ᠵᠠᠨᠯᠠᠪ ᠤᠨ ᠨᠠᠷᠠᠨᠴᠠᠴᠤᠷᠠᠯᠲᠤ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ

ᠵᠠᠨᠯᠠᠪ ᠤᠨ ᠨᠠᠷᠠᠨᠴᠠᠴᠤᠷᠠᠯᠲᠤ (1957 - 2007 ᠣᠨ ᠤ 11 ᠰᠠᠷ᠎ᠠ ᠶᠢᠨ 12) ᠨᠢ ᠮᠣᠩᠭᠣᠯ ᠤᠨ ᠤᠯᠤᠰ ᠲᠥᠷᠦᠴᠢ᠂ ᠮᠣᠩᠭᠣᠯ ᠤᠯᠤᠰ ᠤᠨ 20 ᠳᠠᠬᠢ ᠶᠡᠷᠦᠩᠬᠡᠢ ᠰᠠᠶᠢᠳ ᠪᠠᠶᠢᠪᠠ᠃

ᠲᠡᠷᠡ ᠪᠡᠷ 1957 ᠣᠨ ᠳᠤ ᠤᠯᠠᠭᠠᠨᠪᠠᠭᠠᠲᠤᠷ ᠬᠣᠳᠠ ᠳᠤ ᠲᠦᠷᠦᠭᠰᠡᠨ᠃ 1976 ᠣᠨ ᠳᠤ ᠪᠧᠯᠷᠦ᠋ᠰ ᠦᠨ ᠤᠯᠤᠰ ᠤᠨ ᠶᠡᠬᠡ ᠰᠤᠷᠭᠠᠭᠤᠯᠢ1981 ᠣᠨ ᠳᠤ ᠮᠣᠰᠺᠸᠠ ᠬᠣᠲᠠ ᠶᠢᠨ ᠭᠠᠵᠠᠷ ᠵᠣᠬᠢᠶᠠᠨ ᠪᠠᠶᠢᠭᠤᠯᠤᠯᠲᠠ ᠶᠢᠨ ᠶᠡᠬᠡ ᠰᠤᠷᠭᠠᠭᠤᠯᠢ᠂ 1990ᠣᠨ ᠳᠤ ᠮᠣᠩᠭᠣᠯ ᠤᠯᠤᠰ ᠤᠨ ᠶᠡᠬᠡ ᠰᠤᠷᠭᠠᠭᠤᠯᠢ ᠲᠡᠭᠦᠰᠦᠭᠰᠡᠨ᠃

ᠲᠡᠷᠡᠪᠡᠷ 1981-1989 ᠣᠨ ᠳᠤ ᠬᠥᠳᠡᠭᠡ ᠠᠵᠤ ᠠᠬᠤᠢ ᠶᠢᠨ ᠶᠠᠮᠤ ᠤ ᠭᠠᠵᠠᠷ ᠵᠣᠬᠢᠶᠠᠨ ᠪᠠᠶᠢᠭᠤᠯᠤᠯᠲᠠ ᠶᠢᠨ ᠢᠨᠰᠲ᠋ᠢᠲ᠋ᠦᠶᠢᠲ ᠲᠦ ᠢᠨᠵᠧᠨᠧᠷ᠂ ᠠᠬᠠᠯᠠᠬᠤ ᠢᠨᠵᠧᠨᠧᠷ᠂ ᠶᠡᠷᠦᠩᠬᠡᠢ ᠮᠡᠷᠭᠡᠵᠢᠯᠲᠡᠨ᠂ 1989-1991 ᠣᠨ ᠳᠤ ᠪᠠᠶᠢᠭᠠᠯᠢ ᠣᠷᠴᠢᠨ ᠤ ᠶᠠᠮᠤ ᠤ ᠭᠠᠵᠠᠷ ᠤᠨ ᠪᠣᠳᠣᠯᠭ᠎ᠠ ᠶᠢᠨ ᠬᠦᠷᠢᠶᠡᠯᠡᠩ ᠳᠦ ᠡᠷᠳᠡᠮ ᠰᠢᠨᠵᠢᠯᠡᠭᠡᠨ ᠦ ᠠᠵᠢᠯᠲᠠᠨ᠂ ᠰᠧᠺᠲ᠋ᠣᠷ ᠤᠨ ᠡᠷᠬᠢᠯᠡᠭᠴᠢ᠂ 1991-1996 ᠣᠨ ᠳᠤ ᠤᠯᠠᠭᠠᠨᠪᠠᠭᠠᠲᠤᠷ ᠬᠣᠲᠠ ᠶᠢᠨ АДХ ᠍ ᠍ ᠤᠨ ᠭᠦᠢᠴᠡᠳᠭᠡᠬᠦ ᠵᠠᠬᠢᠷᠭᠠᠨ ᠤ ᠬᠣᠲᠠ ᠪᠠᠶᠢᠭᠤᠯᠤᠯᠲᠠ᠂ ᠲᠥᠯᠥᠪᠯᠡᠯᠲᠡ ᠶᠢᠨ ᠭᠠᠵᠠᠷ ᠲᠤ ᠬᠡᠯᠲᠡᠰ᠂ ᠠᠯᠪᠠᠨ ᠤ ᠳᠠᠷᠤᠭ᠎ᠠ᠂ ᠲᠤᠰ ᠬᠣᠲᠠ ᠶᠢᠨ ᠵᠠᠬᠢᠷᠤᠭᠴᠢ ᠶᠢᠨ ᠠᠯᠪᠠᠨ ᠳᠤ ᠠᠬᠠᠯᠠᠬᠤ ᠮᠡᠷᠭᠡᠵᠢᠯᠲᠡᠨ᠂ 1996 ᠣᠨ ᠳᠤ ᠨᠡᠶᠢᠰᠯᠡᠯ ᠦᠨ ᠭᠠᠵᠠᠷ ᠤᠨ ᠬᠠᠷᠢᠯᠴᠠᠭ᠎ᠠ᠂ ᠦᠯᠦ ᠬᠥᠳᠡᠯᠬᠦ ᠬᠥᠷᠥᠩᠭᠡ ᠶᠢᠨ ᠪᠦᠷᠢᠳᠬᠡᠯ ᠦᠨ ᠠᠯᠪᠠᠨ ᠳᠤ ᠳᠠᠷᠤᠭ᠎ᠠ᠂ 1996-1998 ᠣᠨ ᠳᠤ ᠨᠡᠶᠢᠰᠯᠡᠯ ᠦᠨ ᠵᠠᠰᠠᠭ ᠳᠠᠷᠤᠭ᠎ᠠ ᠪᠥᠭᠡᠳ ᠤᠯᠠᠭᠠᠨᠪᠠᠭᠠᠲᠤᠷ ᠬᠣᠲᠠ ᠶᠢᠨ ᠵᠠᠬᠢᠷᠤᠭᠴᠢ1998-1999 ᠣᠨ ᠳᠤ ᠮᠣᠩᠭᠣᠯ ᠤᠯᠤᠰ ᠤᠨ ᠶᠡᠷᠦᠩᠬᠡᠢ ᠰᠠᠶᠢᠳ1999-2000 ᠣᠨ ᠳᠤ ᠮᠣᠩᠭᠣᠯ ᠤᠯᠤᠰ ᠤᠨ ᠶᠡᠬᠡ ᠰᠤᠷᠭᠠᠭᠤᠯᠢ ᠍ ᠍ ᠳᠦ ᠪᠠᠭᠰᠢ᠂ ᠵᠦᠪᠳᠡᠬᠦ ᠫᠷᠣᠹᠧᠰᠰᠣᠷ᠂ 2000, 2004 ᠣᠨ ᠳᠤ ᠤᠯᠤᠰ ᠤᠨ ᠶᠡᠬᠡ ᠬᠤᠷᠠᠯ ᠤᠨ ᠭᠡᠰᠢᠭᠦᠨ ᠢᠶᠡᠷ ᠰᠣᠩᠭᠣᠭᠳᠠᠨ ᠠᠵᠢᠯᠯᠠᠵᠤ ᠪᠠᠶᠢᠴᠠᠢ᠃ 2004-2006 ᠣᠨ ᠳᠤ ᠪᠠᠶᠢᠩᠭᠤ ᠶᠢᠨ ᠬᠣᠷᠢᠶᠠᠨ ᠤ ᠳᠠᠷᠤᠭ᠎ᠠ ᠪᠠᠷ ᠰᠣᠩᠭᠣᠭᠳᠠᠨ ᠠᠵᠢᠯᠯᠠᠵᠤ ᠪᠠᠶᠢᠪᠠ᠃ 2006 ᠣᠨ ᠤ 1 ᠰᠠᠷ᠎ᠠᠠ ᠠᠴᠠ ᠪᠠᠷᠢᠯᠭ᠎ᠠ ᠬᠣᠲᠠ ᠪᠠᠶᠢᠭᠤᠯᠤᠯᠲᠠ ᠶᠢᠨ ᠰᠠᠶᠢᠳ ᠢᠶᠠᠷ ᠲᠣᠮᠢᠯᠠᠭᠳᠠᠨ ᠠᠵᠢᠯᠯᠠᠵᠤ ᠪᠠᠶᠢᠯ᠎ᠠ᠃ ᠲᠡᠷᠡ ᠪᠡᠷ 2006 ᠣᠨ ᠳᠤ ᠦᠨᠳᠦᠰᠦᠨ ᠦ ᠰᠢᠨ᠎ᠡ ᠨᠠᠮ ᠢ ᠡᠭᠦᠰᠬᠡᠨ ᠪᠠᠶᠢᠭᠤᠯᠤᠯᠴᠠᠵᠤ 2007 ᠣᠨ ᠠᠴᠠ ᠳᠠᠷᠤᠭ᠎ᠠ ᠪᠠᠷ ᠨᠢ ᠠᠵᠢᠯᠯᠠᠵᠤ ᠪᠠᠶᠢᠴᠠᠢ᠃ ᠨᠠᠷᠠᠨᠴᠠᠴᠤᠷᠠᠯᠲᠤ ᠭᠠᠵᠠᠷ ᠵᠣᠬᠢᠶᠠᠨ ᠪᠠᠶᠢᠭᠤᠯᠤᠭᠴᠢ ᠢᠨᠵᠧᠨᠧᠷ᠂ ᠤᠯᠤᠰ ᠲᠥᠷᠥ ᠰᠤᠳᠤᠯᠤᠭᠠᠴᠢ᠂ ᠨᠡᠶᠢᠭᠡᠮ᠂ ᠡᠳ᠋ ᠍ ᠍ ᠦᠨ ᠵᠠᠰᠠᠭ ᠤᠨ ᠭᠠᠵᠠᠷ ᠤᠨ ᠡᠷᠬᠡ ᠵᠦᠢᠴᠢ ᠮᠡᠷᠭᠡᠵᠢᠯ ᠲᠡᠢ᠃ ᠭᠠᠵᠠᠷ ᠵᠦᠢ ᠶᠢᠨ ᠤᠬᠠᠭᠠᠨ ᠤ ᠳ᠋ᠣᠺᠲ᠋ᠣᠷ᠃ ᠮᠣᠩᠭᠣᠯ ᠤᠯᠤᠰ ᠤᠨ ᠶᠡᠬᠡ ᠰᠤᠷᠭᠠᠭᠤᠯᠢ ᠶᠢᠨ ᠵᠦᠪᠳᠡᠬᠦ ᠫᠷᠣᠹᠧᠰᠰᠣᠷ᠂ ᠮᠣᠰᠺᠸᠠ ᠶᠢᠨ ᠭᠠᠵᠠᠷ ᠵᠣᠬᠢᠶᠠᠨ ᠪᠠᠶᠢᠭᠤᠯᠤᠯᠲᠠ ᠶᠢᠨ ᠶᠡᠬᠡ ᠰᠤᠷᠭᠠᠭᠤᠯᠢ ᠶᠢᠨ ᠬᠦᠨᠳᠦᠳ ᠫᠷᠣᠹᠧᠰᠰᠣᠷ᠃

2007 ᠣᠨ ᠤ 11 ᠰᠠᠷ᠎ᠠ ᠶᠢᠨ 12 ᠍ ᠍ ᠤ ᠡᠳᠦᠷ ᠳᠤᠮᠳᠠᠭᠤᠪᠢ ᠠᠶᠢᠮᠠ ᠶᠢ ᠲᠤ ᠪᠣᠯᠤᠭᠰᠠᠨ ᠬᠤᠷᠠᠯ ᠳᠤ ᠣᠷᠣᠯᠴᠠᠭᠠᠳ ᠪᠤᠴᠠᠵᠤ ᠶᠠᠪᠤᠬᠤ ᠵᠠᠮ ᠳᠤ ᠪᠠᠨ ᠠᠦ᠋ᠲ᠋ᠣᠮᠠᠰᠢᠨ ᠤ ᠣᠰᠣᠯ ᠢᠶᠠᠷ ᠨᠠᠰᠤ ᠪᠠᠷᠠᠭᠰᠠᠨ᠃

ᠡᠮᠦᠨᠡᠬᠢ
ᠴᠠᠬᠢᠭ᠎ᠠ ᠶᠢᠨ ᠡᠯᠪᠡᠭᠳᠣᠷᠵᠢ
ᠮᠣᠩᠭᠣᠯ ᠤᠯᠤᠰ ᠤᠨ ᠶᠡᠷᠦᠩᠬᠡᠢ ᠰᠠᠶᠢᠳ
{{{on}}}
ᠳᠠᠷᠠᠭᠠᠬᠢ
{{{ᠳᠠᠷᠠᠭ᠎ᠠ}}}

ᠪᠢᠴᠢᠭᠡᠰᠦ