ᠴᠧᠺ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠪᠦᠭᠦᠳᠡ ᠨᠠᠶᠢᠷᠠᠮᠳᠠᠬᠤ ᠴᠧᠺ
Česká republika
ᠲᠥᠷᠥ ᠶᠢᠨ ᠳᠠᠯᠪᠠᠭ᠎ᠠ ᠲᠥᠷᠥ ᠶᠢᠨ ᠰᠦᠯᠳᠡ
ᠤᠷᠢᠶ᠎ᠠ: ᠴᠧᠺ ᠶᠢᠡᠷ Pravda vítězí
《ᠦᠨᠡᠨ ᠢᠯᠠᠳᠠᠭ》
ᠲᠥᠷᠥ ᠶᠢᠨ ᠳᠠᠭᠤᠯᠠᠯ ᠤᠨ ᠨᠡᠷ᠎ᠡ:
ᠴᠧᠺ ᠶᠢᠡᠷ Kde domov můj?
《ᠮᠢᠨᠦ ᠭᠡᠷ ᠬᠠᠮᠢᠭ᠎ᠠ ᠪᠤᠢ?》
ᠨᠡᠶᠢᠰᠯᠡᠯ 
(ᠶᠡᠬᠡ ᠬᠣᠲᠠ)
Praha CoA CZ.svg ᠫᠠᠷᠭ᠎ᠠ
ᠠᠯᠪᠠᠨ ᠬᠡᠯᠡ ᠴᠧᠺ ᠬᠡᠯᠡ
ᠲᠥᠷᠥ ᠵᠠᠰᠠᠭ ᠫᠠᠷᠯᠠᠮᠧᠨᠲ ᠤᠨ ᠪᠦᠭᠦᠳᠡ
ᠨᠠᠶᠢᠷᠠᠮᠳᠠᠬᠤ ᠤᠯᠤᠰ
 -  ᠶᠡᠷᠦᠩᠬᠡᠶᠢᠯᠡᠭᠴᠢ ᠮᠢᠯᠤᠰ ᠽᠧᠮᠠᠨ (2013-)
 -  ᠶᠡᠷᠦᠩᠬᠡᠢ ᠰᠠᠶᠢᠳ ᠢᠷᠵᠢ ᠷᠦᠰᠨᠣᠺ
ᠲᠡᠦᠬᠡᠨ ᠰᠠᠭᠤᠷᠢ
 -  ᠪᠣᠬᠧᠮ ᠭᠦᠩᠲᠦ ᠤᠯᠤᠰ 870 ᠣᠨ 
 -  ᠪᠣᠬᠧᠮ ᠸᠠᠩᠲᠤ ᠤᠯᠤᠰ 1198 ᠣᠨ 
 -  ᠴᠧᠬᠣᠰᠯᠣᠸᠠᠺ ᠤᠯᠤᠰ 1918 ᠣᠨ ᠤ 10 ᠰᠠᠷ᠎ᠠ ᠶᠢᠨ 28 
 -  ᠥᠨᠥ ᠶᠢᠨ ᠴᠧᠺ 1993 ᠣᠨ ᠤ 1 ᠰᠠᠷ᠎ᠠ ᠶᠢᠨ 1 
ᠨᠤᠲᠤᠭ ᠳᠡᠪᠢᠰᠬᠡᠷ
 -  ᠪᠦᠬᠦ ᠲᠠᠯᠠᠪᠠᠢ 78,866 km2 (116)
 -  ᠭᠠᠳᠠᠷᠭᠤ ᠶᠢᠨ ᠤᠰᠤ (%) 2
ᠬᠦᠮᠦᠨ ᠠᠮᠠ
 -  ᠲᠣᠭᠠᠯᠠᠯᠭ᠎ᠠ (2011) 10,562,214 
 -  ᠨᠢᠭᠲᠠᠴᠠ ᠰᠡᠶᠢᠷᠡᠭ 134 ᠬᠦᠮᠦᠨ/km2 
GDP (ХАЧТ) 2011 ᠣᠨ ᠤ ᠲᠣᠭᠠᠴᠠᠭ᠎ᠠ
 -  ᠨᠡᠶᠢᠲᠡ ᠳ᠋ᠦᠩ $268.772 ᠲᠡᠷᠪᠤᠮ[1] 
 -  ᠨᠢᠭᠡ ᠬᠦᠨᠳᠦ $25,525[1] 
GDP (ᠨᠡᠷᠡᠯᠡᠭᠰᠡᠨ) 2011 ᠣᠨ ᠤ ᠲᠣᠭᠠᠴᠠᠭ᠎ᠠ
 -  ᠨᠡᠶᠢᠲᠡ ᠳ᠋ᠦᠩ $218.363 ᠲᠡᠷᠪᠤᠮ[1] 
 -  ᠨᠢᠭᠡ ᠬᠦᠨᠳᠦ $20,938[1] ᠬᠦᠮᠦᠨ ᠪᠦᠷᠢ ᠳᠦ ᠣᠨᠣᠭᠳᠠᠬᠤ ᠨᠡᠷᠡᠯᠡᠭᠰᠡᠨ GDP  ᠢᠶᠡᠷ ᠲᠡᠯᠡᠭᠡᠢ ᠳᠦ38]])
Gini (2008) 26 (ᠪᠠᠭ᠎ᠠ) (4)
ᠬᠡᠦᠬᠡᠳ ᠦᠨ ᠬᠥᠭᠵᠢᠯ ᠦᠨ ᠢᠨᠳᠧᠺᠰ (2010) 0.865[2] (ᠳᠡᠭᠡᠳᠦ) (28)
ᠮᠥᠩᠭᠥᠨ ᠦ ᠨᠢᠭᠡᠴᠡ ᠴᠧᠺ ᠺᠷᠣᠨ (CZK)
ᠴᠠᠭ ᠤᠨ ᠪᠥᠰᠡ +1
ᠵᠠᠮ ᠤᠨ ᠬᠥᠳᠡᠯᠭᠡᠭᠡᠨ ᠪᠠᠷᠠᠭᠤᠨ
ᠳ᠋ᠦᠮᠠᠢᠨ ᠤ ᠨᠡᠷ᠎ᠡ .cz1
ᠤᠲᠠᠰᠤᠨ ᠤ ᠲᠣᠮᠢᠶ᠎ᠠ +420
1ᠧᠦ᠋ᠷᠣᠫᠠ ᠶᠢᠨ ᠬᠣᠯᠪᠣᠭᠠᠨ ᠤ ᠭᠡᠰᠢᠭᠦᠨ ᠲᠤᠯᠠ ᠮᠥᠨ .eu ᠍ ᠍ ᠢ ᠬᠡᠷᠡᠭᠯᠡᠨ᠎ᠡ᠃
ᠬᠠᠷᠳᠠᠴᠢᠨᠢ - ᠫᠷᠠᠭ ᠤᠨ ᠴᠠᠶᠢᠵᠠ

ᠪᠦᠭᠦᠳᠡ ᠨᠠᠶᠢᠷᠠᠮᠳᠠᠬᠤ ᠴᠧᠺ (ᠴᠧᠺ ᠶᠢᠡᠷ Česká republika), ᠴᠧᠺ ᠤᠯᠤᠰ (ᠴᠧᠺ ᠶᠢᠡᠷ Česko) ᠨᠢ ᠲᠥᠪ ᠧᠦ᠋ᠷᠣᠫᠠ ᠍ ᠍ ᠤᠨ ᠨᠢᠭᠡᠨ ᠤᠯᠤᠰ ᠪᠥᠭᠡᠳ ᠥᠭᠡᠷ᠎ᠡ ᠪᠡᠷ ᠪᠣᠬᠧᠮ ᠴᠤ ᠭᠡᠵᠦ ᠨᠡᠷᠡᠯᠡᠭᠳᠡᠳᠡᠭ᠃ ᠨᠡᠶᠢᠰᠯᠡᠯ ᠪᠥᠭᠡᠳ ᠬᠠᠮᠤᠭ ᠤᠨ ᠲᠣᠮᠣ ᠬᠣᠲᠠ ᠨᠢ ᠫᠠᠷᠭ᠎ᠠ ᠶᠤᠮ᠃ ᠮᠥᠩᠭᠥᠨ ᠲᠡᠮᠳᠡᠭᠲᠦ ᠨᠢ ᠴᠧᠺ ᠺᠷᠣᠨ (koruna - CZK) ᠪᠥᠭᠡᠳ 1 ᠧᠦ᠋ᠷᠣ ᠣᠶᠢᠷᠠᠯᠴᠠᠭ᠎ᠠ ᠪᠠᠷ 25 CZK ᠍ ᠍ ᠲᠠᠢ ᠲᠡᠩᠴᠡᠳᠡᠭ᠃ ᠪᠦᠭᠦᠳᠡ ᠨᠠᠶᠢᠷᠠᠮᠳᠠᠬᠤ ᠴᠧᠺ ᠤᠨ ᠶᠡᠷᠦᠩᠬᠡᠶᠢᠯᠡᠭᠴᠢ ᠨᠢ ᠸᠠᠴᠠᠯᠪᠠ ᠺᠯᠠᠦ᠋ᠰ ᠪᠢᠯᠡ᠃ ᠬᠦᠮᠦᠨ ᠠᠮᠠ ᠨᠢ 10 ᠰᠠᠶ᠎ᠠ ᠣᠷᠴᠢᠮ᠃ ᠠᠯᠪᠠᠨ ᠶᠣᠰᠣᠨ ᠤ ᠬᠡᠯᠡ ᠨᠢ ᠴᠧᠺ ᠬᠡᠯᠡ ᠶᠤᠮ᠃ ᠴᠧᠺ ᠬᠡᠯᠡ ᠨᠢ ᠰᠯᠠᠸᠶᠠᠨ ᠬᠡᠯᠡᠨ ᠦ ᠪᠦᠯᠢ ᠳᠦ ᠪᠠᠭᠲᠠᠳᠠᠭ ᠪᠥᠭᠡᠳ ᠰᠯᠣᠸᠠᠺᠫᠣᠯᠢᠰᠢ ᠬᠡᠯᠡᠨ ᠨᠦᠭᠦᠳ ᠲᠡᠢ ᠲᠥᠷᠥᠯ ᠶᠤᠮ᠃ 1993 ᠣᠨ ᠳᠤ ᠴᠧᠬᠡ ᠶᠢᠨ ᠭᠠᠳᠠᠭᠠᠳᠤ ᠶᠠᠪᠤᠳᠠᠯ ᠤᠨ ᠶᠠᠮᠤ ᠴᠧᠺ ᠭᠡᠰᠡᠨ ᠨᠡᠷ᠎ᠡ ᠶᠢ ᠠᠯᠪᠠᠨ ᠶᠣᠰᠣᠨ ᠤ ᠪᠢᠴᠢᠭ ᠪᠠᠷᠢᠮᠲᠠ ᠠᠴᠠ ᠭᠠᠳᠠᠭᠤᠷ ᠬᠡᠷᠡᠭᠯᠡᠵᠦ ᠪᠣᠯᠤᠨ᠎ᠠ ᠭᠡᠵᠦ ᠮᠡᠳᠡᠭᠳᠡᠭᠰᠡᠨ᠃

ᠴᠧᠬᠡ ᠶᠢᠨ ᠲᠡᠦᠬᠡ МЭ Iᠲᠠᠪᠤᠳᠤᠭᠠᠷ ᠵᠠᠭᠤᠨ ᠠᠴᠠ ᠡᠬᠡ ᠲᠡᠢ ᠪᠥᠭᠡᠳ ᠤᠳᠠᠭᠠᠨ ᠬᠤᠭᠤᠴᠠᠭᠠᠨ ᠤ ᠲᠤᠷᠰᠢ ᠲᠥᠪ ᠧᠦ᠋ᠷᠣᠫᠠ ᠶᠢᠨ ᠬᠠᠮᠤᠭ ᠤᠨ ᠬᠦᠴᠦᠷᠬᠡᠭ ᠤᠯᠤᠰ ᠤᠳ ᠤᠨ ᠨᠢᠭᠡ ᠪᠠᠶᠢᠭᠰᠠᠨ᠃ ᠬᠣᠵᠢᠮ ᠴᠧᠺ ᠨᠢᠭᠡᠳᠦᠭᠡᠷ ᠷᠠᠶᠢᠬᠤ ᠍ ᠍ ᠤᠨ ᠬᠠᠮᠤᠭ ᠤᠨ ᠣᠯᠠᠨ ᠬᠦᠮᠦᠨ ᠠᠮᠠ ᠲᠠᠢ᠂ ᠬᠠᠮᠤᠭ ᠤᠨ ᠪᠠᠶᠠᠨ ᠤᠯᠤᠰ ᠪᠣᠯᠤᠭᠰᠠᠨ ᠪᠥᠭᠡᠳ ᠣᠯᠠᠨ ᠴᠤ ᠡᠵᠡᠨ ᠬᠠᠭᠠᠨ ᠡᠨᠳᠡ ᠡᠴᠡ ᠺᠠᠷᠢᠸᠷ ᠢᠶᠠᠨ ᠡᠬᠢᠯᠡᠵᠦ ᠪᠠᠶᠢᠯ᠎ᠠ᠃ 1515 ᠣᠨ ᠤ ᠸᠸᠨ᠎ᠠ ᠶᠢᠨ ᠭᠡᠷ᠎ᠡ ᠶᠢᠨ ᠨᠥᠬᠥᠴᠡᠯ ᠦᠨ ᠳᠠᠭᠠᠤ 1526 ᠣᠨ ᠳᠤ ᠯᠤᠪᠢ ᠶᠠᠭᠧᠯᠯᠠᠨ ᠨᠠᠰᠤ ᠪᠠᠷᠠᠭᠰᠠᠨ ᠤ ᠳᠠᠷᠠᠭ᠎ᠠ ᠣᠳᠣ ᠶᠢᠨ ᠴᠧᠬᠡ ᠶᠢᠨ ᠨᠤᠲᠤᠭ ᠳᠡᠪᠢᠰᠬᠡᠷ ᠦᠨ ᠬᠡᠰᠡᠭ ᠦᠳ ᠪᠣᠯᠬᠤ ᠪᠣᠬᠧᠮ᠂ ᠬᠠᠩᠭᠠᠷᠢ ᠍ ᠍ ᠤᠨ ᠸᠠᠩ ᠳᠤ ᠤᠯᠤᠰ ᠤᠳ ᠬᠠᠪᠰᠪᠦᠦᠭ ᠦᠨ ᠵᠠᠬᠢᠷᠭᠠᠨ ᠳᠤ ᠣᠷᠣᠭᠰᠠᠨ᠃ ᠡᠶᠢᠨᠬᠦᠦ ᠬᠠᠪᠰᠪᠦᠦᠭ ᠦᠨ ᠪᠦᠷᠢᠯᠳᠦᠬᠦᠨ ᠳᠦ 1918 ᠣᠨ ᠬᠦᠷᠲᠡᠯ᠎ᠡ ᠪᠠᠶᠢᠭᠰᠠᠨ᠃ ᠲᠤᠰ ᠤᠯᠤᠰ ᠨᠢ 1918-1992 ᠣᠨ ᠳᠤ ᠼᠧᠬᠣᠰᠯᠣᠸᠠᠺᠢ ᠶᠢᠨ ᠨᠢᠭᠡ ᠪᠠᠶᠢᠪᠠ᠃ ᠴᠧᠬᠣᠰᠯᠣᠸᠠᠺ 1918 ᠣᠨ ᠳᠤ ᠠᠦᠢᠰᠲᠷᠶ᠎ᠠ-ᠬᠠᠩᠭᠠᠷᠢ ᠶᠢᠨ ᠡᠵᠡᠨᠲᠦ ᠭᠦᠷᠦᠨ ᠡᠴᠡ ᠲᠤᠰᠠᠭᠠᠷ ᠲᠣᠭᠲᠠᠨᠢᠵᠤ ᠪᠠᠶᠢᠯ᠎ᠠ᠃ ᠼᠧᠬᠣᠰᠯᠣᠸᠠᠺᠢ ᠶᠢᠨ ᠠᠩᠬᠠᠨ ᠤ ᠶᠡᠷᠦᠩᠬᠡᠶᠢᠯᠡᠭᠴᠢ ᠨᠢ ᠲᠣᠮᠠᠰ ᠭᠠᠷᠤᠷᠭ ᠮᠠᠵᠠᠷᠢᠺ ᠪᠠᠶᠢᠯ᠎ᠠ᠃ ᠴᠧᠬᠣᠰᠯᠣᠸᠠᠺ 1993 ᠣᠨ ᠳᠤ ᠲᠠᠶᠢᠪᠤᠩ ᠵᠠᠮ ᠢᠶᠠᠷ ᠪᠦᠭᠦᠳᠡ ᠨᠠᠶᠢᠷᠠᠮᠳᠠᠬᠤ ᠴᠧᠺ ᠪᠣᠯᠤᠨ ᠰᠯᠣᠸᠠᠺ ᠬᠡᠮᠡᠬᠦ ᠬᠣᠶᠠᠷ ᠤᠯᠤᠰ ᠪᠣᠯᠤᠨ ᠵᠠᠳᠠᠷᠠᠵᠠᠢ᠃ ᠪᠦᠭᠦᠳᠡ ᠨᠠᠶᠢᠷᠠᠮᠳᠠᠬᠤ ᠴᠧᠺ 2004 ᠣᠨ ᠤ ᠲᠠᠪᠤᠳᠤᠭᠠᠷ ᠰᠠᠷ᠎ᠠ ᠶᠢᠨ 1 ᠍ ᠍ ᠳᠦ ᠧᠦ᠋ᠷᠣᠫᠠ ᠶᠢᠨ ᠬᠣᠯᠪᠣᠭᠠᠨ ᠤ ᠭᠡᠰᠢᠭᠦᠨ ᠪᠣᠯᠤᠭᠰᠠᠨ᠃

ᠪᠦᠭᠦᠳᠡ ᠨᠠᠶᠢᠷᠠᠮᠳᠠᠬᠤ ᠴᠧᠺ ᠳᠠᠯᠠᠢ ᠳᠤ ᠭᠠᠷᠤᠴᠠ ᠦᠭᠡᠢ ᠪᠥᠭᠡᠳ ᠭᠧᠷᠮᠠᠨᠠᠦᠢᠰᠲᠷᠶ᠎ᠠᠰᠯᠣᠸᠠᠺᠫᠣᠯᠢᠰᠢ ᠤᠯᠤᠰ ᠤᠳ ᠲᠠᠢ ᠬᠢᠯᠢᠯᠡᠳᠡᠭ᠃

ᠡᠬᠢ ᠡᠭᠦᠰᠪᠦᠷᠢ[ᠵᠠᠰᠠᠪᠤᠷᠢᠯᠠᠬᠤ | ᠺᠣᠳ᠋ ᠢᠶᠠᠷ ᠵᠠᠰᠠᠬᠣ]

  1. 1.0 1.1 1.2 1.3 Czech Republic. International Monetary Fund. 14 January 2012 ᠍ ᠳᠦ ᠬᠠᠨᠳᠤᠭᠰᠠᠨ᠃
  2. Human Development Report 2011. United Nations (2011). 5 November 2011 ᠍ ᠳᠦ ᠬᠠᠨᠳᠤᠭᠰᠠᠨ᠃

ᠭᠠᠳᠠᠭᠠᠳᠤ ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

Commons
Викимедиа дуу дүрсний сан: Czech Republic
http://wiki.uhaan.com/index.php?title=ᠴᠧᠺ&oldid=424811》 ᠍  ᠡᠴᠡ ᠠᠪᠤᠭᠰᠠᠨ

ᠪᠢᠴᠢᠭᠡᠰᠦ