ᠵᠠᠪᠽᠠᠨᠳᠠᠮᠪᠠ ᠬᠤᠲᠤᠭᠲᠤ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ

ᠬᠠᠯᠬ᠎ᠠ ᠶᠢᠨ ᠵᠠᠪᠽᠠᠨᠳᠠᠮᠪᠠ ᠬᠤᠲᠤᠭᠲᠤ (ᠲᠥᠪᠡᠳ: རྗེ་བཙུན་དམ་པ་ Jetsun Dampa; "ᠠᠷᠢᠭᠤᠨ ᠭᠡᠭᠡᠨ ᠳᠡᠭᠡᠳᠦ") ᠨᠢ ᠮᠣᠩᠭᠣᠯ ᠳᠠᠬᠢ ᠲᠥᠪᠡᠳ ᠦᠨ ᠪᠤᠳ᠋ᠳ᠋ᠾᠠᠶᠢᠰᠮ ᠍ ᠤᠨ ᠭᠡᠯᠡᠭ ᠤᠷᠤᠰᠬᠠᠯ ᠤᠨ ᠤᠳᠤᠷᠢᠳᠤᠭᠴᠢ ᠶᠤᠮ᠃ ᠲᠡᠳᠡᠨ ᠢ ᠮᠥᠨ ᠪᠣᠭᠳᠠ ᠭᠡᠭᠡᠨ ᠭᠡᠳᠡᠭ ᠪᠠᠶᠢᠭᠰᠠᠨ ᠪᠥᠭᠡᠳ ᠮᠣᠩᠭᠣᠯ ᠳᠠᠬᠢ ᠬᠠᠮᠤᠭ ᠤᠨ ᠳᠡᠭᠡᠳᠦ ᠴᠣᠯᠠ ᠲᠠᠢ ᠯᠠᠮᠠ ᠪᠠᠶᠢᠭᠰᠠᠨ᠃

VIII ᠵᠠᠪᠽᠠᠨᠳᠠᠮᠪᠠ ᠬᠤᠲᠤᠭᠲᠤ ᠵᠠᠯᠠᠭᠤ ᠳᠤ ᠪᠠᠨ

ᠠᠩᠬᠠᠳᠤᠭᠠᠷ ᠵᠠᠪᠵᠠᠩᠳᠠᠮᠪᠠ ᠵᠠᠨᠠᠪᠠᠽᠠᠷ (1635–1723) ᠨᠢ ᠲᠥᠪᠡᠳ ᠦᠨ ᠪᠤᠳ᠋ᠳ᠋ᠾᠠᠶᠢᠰᠮ ᠤᠨ ᠵᠢᠨᠤᠨ ᠢ ᠰᠤᠷᠭᠠᠭᠤᠯᠢ ᠶᠢᠨ ᠲᠠᠷᠤᠨ᠎ᠠ ᠲᠠᠭᠡᠶᠢᠨ ᠬᠤᠪᠢᠯᠭᠠᠨ ᠪᠣᠯᠤᠨ ᠲᠣᠳᠣᠷᠠᠵᠠᠢ᠃ ᠵᠠᠨᠠᠪᠠᠽᠠᠷ ᠪᠣᠯ ᠲᠥᠪ ᠬᠠᠯᠬ᠎ᠠ ᠍ ᠤᠨ ᠤᠳᠤᠷᠢᠳᠤᠭᠴᠢ᠂ ᠲᠦᠰᠢᠶᠡᠲᠦ ᠬᠠᠨ ᠭᠣᠮᠪᠣᠳᠣᠷᠵᠢ ᠶᠢᠨ ᠬᠦᠦ ᠪᠠᠶᠢᠭᠰᠠᠨ ᠪᠥᠭᠡᠳ ᠬᠠᠯᠬ᠎ᠠ ᠮᠣᠩᠭᠣᠯᠴᠤᠳ ᠤᠨ ᠣᠶᠤᠨ ᠰᠠᠨᠠᠭᠠᠨ ᠤ ᠤᠳᠤᠷᠢᠳᠤᠭᠴᠢ ᠪᠣᠯᠵᠤ ᠴᠢᠳᠠᠵᠠᠢ᠃

ᠬᠣᠶᠠᠳᠤᠭᠠᠷ ᠵᠠᠪᠽᠠᠨᠳᠠᠮᠪᠠ ᠬᠤᠲᠤᠭᠲᠤ ᠴᠤ ᠵᠠᠨᠠᠪᠠᠽᠠᠷ ᠤᠨ ᠮᠥᠨ ᠠᠳᠠᠯᠢ ᠴᠢᠩᠭᠢᠰ ᠬᠠᠭᠠᠨᠢ ᠤᠳᠤᠮ ᠤᠨ ᠢᠵᠠᠭᠤᠷᠲᠠᠨ ᠭᠡᠷ ᠪᠦᠯᠢ ᠡᠴᠡ ᠭᠠᠷᠤᠯᠲᠠᠢ ᠬᠦᠮᠦᠨ ᠪᠠᠶᠢᠪᠠ᠃ ᠬᠠᠷᠢᠨ ᠴᠢᠩᠭᠦᠩᠵᠠᠪ ᠍ ᠤᠨ ᠪᠣᠰᠤᠯᠭ᠎ᠠ ᠳᠤ ᠬᠣᠶᠠᠳᠤᠭᠠᠷ ᠵᠠᠪᠽᠠᠨᠳᠠᠮᠪᠠ ᠬᠤᠲᠤᠭᠲᠤ ᠲᠤᠰᠠᠯᠠᠯᠴᠠᠭ᠎ᠠ ᠦᠵᠡᠭᠦᠯᠵᠦ ᠪᠠᠶᠢᠭᠰᠠᠨ ᠲᠤᠯᠠ ᠮᠠᠨᠵᠤ ᠶᠢᠨ ᠲᠩᠷᠢ ᠶᠢᠨ ᠲᠡᠳᠬᠦᠭᠰᠡᠨ ᠬᠠᠭᠠᠨ 1758 ᠣᠨ ᠳᠤ ᠵᠠᠪᠽᠠᠨᠳᠠᠮᠪᠠ ᠬᠤᠲᠤᠭᠲᠤ ᠶᠢᠨ ᠪᠦᠬᠦ ᠬᠣᠶᠢᠳᠤ ᠳᠦᠷᠢ ᠶᠢ ᠲᠥᠪᠡᠳᠥ ᠡᠴᠡ ᠲᠣᠳᠣᠷᠠᠭᠤᠯᠵᠤ ᠪᠠᠶᠢᠬᠤ ᠪᠠᠷ ᠵᠠᠷᠯᠢᠭᠳᠠᠭᠰᠠᠨ ᠭᠡᠳᠡᠭ᠃

ᠮᠣᠩᠭᠣᠯ ᠤᠯᠤᠰ 1911 ᠣᠨ ᠳᠤ ᠲᠤᠰᠠᠭᠠᠷ ᠲᠣᠭᠲᠠᠨᠢᠯ ᠢᠶᠠᠨ ᠵᠠᠷᠯᠠᠬᠤ ᠳᠤ ᠨᠠᠶᠢᠮᠠᠳᠤᠭᠠᠷ ᠵᠠᠪᠽᠠᠨᠳᠠᠮᠪᠠ ᠬᠤᠲᠤᠭᠲᠤ (1869–1924) ᠪᠣᠭᠳᠠ ᠬᠠᠭᠠᠨ ᠳᠤ ᠡᠷᠭᠦᠮᠵᠢᠯᠡᠭᠳᠡᠵᠦ ᠪᠠᠶᠢᠪᠠ᠃ ᠲᠡᠷᠡ ᠪᠡᠷ 1924 ᠣᠨ ᠳᠤ ᠨᠠᠰᠤᠨ ᠡᠴᠦᠰᠯᠡᠲᠡᠯ᠎ᠡ ᠪᠡᠨ ᠲᠤᠰ ᠤᠯᠤᠰ ᠤᠨ ᠬᠠᠭᠠᠨ ᠰᠢᠷᠡᠭᠡᠨ ᠳᠦ ᠰᠠᠭᠤᠴᠠᠢ᠃ ᠲᠡᠭᠦᠨ ᠢ ᠨᠠᠰᠤ ᠨᠥᠭᠴᠢᠭᠰᠡᠨ ᠦ ᠳᠠᠷᠠᠭ᠎ᠠ ᠺᠣᠮᠮᠤᠨᠢᠰ ᠲᠤ ᠵᠠᠰᠠᠭ ᠤᠨ ᠭᠠᠵᠠᠷ ᠪᠠᠶᠢᠭᠤᠯᠤᠭᠳᠠᠵᠤ᠂ ᠬᠣᠶᠢᠳᠤ ᠳᠦᠷᠢ ᠶᠢ ᠨᠢ ᠲᠣᠳᠣᠷᠠᠭᠤᠯᠬᠤ ᠶᠢ ᠬᠣᠷᠢᠭᠯᠠᠭᠰᠠᠨ᠃

ᠬᠠᠷᠢᠨ ᠳᠠᠯᠠᠢ ᠯᠠᠮᠠ 1932 ᠣᠨ ᠳᠤ ᠲᠦᠷᠦᠭᠰᠡᠨ ᠵᠠᠮᠪᠠᠯ ᠨᠠᠮᠤᠳᠠᠯ ᠴᠣᠶᠢᠵᠢ ᠵᠠᠩᠴᠠᠨ ᠢ 9 ᠍ ᠳᠦᠭᠡᠷ ᠵᠠᠪᠽᠠᠨᠳᠠᠮᠪᠠ ᠬᠤᠲᠤᠭᠲᠤ ᠢᠶᠠᠷ ᠲᠣᠳᠣᠷᠠᠭᠤᠯᠤᠭᠰᠠᠨ ᠶᠤᠮ᠃

ᠭᠠᠷᠴᠠᠭ

ᠵᠠᠪᠽᠠᠨᠳᠠᠮᠪᠠ ᠬᠤᠲᠤᠭᠲᠤ ᠨᠤᠭᠤᠳ ᠤᠨ ᠵᠢᠭ᠌ᠰᠠᠭᠠᠯᠳᠠ[ᠵᠠᠰᠠᠪᠤᠷᠢᠯᠠᠬᠤ | ᠺᠣᠳ᠋ ᠢᠶᠠᠷ ᠵᠠᠰᠠᠬᠣ]

[1]

ᠪᠣᠭᠳᠠ ᠵᠠᠪᠽᠠᠨᠳᠠᠮᠪᠠ ᠬᠤᠲᠤᠭᠲᠤ I ᠵᠠᠨᠠᠪᠠᠽᠠᠷ ᠪᠤᠶᠤ ᠢᠰᠢᠳᠣᠷᠵᠢ (1635.10.04 ᠍ ᠳᠦ ᠲᠥᠷᠦᠵᠢ᠂ 1723.02.18 ᠍ ᠳᠦ ᠨᠠᠰᠤ ᠪᠠᠷᠠᠭᠰᠠᠨ)[ᠵᠠᠰᠠᠪᠤᠷᠢᠯᠠᠬᠤ | ᠺᠣᠳ᠋ ᠢᠶᠠᠷ ᠵᠠᠰᠠᠬᠣ]

ᠥᠨᠳᠥᠷ ᠭᠡᠭᠡᠨ ᠵᠠᠨᠠᠪᠠᠽᠠᠷ ᠪᠣᠯ ᠮᠣᠩᠭᠣᠯ ᠤᠯᠤᠰ ᠤᠨ ᠲᠥᠷᠥ ᠨᠡᠶᠢᠭᠡᠮ᠂ ᠱᠠᠰᠢᠨ ᠰᠤᠶᠤᠯ ᠤᠨ ᠨᠡᠷᠡᠲᠦ ᠵᠢᠳᠬᠦᠯᠲᠡᠨ᠂ ᠠᠩᠬᠠᠳᠤᠭᠠᠷ ᠪᠣᠭᠳᠠ ᠵᠠᠪᠽᠠᠨᠳᠠᠮᠪᠠ ᠬᠤᠲᠤᠭᠲᠤ ᠪᠠᠶᠢᠪᠠ᠃ ᠲᠡᠷᠡ ᠪᠡᠷ 1635 ᠣᠨ ᠳᠤ ᠬᠠᠯᠬ᠎ᠠ ᠶᠢᠨ ᠲᠦᠰᠢᠶᠡᠲᠦ ᠬᠠᠨ ᠭᠣᠮᠪᠣᠳᠣᠷᠵᠢ ᠶᠢᠨ ᠠᠩᠬᠠᠳᠤᠭᠠᠷ ᠬᠥᠪᠡᠭᠦᠨ ᠪᠣᠯᠵᠤ᠂ ᠬᠠᠨᠳᠠᠵᠠᠮᠰᠤ ᠬᠠᠲᠠᠩᠭ᠎ᠠ ᠠᠴᠠ ᠣᠳᠣ ᠶᠢᠨ ᠥᠪᠦᠷᠬᠠᠩᠭᠠᠢ ᠠᠶᠢᠮᠠᠭ ᠤᠨ ᠵᠦᠢᠯ ᠰᠤᠮᠤ ᠶᠢᠨ ᠶᠢᠰᠦᠨ ᠵᠦᠢᠯ ᠭᠡᠳᠡᠭ ᠭᠠᠵᠠᠷ ᠢᠰᠢᠳᠣᠷᠵᠢ ᠨᠡᠷ᠎ᠡ ᠲᠡᠢ ᠪᠡᠷ ᠲᠥᠷᠦᠵᠢᠭᠡ᠃ 1640 ᠣᠨ ᠳᠤ ᠳᠠᠯᠠᠢ ᠯᠠᠮᠠ , ᠪᠠᠨᠴᠢᠨ ᠪᠣᠭᠳᠠ ᠠᠴᠠ ᠵᠠᠪᠵᠤᠨᠳᠠᠷᠨᠠᠲ ᠤᠨ ᠬᠤᠪᠢᠯᠭᠠᠨ ᠢᠶᠠᠷ ᠲᠣᠳᠣᠷᠠᠭᠤᠯᠤᠨ ᠵᠠᠨᠠᠪᠠᠽᠠᠷ ᠢ 5 ᠨᠠᠰᠤᠲᠠᠢ ᠪᠠᠶᠢᠬᠤ ᠳᠤ ᠨᠢ ᠠᠩᠬᠠᠳᠤᠭᠠᠷ ᠪᠣᠭᠳᠠ ᠵᠠᠪᠽᠠᠨᠳᠠᠮᠪᠠ ᠬᠤᠲᠤᠭᠲᠤ ᠶᠢᠨ ᠰᠢᠷᠡᠭᠡᠨ ᠳᠦ ᠵᠠᠯᠠᠵᠤ ᠬᠠᠯᠬ᠎ᠠ ᠮᠣᠩᠭᠣᠯ ᠤᠨ ᠰᠢᠷ᠎ᠠ ᠶᠢᠨ ᠱᠠᠰᠢᠨ ᠤ ᠲᠡᠷᠢᠭᠦᠨ ᠳᠦ ᠡᠷᠭᠦᠮᠵᠢᠯᠡᠵᠡᠢ᠃ ᠲᠡᠷᠡ ᠪᠡᠷ ᠪᠠᠭ᠎ᠠ ᠨᠠᠰᠤᠨ ᠠᠴᠠ ᠪᠠᠨ ᠪᠤᠷᠬᠠᠨ ᠤ ᠱᠠᠰᠢᠨ ᠤ ᠲᠤᠩᠭᠠᠮᠠᠯ ᠰᠢᠵᠢᠷ ᠠᠯᠲᠠ ᠮᠡᠲᠦ ᠰᠢᠷ᠎ᠠ ᠶᠢᠨ ᠱᠠᠰᠢᠨ ᠤ ᠰᠤᠳᠤᠷ ᠬᠢᠭᠡᠳ ᠲᠠᠷᠨᠢ ᠶᠢᠨ ᠰᠤᠷᠭᠠᠯ᠂ ᠨᠣᠮᠯᠠᠯ᠂ ᠵᠠᠩ ᠦᠢᠯᠡ ᠳᠦ ᠰᠤᠷᠤᠯᠴᠠᠵᠤ ᠤᠯᠠᠮ ᠢᠶᠠᠷ 1649 ᠣᠨ ᠳᠤ ᠴᠠᠰᠤᠲᠤ ᠶᠢᠨ ᠣᠷᠣᠨ ᠢ ᠵᠣᠷᠢᠨ ᠪᠠᠨᠴᠢᠨ ᠴᠣᠶᠢᠵᠢᠯᠵᠠᠨᠼᠠᠨ ᠪᠣᠭᠳ ᠲᠤ ᠪᠠᠷᠠᠭᠠᠯᠬᠠᠨ ᠱᠠᠪᠢ ᠣᠷᠣᠵᠤ ᠱᠠᠰᠢᠨ ᠤ ᠲᠠᠪᠤᠨ ᠶᠡᠬᠡ ᠤᠬᠠᠭᠠᠨ ᠢ ᠵᠢᠭᠠᠯᠭᠠᠨ ᠡᠰᠢ ᠣᠨᠣᠯ ᠤᠨ ᠡᠷᠳᠡᠮ ᠢ ᠲᠡᠭᠦᠰ ᠡᠵᠡᠮᠰᠢᠭᠡᠳ ᠡᠬᠡ ᠨᠤᠲᠤᠭ ᠲᠤ ᠪᠠᠨ ᠪᠤᠴᠠᠨ ᠢᠷᠡᠵᠦ ᠨᠣᠮ ᠤᠨ ᠬᠦᠷᠢᠶ᠎ᠡ ᠬᠡᠶᠢᠳ᠂ ᠰᠤᠷᠭᠠᠭᠤᠯᠢ ᠶᠢ ᠣᠯᠠᠨ ᠢᠶᠠᠷ ᠪᠠᠶᠢᠭᠤᠯᠤᠭᠰᠠᠨ᠃ ᠲᠡᠭᠦᠨ ᠦ ᠡᠷᠭᠦᠭᠰᠡᠨ ᠵᠠᠨᠠᠪᠠᠽᠠᠷ ᠭᠡᠳᠡᠭ ᠨᠡᠷ᠎ᠡ ᠨᠢ 'ᠠᠶᠤᠩᠭᠠᠲᠤ (ᠵᠤᠨᠠᠨ᠎ᠠ) ᠍ ᠴᠡᠴᠡᠨ ᠪᠢᠯᠢᠭ (ᠸᠠᠵᠷᠠ)' ᠭᠡᠰᠡᠨ ᠤᠳᠬ᠎ᠠ ᠲᠠᠢ ᠰᠠᠨᠰᠺᠷᠢᠳ᠋ ᠭᠠᠷᠤᠯ ᠲᠠᠢ ᠦᠭᠡ᠃ ᠵᠠᠨᠠᠪᠠᠽᠠᠷ 1723 ᠣᠨ ᠳᠤ ᠪᠡᠭᠡᠵᠢᠩ ᠦᠨ ᠰᠢᠷ᠎ᠠ ᠰᠦᠮ᠎ᠡ ᠳᠦ ᠨᠠᠰᠤ ᠪᠠᠷᠠᠵᠠᠢ᠃

ᠪᠣᠭᠳᠠ ᠵᠠᠪᠽᠠᠨᠳᠠᠮᠪᠠ ᠬᠤᠲᠤᠭᠲᠤ II ᠯᠤᠪᠰᠠᠩᠳᠠᠮᠪᠢᠳᠣᠮᠢ (1724.01.27 ᠍ ᠳᠦ ᠲᠥᠷᠦᠵᠢ᠂ 1757.01.05 ᠍ ᠳᠦ ᠨᠠᠰᠤ ᠪᠠᠷᠠᠭᠰᠠᠨ)[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠠᠯᠬ᠎ᠠ ᠶᠢᠨ ᠰᠢᠷ᠎ᠠ ᠶᠢᠨ ᠱᠠᠰᠢᠨ ᠤ ᠲᠡᠷᠢᠭᠦᠨ᠃ ᠬᠠᠯᠬ᠎ᠠ ᠶᠢᠨ ᠲᠦᠰᠢᠶᠡᠲᠦ ᠬᠠᠨ ᠠᠶᠢᠮᠠᠭ ᠤᠨ ᠡᠹᠦ ᠴᠢᠨ ᠸᠠᠩ ᠳᠣᠨᠳᠣᠪᠳᠣᠷᠵᠢ ᠶᠢᠨ ᠬᠥᠪᠡᠭᠦᠨ᠃ ᠡᠬᠡ ᠨᠢ ᠬᠣᠲᠣᠭᠣᠶᠢᠳ ᠤᠨ ᠪᠠᠶᠠᠷᠲᠤ ᠬᠠᠲᠤᠨ᠃ ᠴᠢᠩ ᠤᠯᠤᠰ ᠬᠠᠯᠬ᠎ᠠ ᠶᠢᠨ I ᠪᠣᠭᠳᠠ ᠵᠠᠪᠽᠠᠨᠳᠠᠮᠪᠠ ᠬᠤᠲᠤᠭᠲᠤ ᠶᠢ ᠵᠠᠩᠴᠢ ᠬᠠᠯᠠᠭᠰᠠᠨ ᠤ ᠳᠠᠷᠠᠭ᠎ᠠ 1729 ᠣᠨ ᠳᠤ ᠲᠡᠭᠦᠨ ᠦ ᠬᠣᠶᠢᠲᠤ ᠳᠦᠷᠢ ᠶᠢ ᠲᠣᠳᠣᠷᠠᠭᠤᠯᠬᠤ ᠠᠵᠢᠯ ᠢ ᠰᠢᠭᠤᠳ ᠤᠳᠤᠷᠢᠳᠤᠨ ᠵᠣᠬᠢᠶᠠᠨ ᠪᠠᠶᠢᠭᠤᠯᠵᠠᠢ᠃ ᠮᠠᠨᠵᠤ ᠶᠢᠨ ᠬᠠᠭᠠᠨ ᠲᠡᠭᠦᠨ ᠳᠦ ᠥᠨᠳᠥᠷ ᠭᠡᠭᠡᠨ ᠳᠦ ᠣᠯᠯᠭᠠᠭᠰᠠᠨ ᠪᠦᠬᠦ ᠱᠠᠩᠨᠠᠯ᠂ ᠡᠷᠬᠡ ᠶᠠᠩᠪᠠ ᠶᠢ ᠬᠡᠪ ᠢᠶᠡᠷ ᠰᠢᠯᠵᠢᠭᠦᠯᠵᠦ ᠣᠯᠭᠤᠭᠰᠠᠨ᠃ II ᠪᠣᠭᠳᠠ᠂ ᠥᠨᠳᠥᠷ ᠭᠡᠭᠡᠭᠡᠨᠲᠡᠨ ᠦ ᠨᠢᠭᠡᠨ ᠠᠳᠠᠯᠢ ᠬᠠᠯᠬ᠎ᠠ ᠮᠣᠩᠭᠣᠯ ᠳᠤ ᠶᠡᠬᠡ ᠨᠥᠯᠥᠭᠡ ᠲᠡᠢ ᠨᠢᠭᠡᠨ ᠪᠠᠶᠢᠪᠠ᠃ ᠲᠡᠶᠢᠮᠦ ᠡᠴᠡ ᠮᠠᠨᠵᠤ ᠶᠢᠨ ᠡᠵᠡᠨ ᠬᠠᠭᠠᠨ ᠵᠠᠪᠽᠠᠨᠳᠠᠮᠪᠠ ᠬᠤᠲᠤᠭᠲᠤ ᠨᠠᠷ ᠲᠤ ᠵᠣᠷᠢᠭᠤᠯᠵᠤ ᠰᠠᠩ ᠤᠨ ᠵᠠᠷᠤᠳᠠᠯ ᠢᠶᠠᠷ 1727-36 ᠣᠨ ᠳᠤ ᠠᠮᠤᠷᠪᠠᠶᠠᠰᠬᠤᠯᠠᠩᠲᠤ ᠬᠡᠶᠢᠳ ᠢ ᠪᠠᠶᠢᠭᠤᠯᠤᠭᠰᠠᠨ ᠪᠠ ᠲᠡᠭᠦᠨ ᠢ 1736 ᠣᠨ ᠳᠤ ᠪᠡᠭᠡᠵᠢᠩ ᠳᠦ ᠣᠴᠢᠬᠤ ᠳᠤ ᠨᠢ ᠥᠪᠡᠷ ᠦᠨ ᠪᠡᠶ᠎ᠡ ᠪᠡᠷ ᠪᠠᠷᠠᠭᠠᠯᠬᠠᠵᠤ᠂ ᠬᠦᠵᠦᠭᠦᠨ ᠳ᠋ᠡᠬᠢ ᠡᠷᠳᠡᠨᠢ ᠶᠢᠨ ᠡᠷᠬᠡ ᠪᠡᠨ ᠲᠡᠭᠦᠨ ᠳᠦ ᠵᠡᠭᠦᠨ ᠥᠭᠴᠦ᠂ ᠪᠤᠴᠠᠬᠤ ᠵᠠᠷᠤᠳᠠᠯ ᠳᠤ ᠨᠢ 100,000 ᠯᠠᠨ ᠮᠥᠩᠭᠥ ᠣᠯᠭᠣᠬᠤ ᠵᠡᠷᠭᠡ ᠪᠡᠷ ᠶᠡᠬᠡᠳᠡ ᠬᠦᠨᠳᠦᠯᠡᠯ ᠦᠵᠡᠭᠦᠯᠵᠦ ᠪᠠᠶᠢᠴᠠᠢ᠃ ᠡᠭᠦᠨ ᠦ ᠰᠠᠴᠠᠭᠤ ᠮᠠᠨᠵᠤ ᠶᠢᠨ ᠲᠥᠷᠥ ᠵᠠᠪᠽᠠᠨᠳᠠᠮᠪᠠ ᠬᠤᠲᠤᠭᠲᠤ ᠶᠢᠨ ᠱᠠᠰᠢᠨ ᠲᠥᠷᠥ ᠶᠢᠨ ᠪᠣᠯᠤᠨ ᠡᠳ᠋ ᠍ ᠦᠨ ᠵᠠᠰᠠᠭ ᠤᠨ ᠡᠷᠬᠡ ᠮᠡᠳᠡᠯ᠂ ᠰᠦᠷ ᠬᠦᠴᠦᠨ ᠥᠰᠦᠨ ᠨᠡᠮᠡᠭᠳᠡᠬᠦ ᠡᠴᠡ ᠰᠡᠷᠡᠮᠵᠢᠯᠡᠵᠦ ᠪᠠᠶᠢᠪᠠ᠃ ᠲᠡᠶᠢᠮᠦ ᠡᠴᠡ ᠴᠤ ᠬᠤᠲᠤᠭᠲᠤ ᠶᠢᠨ ᠲᠥᠷᠥ ᠶᠢᠨ ᠡᠷᠬᠡ ᠮᠡᠳᠡᠯ ᠢ ᠬᠢᠵᠠᠭᠠᠷᠯᠠᠬᠤ᠂ ᠱᠠᠰᠢᠨ ᠲᠥᠷᠥ ᠶᠢᠨ ᠦᠢᠯᠡ ᠬᠡᠷᠡᠭ ᠲᠦ ᠨᠢ ᠬᠢᠨᠠᠯᠲᠠ ᠲᠠᠯᠪᠢᠬᠤ ᠪᠣᠯᠵᠤ᠂ 1754 ᠣᠨ ᠠᠴᠠ ᠲᠡᠭᠦᠨ ᠦ ᠲᠥᠷᠥ ᠵᠠᠬᠢᠷᠭᠠᠨ ᠤ ᠬᠡᠷᠡᠭ ᠢ ᠱᠠᠩᠵᠤᠳᠪᠠᠨ ᠶᠠᠮᠤᠨ ᠤ ᠡᠷᠳᠡᠨᠢ ᠱᠠᠩᠵᠤᠳᠪᠠ ᠳᠤ ᠬᠠᠷᠢᠭᠤᠴᠠᠭᠤᠯᠤᠨ ᠡᠷᠬᠡᠯᠡᠭᠦᠯᠬᠦ ᠪᠣᠯᠤᠭᠰᠠᠨ ᠪᠠ 1755-58 ᠣᠨ ᠤ ᠠᠮᠤᠷᠰᠠᠨᠠᠭ᠎ᠠ ᠪᠠᠨ-ᠴᠢᠩᠭᠦᠩᠵᠠᠪ ᠤᠨ ᠪᠣᠰᠤᠯᠭ᠎ᠠ ᠶᠢᠨ ᠦᠶᠡᠰ ᠪᠣᠳᠣᠯᠭ᠎ᠠ ᠪᠠᠨ ᠤᠯᠠᠮ ᠴᠢᠩᠭᠠᠳᠬᠠᠪᠠ᠃ 1756 ᠣᠨ ᠤ ᠳᠥᠷᠪᠡᠳᠦᠭᠡᠷ ᠰᠠᠷ᠎ᠠ ᠳᠤ ᠣᠶᠢᠷ᠎ᠠ ᠲᠥᠷᠥᠯ ᠦᠨ ᠸᠠᠩ ᠷᠢᠨᠴᠢᠨᠳᠣᠷᠵᠢ ᠶᠢ ᠴᠠᠭᠠᠵᠠᠯᠠᠭᠤᠯᠤᠭᠰᠠᠨ ᠳᠤ ᠶᠡᠬᠡᠳᠡ ᠳᠤᠷᠠᠭᠦᠶᠢᠴᠡᠵᠦ᠂ 《ᠳᠥᠷᠪᠡᠨ ᠠᠶᠢᠮᠠᠭ ᠬᠡᠯᠡᠯᠴᠡᠭᠡᠳ ᠶᠡᠬᠡ ᠲᠦᠢᠪᠡᠭᠡᠨ ᠡᠳᠦᠨ᠎ᠡ》 ᠬᠡᠮᠡᠨ ᠮᠡᠳᠡᠭᠳᠡᠵᠡᠢ᠃ ᠮᠠᠨᠵᠤ ᠨᠠᠷ ᠬᠠᠯᠬ᠎ᠠ ᠨᠤᠭᠤᠳ II ᠪᠣᠭᠳᠠ ᠶᠢ ᠲᠣᠭᠣᠷᠢᠨ ᠨᠢᠭᠲᠠᠷᠠᠴᠢ ᠨᠡᠷ᠎ᠡ ᠨᠥᠯᠥᠭᠡ ᠶᠢ ᠨᠢ ᠲᠡᠮᠡᠴᠡᠯᠳᠦᠭᠡ ᠠᠰᠢᠭᠯᠠᠬᠤ ᠠᠴᠠ ᠶᠡᠬᠡᠳᠡ ᠪᠣᠯᠭᠣᠮᠵᠢᠯᠠᠵᠤ ᠳᠣᠯᠣᠨᠠᠭᠤᠷ ᠲᠤ ᠬᠦᠴᠦ ᠪᠡᠷ ᠠᠪᠠᠴᠢᠨ ᠴᠠᠭᠳᠠᠬᠤ ᠪᠣᠯᠵᠠᠢ᠃ ᠲᠡᠷᠡᠪᠡᠷ ᠡᠷᠡᠭᠦᠯ ᠴᠢᠭᠢᠷᠠᠭ᠂ ᠢᠳᠡ ᠵᠠᠯᠠᠭᠤ 34 ᠨᠠᠰᠤᠨ ᠳᠤ ᠪᠠᠨ ᠤᠴᠢᠷ ᠪᠢᠲᠡᠭᠦᠯᠢᠭ ᠪᠠᠶᠢᠳᠠᠯ ᠢᠶᠠᠷ ᠨᠠᠰᠤ ᠡᠴᠦᠰᠯᠡᠭᠰᠡᠨ ᠪᠥᠭᠡᠳ ᠡᠭᠦᠨ ᠳᠦ ᠮᠠᠨᠵᠤ ᠶᠢᠨ ᠲᠥᠷᠥ ᠶᠢᠨ ᠣᠷᠣᠯᠴᠠᠭ᠎ᠠ ᠪᠠᠶᠢᠭᠰᠠᠨ ᠬᠡᠮᠡᠨ ᠦᠵᠡᠳᠡᠭ᠃ ᠲᠡᠭᠦᠨ ᠦ ᠱᠠᠷᠢᠯ ᠢ ᠳᠠᠮᠪᠠᠳᠠᠷᠵᠢᠶ᠎ᠠ ᠬᠡᠶᠢᠳ ᠲᠦ ᠠᠯᠲᠠᠨ ᠰᠤᠪᠤᠷᠭ᠎ᠠ ᠳᠤ ᠵᠠᠯᠠᠵᠠᠢ᠃

ᠪᠣᠭᠳᠠ ᠵᠠᠪᠽᠠᠨᠳᠠᠮᠪᠠ ᠬᠤᠲᠤᠭᠲᠤ III ᠡᠰᠢᠳᠠᠮᠪᠢᠨᠢᠮ᠎ᠠ (1758.11.12 ᠍ ᠳᠦ ᠲᠦᠪᠡᠳ᠂ ᠯᠢᠲ᠋ᠠᠨᠳ ᠲᠥᠷᠦᠵᠢ᠂ 1773.11.05 ᠍ ᠳᠦ ᠨᠠᠰᠤ ᠪᠠᠷᠠᠭᠰᠠᠨ)[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠠᠯᠬ᠎ᠠ ᠶᠢᠨ ᠰᠢᠷ᠎ᠠ ᠶᠢᠨ ᠱᠠᠰᠢᠨ ᠤ ᠲᠡᠷᠢᠭᠦᠨ᠃ ᠡᠴᠢᠭᠡ ᠨᠢ ᠳᠠᠨᠽᠠᠨᠭᠣᠮᠪᠣ᠂ ᠡᠬᠡ ᠨᠢ ᠨᠣᠷᠵᠦᠩᠸᠠᠩᠮᠣ᠃ ᠮᠠᠨᠵᠤ ᠨᠠᠷ II ᠪᠣᠭᠳᠠ ᠠᠴᠠ ᠬᠣᠶᠢᠰᠢ ᠵᠠᠪᠽᠠᠨᠳᠠᠮᠪᠠ ᠬᠤᠲᠤᠭᠲᠤ ᠶᠢᠨ ᠬᠣᠶᠢᠲᠤ ᠳᠦᠷᠢ ᠶᠢ ᠮᠣᠩᠭᠣᠯ ᠠᠴᠠ ᠪᠤᠰᠤ ᠲᠦᠪᠡᠳ ᠡᠴᠡ ᠲᠣᠳᠣᠷᠠᠭᠤᠯᠵᠤ ᠪᠠᠶᠢᠬᠤ ᠪᠣᠳᠣᠯᠭ᠎ᠠ ᠳᠤ ᠰᠢᠯᠵᠢᠭᠰᠡᠨ ᠪᠠᠶᠢᠨ᠎ᠠ᠃ ᠲᠡᠶᠢᠮᠦ ᠡᠴᠡ ᠮᠠᠨᠵᠤ ᠶᠢᠨ ᠮᠠᠨᠵᠤ ᠶᠢᠨ ᠬᠠᠭᠠᠨ ᠲᠩᠷᠢ ᠲᠡᠳᠬᠦᠭᠰᠡᠨ ᠳᠠᠯᠠᠢ ᠯᠠᠮᠠ ᠳᠤ ᠨᠢᠭᠤᠴᠠ ᠵᠠᠷᠯᠢᠭ ᠬᠦᠷᠭᠡᠭᠦᠯᠵᠡᠢ᠃ ᠲᠡᠭᠦᠨ ᠳᠦ ᠪᠡᠨ III ᠪᠣᠭᠳᠠ ᠲᠦᠪᠡᠳ ᠭᠠᠵᠠᠷ ᠲᠥᠷᠥᠬᠦ ᠤᠴᠢᠷ ᠲᠠᠢ ᠭᠡᠰᠡᠨ ᠯᠦᠩᠳᠦᠩ ᠪᠠᠭᠤᠯᠭᠠᠬᠤ ᠶᠢ ᠵᠠᠭᠠᠴᠠᠢ᠃ ᠤᠯᠠᠮ ᠢᠶᠠᠷ ᠳᠠᠯᠠᠢ ᠯᠠᠮᠠ ᠶᠢᠨ ᠨᠡᠷ᠎ᠡ ᠨᠡᠷ᠎ᠡ ᠨᠥᠯᠥᠭᠡ ᠶᠢ ᠠᠰᠢᠭᠯᠠᠨ ᠮᠣᠩᠭᠣᠯᠴᠤᠳ ᠲᠤ ᠢᠲᠡᠭᠡᠭᠦᠯᠦᠭᠰᠡᠨ ᠦ ᠬᠣᠶᠢᠨ᠎ᠠ ᠲᠤᠰᠬᠠᠢ ᠵᠠᠷᠯᠢᠭ ᠪᠠᠭᠤᠯᠭᠠᠵᠤ ᠮᠣᠩᠭᠣᠯᠴᠤᠳ ᠲᠤ ᠠᠯᠪᠠᠨ ᠶᠣᠰᠣᠭᠠᠷ ᠵᠠᠷᠯᠠᠵᠠᠢ᠃ ᠲᠡᠭᠦᠨ ᠦ ᠡᠨᠡ ᠰᠢᠢᠳᠪᠦᠷᠢ ᠶᠢ ᠬᠠᠯᠬ᠎ᠠ ᠮᠣᠩᠭᠣᠯᠴᠤᠳ᠂ ᠲᠡᠭᠦᠨ ᠦ ᠳᠣᠲᠣᠷ᠎ᠠ ᠶᠡᠬᠡ ᠬᠦᠷᠢᠶᠡᠨ ᠦ ᠯᠠᠮᠠ ᠨᠠᠷ ᠶᠡᠬᠡᠳᠡ ᠡᠰᠡᠷᠭᠦᠴᠡᠭᠰᠡᠨ ᠪᠠ ᠲᠦᠰᠢᠶᠡᠲᠦ ᠬᠠᠨ ᠤ ᠵᠦᠭ ᠡᠴᠡ ᠵᠠᠩᠵᠢᠶ᠎ᠠ ᠬᠤᠲᠤᠭᠲᠤ ᠳᠤ ᠬᠠᠨᠳᠤᠨ III ᠪᠣᠭᠳᠠ ᠶᠢ ᠮᠣᠩᠭᠣᠯ ᠠᠴᠠ ᠲᠣᠳᠣᠷᠠᠭᠤᠯᠬᠤ ᠶᠢᠨ ᠴᠢᠬᠤᠯᠠ ᠶᠢ ᠮᠡᠳᠡᠭᠳᠡᠵᠦ ᠲᠤᠰᠬᠠᠢ ᠪᠢᠴᠢᠭ ᠬᠦᠷᠭᠡᠭᠰᠡᠨ ᠪᠠᠶᠢᠨ᠎ᠠ᠃ ᠮᠣᠩᠭᠣᠯᠴᠤᠳ ᠪᠣᠭᠳᠠ ᠶᠢᠨ ᠬᠣᠶᠢᠳᠤ ᠳᠦᠷᠢ ᠶᠢ ᠲᠣᠳᠣᠷᠠᠭᠤᠯᠬᠤ ᠶᠢ ᠣᠷᠣᠯᠳᠤᠨ ᠳᠣᠯᠣᠭᠠᠨ ᠬᠡᠦᠬᠡᠳ ᠢ ᠭᠠᠷᠭᠠᠵᠤ ᠢᠷᠡᠭᠰᠡᠨ ᠪᠠᠶᠢᠳᠠᠭ᠃ ᠮᠠᠨᠵᠤ ᠨᠠᠷ ᠮᠣᠩᠭᠣᠯᠴᠤᠳ ᠤᠨ ᠡᠰᠡᠷᠭᠦᠴᠡᠯ ᠢ ᠦᠯᠦ ᠣᠶᠢᠰᠢᠶᠠᠨ III ᠪᠣᠭᠳᠠ ᠵᠠᠪᠽᠠᠨᠳᠠᠮᠪᠠ ᠬᠤᠲᠤᠭᠲᠤ ᠪᠠᠷ ᠲᠦᠪᠡᠳ ᠦᠨ ᠯᠢᠲ᠋ᠠᠨ ᠭᠠᠵᠠᠷ ᠤᠨ ᠠᠮᠪᠠᠨ ᠳᠠᠨᠽᠠᠨᠭᠣᠮᠪᠣ ᠶᠢᠨ ᠬᠥᠪᠡᠭᠦᠨ ᠢ ᠲᠣᠳᠣᠷᠠᠭᠤᠯᠤᠨ ᠡᠷᠭᠦᠮᠵᠢᠯᠡᠵᠡᠢ᠃ ᠡᠨᠡ ᠦᠢᠯᠡ ᠶᠠᠪᠤᠳᠠᠷ ᠡᠮᠦᠨᠡᠬᠢ ᠳᠦᠷᠢ ᠶᠢᠨ ᠬᠤᠲᠤᠭᠲᠤ ᠶᠢ ᠵᠠᠩᠴᠢ ᠬᠠᠯᠠᠭᠰᠠᠨ ᠠᠴᠠ ᠬᠣᠶᠢᠰᠢ ᠶᠢᠰᠦᠨ ᠰᠠᠷ᠎ᠠ ᠶᠢᠨ ᠳᠠᠷᠠᠭ᠎ᠠ ᠪᠣᠯᠤᠭᠰᠠᠨ ᠪᠥᠭᠡᠳ 1763 ᠣᠨ ᠳᠤ ᠮᠣᠩᠭᠣᠯ ᠳᠤ ᠵᠠᠯᠠᠵᠤ ᠰᠢᠷᠡᠭᠡᠨ ᠳᠦ ᠰᠠᠭᠤᠯᠭᠠᠵᠠᠢ᠃ ᠲᠡᠭᠦᠨ ᠢ ᠳᠠᠯᠠᠢ ᠯᠠᠮᠠ , ᠪᠠᠨᠴᠢᠨ ᠡᠷᠡᠯᠡᠨ᠎ᠡ ᠨᠠᠷᠠ ᠲᠠᠢ ᠠᠳᠠᠯᠢ ᠱᠠᠰᠢᠨ ᠤ ᠡᠷᠬᠢᠮ ᠳᠡᠭᠡᠳᠦ ᠬᠤᠪᠢᠯᠭᠠᠨ ᠬᠡᠮᠡᠨ ᠡᠷᠭᠦᠮᠵᠢᠯᠡᠵᠦ᠂ ᠭᠠᠪᠢᠶ᠎ᠠ ᠡᠷᠳᠡᠮ ᠢ ᠢᠯᠡᠷᠬᠡᠶᠢᠯᠡᠨ ᠭᠡᠷᠡᠯᠲᠦ ᠬᠥᠰᠢᠶ᠎ᠡ ᠪᠣᠰᠬᠠᠵᠤ ᠪᠠᠶᠢᠪᠠ᠃ ᠲᠡᠷᠡ ᠪᠡᠷ ᠮᠣᠩᠭᠣᠯ ᠳᠤ ᠢᠷᠡᠭᠡᠳ ᠴᠥᠭᠡᠨ ᠦᠭᠡᠢ ᠬᠦᠷᠢᠶ᠎ᠡ ᠬᠡᠶᠢᠳ ᠪᠠᠶᠢᠭᠤᠯᠤᠭᠰᠠᠨ ᠭᠡᠳᠡᠭ ᠴᠤ 15 ᠨᠠᠰᠤ ᠬᠦᠷᠢᠶᠡᠯᠡ ᠲᠠᠭᠠᠯᠠᠯ ᠪᠣᠯᠵᠠᠢ᠃ ᠲᠡᠭᠦᠨ ᠦ ᠱᠠᠷᠢᠯ ᠢ ᠳᠠᠮᠪᠠᠳᠠᠷᠵᠢᠶ᠎ᠠ ᠬᠡᠶᠢᠳ ᠲᠦ ᠠᠯᠲᠠᠨ ᠰᠤᠪᠤᠷᠭᠠᠨ ᠳᠤ ᠵᠠᠯᠠᠵᠠᠢ᠃

ᠪᠣᠭᠳᠠ ᠵᠠᠪᠽᠠᠨᠳᠠᠮᠪᠠ ᠬᠤᠲᠤᠭᠲᠤ IV ᠯᠤᠪᠰᠠᠩᠲᠦᠪᠳᠦᠩᠸᠠᠩᠴᠦᠭ (1775.03.28 ᠍ ᠳᠦ ᠲᠦᠪᠡᠳ᠂ ᡀᠠᠰᠠ ᠳᠤ ᠲᠥᠷᠦᠵᠢ᠂ 1813.01.07 ᠍ ᠳᠦ ᠨᠠᠰᠤ ᠪᠠᠷᠠᠭᠰᠠᠨ)[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠠᠯᠬ᠎ᠠ ᠶᠢᠨ ᠰᠢᠷ᠎ᠠ ᠶᠢᠨ ᠱᠠᠰᠢᠨ ᠤ ᠲᠡᠷᠢᠭᠦᠨ᠃ ᠲᠦᠪᠡᠳ ᠦᠨ VII ᠳᠠᠯᠠᠢ ᠯᠠᠮᠠ ᠶᠢᠨ ᠠᠪᠠᠭ᠎ᠠ ᠠᠬ᠎ᠠ ᠰᠣᠳᠨᠠᠮᠳᠠᠰᠢ ᠶᠢᠨ ᠬᠥᠪᠡᠭᠦᠨ᠃ ᠡᠬᠡ ᠨᠢ ᠶᠠᠩᠵᠢᠨᠪᠠᠯᠮᠣ᠃ III ᠪᠣᠭᠳᠠ ᠵᠠᠪᠽᠠᠨᠳᠠᠮᠪᠠ ᠬᠤᠲᠤᠭᠲᠤ ᠶᠢᠨ ᠬᠣᠶᠢᠳᠤ ᠳᠦᠷᠢ ᠶᠢ ᠮᠥᠨ ᠯᠠ ᠮᠣᠩᠭᠣᠯ ᠠᠴᠠ ᠲᠣᠳᠣᠷᠠᠭᠤᠯᠬᠤ ᠣᠷᠣᠯᠳᠤᠯᠭ᠎ᠠ ᠶᠢ ᠬᠠᠯᠬ᠎ᠠ ᠶᠢᠨ ᠵᠠᠷᠢᠮ ᠨᠣᠶᠠᠳ ᠬᠢᠭᠰᠡᠨ ᠦ ᠤᠴᠢᠷ ᠪᠤᠷᠤᠭᠤᠳᠠᠨ ᠰᠢᠳᠬᠡᠭᠦᠯᠵᠡᠢ᠃ ᠮᠠᠨᠵᠤ ᠶᠢᠨ ᠲᠩᠷᠢ ᠶᠢᠨ ᠲᠡᠳᠬᠦᠭᠰᠡᠨ ᠬᠠᠭᠠᠨ᠂ ᠯᠤᠪᠰᠠᠩᠲᠦᠪᠳᠦᠩᠸᠠᠩᠴᠦᠭ ᠬᠠᠯᠬ᠎ᠠ ᠶᠢᠨ ᠰᠢᠷ᠎ᠠ ᠶᠢᠨ ᠱᠠᠰᠢᠨ ᠤ ᠲᠡᠷᠢᠭᠦᠨ ᠪᠣᠭᠳᠠ ᠵᠠᠪᠽᠠᠨᠳᠠᠮᠪᠠ ᠬᠤᠲᠤᠭᠲᠤ ᠪᠠᠷ ᠲᠣᠳᠣᠷᠠᠭᠤᠯᠤᠨ ᠡᠷᠭᠦᠮᠵᠢᠯᠡᠵᠦ᠂ 1781 ᠣᠨ ᠳᠤ ᠰᠢᠷᠡᠭᠡᠨ ᠳᠦ ᠵᠠᠯᠠᠵᠠᠢ᠃ ᠡᠨᠡ ᠦᠶᠡᠰ ᠡᠬᠢᠯᠡᠨ ᠵᠠᠪᠽᠠᠨᠳᠠᠮᠪᠠ ᠬᠤᠲᠤᠭᠲᠤ ᠶᠢᠨ ᠬᠤᠪᠢᠯᠭᠠᠨ ᠢ ᠲᠣᠳᠣᠷᠠᠭᠤᠯᠬᠤ ᠬᠡᠷᠡᠭ ᠢ ᠮᠠᠨᠵᠤ ᠶᠢᠨ ᠬᠠᠭᠠᠨ ᠤ ᠵᠠᠷᠯᠢᠭ ᠢᠶᠠᠷ ᠲᠣᠮᠢᠯᠠᠭᠳᠠᠭᠰᠠᠨ ᠠᠮᠪᠠᠨ ᠰᠠᠶᠢᠳ ᠡᠷᠬᠢᠯᠡᠬᠦ ᠪᠠ ᠪᠠᠷᠠᠭᠤᠨ ᠵᠤᠤ (ᡀᠠᠰᠠ) ᠍ ᠳᠦ ᠲᠣᠳᠣᠷᠠᠭᠤᠯᠵᠤ ᠪᠠᠶᠢᠬᠤ ᠪᠠᠷ ᠲᠣᠭᠲᠠᠵᠠᠢ᠃ 1778 ᠣᠨ ᠳᠤ IV ᠪᠣᠭᠳᠠ ᠶᠡᠬᠡ ᠬᠦᠷᠢᠶ᠎ᠡ ᠶᠢ ᠬᠦᠢ ᠮᠠᠨᠳᠠᠯ ᠠᠴᠠ ᠨᠡᠭᠦᠯᠭᠡᠵᠦ ᠳᠠᠮᠪᠠᠳᠠᠷᠵᠢᠶ᠎ᠠ ᠬᠡᠶᠢᠳ ᠦᠨ ᠡᠮᠦᠨ᠎ᠡ᠂ ᠲᠤᠭᠤᠯ ᠭᠣᠣᠯ ᠤᠨ ᠬᠣᠶᠢᠳᠤ ᠡᠲᠡᠭᠡᠳ ᠲᠦ ᠰᠢᠯᠵᠢᠭᠦᠯᠵᠦ᠂ ᠣᠯᠠᠨ ᠰᠦᠮ᠎ᠡ ᠳ᠋ᠠᠴᠠᠩ ᠪᠠᠶᠢᠭᠤᠯᠵᠠᠢ᠃ ᠲᠡᠭᠦᠨ ᠦ ᠱᠠᠷᠢᠯ ᠢ ᠠᠮᠤᠷᠪᠠᠶᠠᠰᠬᠤᠯᠠᠩ ᠬᠡᠶᠢᠳ ᠦᠨ ᠠᠯᠲᠠᠨ ᠰᠤᠪᠤᠷᠭ᠎ᠠ ᠳᠤ ᠵᠠᠯᠠᠭᠰᠠᠨ ᠠᠵᠡᠢ᠃

ᠪᠣᠭᠳᠠ ᠵᠠᠪᠽᠠᠨᠳᠠᠮᠪᠠ ᠬᠤᠲᠤᠭᠲᠤ V ᠯᠤᠪᠰᠠᠩᠴᠦᠯᠲᠡᠮᠵᠢᠭᠮᠡᠳ (1815.06.14 ᠍ ᠳᠦ ᠲᠦᠪᠡᠳ᠂ ᠭᠡᠳᠡᠨᠬᠠᠩᠰᠠᠷ ᠲᠤ ᠲᠥᠷᠦᠵᠢ᠂ 1841.11.18 ᠍ ᠳᠦ ᠨᠠᠰᠤ ᠪᠠᠷᠠᠭᠰᠠᠨ)[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠠᠯᠬ᠎ᠠ ᠶᠢᠨ ᠰᠢᠷ᠎ᠠ ᠶᠢᠨ ᠱᠠᠰᠢᠨ ᠤ ᠲᠡᠷᠢᠭᠦᠨ᠃ ᠡᠴᠢᠭᠡ ᠭᠣᠮᠪᠣᠳᠣᠨᠳᠦᠪ᠂ ᠡᠬᠡ ᠷᠢᠭᠵᠢᠨᠪᠦᠲᠦ ᠳᠦ᠃ 1817 ᠣᠨ ᠳᠤ IV ᠪᠣᠭᠳᠠ ᠶᠢᠨ ᠬᠣᠶᠢᠳᠤ ᠳᠦᠷᠢ ᠪᠡᠷ ᠲᠣᠳᠣᠷᠠᠵᠤ 1820 ᠣᠨ ᠳᠤ ᠶᠡᠬᠡ ᠬᠦᠷᠢᠶᠡᠨ ᠳᠦ ᠵᠠᠯᠠᠭᠳᠠᠨ ᠢᠷᠡᠭᠰᠡᠨ᠃ ᠲᠡᠭᠦᠨ ᠦ ᠦᠶ᠎ᠡ ᠳᠦ ᠠᠮᠤᠷᠪᠠᠶᠠᠰᠬᠤᠯᠠᠩᠲᠤ ᠬᠡᠶᠢᠳ ᠲᠦ IV ᠪᠣᠭᠳᠠ ᠶᠢᠨ ᠱᠠᠷᠢᠯ ᠤᠨ ᠰᠤᠪᠤᠷᠭ᠎ᠠ᠂ 1833 ᠣᠨ ᠳᠤ ᠶᠡᠬᠡ ᠬᠦᠷᠢᠶᠡᠨ ᠳᠦ ᠮᠠᠶᠢᠳᠠᠷ ᠤᠨ ᠰᠦᠮ᠎ᠡ ᠪᠠᠶᠢᠭᠤᠯᠤᠭᠳᠠᠵᠠᠢ᠃ 1838 ᠣᠨ ᠳᠤ ᠬᠦᠷᠢᠶᠡᠨ ᠦ ᠰᠤᠮᠤ ᠳᠤᠭᠠᠩ ᠢ ᠥᠷᠭᠡᠳᠬᠡᠨ᠂ ᠭᠠᠨᠳᠠᠩᠳᠦᠭᠴᠢᠩᠯᠢᠩ ᠭᠡᠵᠦ ᠨᠡᠷᠡᠯᠡᠬᠦ ᠪᠣᠯᠵᠠᠢ᠃ ᠲᠡᠭᠦᠨ ᠦ ᠱᠠᠷᠢᠯ ᠢ ᠭᠠᠨᠳᠠᠩᠳᠦᠭᠴᠢᠩᠯᠢᠩ ᠬᠡᠶᠢᠳ ᠳᠦ ᠠᠯᠲᠠᠨ ᠰᠤᠪᠤᠷᠭ᠎ᠠ ᠳᠤ ᠵᠠᠯᠠᠵᠠᠢ᠃ 1841 ᠣᠨ ᠳᠤ ᠲᠡᠮᠪᠦᠦ ᠡᠪᠡᠳᠴᠢᠨ ᠢᠶᠡᠷ ᠨᠠᠰᠤ ᠪᠠᠷᠠᠭᠰᠠᠨ᠃

ᠪᠣᠭᠳᠠ ᠵᠠᠪᠽᠠᠨᠳᠠᠮᠪᠠ ᠬᠤᠲᠤᠭᠲᠤ VI ᠯᠤᠪᠰᠠᠩᠲᠦᠪᠳᠡᠨᠴᠣᠶᠢᠵᠢᠵᠠᠯᠼᠠᠨ (1843.02.21 ᠍ ᠳᠦ ᠲᠦᠪᠡᠳ᠂ ᡀᠠᠰᠠ ᠶᠢᠨ ᠣᠶᠢᠷᠠᠯᠴᠠᠭ᠎ᠠ ᠲᠥᠷᠦᠵᠢ᠂ 1848.11.20 ᠍ ᠳᠦ ᠨᠠᠷᠠ ᠪᠠᠷᠠᠵᠠᠢ)[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠠᠯᠬ᠎ᠠ ᠶᠢᠨ ᠰᠢᠷ᠎ᠠ ᠶᠢᠨ ᠱᠠᠰᠢᠨ ᠤ ᠲᠡᠷᠢᠭᠦᠨ᠃ ᠡᠴᠢᠭᠡ ᠰᠣᠨᠣᠮ᠂ ᠡᠬᠡ ᠠᠴᠢᠶ᠎ᠠ ᠶᠢ᠃ 1848 ᠣᠨ ᠳᠤ VI ᠪᠣᠭᠳᠠ ᠪᠠᠷ ᠲᠣᠳᠣᠷᠠᠭᠰᠠᠨ᠃ ᠬᠠᠯᠬ᠎ᠠ ᠶᠢᠨ ᠶᠡᠬᠡ ᠬᠦᠷᠢᠶᠡᠨ ᠳᠦ ᠬᠤᠲᠤᠭᠲᠤ ᠪᠠᠷ ᠵᠠᠯᠠᠭᠳᠠᠨ ᠢᠷᠡᠭᠡᠳ ᠤᠳᠠᠯ ᠦᠭᠡᠢ 59 ᠡᠳᠦᠷ ᠦᠨ ᠳᠠᠷᠠᠭ᠎ᠠ ᠡᠪᠡᠳᠴᠢᠨ ᠦ ᠤᠴᠢᠷ ᠲᠠᠭᠠᠯᠠᠯ ᠲᠡᠭᠦᠰᠦᠵᠡᠢ᠃ ᠲᠡᠭᠦᠨ ᠦ ᠱᠠᠷᠢᠯ ᠢ ᠳᠠᠮᠪᠠᠳᠠᠷᠵᠢᠶ᠎ᠠ ᠬᠡᠶᠢᠳ ᠲᠦ ᠠᠯᠲᠠᠨ ᠰᠤᠪᠤᠷᠭ᠎ᠠ ᠳᠤ ᠵᠠᠯᠠᠵᠠᠢ᠃

ᠪᠣᠭᠳᠠ ᠵᠠᠪᠽᠠᠨᠳᠠᠮᠪᠠ ᠬᠤᠲᠤᠭᠲᠤ VII ᠠᠭᠸᠠᠩᠴᠣᠶᠢᠵᠣᠩᠸᠠᠩᠴᠦᠭᠫᠡᠷᠡᠩᠯᠡᠢᠵᠠᠮᠼᠤ (1850 ᠣᠨ ᠳᠤ ᠲᠦᠪᠡᠳ᠂ ᡀᠠᠰᠠ ᠶᠢᠨ ᠣᠶᠢᠷᠠᠯᠴᠠᠭ᠎ᠠ ᠲᠥᠷᠦᠵᠢ᠂ 1868.12.26 ᠍ ᠳᠦ ᠨᠠᠰᠤ ᠪᠠᠷᠠᠵᠠᠢ)[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠠᠯᠬ᠎ᠠ ᠶᠢᠨ ᠰᠢᠷ᠎ᠠ ᠶᠢᠨ ᠱᠠᠰᠢᠨ ᠤ ᠲᠡᠷᠢᠭᠦᠨ᠃ ᠡᠴᠢᠭᠡ ᠨᠢ ᠮᠢᠭᠮᠠᠷ᠃ 1855 ᠣᠨ ᠳᠤ VII ᠪᠣᠭᠳᠠ ᠶᠢᠨ ᠬᠣᠶᠢᠳᠤ ᠳᠦᠷᠢ ᠪᠡᠷ ᠲᠣᠳᠣᠷᠠᠭᠤᠯᠤᠨ᠂ ᠶᠡᠬᠡ ᠬᠦᠷᠢᠶᠡᠨ ᠳᠦ ᠵᠠᠯᠠᠵᠤ ᠨᠣᠮ ᠤᠨ ᠰᠢᠷᠡᠭᠡᠨ ᠳᠦ ᠰᠠᠭᠤᠯᠭᠠᠵᠠᠢ᠃ 12 ᠨᠠᠰᠤ ᠬᠦᠷᠲᠡᠯ᠎ᠡ ᠪᠤᠷᠬᠠᠨ ᠤ ᠰᠤᠷᠭᠠᠯ ᠢ ᠰᠤᠷᠠᠭᠰᠠᠨ ᠪᠣᠯᠪᠠᠴᠤ ᠶᠡᠬᠡᠰ ᠳᠡᠭᠡᠳᠦᠰ᠂ ᠡᠭᠡᠯ ᠣᠯᠣᠩ ᠳᠤ ᠢᠲᠡᠭᠡᠯ ᠠᠯᠠᠳᠠᠭᠰᠠᠨ ᠭᠡᠳᠡᠭ᠃ VII ᠪᠣᠭᠳᠠ ᠶᠢᠨ ᠦᠶ᠎ᠡ ᠳᠦ ᠣᠯᠠᠨ ᠰᠦᠮ᠎ᠡ᠂ ᠳᠤᠭᠠᠩ ᠪᠠᠶᠢᠭᠤᠯᠤᠭᠳᠠᠭᠰᠠᠨ᠃ 19 ᠨᠠᠰᠤᠨ ᠳᠤ ᠪᠠᠨ ᠵᠠᠩᠴᠢ ᠬᠠᠯᠤᠰᠤᠨ᠃ 1869 ᠣᠨ ᠳᠤ ᠮᠠᠨᠵᠤ ᠶᠢᠨ ᠬᠠᠭᠠᠨ ᠵᠠᠷᠯᠢᠭ ᠢᠶᠠᠷ VII ᠪᠣᠭᠳᠠ ᠵᠠᠪᠽᠠᠨᠳᠠᠮᠪᠠ ᠬᠤᠲᠤᠭᠲᠤ ᠶᠢᠨ ᠱᠠᠷᠢᠯ ᠢ ᠭᠠᠨᠳᠠᠩᠳᠦᠭᠴᠢᠩᠯᠢᠩ ᠬᠢᠭᠢᠯᠢ ᠶᠢᠨ ᠭᠠᠵᠠᠷ ᠰᠢᠨ᠎ᠡ ᠠᠯᠲᠠᠨ ᠰᠤᠪᠤᠷᠭ᠎ᠠ ᠳᠤ ᠰᠢᠯᠵᠢᠭᠦᠯᠦᠨ ᠵᠠᠯᠠᠭᠰᠠᠨ ᠠᠵᠤᠭᠤ᠃

ᠪᠣᠭᠳᠠ ᠵᠠᠪᠽᠠᠨᠳᠠᠮᠪᠠ ᠬᠤᠲᠤᠭᠲᠤ VIII ᠠᠭᠸᠠᠩᠯᠤᠪᠰᠠᠩᠴᠣᠶᠢᠵᠣᠨᠢᠮᠳᠠᠨᠽᠠᠩᠸᠠᠩᠴᠢᠭᠢᠪᠠᠯᠰᠠᠮᠪᠤᠤ (1869.10.13 ᠍ ᠳᠦ ᠲᠦᠪᠡᠳ᠂ ᡀᠠᠰᠠ ᠶᠢᠨ ᠣᠶᠢᠷᠠᠯᠴᠠᠭ᠎ᠠ ᠲᠥᠷᠦᠵᠢ᠂ 1924.05.20 ᠍ ᠳᠦ ᠮᠣᠩᠭᠣᠯ᠂ ᠨᠡᠶᠢᠰᠯᠡᠯ ᠬᠦᠷᠢᠶᠡᠨ ᠳᠦ ᠨᠠᠰᠤ ᠪᠠᠷᠠᠭᠰᠠᠨ)[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠣᠩᠭᠣᠯ ᠤᠯᠤᠰ ᠤᠨ ᠡᠵᠡᠨ᠂ ᠱᠠᠰᠢᠨ ᠲᠥᠷᠥ ᠶᠢ ᠬᠣᠣᠰᠯᠠᠨ ᠪᠠᠷᠢᠭᠴᠢ ᠬᠠᠭᠠᠨ (1911-19, 1921). ᠬᠡᠮᠵᠢᠶᠡᠲᠦ ᠴᠠᠭᠠᠵᠠᠲᠤ ᠬᠠᠭᠠᠨ (1921-24), ᠬᠠᠯᠬ᠎ᠠ ᠶᠢᠨ ᠰᠢᠷ᠎ᠠ ᠶᠢᠨ ᠱᠠᠰᠢᠨ ᠤ ᠲᠡᠷᠢᠭᠦᠨ VIII ᠪᠣᠭᠳᠠ ᠵᠠᠪᠵᠠᠩᠳᠠᠮᠪᠠ ᠬᠤᠲᠤᠭᠲᠤ᠃ ᠡᠴᠢᠭᠡ ᠨᠢ ᠭᠣᠨᠴᠣᠭᠰᠡᠷᠡᠩ᠂ ᠡᠬᠡ ᠨᠢ ᠣᠢ ᠳᠦᠪᠳᠤᠯᠮ᠎ᠠ᠃ ᠲᠠᠪᠤᠨ ᠨᠠᠰᠤᠲᠠᠢ ᠳᠤ ᠪᠠᠨ ᠵᠠᠪᠽᠠᠨᠳᠠᠮᠪᠠ ᠬᠤᠲᠤᠭᠲᠤ ᠶᠢᠨ ᠬᠣᠶᠢᠳᠤ ᠳᠦᠷᠢ ᠪᠡᠷ ᠲᠣᠳᠣᠷᠠᠵᠤ ᠶᠡᠬᠡ ᠬᠦᠷᠢᠶᠡᠨ ᠳᠦ ᠢᠷᠡᠵᠡᠢ᠃ ᠲᠡᠭᠦᠨ ᠢ ᠬᠠᠯᠬ᠎ᠠ ᠨᠤᠭᠤᠳ 《ᠮᠣᠩᠭᠣᠯ ᠳᠤ ᠡᠯᠢᠭᠡ ᠲᠡᠢ》 ᠪᠣᠯᠭᠠᠨ ᠬᠦᠮᠦᠵᠢᠭᠦᠯᠵᠡᠢ᠃ ᠲᠡᠶᠢᠮᠦ ᠡᠴᠡ ᠲᠡᠷᠡ ᠥᠪᠡᠷ ᠢ ᠪᠡᠨ ᠴᠢᠩᠭᠢᠰ ᠬᠠᠭᠠᠨ ᠤ ᠤᠭᠰᠠᠭ᠎ᠠ᠂ ᠬᠠᠯᠬ᠎ᠠ ᠶᠢᠨ ᠲᠦᠰᠢᠶᠡᠲᠦ ᠬᠠᠭᠠᠨ ᠭᠣᠮᠪᠣᠳᠣᠷᠵᠢ ᠶᠢᠨ ᠬᠥᠪᠡᠭᠦᠨ I ᠵᠠᠪᠵᠠᠩᠳᠠᠮᠪᠠ ᠶᠢᠨ ᠬᠣᠶᠢᠳᠤ ᠳᠦᠷᠢ ᠲᠤᠯᠠ ᠮᠣᠩᠭᠣᠯ ᠤᠨ ᠲᠥᠷᠥ ᠶᠢᠨ ᠬᠡᠷᠡᠭ᠂ ᠬᠤᠪᠢ ᠵᠠᠶᠠᠭ᠎ᠠ ᠥᠪᠡᠷ ᠲᠦ ᠨᠢ ᠬᠠᠮᠢᠶ᠎ᠠ ᠲᠠᠢ ᠭᠡᠵᠦ ᠦᠵᠡᠳᠡᠭ ᠪᠠᠶᠢᠪᠠ᠃ ᠮᠠᠨᠵᠤ ᠠᠴᠠ ᠲᠤᠰᠠᠭᠠᠷᠯᠠᠨ ᠰᠠᠯᠬᠤ ᠬᠡᠮᠡᠭᠰᠡᠨ ᠬᠠᠯᠬ᠎ᠠ ᠶᠢᠨ ᠨᠣᠶᠠᠳ ᠤᠨ ᠰᠠᠨᠠᠭᠠᠴᠢᠯᠭ᠎ᠠ ᠶᠢ ᠡᠬᠢᠨ ᠡᠴᠡ ᠨᠢ ᠳᠡᠮᠵᠢᠵᠦ ᠡᠯ᠎ᠡ ᠬᠡᠷᠡᠭ ᠢᠶᠡᠷ ᠬᠠᠭᠠᠨᠲᠤ ᠣᠷᠣᠰ ᠲᠤ ᠡᠯᠴᠢ ᠵᠠᠷᠤᠵᠤ ᠪᠠᠶᠢᠪᠠ᠃ ᠮᠠᠨᠵᠤ ᠶᠢᠨ ᠰᠢᠨ᠎ᠡ ᠵᠠᠰᠠᠭ ᠤᠨ ᠪᠣᠳᠣᠯᠭ᠎ᠠ ᠶᠢ ᠡᠰᠡᠷᠭᠦᠴᠡᠭᠰᠡᠨ ᠬᠠᠯᠬ᠎ᠠ ᠶᠢᠨ ᠨᠣᠶᠠᠳ ᠲᠡᠭᠦᠨ ᠢ ᠲᠣᠭᠣᠷᠢᠨ ᠬᠦᠷᠢᠶᠡᠯᠡᠭᠰᠡᠨ ᠪᠥᠭᠡᠳ ᠪᠣᠭᠳᠠ ᠭᠡᠭᠡᠨ ᠮᠣᠩᠭᠣᠯᠴᠤᠳ ᠤᠨ ᠳᠤᠮᠳᠠ ᠦᠯᠡᠮᠵᠢ ᠨᠡᠷ᠎ᠡ ᠬᠦᠨᠳᠦᠲᠡᠢ ᠪᠠᠶᠢᠭᠰᠠᠨ ᠢᠶᠠᠨ ᠠᠰᠢᠭᠯᠠᠵᠤ᠂ 《ᠮᠣᠩᠭᠣᠯ ᠣᠪᠣᠭᠲᠠᠨ ᠪᠦᠭᠦᠳᠡ ᠪᠡᠷ ᠨᠡᠶᠢᠯᠡᠵᠦ ᠨᠢᠭᠡᠨ ᠤᠯᠤᠰ ᠪᠣᠯᠤᠨ ᠲᠣᠭᠲᠠᠨᠢᠬᠤ》 ᠯᠦᠩᠳᠦᠩ ᠪᠠᠭᠤᠯᠭᠠᠵᠠᠢ᠃ ᠬᠠᠯᠬ᠎ᠠ ᠶᠢᠨ ᠨᠣᠶᠠᠳ᠂ ᠯᠠᠮᠠ ᠨᠠᠷ ᠮᠠᠨᠵᠤ ᠠᠴᠠ ᠲᠤᠰᠠᠭᠠᠷᠯᠠᠨ ᠤᠯᠤᠰ ᠤᠨ ᠬᠠᠭᠠᠨ ᠳᠤ ᠪᠣᠭᠳᠠ ᠭᠡᠭᠡᠨ ᠢ ᠥᠷᠭᠡᠨ ᠵᠥᠯᠡᠬᠦ ᠪᠡᠷ ᠬᠡᠯᠡᠯᠴᠡᠨ ᠲᠣᠬᠢᠷᠠᠭᠰᠠᠨ ᠪᠥᠭᠡᠳ 1911.12.29 ᠍ ᠳᠦ ᠪᠣᠭᠳᠠ ᠵᠠᠪᠽᠠᠨᠳᠠᠮᠪᠠ ᠬᠤᠲᠤᠭᠲᠤ ᠶᠢ ᠮᠣᠩᠭᠣᠯ ᠤᠯᠤᠰ ᠤᠨ ᠡᠵᠡᠨ᠂ ᠱᠠᠰᠢᠨ᠂ ᠲᠥᠷᠥ ᠶᠢ ᠬᠣᠣᠰᠯᠠᠨ ᠪᠠᠷᠢᠭᠴᠢ ᠬᠠᠭᠠᠨ ᠢᠶᠠᠷ ᠡᠷᠭᠦᠮᠵᠢᠯᠡᠭᠰᠡᠨ᠃ ᠬᠢᠲᠠᠳ ᠲᠤ ᠨᠡᠶᠢᠯᠡᠬᠦ ᠶᠢ ᠢᠳᠬᠠᠵᠤ ᠪᠠᠶᠢᠭᠰᠠᠨ ᠬᠢᠲᠠᠳ ᠤᠨ ᠶᠡᠷᠦᠩᠬᠡᠶᠢᠯᠡᠭᠴᠢ ᠶᠤᠸᠠᠨ ᠱᠢᠺᠠᠢ ᠦᠨ ᠢᠳᠬᠠᠯᠭ᠎ᠠ᠂ ᠰᠦᠷᠳᠡᠭᠦᠯᠭᠡ ᠶᠢ ᠪᠣᠭᠳᠠ ᠬᠠᠭᠠᠨ ᠡᠰᠡ ᠵᠥᠪᠰᠢᠶᠡᠷᠡᠴᠢ᠂ ᠪᠦᠬᠦ ᠮᠣᠩᠭᠣᠯᠴᠤᠳ ᠢ ᠨᠢᠭᠡᠳᠬᠡᠵᠦ ᠨᠢᠭᠡᠳᠦᠮᠡᠯ ᠶᠡᠬᠡ ᠮᠣᠩᠭᠣᠯ ᠤᠯᠤᠰ ᠢ ᠰᠡᠷᠭᠦᠭᠡᠨ ᠮᠠᠨᠳᠤᠭᠤᠯᠬᠤ ᠶᠢ ᠵᠣᠷᠢᠵᠤ ᠪᠠᠶᠢᠪᠠ᠃ ᠲᠡᠭᠦᠨ ᠦ ᠵᠠᠰᠠᠭ ᠤᠨ ᠭᠠᠵᠠᠷ ᠤᠨ ᠰᠠᠶᠢᠳ ᠤᠳ ᠲᠥᠷᠥ ᠶᠢᠨ ᠲᠤᠰᠠᠭᠠᠷ ᠲᠣᠭᠲᠠᠨᠢᠯ ᠢᠶᠠᠨ ᠬᠦᠴᠦᠷᠬᠡᠭ ᠤᠯᠤᠰ ᠤᠳ ᠢᠶᠠᠷ ᠬᠦᠯᠢᠶᠡᠨ ᠵᠥᠪᠰᠢᠶᠡᠷᠡᠭᠦᠯᠬᠦ ᠶᠢ ᠣᠷᠣᠯᠳᠤᠵᠤ ᠪᠠᠶᠢᠭᠰᠠᠨ ᠪᠣᠯᠪᠠᠴᠤ ᠡᠨᠡ ᠣᠷᠣᠯᠳᠤᠯᠭ᠎ᠠ ᠬᠢᠶᠠᠭᠲᠤ ᠶᠢᠨ ᠭᠤᠷᠪᠠᠨ ᠤᠯᠤᠰ ᠤᠨ ᠬᠡᠯᠡᠯᠴᠡᠭᠡᠷ ᠢᠶᠡᠷ ᠲᠠᠰᠤᠯᠤᠭᠳᠠᠭᠰᠠᠨ ᠪᠢᠯᠡ᠃ 1919 ᠣᠨ ᠳᠤ ᠬᠢᠲᠠᠳ ᠤᠳ ᠴᠡᠷᠢᠭ ᠢ ᠬᠦᠴᠦ ᠪᠡᠷ ᠮᠣᠩᠭᠣᠯ ᠤᠨ ᠠᠦ᠋ᠲ᠋ᠣᠨᠣᠮ ᠢ ᠴᠤᠴᠠᠯᠬᠤ ᠳᠤ ᠪᠣᠭᠳᠠ ᠬᠠᠭᠠᠨ ᠭᠠᠷ ᠤᠨ ᠦᠰᠦᠭ ᠵᠢᠷᠤᠭ᠎ᠠ ᠦᠭᠡᠢ ᠶᠤᠮ᠃ ᠬᠠᠷᠢᠨ ᠴᠤ ᠲᠥᠷᠥ ᠶᠢᠨ ᠲᠤᠰᠠᠭᠠᠷ ᠲᠣᠭᠲᠠᠨᠢᠯ ᠢᠶᠠᠨ ᠰᠡᠷᠭᠦᠭᠡᠬᠦ ᠶᠢ ᠡᠷᠡᠮᠡᠯᠵᠡᠨ ᠠᠮᠧᠷᠢᠺᠠ ᠶᠢᠨ ᠨᠢᠭᠡᠳᠦᠭᠰᠡᠨ ᠤᠯᠤᠰ᠂ ᠵᠥᠪᠯᠡᠯᠲᠦ ᠣᠷᠣᠰ ᠤᠯᠤᠰ᠂ ᠶᠠᠫᠣᠨ ᠪᠣᠯᠤᠨ ᠺᠣᠯᠴᠠᠺ ᠤᠨ ᠵᠠᠰᠠᠭ ᠤᠨ ᠭᠠᠵᠠᠷ ᠠᠴᠠ ᠲᠤᠰᠠᠯᠠᠮᠵᠢ ᠳᠡᠮᠵᠢᠯᠭᠡ ᠡᠷᠢᠯᠬᠢᠯᠡᠵᠦ ᠪᠠᠶᠢᠭᠰᠠᠨ ᠬᠦᠴᠦᠨ ᠢ ᠳᠡᠮᠵᠢᠵᠦ ᠪᠠᠶᠢᠪᠠ᠃ ᠲᠡᠶᠢᠮᠦ ᠡᠴᠡ ᠬᠢᠲᠠᠳ ᠤᠳ ᠳᠡᠭᠡᠷᠡᠬᠢ ᠬᠡᠷᠡᠭ ᠲᠦ ᠰᠡᠵᠢᠭᠯᠡᠨ ᠲᠡᠭᠦᠨ ᠢ ᠪᠠᠷᠢᠪᠴᠢᠯᠠᠨ ᠬᠣᠷᠢᠵᠠᠢ᠃ 1921 ᠣᠨ ᠤ ᠬᠣᠶᠠᠳᠤᠭᠠᠷ ᠰᠠᠷ᠎ᠠ ᠳᠤ ᠬᠦᠷᠢᠶ᠎ᠡ ᠶᠢ ᠡᠵᠡᠯᠡᠨ ᠠᠪᠤᠭᠰᠠᠨ БАРОН ᠤᠩᠭᠧᠷᠨ ᠮᠣᠩᠭᠣᠯ ᠤᠨ ᠠᠦ᠋ᠲ᠋ᠣᠨᠣᠮ ᠢ ᠰᠡᠷᠭᠦᠭᠡᠨ ᠮᠠᠨᠳᠤᠭᠤᠯᠤᠭᠰᠠᠨ ᠢᠶᠠᠨ ᠲᠤᠩᠬᠠᠭᠯᠠᠵᠤ ᠪᠣᠭᠳᠠ ᠭᠡᠭᠡᠨ ᠢ ᠮᠣᠩᠭᠣᠯ ᠤᠨ ᠬᠠᠭᠠᠨ ᠰᠢᠷᠡᠭᠡᠨ ᠳᠦ ᠵᠠᠯᠠᠭᠰᠠᠨ ᠪᠣᠯ ᠲᠠᠪᠤᠨ ᠰᠠᠷ᠎ᠠ ᠶᠢᠨ ᠳᠠᠷᠠᠭ᠎ᠠ ᠠᠷᠠᠳ ᠤᠨ ᠨᠠᠮ ᠤᠨ ᠬᠢᠨ ᠨᠡᠶᠢᠰᠯᠡᠯ ᠬᠦᠷᠢᠶᠡᠨ ᠳᠦ ᠣᠷᠣᠵᠤ ᠢᠷᠡᠭᠡᠳ ᠮᠥᠨ ᠯᠠ ᠪᠣᠭᠳᠠ ᠶᠢ ᠬᠠᠭᠠᠨ ᠢᠶᠠᠷ ᠡᠷᠭᠦᠮᠵᠢᠯᠡᠵᠡᠢ᠃ 1921.11.01 ᠍ ᠳᠦ ᠠᠷᠠᠳ ᠤᠨ ᠵᠠᠰᠠᠭ ᠤᠨ ᠭᠠᠵᠠᠷ ᠠᠴᠠ ᠪᠣᠭᠳᠠ ᠬᠠᠭᠠᠨ ᠲᠠᠢ 《ᠲᠠᠩᠭᠠᠷᠢᠭ ᠤᠨ ᠭᠡᠷ᠎ᠡ》 ᠪᠠᠶᠢᠭᠤᠯᠵᠤ ᠬᠠᠭᠠᠨ ᠤ ᠤᠯᠤᠰ ᠲᠥᠷᠥ ᠶᠢᠨ ᠡᠷᠬᠡ ᠮᠡᠳᠡᠯ ᠢ ᠬᠠᠰᠴᠢ ᠬᠡᠮᠵᠢᠶ᠎ᠡ ᠳᠦ ᠡᠷᠬᠡ ᠲᠡᠢ ᠬᠠᠭᠠᠨ ᠪᠣᠯᠭᠠᠵᠠᠢ᠃ ᠵᠠᠷᠢᠮ ᠰᠤᠳᠤᠯᠤᠭᠠᠴᠢ ᠪᠣᠭᠳᠠ ᠬᠠᠭᠠᠨ ᠢ ᠬᠣᠣᠷᠯᠠᠭᠳᠠᠵᠤ ᠥᠭᠡᠳᠡ ᠪᠣᠯᠤᠭᠰᠠᠨ ᠭᠡᠵᠦ ᠳ᠋ᠦᠩᠨᠡᠳᠡᠭ᠃ ᠲᠡᠭᠦᠨ ᠢ ᠵᠠᠩᠴᠢ ᠬᠠᠯᠠᠭᠰᠠᠨ ᠠᠴᠠ ᠬᠣᠶᠢᠰᠢ 21 ᠬᠣᠨᠣᠭ ᠭᠠᠰᠢᠭᠤᠳᠠᠯ ᠵᠠᠷᠯᠠᠭᠰᠠᠨ ᠪᠥᠭᠡᠳ ᠬᠦᠷᠢᠶᠡᠨ ᠦ ᠯᠠᠮᠠ ᠨᠠᠷ ᠲᠡᠭᠦᠨ ᠦ ᠬᠣᠶᠢᠳᠤ ᠳᠦᠷᠢ ᠶᠢ ᠲᠣᠳᠣᠷᠠᠭᠤᠯᠬᠤ ᠶᠢ ᠣᠷᠣᠯᠳᠤᠵᠤ ᠪᠠᠶᠢᠪᠠ᠃ 1925 ᠣᠨ ᠳᠤ ᠮᠣᠩᠭᠣᠯ ᠠᠷᠠᠳ ᠤᠨ ᠬᠤᠪᠢᠰᠬᠠᠯᠲᠤ ᠨᠠᠮ ᠤᠨ IV ᠶᠡᠬᠡ ᠬᠤᠷᠠᠯ ᠠᠴᠠ ᠪᠣᠭᠳᠠ ᠶᠢᠨ ᠬᠥᠷᠥᠩᠭᠡ ᠶᠢ ᠤᠯᠤᠰ ᠤᠨ ᠰᠠᠩ ᠳᠤ ᠬᠤᠷᠢᠶᠠᠬᠤ᠂ ᠲᠡᠭᠦᠨ ᠢ ᠠᠷᠠᠳ ᠤᠨ ᠪᠣᠯᠪᠠᠰᠤᠷᠠᠯ᠂ ᠡᠷᠡᠭᠦᠯ ᠢ ᠬᠠᠮᠠᠭᠠᠯᠠᠬᠤ᠂ ᠰᠤᠶᠤᠯ ᠤᠨ ᠬᠡᠷᠡᠭᠴᠡᠭᠡᠨ ᠳᠦ ᠵᠠᠷᠤᠴᠠᠭᠤᠯᠬᠤ ᠪᠠᠷ ᠰᠢᠢᠳᠪᠦᠷᠢᠯᠡᠵᠡᠢ᠃

ᠡᠰᠢᠯᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠢᠴᠢᠭᠡᠰᠦ