ᠵᠠᠬᠠᠴᠢᠨ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠹᠠᠢᠢᠯ:ᠵᠠᠬᠠᠴᠢᠨ ᠮᠣᠩᠭᠣᠯ ᠪᠢᠴᠢᠭ ᠲᠦ᠃PNG
ᠵᠠᠬᠠᠴᠢᠨ ᠶᠠᠰᠤᠲᠠᠨ
ᠥᠨᠥ ᠶᠢᠨ ᠪᠠᠶᠢᠳᠠᠯ
ᠨᠤᠲᠤᠭ ᠣᠷᠣᠨᠪᠦᠭᠦᠳᠡ ᠲᠣᠭ᠎ᠠ — 33 ᠮᠢᠩᠭ᠎ᠠ. ᠡᠭᠦᠨ ᠡᠴᠡ:

ᠮᠣᠩᠭᠣᠯ ᠮᠣᠩᠭᠣᠯ (ᠮᠣᠩᠭᠣᠯ ᠤᠯᠤᠰ) — 32,845 (2010)[1]

ᠬᠡᠯᠡ ᠠᠶᠠᠯᠭᠤᠮᠣᠩᠭᠣᠯ ᠬᠡᠯᠡ (ᠥᠷᠥᠨᠡᠲᠦ ᠲᠥᠪᠥᠶᠢᠨ ᠵᠠᠪᠰᠠᠷ ᠤᠨ ᠠᠶᠠᠯᠭᠤ)
ᠪᠢᠴᠢᠭ ᠦᠰᠦᠭᠮᠣᠩᠭᠣᠯ ᠺᠢᠷᠢᠯ ᠦᠰᠦᠭ; ᠬᠤᠳᠤᠮ᠂ ᠲᠣᠳᠣ ᠬᠣᠶᠠᠷ ᠮᠣᠩᠭᠣᠯ ᠦᠰᠦᠭ
ᠰᠢᠲᠦᠯᠭᠡDharma Wheel.svg ᠪᠤᠳ᠋ᠳ᠋ᠾᠠ ᠶᠢᠨ ᠱᠠᠰᠢᠨ ᠤ ᠪᠤᠶᠠᠨ ᠤ ᠶᠣᠰᠣ (ᠰᠢᠷ᠎ᠠ ᠶᠢᠨ ᠱᠠᠰᠢᠨ),
ᠲᠩᠷᠢ ᠭᠠᠵᠠᠷ ᠢᠶᠠᠨ ᠠᠷᠭᠠᠳᠠᠬᠤ ᠤᠬᠠᠭᠠᠨ᠂ ᠰᠢᠲᠦᠯᠭᠡ ᠦᠭᠡᠢ ᠵᠠᠩ
ᠲᠥᠷᠥᠯ ᠬᠣᠯᠪᠣᠭ᠎ᠠ
ᠣᠶᠢᠷ᠎ᠠ ᠲᠥᠷᠥᠯᠪᠤᠰᠤᠳ ᠣᠶᠢᠷᠠᠳ᠂ ᠪᠤᠰᠤᠳ ᠮᠣᠩᠭᠣᠯ ᠦᠨᠳᠦᠰᠦᠲᠡᠨ
ᠬᠡᠯᠡ ᠤᠭᠰᠠᠭ᠎ᠠᠮᠣᠩᠭᠣᠯ ᠤᠭᠰᠠᠭᠠᠲᠠᠨ

ᠵᠠᠬᠠᠴᠢᠨ ᠪᠣᠯ ᠣᠶᠢᠷᠠᠳ ᠤᠨ ᠨᠢᠭᠡᠨ ᠠᠶᠢᠮᠠᠭ ᠶᠤᠮ᠃

ᠲᠡᠦᠬᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠵᠠᠬᠠᠴᠢᠨᠤᠭ ᠤᠳ ᠤᠨ ᠤᠭ ᠰᠤᠷᠪᠤᠯᠵᠢ ᠨᠢ ᠵᠦᠩᠭᠠᠷ ᠤᠨ ᠬᠠᠭᠠᠨᠲᠤ ᠤᠯᠤᠰ ᠍ ᠤᠨ ᠬᠢᠯᠢ ᠬᠢᠵᠠᠭᠠᠷ ᠢ ᠰᠠᠬᠢᠵᠤ ᠠᠭᠰᠠᠨ ᠣᠲᠣᠭ ᠪᠢᠯᠡ᠃ ᠲᠡᠳᠡᠨ ᠢ ᠭᠣᠣᠯᠴᠢᠯᠠᠨ ᠣᠶᠢᠷᠠᠳ ᠤᠨ ᠣᠪᠤᠭ ᠠᠶᠢᠮᠠᠭ ᠤᠳ ᠠᠴᠠ᠂ ᠲᠡᠷᠡ ᠪᠠᠶᠢᠲᠤᠭᠠᠢ ᠬᠠᠯᠬ᠎ᠠ ᠬᠣᠰᠢ ᠨᠤᠭᠤᠳ ᠠᠴᠠ ᠴᠤ ᠬᠠᠮᠤᠷᠤᠭᠤᠯᠤᠨ ᠪᠠᠶᠢᠭᠤᠯᠤᠭᠰᠠᠨ ᠪᠠᠶᠢᠵᠤ ᠪᠣᠯᠬᠤ ᠦᠨᠳᠦᠰᠦ ᠲᠡᠢ᠃ ᠠᠷᠪᠠᠨ ᠳᠣᠯᠤᠳᠤᠭᠠᠷ ᠵᠠᠭᠤᠨ ᠤ ᠡᠬᠢᠨ ᠬᠠᠭᠠᠰ ᠲᠤ ᠵᠠᠬᠠᠴᠢᠨ ᠨᠠᠷ ᠵᠦᠩᠭᠠᠷ ᠤᠨ ᠬᠠᠭᠠᠨᠲᠤ ᠤᠯᠤᠰ ᠤᠨ ᠬᠢᠯᠢ ᠳᠠᠭᠠᠤ ᠲᠩᠷᠢ ᠠᠭᠤᠯᠠ ᠶᠢᠨ ᠠᠷᠤ᠂ ᠡᠷᠢᠶᠡᠨ ᠬᠠᠪᠢᠷᠭ᠎ᠠ᠂ ᠶᠡᠬᠡ ᠵᠤᠯᠲᠠᠰ᠂ ᠪᠠᠭ᠎ᠠ ᠳᠤᠯᠲᠠᠰ᠂ ᠪᠤᠯᠠᠩᠭᠢᠷ ᠭᠣᠣᠯ᠂ ᠥᠷᠦᠩᠭᠡ ᠭᠣᠣᠯ᠂ ᠪᠤᠯᠠᠭᠠᠨ ᠭᠣᠣᠯ᠂ ᠴᠢᠩᠭᠢᠯ ᠭᠣᠣᠯ᠂ ᠴᠠᠭᠠᠨ ᠲᠣᠬᠣᠢ ᠵᠡᠷᠭᠡ ᠭᠠᠵᠠᠷ ᠢᠶᠠᠷ ᠴᠤᠪᠤᠷᠠᠨ ᠰᠠᠭᠤᠵᠤ ᠤᠯᠤᠰ ᠤᠨ ᠢᠶᠠᠨ ᠵᠡᠭᠦᠨ ᠡᠮᠦᠨ᠎ᠡ᠂ ᠵᠡᠭᠦᠨ ᠵᠦᠭ ᠦᠨ ᠬᠢᠯᠢ ᠶᠢ ᠬᠠᠷᠠᠭᠠᠯᠵᠠᠨ ᠰᠠᠬᠢᠵᠤ ᠪᠠᠶᠢᠴᠠᠢ᠃ XVIII ᠵᠠᠭᠤᠨ ᠤ ᠲᠡᠷᠢᠭᠦᠨ ᠬᠠᠭᠠᠰ ᠤᠨ ᠡᠴᠦᠰ ᠢᠶᠡᠷ ᠵᠦᠩᠭᠠᠷ ᠤᠨ ᠬᠠᠭᠠᠨᠲᠤ ᠤᠯᠤᠰ ᠲᠤ ᠬᠠᠭᠠᠨ ᠤ ᠰᠢᠭᠤᠳ ᠮᠡᠳᠡᠯ ᠦᠨ 20 ᠭᠠᠷᠤᠢ ᠣᠲᠣᠭ ᠪᠠᠶᠢᠭᠰᠠᠨ ᠪᠥᠭᠡᠳ ᠵᠠᠬᠠᠴᠢᠨ ᠨᠠᠷ ᠪᠡᠶ᠎ᠡ ᠪᠡᠨ ᠳᠠᠭᠠᠭᠰᠠᠨ ᠨᠢᠭᠡ ᠣᠲᠣᠭ ᠲᠤ ᠲᠣᠭᠠᠯᠠᠭᠳᠠᠵᠤ ᠪᠠᠶᠢᠯ᠎ᠠ᠃ ᠲᠡᠷᠡ ᠴᠠᠭ ᠲᠤ ᠵᠠᠬᠠᠴᠢᠨ ᠣᠲᠣᠭ ᠪᠦᠭᠦᠳᠡ 2000 ᠭᠠᠷᠤᠢ ᠡᠷᠦᠬᠡ ᠡᠴᠡ ᠪᠦᠷᠢᠯᠳᠦᠵᠦ ᠪᠠᠶᠢᠭᠰᠠᠨ ᠢ ᠬᠠᠭᠠᠨ ᠤ ᠲᠣᠬᠣᠭᠠᠭᠰᠠᠨ ᠭᠤᠷᠪᠠᠨ ᠵᠠᠶᠢᠰᠠᠩ ᠵᠠᠬᠢᠷᠳᠠᠭ ᠪᠠᠶᠢᠭᠰᠠᠨ᠃ ᠵᠠᠬᠠᠴᠢᠨ ᠨᠠᠷ ᠥᠪᠡᠷ ᠦᠨ ᠢᠶᠡᠨ ᠬᠦᠴᠦ ᠬᠥᠷᠥᠩᠭᠡ ᠪᠡᠷ ᠤᠯᠤᠰ ᠤᠨ ᠢᠶᠠᠨ ᠬᠢᠯᠢ ᠬᠢᠵᠠᠭᠠᠷ ᠢ ᠬᠠᠮᠠᠭᠠᠯᠠᠨ ᠰᠠᠬᠢᠬᠤ ᠡᠭᠦᠷᠭᠡ ᠭᠦᠢᠴᠡᠳᠭᠡᠬᠦ ᠶᠢᠨ ᠵᠡᠷᠭᠡᠴᠡᠭᠡ ᠵᠢᠯ ᠪᠦᠷᠢ ᠶᠢᠨ ᠡᠪᠦᠯ ᠠᠨ ᠠᠩᠨᠠᠵᠤ᠂ ᠤᠯᠤᠰ ᠲᠤ ᠠᠩᠬᠢ ᠶᠢᠨ ᠮᠢᠬ᠎ᠠ ᠪᠠᠷ ᠠᠯᠪᠠ ᠡᠷᠭᠦᠵᠦ᠂ ᠪᠠᠰᠠ ᠵᠡᠭᠦᠨ ᠭᠠᠷ ᠤᠨ ᠬᠦᠷᠢᠶ᠎ᠡ ᠬᠡᠶᠢᠳ ᠲᠦ ᠱᠠᠪᠢᠯᠠᠨ ᠰᠠᠭᠤᠭᠰᠠᠨ ᠯᠠᠮᠠ ᠨᠠᠷ ᠤᠨ ᠬᠦᠨᠡᠰᠦᠨ ᠳᠦ ᠵᠣᠷᠢᠭᠤᠯᠤᠨ ᠨᠢᠭᠡ ᠵᠢᠯ ᠠᠯᠭᠠᠰᠠᠭᠠᠳ ᠮᠠᠯ ᠨᠡᠶᠢᠯᠡᠭᠦᠯᠳᠡᠭ ᠪᠠᠶᠢᠪᠠ᠃ ᠭᠣᠣᠯ ᠲᠥᠯᠥᠪ ᠣᠶᠢᠷᠠᠳ ᠭᠠᠷᠤᠯ ᠤᠨ ᠬᠢ ᠪᠣᠯᠪᠠᠴᠤ ᠲᠡᠦᠬᠡ ᠶᠢᠨ ᠳᠠᠷᠠᠭᠠᠬᠢ ᠦᠶ᠎ᠡ ᠳᠦ ᠬᠠᠯᠬ᠎ᠠ ᠶᠢᠨ ᠵᠠᠰᠠᠭᠲᠤ ᠬᠠᠨ ᠠᠶᠢᠮᠠᠭ ᠤᠨ ᠪᠣᠯᠤᠨ ᠬᠣᠪᠳᠣ ᠶᠢᠨ ᠬᠢᠵᠠᠭᠠᠷ ᠤᠨ ᠮᠡᠳᠡᠯ ᠳᠦ ᠪᠠᠶᠢᠭᠰᠠᠨ ᠢᠶᠠᠷ ᠡᠭᠦᠨ ᠢ ᠲᠠᠶᠢᠯᠪᠤᠷᠢᠯᠠᠵᠤ ᠪᠣᠯᠤᠨ᠎ᠠ᠃ 1754 ᠣᠨ ᠳᠤ ᠣᠲᠣᠭ ᠤᠨ ᠵᠠᠶᠢᠰᠠᠩ ᠬᠥᠭᠰᠢᠨ ᠮᠠᠮᠤ ᠨᠤᠭᠤᠳ ᠴᠢᠩ ᠤᠯᠤᠰ ᠤᠨ ᠴᠡᠷᠢᠭ ᠲᠦ ᠪᠠᠷᠢᠭᠳᠠᠵᠤ᠂ ᠬᠠᠷᠢᠶᠠᠲᠤ 2300 ᠢᠯᠡᠭᠦᠦ ᠬᠦᠮᠦᠨ ᠢ ᠨᠢ ᠲᠡᠰᠦ ᠭᠣᠣᠯ ᠍ ᠤᠨ ᠣᠶᠢᠬᠠᠨ ᠳᠤ ᠰᠢᠯᠵᠢᠭᠦᠯᠦᠨ ᠴᠢᠩᠭᠦᠩᠵᠠᠪ ᠤᠨ ᠬᠣᠰᠢᠭᠤᠨ ᠳᠤ ᠲᠦᠷᠢ ᠵᠠᠬᠢᠷᠭᠠᠪᠠ᠃ ᠡᠭᠦᠨ ᠦ ᠬᠠᠮᠲᠤ ᠬᠥᠭᠰᠢᠨ ᠮᠠᠮᠤ ᠨᠤᠭᠤᠳ ᠢ ᠳᠣᠲᠣᠭᠠᠳᠤ ᠰᠠᠶᠢᠳ ᠲᠤ ᠡᠷᠭᠦᠮᠵᠢᠯᠡᠨ᠂ ᠵᠠᠬᠠᠴᠢᠨ ᠤ ᠪᠦᠭᠦᠳᠡ ᠶᠢᠨ ᠳᠠᠷᠤᠭ᠎ᠠ ᠪᠣᠯᠭᠠᠵᠠᠢ᠃ 1753 ᠣᠨ ᠳᠤ ᠤᠤᠯ ᠵᠠᠬᠠᠴᠢᠨ ᠣᠲᠣᠭ ᠤᠨ ᠨᠥᠭᠥᠭᠡ ᠨᠢᠭᠡ ᠵᠠᠶᠢᠰᠠᠩ ᠳᠣᠩᠳᠣᠭ ᠬᠠᠷᠢᠶᠠᠲᠤ 1000 ᠢᠯᠡᠭᠦᠦ ᠡᠷᠦᠬᠡ ᠪᠡᠨ ᠳᠠᠶᠢᠴᠢᠯᠠᠨ ᠴᠢᠩ ᠤᠯᠤᠰ ᠲᠤ ᠳᠠᠭᠠᠭᠰᠠᠨ ᠪᠣᠯᠪᠠᠴᠤ ᠴᠢᠩᠭᠦᠩᠵᠠᠪ ᠢ ᠤᠷᠪᠠᠬᠤ ᠳᠤ ᠳᠠᠭᠠᠯᠳᠤᠵᠠᠢ᠃ ᠲᠡᠷᠡ ᠬᠡᠷ ᠲᠦ ᠵᠠᠶᠢᠰᠠᠩ ᠮᠠᠮᠤ ᠨᠤᠭᠤᠳ ᠤᠷᠪᠠᠭ᠎ᠠ ᠦᠭᠡᠢ ᠲᠤᠯᠠ ᠠᠮᠤᠷᠰᠠᠨᠠᠭ᠎ᠠ ᠳᠤ ᠠᠯᠠᠭᠳᠠᠪᠠ᠃ ᠬᠣᠶᠢᠨ᠎ᠠ ᠨᠢ ᠵᠠᠬᠠᠴᠢᠨ ᠣᠯᠠᠨ ᠢ ᠣᠶᠢᠬᠠᠨ ᠠᠴᠠ ᠵᠠᠭ᠂ ᠪᠠᠶᠢᠳᠠᠷᠠᠭ ᠲᠤ ᠰᠢᠯᠵᠢᠭᠦᠯᠦᠨ᠂ 1762 ᠣᠨ ᠳᠤ ᠨᠢᠭᠡᠨ ᠬᠣᠰᠢᠭᠤ ᠪᠣᠯᠭᠠᠨ ᠪᠦᠭᠦᠳᠡ ᠶᠢᠨ ᠳᠠᠷᠤᠭ᠎ᠠ 1, ᠰᠤᠮᠤᠨ ᠵᠠᠩᠭᠢ 9 (ᠳᠣᠣᠷ᠎ᠠ ᠨᠢ ᠶᠡᠷᠦ ᠶᠢᠨ ᠰᠤᠮᠤ 4, ᠵᠠᠯᠭᠠᠮᠵᠢᠯᠠᠬᠤ ᠰᠤᠮᠤ 1) ᠍ ᠶᠢ ᠲᠣᠮᠢᠯᠠᠵᠠᠢ᠃ 1781 ᠣᠨ ᠤ ᠵᠠᠬᠠᠴᠢᠨ ᠬᠣᠰᠢᠭᠤᠨ ᠤ ᠣᠯᠠᠨ ᠢ ᠵᠠᠭ᠂ ᠪᠠᠶᠢᠳᠠᠷ ᠠᠴᠠ ᠬᠣᠪᠳᠣ ᠶᠢᠨ ᠪᠠᠷᠠᠭᠤᠨ ᠡᠮᠦᠨ᠎ᠡ (ᠤᠤᠯ ᠨᠤᠲᠤᠭ) ᠨᠡᠭᠦᠯᠭᠡᠭᠡᠳ᠂ ᠪᠦᠭᠦᠳᠡ ᠶᠢᠨ ᠳᠠᠷᠤᠭ᠎ᠠ-2, ᠵᠠᠯᠠᠨ-1, ᠵᠠᠩᠭᠢ᠂ ᠣᠷᠣᠯᠠᠨ ᠬᠥᠭᠡᠭᠡᠭᠴᠢ (ᠬᠦᠨᠳᠦ) ᠲᠤᠰ ᠲᠤᠰ ᠳᠥᠷᠪᠡ ᠶᠢ ᠲᠤᠮᠢᠯᠠᠪᠠ᠃ ᠬᠥᠭᠰᠢᠨ ᠮᠠᠮᠤ ᠨᠤᠭᠤᠳ ᠤᠨ ᠬᠠᠭᠤᠴᠢᠨ ᠭᠠᠪᠢᠶ᠎ᠠ ᠶᠢ ᠪᠣᠳᠣᠵᠤ᠂ ᠲᠡᠭᠦᠨ ᠦ ᠰᠢᠭᠤᠳ ᠬᠠᠷᠢᠶᠠᠲᠤ ᠶᠢ ᠥᠭᠡᠷ᠎ᠡ ᠨᠢᠭᠡᠨ ᠦᠶ᠎ᠡ ᠵᠠᠯᠭᠠᠮᠵᠢᠯᠠᠬᠤ ᠰᠤᠮᠤ ᠪᠣᠯᠭᠠᠵᠠᠢ᠃

ᠵᠠᠬᠠᠴᠢᠨᠤᠭ ᠤᠳ ᠤᠨ ᠠᠭᠤᠭᠤᠯ ᠨᠤᠲᠤᠭ ᠨᠢ ᠥᠨᠥ ᠶᠢᠨ ᠮᠣᠩᠭᠣᠯ ᠤᠯᠤᠰ ᠍ ᠤᠨ ᠬᠣᠪᠳᠣ ᠠᠶᠢᠮᠠᠭ᠂ ᠲᠡᠷᠡ ᠳᠤᠮᠳᠠ ᠪᠠᠨ ᠠᠯᠲᠠᠢᠦᠶᠡᠩᠴᠢᠮᠥᠰᠦᠲᠦᠮᠠᠩᠬᠠᠨᠵᠡᠷᠭᠡ ᠰᠤᠮᠤᠳ᠃ ᠲᠡᠦᠬᠡ ᠶᠢᠨ ᠶᠠᠩᠵᠤ ᠪᠦᠷᠢ ᠶᠢᠨ ᠳᠣᠩᠰᠣᠯᠭᠠᠨ ᠤ ᠤᠯᠠᠮ ᠠᠴᠠ ᠵᠠᠷᠢᠮ ᠨᠢ ᠬᠢᠯᠢ ᠳᠠᠪᠠᠨ ᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠤᠨ ᠰᠢᠨᠵᠢᠶᠠᠩ ᠳᠤ ᠠᠮᠢᠳᠤᠷᠠᠵᠤ ᠪᠠᠶᠢᠭ᠎ᠠ ᠪᠣᠯ ᠮᠣᠩᠭᠣᠯ ᠤᠯᠤᠰ ᠲᠤ ᠪᠠᠭ᠎ᠠ ᠪᠠᠷ ᠪᠣᠳᠣᠬᠤ ᠳᠤ 40 ᠰᠢᠬᠠᠮ ᠮᠢᠩᠭᠠᠨ ᠵᠠᠬᠠᠴᠢᠨ ᠪᠦᠬᠦ ᠠᠶᠢᠮᠠᠭ ᠣᠷᠣᠨ ᠨᠤᠲᠤᠭ ᠲᠤ ᠲᠠᠷᠠᠨ ᠠᠮᠢᠳᠤᠷᠠᠵᠤ ᠪᠤᠢ᠃ ᠬᠦᠮᠦᠨ ᠠᠮᠠ ᠶᠢᠨ ᠲᠣᠭᠠᠯᠠᠯᠭ᠎ᠠ ᠳᠤ ᠶᠡᠬᠡᠩᠬᠢ ᠬᠦᠮᠦᠰ ᠶᠠᠰᠤ ᠦᠨᠳᠦᠰᠦ ᠪᠡᠨ ᠪᠤᠷᠤᠭᠤ ᠮᠡᠳᠡᠭᠦᠯᠳᠡᠭ ᠦᠨ ᠪᠠᠯᠠᠭ ᠢᠶᠠᠷ ᠪᠠᠭ᠎ᠠ ᠶᠠᠰᠤᠲᠠᠨ ᠨᠤᠭᠤᠳ ᠤᠨ ᠨᠠᠷᠢᠪᠴᠢᠯᠠᠭᠰᠠᠨ ᠲᠣᠭ᠎ᠠ ᠶᠢ ᠭᠠᠷᠭᠠᠬᠤ ᠳᠤ ᠬᠦᠨᠳᠦᠷᠡᠯᠲᠡᠢ ᠪᠠᠶᠢᠳᠠᠭ᠃

ᠬᠦᠮᠦᠰ[ᠵᠠᠰᠠᠪᠤᠷᠢᠯᠠᠬᠤ | ᠺᠣᠳ᠋ ᠢᠶᠠᠷ ᠵᠠᠰᠠᠬᠣ]

ᠡᠬᠢ ᠰᠤᠷᠪᠤᠯᠵᠢ[ᠵᠠᠰᠠᠪᠤᠷᠢᠯᠠᠬᠤ | ᠺᠣᠳ᠋ ᠢᠶᠠᠷ ᠵᠠᠰᠠᠬᠣ]

  • ᠳᠠᠢ ᠴᠢᠩ ᠤᠯᠤᠰ ᠤᠨ ᠦᠶ᠎ᠡ ᠶᠢᠨ ᠮᠣᠩᠭᠣᠯ ᠤᠨ ᠲᠡᠦᠬᠡ ᠬᠦᠬᠡᠬᠤᠲᠠ᠂ 1983, ᠬᠠᠭᠤᠳᠠᠰᠤ 317
  • ᠮᠣᠩᠭᠣᠯ ᠤᠯᠤᠰ ᠤᠨ ᠤᠭᠰᠠᠭᠠᠲᠠᠨ ᠤ ᠵᠦᠢ ᠤᠯᠠᠭᠠᠨᠪᠠᠭᠠᠲᠤᠷ᠂ 1996, ᠬᠠᠭᠤᠳᠠᠰᠤ 334
http://wiki.uhaan.com/index.php?title=ᠵᠠᠬᠠᠴᠢᠨ&oldid=443705》 ᠍  ᠡᠴᠡ ᠠᠪᠤᠭᠰᠠᠨ

ᠪᠢᠴᠢᠭᠡᠰᠦ