ᠴᠥᠯᠵᠢᠯᠲᠡ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠵᠢᠵᠢᠭ ᠵᠢᠷᠤᠭ ᠢ ᠡᠭᠦᠰᠭᠡᠬᠦ ᠳ᠋ᠦ ᠠᠯᠳᠠᠭ᠎ᠠ ᠭᠠᠷᠤᠯ᠎ᠠ: Unable to save thumbnail to destination

ᠴᠥᠯᠵᠢᠯᠲᠡ ᠭᠡᠳᠡᠭ ᠨᠢ ᠤᠷᠭᠤᠮᠠᠯ ᠢᠶᠠᠷ ᠪᠦᠷᠬᠦᠭᠳᠡᠭᠰᠡᠨ ᠭᠠᠵᠠᠷ ᠦᠷᠡᠵᠢᠯ ᠰᠢᠮ᠎ᠡᠭᠦᠢ ᠪᠣᠯᠤᠨ ᠬᠤᠪᠢᠷᠠᠬᠤ ᠦᠵᠡᠭᠳᠡᠯ ᠢ ᠬᠡᠯᠡᠨ᠎ᠡ᠃ ᠡᠨᠳᠡ ᠪᠤᠢ ᠴᠥᠯ ᠭᠡᠳᠡᠭ ᠨᠢ ᠤᠷᠭᠤᠮᠠᠯ ᠤᠷᠭᠤᠬᠤ ᠪᠣᠯᠤᠨ ᠭᠠᠵᠠᠷ ᠲᠠᠷᠢᠶᠠᠯᠠᠩ ᠳᠤ ᠲᠣᠬᠢᠷᠠᠮᠵᠢ ᠦᠭᠡᠢ ᠭᠠᠵᠠᠷ ᠨᠤᠲᠤᠭ ᠢ ᠬᠡᠯᠡᠵᠦ ᠪᠤᠢ ᠤᠳᠬ᠎ᠠ ᠨᠢ ᠬᠦᠴᠦᠲᠡᠢ ᠪᠥᠭᠡᠳ ᠬᠠᠳᠴᠤ ᠭᠠᠩᠳᠠᠭᠰᠠᠨ ᠭᠠᠵᠠᠷ ᠨᠤᠲᠤᠭ ᠢ ᠢᠯᠡᠷᠬᠡᠶᠢᠯᠡᠬᠦ ᠴᠥᠯ ᠦᠨ ᠠᠭᠤᠷ ᠠᠮᠢᠰᠬᠤᠯ ᠳᠤ ᠣᠷᠣᠳᠠᠭ 《ᠴᠥᠯ》 ᠭᠡᠳᠡᠭ ᠲᠡᠢ ᠪᠠᠭ᠎ᠠ ᠵᠡᠷᠭᠡ ᠢᠯᠭᠠᠭ᠎ᠠ ᠲᠠᠢ᠃ ᠭᠡᠬᠦ ᠳᠦ ᠪᠡᠨ ᠤᠷᠭᠤᠮᠠᠯᠠᠨ ᠪᠦᠷᠬᠦᠪᠴᠢ ᠭᠦᠢ ᠪᠣᠯᠤᠭᠰᠠᠨ ᠭᠠᠵᠠᠷ ᠨᠢ ᠶᠠᠪᠤᠭᠠᠨ ᠳᠠᠭᠠᠨ ᠴᠥᠯ ᠦᠨ ᠠᠭᠤᠷ ᠠᠮᠢᠰᠬᠤᠯ ᠲᠠᠢ ᠪᠣᠯᠬᠤ ᠲᠥᠯᠥᠪ ᠲᠡᠢ ᠪᠠᠶᠢᠳᠠᠭ᠃

ᠴᠥᠯᠵᠢᠯᠲᠡᠳ ᠬᠠᠭᠤᠷᠠᠢ ᠪᠥᠰᠡ ᠨᠤᠲᠤᠭ ᠤᠨ ᠠᠭᠤᠷ ᠠᠮᠢᠰᠬᠤᠯ ᠍ ᠤᠨ ᠥᠭᠡᠷᠡᠴᠢᠯᠡᠯᠲᠡ ᠭᠡᠬᠦ ᠮᠡᠲᠦ ᠡᠴᠡ ᠡᠭᠦᠳᠬᠦ ᠪᠠᠶᠢᠭᠠᠯᠢ ᠶᠢᠨ ᠦᠵᠡᠭᠳᠡᠯ  ᠬᠠᠮᠢᠶᠠᠷᠬᠤ ᠪᠣᠯᠪᠠᠴᠤ ᠣᠷᠴᠢᠨ ᠦᠶ᠎ᠡ ᠳᠦ ᠨᠡᠶᠢᠭᠡᠮ ᠤᠨ ᠲᠤᠯᠭᠠᠮᠳᠠᠭᠰᠠᠨ ᠠᠰᠠᠭᠤᠳᠠᠯ ᠪᠣᠯᠤᠭᠠᠳ ᠪᠤᠢ ᠴᠥᠯᠵᠢᠯᠲᠡ ᠭᠡᠳᠡᠭ ᠨᠢ ᠬᠦᠮᠦᠨ ᠲᠥᠷᠥᠯᠬᠢᠲᠡᠨ ᠦ ᠦᠢᠯᠡ ᠠᠵᠢᠯᠯᠠᠭᠠᠨ ᠤ ᠤᠯᠠᠮ ᠠᠴᠠ ᠪᠣᠯᠵᠤ ᠪᠤᠢ ᠦᠵᠡᠭᠳᠡᠯ  ᠪᠥᠭᠡᠳ ᠳᠡᠯᠡᠬᠡᠢ ᠶᠢᠨ ᠳᠤᠯᠠᠭᠠᠷᠠᠯ ᠠᠴᠠ ᠰᠢᠯᠲᠠᠭᠠᠯᠠᠵᠤ ᠪᠤᠢ ᠭᠡᠵᠦ ᠦᠵᠡᠳᠡᠭ᠃ ᠮᠥᠨ ᠬᠥᠷᠦᠰᠦᠨ ᠦ ᠡᠪᠳᠡᠷᠡᠯ ᠢᠨᠦ ᠴᠥᠯᠵᠢᠯᠲᠡ ᠶᠢᠨ ᠨᠢᠭᠡ ᠰᠢᠯᠲᠠᠭᠠᠨ ᠪᠣᠯᠤᠨ᠎ᠠ᠃

ᠨᠢᠭᠡᠳᠦᠭᠰᠡᠨ ᠦᠨᠳᠦᠰᠦᠨ ᠦ ᠪᠠᠶᠢᠭᠤᠯᠤᠯᠭ᠎ᠠ ᠤᠨ ᠴᠥᠯᠵᠢᠯᠲᠡ ᠲᠡᠢ ᠲᠡᠮᠡᠴᠡᠬᠦ ᠺᠣᠨᠸᠧᠨᠼᠢ ᠳᠤ ᠴᠥᠯᠵᠢᠯᠲᠡ ᠶᠢ 《ᠬᠠᠭᠤᠷᠠᠢ᠂ ᠬᠠᠭᠠᠰ ᠬᠠᠭᠤᠷᠠᠢ ᠪᠠ ᠭᠠᠨᠳᠠᠭᠤ᠂ ᠴᠢᠭᠢᠭ ᠳᠤᠲᠠᠮᠠᠭ ᠨᠤᠲᠤᠭ ᠳᠡᠪᠢᠰᠬᠡᠷ ᠲᠦ ᠴᠠᠭ ᠠᠭᠤᠷ ᠤᠨ ᠥᠭᠡᠷᠡᠴᠢᠯᠡᠯᠲᠡ ᠪᠣᠯᠤᠨ ᠬᠦᠮᠦᠨ ᠦ ᠦᠢᠯᠡ ᠠᠵᠢᠯᠯᠠᠭ᠎ᠠ ᠲᠠᠢ ᠬᠣᠯᠪᠣᠭ᠎ᠠ ᠲᠠᠢ ᠣᠯᠠᠨ ᠶᠠᠩᠵᠤ ᠶᠢᠨ ᠬᠦᠴᠦᠨ ᠵᠦᠢᠯ ᠡᠴᠡ ᠡᠭᠦᠳᠦᠯᠲᠡᠢ ᠭᠠᠵᠠᠷ ᠤᠨ ᠬᠥᠷᠦᠰᠦᠨ ᠦ ᠳᠣᠷᠣᠶᠢᠲᠠᠯ》 ᠭᠡᠵᠦ ᠲᠣᠳᠣᠷᠬᠠᠶᠢᠯᠠᠭᠰᠠᠨ ᠪᠠᠶᠢᠨ᠎ᠠ᠃

ᠬᠥᠷᠦᠰᠦᠨ ᠦ ᠠᠯᠳᠠᠭᠳᠠᠯ ᠭᠡᠳᠡᠭ ᠨᠢ ᠦᠷᠡᠵᠢᠯ ᠰᠢᠮ᠎ᠡ ᠪᠦᠬᠦᠢ᠂ ᠭᠠᠵᠠᠷ ᠲᠠᠷᠢᠶᠠᠯᠠᠩ ᠡᠷᠬᠢᠯᠡᠬᠦ ᠳᠦ ᠲᠣᠬᠢᠷᠠᠮᠵᠢᠲᠠᠢ ᠬᠥᠷᠥᠰᠥ ᠨᠢ ᠪᠣᠷᠣᠭ᠎ᠠᠦᠶᠡᠷᠡᠶᠢᠨ ᠤᠯᠠᠮ ᠠᠴᠠ ᠤᠷᠤᠰᠤᠨ ᠣᠳᠬᠤ ᠦᠵᠡᠭᠳᠡᠯ  ᠪᠥᠭᠡᠳ ᠡᠨᠡᠳᠬᠡᠭᠣᠶᠢᠷᠠᠬᠢ ᠳᠣᠷᠣᠨᠠᠲᠤᠰᠢᠷ᠎ᠠ ᠮᠥᠷᠡᠨ ᠦ ᠲᠡᠭᠰᠢ ᠥᠨᠳᠥᠷᠯᠢᠭ ᠵᠡᠷᠭᠡ ᠭᠠᠵᠠᠷ ᠤᠳ ᠲᠤ ᠪᠣᠯᠵᠤ ᠪᠤᠢ᠃

ᠳᠠᠪᠤᠰᠤᠵᠢᠯᠲᠠ ᠭᠡᠳᠡᠭ ᠨᠢ ᠭᠠᠵᠠᠷ ᠤᠨ ᠬᠥᠷᠦᠭᠰᠡᠨ ᠳ᠋ᠡᠬᠢ ᠳᠠᠪᠤᠰᠤᠨ ᠤ ᠡᠵᠡᠯᠡᠬᠦ ᠬᠤᠪᠢ ᠶᠡᠬᠡᠰᠴᠢ᠂ ᠤᠷᠭᠤᠮᠠᠯ ᠤᠷᠭᠤᠬᠤ ᠪᠣᠯᠤᠮᠵᠢ ᠦᠭᠡᠢ ᠪᠣᠯᠬᠤ ᠦᠵᠡᠭᠳᠡᠯ ᠃ ᠡᠨᠡ ᠨᠢ ᠭᠠᠵᠠᠷ ᠤᠨ ᠭᠦᠨ ᠦ ᠤᠰᠤ ᠨᠢ ᠤᠰᠤᠵᠢᠭᠤᠯᠤᠯᠲᠠ ᠪᠣᠯᠤᠨ ᠪᠠᠶᠢᠭᠠᠯᠢ ᠶᠢᠨ ᠬᠦᠴᠦᠨ ᠵᠦᠢᠯ ᠦᠨ ᠤᠯᠠᠮ ᠠᠴᠠ ᠭᠠᠵᠠᠷ ᠤᠨ ᠭᠠᠳᠠᠷᠭᠤ ᠳᠡᠭᠡᠷ᠎ᠡ ᠭᠠᠷᠴᠤ ᠠᠭᠤᠷᠰᠢᠨ᠂ ᠡᠷᠦᠳᠡᠰᠦ ᠳᠠᠪᠤᠰᠤ ᠨᠢ ᠠᠭᠤᠷᠰᠢᠯ ᠦᠭᠡᠢ ᠦᠯᠳᠡᠭᠰᠡᠨ ᠦ ᠤᠯᠠᠮ ᠠᠴᠠ ᠪᠤᠢ ᠪᠣᠯᠤᠨ᠎ᠠ᠃ ᠳᠠᠪᠤᠰᠤᠵᠢᠯᠲᠠ ᠶᠠᠪᠤᠭᠳᠠᠭᠰᠠᠨ ᠭᠠᠵᠠᠷ ᠨᠢ ᠼᠧᠮᠧᠨᠲ ᠰᠢᠭ ᠬᠠᠲᠠᠭᠤ ᠪᠣᠯᠵᠤ ᠬᠠᠭᠠᠷᠠᠨ᠎ᠠ᠃

ᠡᠯᠡᠰᠦᠵᠢᠯᠲᠡ ᠭᠡᠳᠡᠭ ᠨᠢ ᠣᠶᠢᠷ᠎ᠠ ᠣᠷᠴᠢᠮ ᠳᠤ ᠪᠠᠶᠢᠭᠰᠠᠨ ᠡᠯᠡᠰᠦ ᠨᠢ ᠨᠦᠭᠦᠵᠦ᠂ ᠰᠢᠨ᠎ᠡ ᠭᠠᠵᠠᠷ ᠲᠤ ᠣᠴᠢᠨ ᠴᠥᠯ ᠪᠣᠯᠭᠠᠬᠤ ᠶᠢ ᠬᠡᠯᠡᠨ᠎ᠡ᠃ ᠠᠦᠢᠰᠲ᠋ᠷᠯᠢᠶ᠎ᠠ ᠪᠣᠯᠤᠨ ᠭᠣᠪᠢ ᠳᠤ ᠶᠠᠪᠤᠭᠳᠠᠵᠤ ᠪᠤᠢ᠃

ᠮᠣᠩᠭᠣᠯ ᠳᠠᠬᠢ ᠴᠥᠯᠵᠢᠯᠲᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠣᠩᠭᠣᠯ ᠤᠯᠤᠰ ᠤᠨ ᠨᠤᠲᠤᠭ ᠤᠨ ᠡᠮᠦᠨᠡᠲᠦ ᠬᠡᠰᠡᠭ ᠲᠦ ᠤᠷᠤᠰᠢᠬᠤ ᠭᠣᠪᠢ ᠳᠤ ᠴᠥᠯᠵᠢᠯᠲᠡ ᠡᠷᠴᠢᠮᠲᠡᠢ ᠶᠠᠪᠤᠭᠳᠠᠵᠤ᠂ ᠴᠥᠯ ᠦᠨ ᠪᠥᠰᠡ ᠨᠢ ᠬᠦᠷᠢᠶ᠎ᠡ ᠪᠡᠨ ᠬᠣᠶᠢᠰᠢ ᠲᠡᠯᠡᠭᠰᠡᠭᠡᠷ ᠪᠤᠢ᠃ ᠮᠠᠨ ᠤ ᠣᠷᠣᠨ ᠤ ᠭᠠᠨᠳᠠᠭᠤ ᠪᠥᠰᠡ ᠨᠤᠲᠤᠭ ᠲᠤ 1940 ᠣᠨ ᠠᠴᠠ ᠬᠣᠶᠢᠰᠢ 3800 ᠠᠮᠠ km ᠲᠠᠯᠠᠪᠠᠢ ᠰᠢᠨ᠎ᠡ ᠪᠡᠷ ᠡᠯᠰᠡᠵᠢᠭᠰᠡᠨ ᠠᠵᠢ᠃ ᠡᠭᠦᠨ ᠦ 870 ᠭᠠᠷᠤᠢ ᠠᠮᠠ km ᠨᠢ ᠵᠥᠪᠬᠡᠨ ᠮᠣᠩᠭᠣᠯ ᠡᠯᠡᠰᠦᠨ ᠦ ᠤᠷᠢᠳᠤ ᠵᠠᠬ᠎ᠠ ᠬᠦᠢᠰ ᠦᠨ ᠭᠣᠪᠢ ᠶᠢᠨ ᠳᠠᠭᠠᠭᠤᠬᠢ ᠨᠤᠲᠤᠭ ᠲᠤ ᠰᠢᠨ᠎ᠡ ᠪᠡᠷ ᠡᠭᠦᠰᠦᠭᠰᠡᠨ ᠡᠯᠡᠰᠦ ᠶᠤᠮ᠃

2007 ᠣᠨ ᠤ ᠪᠠᠶᠢᠳᠠᠯ ᠢᠶᠠᠷ ᠴᠥᠯᠵᠢᠯᠲᠡ ᠢᠯᠡᠷᠡᠭᠡ ᠦᠭᠡᠢ ᠨᠤᠲᠤᠭ 14.3%, ᠰᠤᠯᠠ ᠢᠯᠡᠷᠡᠭᠰᠡᠨ ᠨᠤᠲᠤᠭ 20.7%, ᠳᠤᠮᠳᠠ ᠵᠡᠷᠭᠡ ᠢᠯᠡᠷᠡᠭᠰᠡᠨ ᠨᠤᠲᠤᠭ 34.0%, ᠬᠦᠴᠦᠲᠡᠢ ᠢᠯᠡᠷᠡᠭᠰᠡᠨ ᠨᠤᠲᠤᠭ 24.3%, ᠮᠠᠰᠢ ᠬᠦᠴᠦᠲᠡᠢ 6.6% ᠪᠣᠯᠤᠭᠠᠳ ᠪᠠᠶᠢᠨ᠎ᠠ᠃

ᠥᠭᠡᠷ᠎ᠡ ᠪᠡᠷ ᠬᠡᠯᠡᠪᠡᠯ᠂ ᠮᠠᠨ ᠤ ᠣᠷᠣᠨ ᠤ ᠨᠡᠶᠢᠲᠡ ᠨᠤᠲᠤᠭ ᠳᠡᠪᠢᠰᠬᠡᠷ ᠦᠨ 72.3 ᠭᠠᠷᠤᠢ ᠬᠤᠪᠢ ᠨᠢ ᠳᠤᠮᠳᠠ ᠠᠴᠠ ᠳᠡᠭᠡᠭᠰᠢ ᠵᠡᠷᠭᠡᠯᠡᠯ ᠦᠨ ᠴᠥᠯᠵᠢᠯᠲᠡᠳ ᠥᠷᠲᠦᠭᠰᠡᠨ ᠪᠠᠶᠢᠨ᠎ᠠ᠃

ᠴᠥᠯᠵᠢᠯᠲᠡᠳ ᠬᠦᠷᠭᠡᠬᠦ ᠬᠦᠴᠦᠨ ᠵᠦᠢᠯ ᠦᠳ (ᠬᠦᠮᠦᠨ ᠦ ᠰᠢᠭᠤᠳ ᠨᠥᠯᠥᠭᠡ)[ᠵᠠᠰᠠᠪᠤᠷᠢᠯᠠᠬᠤ | ᠺᠣᠳ᠋ ᠢᠶᠠᠷ ᠵᠠᠰᠠᠬᠣ]

ᠴᠥᠯᠵᠢᠯᠲᠡᠳ ᠬᠦᠷᠭᠡᠬᠦ ᠬᠦᠮᠦᠨ ᠦ ᠦᠢᠯᠡ ᠠᠵᠢᠯᠯᠠᠭᠠᠨ ᠳᠤ ᠳᠠᠷᠠᠭᠠᠬᠢ ᠦᠢᠯᠡ ᠠᠵᠢᠯᠯᠠᠭ᠎ᠠ ᠭᠣᠣᠯᠯᠠᠨ ᠬᠠᠮᠢᠶᠠᠷᠤᠨ᠎ᠠ᠃ ᠡᠭᠦᠨ ᠳᠦ:

  • ᠡᠮᠵᠡᠭ ᠪᠠ ᠡᠯᠡᠭᠳᠡᠯ ᠡᠪᠳᠡᠷᠡᠯ ᠳᠦ ᠥᠷᠢᠲᠦᠮᠡᠲᠡᠭᠡᠢ ᠨᠤᠲᠤᠭ ᠢ ᠭᠠᠵᠠᠷ ᠲᠠᠷᠢᠶᠠᠯᠠᠩ ᠳᠤ ᠠᠰᠢᠭᠯᠠᠬᠤ
  • ᠤᠷᠢᠨᠰᠢ ᠶᠢᠨ ᠦᠶ᠎ᠡ ᠶᠢ ᠪᠠᠭᠤᠷᠠᠭᠤᠯᠤᠨ ᠬᠥᠷᠦᠰᠦᠨ ᠦ ᠪᠠᠶᠢᠭᠠᠯᠢ ᠶᠢᠨ ᠲᠡᠵᠢᠭᠡᠯ ᠦᠨ ᠪᠣᠳᠠᠰ ᠢ ᠬᠣᠮᠰᠠᠳᠠᠭᠤᠯᠬᠤ
  • ᠪᠡᠯᠴᠢᠭᠡᠷ ᠢ ᠲᠠᠯᠠᠭᠯᠠᠬᠤ
  • ᠮᠣᠳᠣᠯᠢᠭ ᠤᠷᠭᠤᠮᠠᠯ ᠢ ᠭᠣᠣᠯ ᠲᠥᠯᠥᠪ ᠲᠦᠯᠡᠰᠢᠨ ᠦ ᠵᠣᠷᠢᠭᠤᠯᠤᠯᠲᠠ ᠪᠠᠷ ᠤᠭᠳᠤᠯᠬᠤ
  • ᠪᠡᠯᠴᠢᠭᠡᠷ ᠢ ᠰᠡᠷᠭᠦᠭᠡᠬᠦ᠂ ᠠᠨ ᠠᠩᠨᠠᠬᠤ᠂ ᠭᠠᠵᠠᠷ ᠲᠠᠷᠢᠶᠠᠯᠠᠩ ᠤᠨ ᠭᠠᠵᠠᠷ ᠤᠨ ᠬᠡᠮᠵᠢᠶ᠎ᠡ ᠶᠢ ᠲᠡᠯᠡᠬᠦ ᠵᠡᠷᠭᠡ ᠵᠣᠷᠢᠭᠤᠳᠠ ᠪᠠᠷ ᠲᠦᠢᠮᠡᠷ ᠲᠠᠯᠪᠢᠬᠤ
  • ᠬᠥᠷᠦᠰᠦᠨ ᠦ ᠪᠦᠲᠦᠴᠡ ᠶᠢ ᠳᠣᠷᠣᠶᠢᠲᠠᠭᠤᠯᠬᠤ ᠬᠦᠨᠳᠦ ᠮᠠᠰᠢᠨ ᠲᠧᠭᠨᠢᠭ᠂ ᠵᠣᠬᠢᠰ ᠦᠭᠡᠢ ᠲᠧᠭᠨᠣᠯᠣᠭᠢ ᠶᠢ ᠭᠠᠵᠠᠷ ᠲᠠᠷᠢᠶᠠᠯᠠᠩ ᠳᠤ ᠨᠡᠪᠲᠡᠷᠡᠭᠦᠯᠬᠦ
  • ᠬᠥᠷᠦᠰᠦᠨ ᠦ ᠦᠷᠡᠵᠢᠯ ᠰᠢᠮ᠎ᠡ ᠶᠢ ᠪᠠᠭᠤᠷᠠᠭᠤᠯᠬᠤ ᠬᠡᠲᠦ ᠲᠠᠷᠢᠶᠠᠯᠠᠯᠲᠤ᠂ ᠮᠣᠨᠣᠺᠦᠶᠢᠯᠢᠲ᠋ᠦᠶᠢᠷ ᠵᠡᠷᠭᠡ ᠬᠥᠳᠡᠭᠡ ᠠᠵᠤ ᠠᠬᠤᠢ ᠶᠢᠨ ᠵᠣᠬᠢᠰ ᠦᠭᠡᠢ ᠠᠷᠭ᠎ᠠ ᠬᠡᠷᠡᠭᠯᠡᠬᠦ
  • ᠭᠣᠣᠯ ᠤᠨ ᠭᠣᠣᠯᠢᠵᠢᠷᠠᠯ ᠢ ᠥᠭᠡᠷᠡᠴᠢᠯᠡᠬᠦ ᠵᠡᠷᠭᠡ ᠤᠰᠤᠨ ᠤ ᠨᠥᠭᠡᠴᠡ ᠶᠢ ᠵᠣᠬᠢᠰ ᠦᠭᠡᠢ ᠠᠰᠢᠭᠯᠠᠬᠤ
  • ᠳᠠᠪᠤᠰᠤᠷᠬᠠᠭ ᠬᠥᠷᠦᠰᠦᠨ ᠳᠦ ᠤᠰᠤᠯᠠᠭ᠎ᠠ ᠲᠠᠢ ᠭᠠᠵᠠᠷ ᠲᠠᠷᠢᠶᠠᠯᠠᠩ ᠨᠡᠪᠲᠡᠷᠡᠭᠦᠯᠬᠦ

ᠮᠥᠨ ᠦᠵᠡᠬᠦ[ᠵᠠᠰᠠᠪᠤᠷᠢᠯᠠᠬᠤ | ᠺᠣᠳ᠋ ᠢᠶᠠᠷ ᠵᠠᠰᠠᠬᠣ]

Wiktionary
Wiktionary: ᠴᠥᠯᠵᠢᠯᠲᠡ – ᠡᠨᠡ ᠦᠭᠡ ᠶᠢ ᠲᠠᠶᠢᠯᠪᠤᠷᠢ ᠲᠣᠯᠢ ᠠᠴᠠ ᠬᠠᠷᠠᠨ᠎ᠠ ᠤᠤ

ᠪᠢᠴᠢᠭᠡᠰᠦ