶᠣᠰᠣᠨ ᠳᠤ ᠪᠠᠨ ᠧᠦ᠋ᠷᠣᠫᠠ ᠯᠦᠦ ᠲᠦᠷᠢᠬᠦ ᠲᠦᠷᠢᠯᠲᠡ ᠶᠢ ᠵᠣᠭᠰᠣᠭᠠᠬᠤ ᠳᠤ ᠪᠢᠳᠡᠨ ᠦ ᠡᠪᠦᠭᠡ ᠳᠡᠭᠡᠳᠦᠰ ᠪᠠᠰᠠ ᠶᠡᠬᠡ ᠬᠤᠪᠢ ᠨᠡᠮᠡᠷᠢ ᠣᠷᠣᠭᠤᠯᠤᠭᠰᠠᠨ ᠶᠤᠮ᠃.. ᠳᠤᠮᠳᠠᠳᠤ ᠠᠽᠢᠶ᠎ᠠ ᠶᠢᠨ ᠬᠠᠮᠤᠭ ᠤᠨ ᠬᠦᠴᠦᠷᠬᠡᠭ ᠭᠦᠷᠦᠨ ᠬᠣᠷᠧᠽᠮ ᠢ ᠤᠨᠠᠭᠠᠨ ᠤᠯᠠᠮ ᠢᠶᠠᠷ ᠤᠷᠤᠭᠰᠢᠯᠠᠵᠤ ᠪᠠᠭᠳᠤᠳ ᠢ ᠦᠨᠡᠰᠦᠨ ᠳᠦ ᠨᠢ ᠬᠤᠳᠬᠤᠭᠠᠳ ᠪᠠᠭ᠎ᠠ ᠠᠽᠢᠶ᠎ᠠ ᠬᠦᠷᠴᠦ ᠪᠠᠶᠢᠵᠤ ᠵᠣᠭᠰᠣᠭᠰᠠᠨ ᠠᠵᠡᠢ᠃ ᠢᠩᠭᠢᠭᠰᠡᠨ ᠢᠶᠡᠷ ᠮᠣᠩᠭᠣᠯᠴᠤᠳ ᠤᠨ ᠪᠠᠶᠢᠯᠳᠤᠨ ᠳᠠᠭᠠᠭᠤᠯᠠᠯ ᠠᠴᠠ ᠪᠣᠯᠵᠤ ᠨᠢᠭᠡ ᠬᠡᠰᠡᠭ ᠲᠦ ᠪᠡᠨ ᠯᠠ ᠠᠷᠠᠪ ᠤᠳ ᠤᠨ ᠬᠦᠴᠦ ᠰᠤᠯᠠᠷᠠᠵᠠᠢ᠃.. ᠬᠠᠷᠢᠨ 14-15 ᠍ ᠳᠦᠭᠡᠷ ᠵᠠᠭᠤᠨ ᠳᠤ ᠲᠡᠳᠡᠨ ᠦ ᠱᠠᠰᠢᠨ ᠨᠢᠭᠡᠲᠡᠢ ᠣᠰᠤᠮᠠᠨ ᠲᠦᠺ ᠦᠳ ᠬᠦᠴᠦᠷᠬᠡᠭᠵᠢᠭᠰᠡᠨ ᠢᠶᠡᠷ ᠸᠢᠰᠠᠩᠲᠤ ᠶᠢᠨ ᠤᠨᠠᠯᠲᠠ ᠡᠬᠢᠯᠡᠭᠡ᠃ ᠲᠦᠷᠺ ᠤᠳ ᠸᠢᠽᠠᠨᠲ ᠢ ᠤᠨᠠᠭᠠᠭᠠᠳ ᠵᠣᠭᠰᠣᠬᠤ ᠦᠭᠡᠢ ᠪᠠᠯᠺᠠᠨ ᠤ ᠬᠣᠶᠢᠭ ᠳᠡᠭᠡᠷ᠎ᠡ ᠪᠠᠷᠤᠭ 20 ᠍ ᠳᠦᠭᠡᠷ ᠵᠠᠭᠤᠨ ᠬᠦᠷᠲᠡᠯ᠎ᠡ ᠨᠥᠯᠥᠭᠡ ᠪᠡᠨ ᠪᠠᠷᠢᠵᠤ ᠪᠠᠶᠢᠭᠰᠠᠨ ... ᠬᠡᠷᠪᠡ ᠮᠣᠩᠭᠣᠯᠴᠤᠳ ᠤᠨ ᠪᠠᠶᠢᠯᠳᠤᠨ ᠳᠠᠭᠠᠭᠤᠯᠤᠯ ᠪᠣᠯᠤᠭ᠎ᠠ ᠦᠭᠡᠢ ᠪᠠᠶᠢᠭᠰᠠᠨ ᠪᠣᠯ ᠠᠷᠠᠪ ᠤᠳ ᠸᠢᠽᠠᠨᠲ ᠢ ᠲᠡᠷᠡᠨ ᠡᠴᠡ ᠬᠠᠮᠢᠶ᠎ᠠ ᠦᠭᠡᠢ ᠡᠮᠦᠨ᠎ᠡ ᠤᠨᠠᠭᠠᠵᠤ ᠪᠠᠯᠺᠠᠨ ᠤ ᠬᠣᠶᠢᠭ ᠢ ᠮᠡᠳᠡᠯ ᠳᠦ ᠪᠡᠨ ᠠᠪᠬᠤ ᠪᠠᠶᠢᠭᠰᠠᠨ ᠪᠠᠶᠢᠬᠤ᠃.. ᠴᠢᠨᠠᠭᠰᠢᠯᠠᠭᠠᠳ ᠲᠥᠪ ᠧᠦ᠋ᠷᠣᠫᠠ ᠷᠤ ᠴᠤ ᠴᠥᠮᠥᠷᠡᠬᠦ ᠪᠠᠶᠢᠭᠰᠠᠨ ᠶᠤᠮ ᠤᠤ ᠪᠤᠤ ᠮᠡᠳᠡ᠃..


ᠵᠠᠭᠠᠯᠮᠠᠶᠢᠲᠠᠨ ᠤ ᠠᠶᠠᠨ ᠳᠠᠢ ᠨᠤᠭᠤᠳ[ᠵᠠᠰᠠᠪᠤᠷᠢᠯᠠᠬᠤ | ᠺᠣᠳ᠋ ᠢᠶᠠᠷ ᠵᠠᠰᠠᠬᠣ]

  1. 1101 ᠣᠨ ᠤ ᠵᠠᠭᠠᠯᠮᠠᠶᠢᠲᠠᠨ ᠨᠤᠭᠤᠳ
  1. ᠲᠠᠲ᠋ᠠᠷ ᠤᠳ ᠤᠨ ᠡᠰᠡᠷᠬᠦ ᠵᠠᠭᠠᠯᠮᠠᠶᠢᠲᠠᠨ ᠤ ᠠᠶᠠᠨ
  2. ᠪᠠᠯᠺᠠᠨ ᠳᠠᠬᠢ ᠵᠠᠭᠠᠯᠮᠠᠶᠢᠲᠠᠨ ᠤ ᠠᠶᠠᠨ
  3. ᠠᠷᠠᠭᠣᠨ ᠤ ᠵᠠᠭᠠᠯᠮᠠᠶᠢᠲᠠᠨ ᠤ ᠠᠶᠠᠨ
  4. ᠠᠯᠧᠺᠰᠠᠨᠳᠠᠷ ᠤᠨ ᠵᠠᠭᠠᠯᠮᠠᠶᠢᠲᠠᠨ ᠤ ᠠᠶᠠᠨ
  5. ᠭᠥᠰᠰᠢᠲ ᠤᠳ ᠤᠨ ᠡᠰᠡᠷᠬᠦ ᠵᠠᠭᠠᠯᠮᠠᠶᠢᠲᠠᠨ ᠤ ᠠᠶᠠᠨ
  6. ᠰᠸᠸᠳᠡᠨ ᠶᠢᠨ ᠵᠠᠭᠠᠯᠮᠠᠶᠢᠲᠠᠨ ᠤ ᠠᠶᠠᠨ

ᠭᠠᠳᠠᠭᠠᠳᠤ ᠬᠣᠯᠪᠣᠭᠠᠰᠤ ᠨᠤᠭᠤᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠢᠴᠢᠭᠡᠰᠦ