ᠴᠥᠮ᠎ᠡ ᠶᠢᠨ ᠵᠡᠪᠰᠡᠭ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
Castle Romeo.jpg

ᠴᠥᠮ᠎ᠡ ᠶᠢᠨ ᠵᠠᠳᠠᠷᠠᠯ ᠪᠤᠶᠤ ᠨᠢᠭᠡᠳᠦᠯ ᠢ ᠠᠰᠢᠭᠯᠠᠭᠰᠠᠨ ᠴᠥᠮ᠎ᠡ ᠶᠢᠨ ᠤᠷᠪᠠᠯ ᠠᠴᠠ ᠤᠰᠠᠳᠬᠠᠬᠤ ᠬᠦᠴᠦ ᠡᠭᠦᠰᠬᠡᠭᠰᠡᠨ ᠲᠡᠰᠯᠡᠭᠴᠢ ᠲᠥᠬᠥᠭᠡᠷᠦᠮᠵᠢ ᠶᠢ ᠴᠥᠮ᠎ᠡ ᠶᠢᠨ ᠵᠡᠪᠰᠡᠭ ᠭᠡᠳᠡᠭ᠃ ᠴᠥᠮ᠎ᠡ ᠶᠢᠨ ᠤᠷᠪᠠᠯ ᠨᠢ ᠠᠰᠤᠷᠤ ᠶᠡᠬᠡ ᠬᠡᠮᠵᠢᠶᠡᠨ ᠦ ᠡᠨᠧᠷᠭᠢ ᠢᠯᠭᠠᠷᠠᠭᠤᠯᠳᠠᠭ᠃ ᠣᠷᠴᠢᠨ ᠦᠶ᠎ᠡ ᠶᠢᠨ ᠲᠧᠭᠨᠣᠯᠣᠭᠢ ᠠᠰᠢᠭᠯᠠᠨ ᠪᠦᠲᠦᠭᠡᠭᠰᠡᠨ᠂ ᠬᠠᠯᠠᠭᠤᠨ ᠴᠥᠮ᠎ᠡ ᠶᠢᠨ ᠵᠡᠪᠰᠡᠭ ᠨᠢ ᠭᠠᠭᠴᠠ ᠮᠢᠩᠭᠠᠨ ᠺᠢᠯᠣᠭ᠍ᠷᠠᠮ ᠵᠢᠩ ᠲᠡᠢ ᠴᠤ ᠲᠡᠷᠪᠤᠮ ᠭᠠᠷᠤᠢ ᠡᠩ ᠦᠨ ᠳᠡᠯᠪᠡᠷᠡᠭᠴᠢ ᠲᠥᠬᠥᠭᠡᠷᠦᠮᠵᠢ ᠶᠢᠨ ᠢᠯᠭᠠᠷᠠᠭᠤᠯᠵᠤ ᠴᠢᠳᠠᠬᠤ ᠳᠡᠯᠪᠡᠷᠡᠯᠲᠡ ᠶᠢᠨ ᠬᠡᠮᠵᠢᠶ᠎ᠡ ᠲᠡᠢ ᠠᠳᠠᠯᠢ ᠡᠨᠧᠷᠭᠢ ᠢᠯᠭᠠᠷᠠᠭᠤᠯᠵᠤ ᠴᠢᠳᠠᠨ᠎ᠠ᠃ ᠮᠠᠰᠢ ᠵᠢᠵᠢᠭ ᠬᠡᠮᠵᠢᠶ᠎ᠡ ᠲᠡᠢ ᠴᠥᠮ᠎ᠡ ᠶᠢᠨ ᠵᠡᠪᠰᠡᠭ ᠴᠤ ᠪᠦᠬᠦᠯᠢ ᠪᠦᠲᠦᠨ ᠬᠣᠲᠠ ᠶᠢ ᠤᠰᠠᠳᠭᠠᠬᠤ ᠴᠢᠳᠠᠯ ᠲᠠᠢ᠃ ᠴᠥᠮ᠎ᠡ ᠶᠢᠨ ᠵᠡᠪᠰᠡᠭ ᠢ ᠦᠢ ᠣᠯᠠᠨ ᠢᠶᠠᠷ ᠬᠥᠨᠥᠭᠡᠬᠦ ᠵᠡᠪᠰᠡᠭ ᠬᠡᠮᠡᠨ ᠠᠩᠭᠢᠯᠠᠵᠤ ᠦᠵᠡᠳᠡᠭ ᠪᠥᠭᠡᠳ ᠴᠥᠮ᠎ᠡ ᠶᠢᠨ ᠵᠡᠪᠰᠡᠭ ᠪᠦᠲᠦᠭᠡᠭᠳᠡᠭᠰᠡᠨ ᠦᠶᠡᠰ ᠡᠬᠢᠯᠡᠨ ᠲᠡᠭᠦᠨ ᠢ ᠬᠢᠨᠠᠬᠤ᠂ ᠬᠡᠷᠡᠭᠯᠡᠬᠦ ᠠᠰᠠᠭᠤᠳᠠᠯ ᠨᠢ ᠣᠯᠠᠨ ᠤᠯᠤᠰ ᠤᠨ ᠪᠣᠳᠣᠯᠭ᠎ᠠ ᠶᠢᠨ ᠲᠥᠪ ᠲᠦ ᠪᠠᠶᠢᠭᠰᠠᠭᠠᠷ ᠢᠷᠡᠵᠡᠢ᠃ ᠬᠦᠮᠦᠨ ᠲᠥᠷᠥᠯᠬᠢᠲᠡᠨ ᠦ ᠳᠠᠶᠢᠨ ᠪᠠᠶᠢᠯᠳᠤᠭᠠᠨ ᠤ ᠲᠡᠦᠬᠡᠨ ᠳᠦ ᠬᠣᠶᠠᠷᠬᠠᠨ ᠤᠳᠠᠭ᠎ᠠ ᠴᠥᠮ᠎ᠡ ᠶᠢᠨ ᠵᠡᠪᠰᠡᠭ ᠬᠡᠷᠡᠭᠯᠡᠭᠳᠡᠭᠰᠡᠨ ᠪᠥᠭᠡᠳ ᠲᠡᠳᠡᠭᠡᠷ ᠢ ᠠᠮᠧᠷᠢᠺᠠ ᠶᠢᠨ ᠨᠢᠭᠡᠳᠦᠭᠰᠡᠨ ᠤᠯᠤᠰ ᠳᠡᠯᠡᠬᠡᠢ ᠶᠢᠨ ᠬᠣᠶᠠᠳᠤᠭᠠᠷ ᠳᠠᠶᠢᠨ ᠤ ᠲᠡᠭᠦᠰᠬᠡᠯ ᠦᠶ᠎ᠡ ᠳᠦ ᠬᠡᠷᠡᠭᠯᠡᠭᠰᠡᠨ᠃

ᠴᠥᠮ᠎ᠡ ᠶᠢᠨ ᠵᠡᠪᠰᠡᠭ ᠦᠨ ᠲᠤᠬᠠᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠴᠥᠮ᠎ᠡ ᠶᠢᠨ ᠵᠡᠪᠰᠡᠭ ᠨᠢ ᠦᠨᠳᠦᠰᠦᠨ 2 ᠲᠥᠷᠥᠯ ᠪᠠᠶᠢᠳᠠᠭ᠃ 1᠃ ᠠᠲ᠋ᠣᠮ ᠤᠨ ᠵᠠᠳᠠᠷᠠᠯ ᠤᠨ ᠤᠷᠪᠠᠯ ᠠᠴᠠ ᠡᠨᠧᠷᠭᠢ ᠦᠢᠯᠡᠳᠪᠦᠷᠢᠯᠡᠳᠡᠭ᠃ ᠡᠨᠡ ᠵᠡᠪᠰᠡᠭ ᠢ ᠶᠡᠷᠦᠩᠬᠡᠢ ᠳᠦ ᠪᠡᠨ ᠠᠲ᠋ᠣᠮ ᠤᠨ ᠪᠥᠮᠪᠥᠭᠡ ᠪᠤᠶᠤ ᠠ ᠪᠥᠮᠪᠥᠭᠡ ᠭᠡᠵᠦ ᠨᠡᠷᠡᠯᠡᠳᠡᠭ᠃ ᠡᠭᠦᠨ ᠳᠣᠲᠣᠷ᠎ᠠ ᠮᠠᠰᠢ ᠶᠡᠬᠡ ᠬᠡᠮᠵᠢᠶᠡᠨ ᠦ ᠦᠷᠠᠨ ᠡᠰᠡᠪᠡᠯ ᠫᠯᠤᠲ᠋ᠣᠨ ᠢᠶᠠᠷ ᠪᠠᠶᠠᠵᠢᠭᠤᠯᠤᠭᠰᠠᠨ ᠠᠮᠠᠷᠬᠠᠨ ᠲᠡᠰᠦᠷᠡᠳᠡᠭ ᠡᠯᠧᠮᠧᠨᠲ ᠦᠳ ᠠᠭᠤᠯᠤᠭᠳᠠᠳᠠᠭ᠃ ᠢᠩᠭᠢᠵᠦ ᠤᠭᠰᠠᠷᠠᠬᠤ ᠳᠤ ᠪᠠᠨ 2 ᠲᠥᠷᠥᠯ ᠦᠨ ᠠᠷᠤᠭ ᠢ ᠠᠰᠢᠭᠯᠠᠨ᠎ᠠ᠃ ᠡᠭᠦᠨ ᠳᠦ᠄ - ᠨᠢᠭᠡ ᠬᠡᠰᠡᠭ ᠡᠯᠧᠮᠡᠨ ᠳᠦ ᠨᠢ ᠨᠥᠭᠥᠭᠡ ᠬᠡᠰᠡᠭ ᠲᠦ ᠪᠡᠨ ᠴᠣᠬᠢᠯᠲᠠ ᠲᠦᠯᠬᠢᠯᠲᠡ ᠥᠭᠴᠦ ᠪᠠᠶᠢᠬᠤ ᠪᠠᠷ ᠪᠤᠶᠤ ᠭᠠᠯᠲᠤ ᠵᠡᠪᠰᠡᠭ ᠦᠨ ᠪᠦᠲᠦᠴᠡ ᠲᠡᠢ ᠠᠷᠭ᠎ᠠ. - ᠬᠢᠮᠢ ᠶᠢᠨ ᠲᠡᠰᠦᠷᠡᠬᠦ ᠪᠣᠳᠠᠰ ᠢ ᠣᠯᠠᠨ ᠳ᠋ᠠᠬᠢᠨ ᠨᠢᠭᠲᠠᠰᠢᠭᠤᠯᠵᠤ ᠨᠬᠤᠬᠤ ᠠᠷᠭ᠎ᠠ ᠪᠤᠶᠤ ᠳᠣᠲᠣᠭᠰᠢ ᠴᠢᠭᠯᠡᠭᠰᠡᠨ ᠲᠡᠰᠦᠷᠡᠯᠲᠡ ᠲᠡᠢ ᠠᠷᠭ᠎ᠠ ᠶᠤᠮ᠃ 2᠃ ᠴᠥᠮ᠎ᠡ ᠶᠢᠨ ᠨᠢᠭᠡᠳᠦᠯ ᠦᠨ ᠷᠧᠶᠠᠺᠼ ᠠᠴᠠ ᠶᠡᠬᠡ ᠬᠡᠮᠵᠢᠶᠡᠨ ᠦ ᠡᠨᠧᠷᠭᠢ ᠭᠠᠷᠭᠠᠳᠠᠭ ᠵᠡᠪᠰᠡᠭ ᠶᠤᠮ᠃ ᠲᠡᠶᠢᠮᠦᠷᠬᠡᠦ ᠵᠡᠪᠰᠡᠭ ᠦᠳ ᠢ ᠶᠡᠷᠦᠩᠬᠡᠢ ᠳᠦ ᠪᠡᠨ ᠬᠠᠯᠠᠭᠤᠨ ᠴᠥᠮ᠎ᠡ ᠶᠢᠨ ᠵᠡᠪᠰᠡᠭ ᠪᠤᠶᠤ ᠤᠰᠤᠲᠥᠶᠢᠷᠦᠭᠴᠢ ᠶᠢᠨ ᠪᠥᠮᠪᠥᠭᠡ /H ᠍ ᠪᠥᠮᠪᠥᠭᠡ/ ᠭᠡᠵᠦ ᠨᠡᠷᠡᠯᠡᠳᠡᠭ᠃ ᠴᠥᠮ᠎ᠡ ᠶᠢᠨ ᠵᠡᠪᠰᠡᠭ ᠲᠡᠢ ᠣᠷᠣᠨ ᠨᠤᠭᠤᠳ ᠤᠯᠤᠰ ᠴᠥᠮ᠎ᠡ ᠶᠢᠨ ᠵᠡᠪᠰᠡᠭ ᠦᠨ ᠲᠣᠭ᠎ᠠ ᠲᠤᠷᠰᠢᠭᠰᠠᠨ ᠲᠣᠭ᠎ᠠ ᠠᠮᠧᠷᠢᠺᠠ ᠶᠢᠨ ᠨᠢᠭᠡᠳᠦᠭᠰᠡᠨ ᠤᠯᠤᠰ 10600 ᠣᠷᠴᠢᠮ 920 ᠣᠷᠣᠰ 700 ᠣᠷᠴᠢᠮ 640 ᠹᠷᠠᠨᠼᠢ 350 ᠣᠷᠴᠢᠮ 180 ᠢᠽᠠᠷᠠᠶᠢᠯ 100-200 ᠣᠷᠴᠢᠮ - ᠬᠢᠲᠠᠳ 400 ᠣᠷᠴᠢᠮ 35 ᠠᠩᠭᠯᠢ 200 ᠣᠷᠴᠢᠮ 42 ᠫᠠᠺᠢᠰᠲᠠᠨ 48 ᠣᠷᠴᠢᠮ 7 ᠡᠨᠡᠳᠬᠡᠭ 40-90 ᠣᠷᠴᠢᠮ ᠬᠢᠬᠦ ᠪᠣᠯᠤᠮᠵᠢ ᠲᠠᠢ 6 ᠬᠣᠶᠢᠳ ᠰᠣᠯᠣᠩᠭᠣᠰ ᠮᠡᠳᠡᠭᠡᠯᠡᠯ ᠪᠠᠶᠢᠬᠤ ᠦᠭᠡᠢ 2

ᠬᠣᠣᠷ ᠬᠥᠨᠥᠭᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠴᠥᠮ᠎ᠡ ᠶᠢᠨ ᠵᠡᠪᠰᠡᠭ ᠦᠨ ᠠᠰᠢᠭᠯᠠᠭᠰᠠᠨ ᠢᠶᠠᠷ ᠬᠦᠮᠦᠨ᠂ ᠠᠮᠢᠲᠠᠨ᠂ ᠤᠷᠭᠤᠮᠠᠯ ᠳᠤ ᠮᠠᠰᠢ ᠶᠡᠬᠡ ᠬᠣᠣᠷ ᠬᠥᠨᠥᠭᠡᠯ ᠤᠴᠠᠷᠠᠭᠤᠯᠳᠠᠭ᠃ ᠳᠡᠯᠡᠬᠡᠢ ᠳᠦ ᠴᠥᠮ᠎ᠡ ᠶᠢᠨ ᠵᠡᠪᠰᠡᠭ ᠢ ᠪᠠᠶᠢᠯᠳᠤᠭᠠᠨ ᠤ ᠵᠣᠷᠢᠭᠤᠯᠤᠯᠲᠠ ᠪᠠᠷ ᠠᠮᠧᠷᠢᠺᠠ ᠶᠢᠨ ᠨᠢᠭᠡᠳᠦᠭᠰᠡᠨ ᠤᠯᠤᠰ 2 ᠤᠳᠠᠭ᠎ᠠ ᠠᠰᠢᠭᠯᠠᠭᠰᠠᠨ᠃

  • 1945 ᠤᠨ ᠤ 8 ᠰᠠᠷ᠎ᠠ ᠶᠢᠨ 6 ᠍ ᠤ ᠥᠷᠯᠥᠭᠡ ᠠᠮᠧᠷᠢᠺᠠ ᠶᠢᠨ ᠨᠢᠭᠡᠳᠦᠭᠰᠡᠨ ᠤᠯᠤᠰ ᠶᠠᠫᠣᠨ ᠤ ᠬᠢᠷᠣᠰᠢᠮᠠ ᠬᠣᠲᠠᠳ 《ᠪᠢᠴᠢᠬᠠᠨ ᠵᠢᠭᠠᠯ》 ᠬᠡᠮᠡᠬᠦ ᠨᠢᠭᠤᠴᠠ ᠨᠡᠷᠡᠲᠡᠢ ᠭᠠᠯᠲᠤ ᠵᠡᠪᠰᠡᠭ ᠦᠨ ᠬᠡᠯᠪᠡᠷᠢ ᠲᠡᠢ ᠦᠷᠠᠨ ᠤ ᠴᠥᠮ᠎ᠡ ᠶᠢᠨ ᠵᠡᠪᠰᠡᠭ ᠢ ᠬᠠᠶᠠᠭᠰᠠᠨ ᠶᠤᠮ᠃
  • 1945 ᠤᠨ ᠤ 8 ᠰᠠᠷ᠎ᠠ ᠶᠢᠨ 9 ᠍ ᠳᠤ ᠶᠠᠫᠣᠨ ᠤ ᠨᠠᠭᠠᠰᠠᠺ ᠲᠤ 《ᠲᠠᠷᠭᠤᠨ ᠡᠷ᠎ᠡ》 ᠬᠡᠮᠡᠬᠦ ᠨᠢᠭᠤᠴᠠ ᠨᠡᠷᠡᠲᠦ ᠳᠣᠲᠣᠭᠰᠢ ᠴᠢᠭᠯᠡᠭᠰᠡᠨ ᠲᠡᠰᠦᠷᠡᠯᠲᠡ ᠲᠡᠢ ᠫᠯᠤᠲ᠋ᠣᠨ ᠴᠥᠮ᠎ᠡ ᠶᠢᠨ ᠵᠡᠪᠰᠡᠭ ᠢ ᠬᠠᠶᠠᠭᠰᠠᠨ ᠶᠤᠮ᠃

ᠡᠳᠡᠭᠡᠷ ᠠᠲ᠋ᠣᠮ ᠤᠨ ᠴᠥᠮ᠎ᠡ ᠶᠢᠨ ᠵᠡᠪᠰᠡᠭ ᠦᠳ ᠡᠴᠡ ᠪᠣᠯᠵᠤ ᠬᠢᠷᠣᠰᠢᠮ᠎ᠠ ᠳᠤ ᠨᠡᠶᠢᠲᠡ 90.000- 166.000᠂ ᠨᠠᠭᠠᠰᠠᠺ ᠲᠤ 60.000-80.000 ᠬᠦᠮᠦᠨ ᠠᠮᠢ ᠦᠷᠡᠭᠳᠡᠵᠦ᠂ ᠬᠡᠳᠦᠨ ᠮᠢᠩᠭᠠᠨ ᠬᠦᠮᠦᠨ ᠰᠠᠴᠤᠷᠠᠭ ᠲᠤᠶᠠᠭᠠᠨ ᠳᠤ ᠬᠣᠣᠷᠳᠠᠭᠰᠠᠨ᠃ ᠴᠥᠮ᠎ᠡ ᠶᠢᠨ ᠵᠡᠪᠰᠡᠭ ᠦᠨ ᠬᠣᠣᠷ ᠬᠥᠨᠥᠭᠡᠯ

ᠪᠢᠴᠢᠭᠡᠰᠦ