ᠵᠠᠭᠠᠨ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠬᠠᠳᠠᠮᠠᠯ
ᠮᠣᠩᠭᠣᠯ ᠦᠰᠦᠭ ᠢᠶᠡᠷ
ᠵᠢᠵᠢᠭ ᠵᠢᠷᠤᠭ ᠢ ᠡᠭᠦᠰᠭᠡᠬᠦ ᠳ᠋ᠦ ᠠᠯᠳᠠᠭ᠎ᠠ ᠭᠠᠷᠤᠯ᠎ᠠ: Unable to save thumbnail to destination
ᠪᠤᠷᠢᠶᠠᠳ ᠺᠢᠷᠢᠯ ᠢᠶᠡᠷ заан
ᠮᠣᠩᠭᠣᠯ ᠺᠢᠷᠢᠯ ᠢᠶᠡᠷ заан
ᠬᠠᠯᠢᠮᠠᠭ ᠺᠢᠷᠢᠯ ᠢᠶᠡᠷ зан
ᠵᠠᠭᠠᠨ
ᠠᠹᠷᠢᠺᠠ ᠵᠠᠭᠠᠨ
ᠠᠹᠷᠢᠺᠠ ᠵᠠᠭᠠᠨ
ᠪᠢᠣᠯᠣᠭᠢ ᠶᠢᠨ ᠠᠩᠭᠢᠯᠠᠯ
ᠠᠶᠢᠮᠠᠭ: ᠠᠮᠢᠲᠠᠨ
ᠬᠦᠷᠢᠶ᠎ᠡ: ᠬᠥᠪᠴᠢᠲᠡᠨ
ᠳᠡᠳ᠋ ᠬᠦᠷᠢᠶ᠎ᠡ: ᠰᠡᠭᠡᠷ ᠨᠢᠷᠤᠭᠤᠲᠠᠨ
ᠠᠩᠭᠢ: ᠬᠥᠬᠥᠲᠡᠨ
ᠪᠠᠭ: ᠬᠣᠱᠢᠭᠤᠲᠠᠨ
ᠣᠪᠤᠭ: Elephantidae
ᠭᠷᠧᠢ᠂ 1821
ᠲᠥᠷᠥᠯ: Elephas, Loxodonta

ᠵᠠᠭᠠᠨ ᠨᠢ ᠣᠳᠣ ᠪᠠᠷ ᠬᠠᠭᠤᠷᠠᠢ ᠭᠠᠵᠠᠷ ᠳᠡᠭᠡᠷᠡᠬᠢ ᠬᠠᠮᠤᠭ ᠤᠨ ᠲᠣᠮᠣ ᠬᠥᠬᠥᠲᠡᠨ ᠠᠮᠢᠲᠠᠨ ᠶᠤᠮ᠃ ᠮᠠᠨ ᠤ ᠭᠠᠷᠠᠭ ᠳᠡᠭᠡᠷ᠎ᠡ 400 ᠭᠠᠷᠤᠢ ᠲᠥᠷᠥᠯ ᠵᠦᠢᠯ ᠦᠨ ᠵᠢᠭᠠᠨ ᠨᠤᠲᠤᠭᠯᠠᠵᠤ ᠪᠠᠶᠢᠭᠰᠠᠨ ᠠᠴᠠ ᠠᠽᠢᠶ᠎ᠠ ᠪᠣᠯᠤᠨ ᠠᠹᠷᠢᠺᠠ ᠭᠡᠰᠡᠨ ᠶᠡᠷᠦᠩᠬᠡᠢ 2 ᠲᠠᠩᠺᠷᠡᠯ ᠦᠯᠡᠳᠡᠵᠡᠢ᠃ ᠠᠹᠷᠢᠺᠠ ᠵᠠᠭᠠᠨ ᠨᠢ ᠪᠡᠶ᠎ᠡ ᠪᠡᠷ ᠲᠣᠮᠣ ᠪᠠ ᠲᠣᠮᠣ ᠴᠢᠬᠢ ᠲᠡᠢ ᠪᠠᠶᠢᠨ᠎ᠠ᠃ ᠮᠥᠨ ᠡᠮ ᠠᠹᠷᠢᠺᠠ ᠵᠠᠭᠠᠨ ᠰᠣᠶᠣᠭ᠎ᠠ ᠲᠠᠢ ᠪᠠᠶᠢᠬᠤ ᠳᠤ ᠠᠽᠢᠶ᠎ᠠ ᠡᠮ᠎ᠡ ᠵᠠᠭᠠᠨ ᠳᠤ ᠰᠣᠶᠣᠭ᠎ᠠ ᠪᠠᠶᠢᠳᠠᠭ ᠦᠭᠡᠢ᠃ ᠵᠠᠭᠠᠨ ᠤ ᠲᠣᠭ᠎ᠠ ᠲᠣᠯᠣᠭᠠᠢ ᠪᠠᠭᠠᠰᠠᠭᠰᠠᠭᠠᠷ ᠪᠠᠶᠢᠭ᠎ᠠ ᠪᠠ 2007 ᠤᠨ ᠤ ᠰᠤᠳᠤᠯᠭ᠎ᠠ ᠪᠠᠷ ᠠᠹᠷᠢᠺᠠ ᠲᠢᠪ ᠲᠦ 470,000-690,000 ᠣᠷᠴᠢᠮ ᠪᠠᠶᠢᠨ᠎ᠠ᠃

ᠠᠨᠠᠲ᠋ᠣᠮᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠠᠮᠤᠭ ᠤᠨ ᠲᠣᠮᠣ ᠵᠠᠭᠠᠨ 1956 ᠤᠨ ᠳᠤ ᠠᠩᠭᠡᠯᠠ ᠤᠯᠤᠰ ᠲᠤ ᠪᠦᠷᠢᠳᠬᠡᠭᠳᠡᠭᠰᠡᠨ ᠪᠠᠶᠢᠳᠠᠭ᠃ ᠮᠥᠷᠡᠨ ᠦ ᠥᠨᠳᠥᠷ ᠨᠢ 4.2 ᠮ ᠪᠠ ᠵᠢᠩ ᠨᠢ 12 ᠲᠠᠩᠺ ᠪᠠᠶᠢᠴᠠᠢ᠃ ᠡᠮ᠎ᠡ ᠵᠠᠭᠠᠨ 22 ᠰᠠᠷ᠎ᠠ ᠶᠢᠨ ᠲᠤᠷᠰᠢ ᠦᠷ᠎ᠡ ᠲᠥᠯ ᠢᠶᠡᠨ ᠲᠡᠭᠡᠳᠡᠭ ᠪᠠ ᠡᠨᠡ ᠨᠢ ᠬᠠᠭᠤᠷᠠᠢ ᠭᠠᠵᠠᠷ ᠤᠨ ᠠᠮᠢᠲᠠᠳ ᠠᠴᠠ ᠬᠠᠮᠤᠭ ᠤᠨ ᠤᠳᠠᠭᠠᠨ ᠳᠤ ᠲᠣᠭᠠᠴᠠᠭᠳᠠᠨ᠎ᠠ᠃ ᠳᠥᠩᠭᠡᠵᠢ ᠲᠦᠷᠦᠭᠰᠡᠨ ᠵᠠᠭᠠᠨ ᠤ ᠲᠤᠭᠤᠯ ᠳᠤᠮᠳᠠᠴᠢ ᠪᠠᠷ 120 ᠺᠢᠯᠣᠭ᠍ᠷᠠᠮ ᠪᠠᠶᠢᠨ᠎ᠠ᠃ ᠵᠢᠭᠠᠨ 50-70 ᠨᠠᠰᠤᠯᠠᠬᠤ ᠪᠠ ᠬᠠᠮᠤᠭ ᠤᠨ ᠥᠨᠳᠥᠷ ᠨᠠᠰᠤᠯᠠᠭᠰᠠᠨ ᠨᠢ 82 ᠬᠦᠷᠦᠭᠰᠡᠨ ᠲᠡᠮᠳᠡᠭᠯᠡᠯ ᠪᠤᠢ᠃ ᠵᠠᠭᠠᠨ ᠨᠢ ᠤᠷᠲᠤ ᠬᠠᠮᠠᠷ (ᠬᠣᠰᠢᠭᠤ), ᠲᠣᠮᠣ ᠴᠢᠬᠢ ᠪᠡᠷ ᠢᠶᠡᠨ ᠣᠨᠴᠠᠯᠢᠭ ᠪᠠ ᠪᠣᠭᠣᠨᠢ ᠬᠥᠵᠦᠭᠦᠦ ᠲᠡᠢ᠃ ᠵᠣᠭᠰᠣᠵᠤ ᠪᠠᠶᠢᠬᠤ ᠳᠤ ᠪᠠᠨ ᠠᠮᠠ ᠪᠠᠨ ᠭᠠᠵᠠᠷ ᠬᠦᠷᠭᠡᠵᠦ ᠴᠢᠳᠠᠬᠤ ᠦᠭᠡᠢ ᠲᠤᠯᠠ ᠡᠪᠦᠳᠦᠭ ᠢᠶᠡᠨ ᠨᠤᠭᠤᠯᠤᠨ ᠲᠣᠩᠭᠣᠶᠢᠬᠤ᠂ ᠡᠰᠡᠪᠡᠯ ᠪᠤᠯᠴᠢᠩᠯᠢᠭ ᠤᠷᠲᠤ ᠬᠠᠮᠠᠷ ᠢᠶᠠᠨ ᠠᠰᠢᠭᠯᠠᠨ ᠬᠣᠭᠣᠯᠠ ᠲᠡᠵᠢᠭᠡᠯ᠂ ᠤᠰᠤ ᠭᠡᠬᠦ ᠮᠡᠲᠦ ᠶᠢ ᠠᠮᠠᠨ ᠳᠤ ᠪᠠᠨ ᠠᠪᠴᠤ ᠬᠢᠳᠡᠭ᠃ ᠮᠥᠨ ᠬᠠᠮᠠᠷ ᠢᠶᠠᠷ ᠢᠶᠠᠨ ᠤᠰᠤ ᠰᠣᠷᠣᠭᠠᠳ ᠪᠡᠶᠡᠷᠡᠦ ᠪᠡᠨ ᠱᠦᠷᠴᠢᠨ ᠤᠰᠤᠯᠠᠵᠤ ᠰᠡᠷᠢᠭᠦᠴᠡᠨ᠎ᠡ᠃ ᠵᠠᠭᠠᠨ ᠤ ᠬᠠᠮᠠᠷ ᠤᠨ ᠦᠵᠦᠭᠦᠷ ᠮᠠᠰᠢ ᠮᠡᠳᠡᠷᠡᠮᠡᠲᠡᠭᠡᠢ ᠡᠪᠯᠢᠭ ᠪᠠ ᠰᠠᠮᠤᠷ ᠵᠡᠷᠭᠡ ᠶᠢᠨ ᠵᠢᠵᠢᠭ ᠵᠦᠢᠯ ᠢ ᠴᠤ ᠴᠢᠳᠠᠪᠤᠷᠢᠯᠢᠭ ᠢᠶᠠᠷ ᠴᠢᠮᠬᠡᠨ ᠠᠪᠴᠤ ᠴᠢᠳᠠᠨ᠎ᠠ᠃

ᠦᠨᠦᠷᠯᠡᠬᠦ ᠴᠢᠳᠠᠪᠤᠷᠢ ᠰᠠᠶᠢᠨ ᠬᠥᠭᠵᠢᠭᠰᠡᠨ ᠪᠠ ᠬᠠᠮᠠᠷ ᠢᠶᠠᠨ ᠥᠨᠳᠥᠷ ᠲᠦ ᠰᠤᠩᠭᠠᠵᠤ ᠰᠠᠯᠬᠢ ᠪᠠᠷ ᠦᠯᠢᠶᠡᠭᠳᠡᠨ ᠢᠷᠡᠬᠦ ᠦᠨᠦᠷ ᠢ ᠢᠯᠭᠠᠳᠠᠭ᠃ ᠰᠣᠨᠣᠰᠬᠠᠯ ᠮᠥᠨ ᠰᠠᠶᠢᠨ ᠪᠣᠯᠪᠠᠴᠤ ᠬᠠᠷ᠎ᠠ ᠮᠠᠭᠤ ᠲᠠᠢ᠂ ᠥᠩᠭᠡ ᠢᠯᠭᠠᠬᠤ ᠦᠭᠡᠢ᠃ ᠵᠠᠭᠠᠨ ᠤ ᠲᠣᠮᠣ ᠴᠢᠬᠢ ᠨᠢ ᠰᠤᠳᠠᠰᠤ ᠪᠠᠷ ᠳᠦᠭᠦᠷᠡᠩ ᠪᠠ ᠡᠨᠡ ᠨᠢ ᠭᠦᠢᠭᠰᠡᠨ ᠴᠢᠰᠤ ᠶᠢ ᠬᠥᠷᠥᠭᠡᠵᠦ ᠪᠡᠶ᠎ᠡ ᠪᠡᠨ ᠰᠡᠷᠢᠭᠦᠴᠡᠭᠦᠯᠬᠦ ᠳᠦ ᠲᠤᠰᠠᠯᠠᠳᠠᠭ ᠭᠡᠵᠦ ᠡᠷᠳᠡᠮᠲᠡᠳ ᠦᠵᠡᠳᠡᠭ ᠠᠵᠢ᠃ ᠠᠹᠷᠢᠺᠠ ᠡᠷ᠎ᠡ ᠵᠠᠭᠠᠨ ᠤ ᠰᠣᠶᠣᠭᠠᠨ ᠤ ᠤᠷᠲᠤ 3.5 ᠮ᠂ ᠵᠢᠩ ᠨᠢ 90 ᠺᠢᠯᠣᠭ᠍ᠷᠠᠮ ᠬᠦᠷᠬᠦ ᠲᠣᠬᠢᠶᠠᠯᠳᠤᠯ ᠪᠤᠢ᠃ ᠬᠣᠪᠣᠷ᠂ ᠥᠨᠳᠥᠷ ᠦᠨ᠎ᠡ ᠬᠦᠷᠬᠦ ᠰᠣᠶᠣᠭᠠᠨ ᠠᠴᠠ ᠪᠣᠯᠵᠤ ᠬᠤᠯᠠᠭᠠᠢ ᠶᠢᠨ ᠠᠩᠴᠢᠳ ᠤᠨ ᠭᠠᠷ ᠲᠤ ᠥᠷᠲᠥᠵᠦ ᠠᠯᠠᠭᠤᠯᠬᠤ ᠨᠢ ᠴᠥᠭᠡᠨ ᠦᠭᠡᠢ ᠪᠢᠯᠡ᠃

ᠰᠣᠨᠢᠷᠬᠠᠯᠲᠤ ᠵᠦᠢᠯᠡᠰ[ᠵᠠᠰᠠᠪᠤᠷᠢᠯᠠᠬᠤ | ᠺᠣᠳ᠋ ᠢᠶᠠᠷ ᠵᠠᠰᠠᠬᠣ]

ᠵᠠᠭᠠᠨ ᠨᠢ 3-8 ᠮᠧᠲ᠋ᠷ ᠬᠦᠷᠲᠡᠯ᠎ᠡ ᠲᠣᠮᠣ ᠪᠠᠶᠢᠳᠠᠭ᠃ ᠨᠠᠰᠤᠨ ᠳᠤ ᠬᠦᠷᠦᠭᠰᠡᠨ ᠵᠠᠭᠠᠨ ᠨᠢ 5000 ᠺᠢᠯᠣᠭᠷᠠᠮ ᠬᠦᠷᠡᠳᠡᠭ᠃ ᠡᠨᠡ ᠠᠮᠢᠲᠠᠨ ᠢ ᠬᠦᠮᠦᠨ ᠲᠡᠢ ᠬᠠᠷᠢᠴᠠᠭᠤᠯᠬᠤ ᠳᠤ ᠦᠨᠡᠬᠡᠷ ᠦᠯᠡᠮᠵᠢ ᠪᠡᠶ᠎ᠡ ᠲᠡᠢ ᠬᠥᠯ ᠦᠨ ᠬᠤᠷᠤᠭᠤᠨ ᠤ ᠬᠢᠮᠤᠰᠤ ᠨᠢ ᠭᠡᠬᠦ ᠳᠦ ᠯᠠ ᠬᠡᠦᠬᠡᠳ ᠦᠨ ᠭᠠᠷ ᠰᠢᠭ ᠲᠣᠮᠣ᠃ ᠵᠠᠭᠠᠨ ᠤ 2 ᠰᠣᠶᠣᠭ᠎ᠠ ᠨᠢ ᠳᠡᠯᠡᠬᠡᠢ ᠶᠢᠨ ᠬᠠᠮᠤᠭ ᠤᠨ ᠲᠣᠮᠣ ᠰᠢᠳᠦ ᠪᠥᠭᠡᠳ 1 ᠰᠣᠶᠣᠭ᠎ᠠ ᠨᠢ ᠯᠠ ᠭᠡᠬᠦ ᠳᠦ ᠨᠠᠰᠤᠨ ᠳᠤ ᠬᠦᠷᠦᠭᠰᠡᠨ ᠬᠦᠮᠦᠨ ᠰᠢᠭ ᠤᠷᠲᠤ ᠪᠠᠶᠢᠳᠠᠭ᠃ ᠵᠠᠭᠠᠨ ᠨᠢ ᠡᠳᠦᠷ ᠲᠦ ᠳᠤᠮᠳᠠᠴᠢ ᠪᠠᠷ 100 ᠺᠢᠯᠣᠭᠷᠠᠮ ᠡᠪᠡᠰᠦ ᠤᠷᠭᠤᠮᠠᠯ ᠢᠳᠡᠳᠡᠭ᠃ ᠵᠠᠷᠢᠮ ᠳᠤ ᠪᠠᠨ ᠵᠢᠭᠠᠨ ᠬᠡᠲᠦ ᠲᠣᠮᠣ ᠪᠡᠶ᠎ᠡ ᠲᠡᠢ ᠤᠴᠢᠷ ᠪᠦᠬᠦᠯᠢ ᠪᠦᠲᠦᠨ ᠮᠣᠳᠣ ᠶᠢ ᠨᠠᠪᠴᠢ ᠲᠠᠢ ᠨᠢ ᠮᠥᠴᠢᠷ ᠲᠡᠢ ᠨᠢ ᠬᠡᠦ ᠲᠠᠲᠠᠨ ᠤᠨᠠᠭᠠᠴᠢᠬᠠᠳᠠᠭ᠃ ᠵᠠᠭᠠᠨ ᠤ ᠵᠤᠯᠵᠠᠭ᠎ᠠ 3-4 ᠰᠠᠷ᠎ᠠ ᠡᠬᠡ ᠶᠢᠨ ᠢᠶᠡᠨ ᠰᠦ᠋ ᠍ ᠶᠢ ᠤᠤᠭᠤᠳᠠᠭ᠃ ᠵᠠᠭᠠᠨ ᠨᠢ ᠵᠢᠵᠢᠭ ᠡᠰᠡᠪᠡᠯ ᠲᠣᠮᠣ ᠪᠦᠯᠢ ᠪᠡᠷ ᠢᠶᠡᠨ ᠠᠮᠢᠳᠤᠷᠠᠳᠠᠭ᠃ ᠬᠠᠮᠤᠭ ᠤᠨ ᠲᠤᠷᠰᠢᠯᠭ᠎ᠠ ᠲᠠᠢ ᠡᠮ᠎ᠡ ᠵᠠᠭᠠᠨ ᠨᠢ ᠰᠦᠷᠦᠭ ᠢᠶᠡᠨ ᠤᠳᠤᠷᠢᠳᠤᠨ ᠠᠪᠴᠤ ᠶᠠᠪᠤᠳᠠᠭ ᠨᠢ ᠪᠤᠰᠤᠳ ᠠᠷᠰᠯᠠᠨ ᠮᠡᠲᠦ ᠶᠢᠨ ᠠᠮᠢᠲᠠᠳ ᠠᠴᠠ ᠢᠯᠭᠠᠭ᠎ᠠ ᠲᠠᠢ ᠶᠤᠮ᠃ ᠵᠠᠭᠠᠨ ᠨᠢ ᠮᠠᠰᠢ ᠤᠷᠲᠤ ᠬᠣᠰᠢᠭᠤ ᠲᠠᠢ ᠪᠥᠭᠡᠳ ᠡᠭᠦᠨ ᠦ ᠪᠡᠨ ᠲᠤᠰᠠᠯᠠᠮᠵᠢ ᠲᠠᠢ ᠪᠠᠷ ᠥᠨᠳᠥᠷ ᠮᠣᠳᠣᠨ ᠠᠴᠠ ᠤᠷᠭᠤᠮᠠᠯ ᠵᠢᠮᠢᠰ ᠣᠯᠵᠤ ᠢᠳᠡᠬᠦ ᠪᠥᠭᠡᠳ ᠬᠣᠰᠢᠭᠤ ᠪᠠᠷ ᠢᠶᠠᠨ ᠤᠰᠤ ᠰᠣᠷᠣᠨ ᠠᠮᠠ ᠷᠠᠭᠤ ᠶᠢ ᠪᠠᠨ ᠳᠠᠮᠵᠢᠭᠤᠯᠤᠨ ᠤᠤᠭᠤᠳᠠᠭ ᠪᠠᠶᠢᠨ᠎ᠠ᠃ ᠲᠡᠷᠡ ᠬᠣᠰᠢᠭᠤ ᠪᠠᠷ ᠢᠶᠠᠨ ᠪᠦᠷᠢᠶ᠎ᠡ ᠰᠢᠭ ᠳᠤᠤᠭᠠᠷᠴᠤ ᠴᠤ ᠴᠢᠳᠠᠨ᠎ᠠ᠃ ᠥᠭᠡᠷ᠎ᠡ ᠪᠡᠷ ᠬᠡᠯᠡᠪᠡᠯ ᠪᠡᠶ᠎ᠡ ᠪᠡᠶᠡᠲᠡᠢ ᠪᠡᠨ ᠬᠠᠷᠢᠴᠠᠬᠤ ᠳᠤ ᠨᠢ ᠬᠣᠰᠢᠭᠤ ᠨᠢ ᠪᠠᠰᠠ ᠯᠠ ᠭᠣᠣᠯ ᠡᠭᠦᠷᠭᠡ ᠭᠦᠢᠴᠡᠳᠭᠡᠳᠡᠭ᠃ ᠠᠷᠰᠯᠠᠨ ᠵᠠᠭᠠᠨ

http://wiki.uhaan.com/index.php?title=ᠵᠠᠭᠠᠨ&oldid=480673》 ᠍  ᠡᠴᠡ ᠠᠪᠤᠭᠰᠠᠨ

ᠪᠢᠴᠢᠭᠡᠰᠦ