ᠴᠣᠶᠢᠪᠠᠯᠰᠠᠩ ᠰᠤᠮᠤ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠡᠨᠡ ᠰᠤᠮᠤ ᠶᠢ ᠪᠤᠰᠤᠳ ᠴᠣᠶᠢᠪᠠᠯᠰᠠᠩ ᠠᠴᠠ ᠢᠯᠭᠠᠨ ᠲᠠᠨᠢᠭᠠᠷᠠᠢ
ᠴᠣᠶᠢᠪᠠᠯᠰᠠᠩ ᠰᠤᠮᠤ
ᠴᠣᠶᠢᠪᠠᠯᠰᠠᠩ ᠰᠤᠮᠤ
ᠰᠤᠮᠤ
ᠤᠯᠤᠰ᠂ ᠣᠷᠣᠨ ᠮᠣᠩᠭᠣᠯ ᠮᠣᠩᠭᠣᠯ (ᠮᠣᠩᠭᠣᠯ ᠤᠯᠤᠰ)
ᠳᠡᠭᠡᠳᠦ ᠨᠤᠲᠤᠭ ᠳᠣᠷᠣᠨᠠᠲᠤ ᠠᠶᠢᠮᠠᠭ
ᠳ᠋ᠣᠣ ᠳᠤ ᠨᠤᠲᠤᠭ
(3 ᠪᠠᠭ)
1. ᠬᠤᠯᠤᠰᠤ ᠲᠠᠢ
2. ᠰᠦᠮᠪᠦᠷ
3. ᠡᠩᠭᠡᠷ ᠱᠠᠩᠳᠠ
ᠭᠠᠵᠠᠷ ᠨᠤᠲᠤᠭ 10152 ᠺᠦᠸᠠᠳ᠋ ᠺᠢᠯᠣᠮᠧᠲ᠋ᠷ
ᠬᠦᠮᠦᠨ ᠠᠮᠠ (2009) 2,691 ᠬᠦᠮᠦᠨ
ᠰᠢᠤᠳᠠᠨ ᠳᠤᠭᠠᠷ 21030
ᠬᠠᠶᠠᠭ᠎ᠠ ᠵᠠᠯᠭᠠᠭ᠎ᠠ
ᠭᠠᠵᠠᠷ᠂ ᠨᠤᠲᠤᠭ
ᠰᠡᠷᠭᠦᠯᠡᠩ᠂ ↑ ᠭᠤᠷᠪᠠᠨᠵᠠᠭᠠᠯ
ᠰᠢᠨ᠎ᠡ ᠪᠠᠷᠭᠤ ᠪᠠᠷᠠᠭᠤᠨ
ᠬᠡᠷᠡᠯᠦᠨ᠂ ↓ ᠪᠠᠶᠠᠨ᠋ᠲᠦᠮᠡᠨ

ᠴᠣᠶᠢᠪᠠᠯᠰᠠᠩ (ᠬᠤᠳᠤᠮ ᠮᠣᠩᠭᠣᠯ ᠢᠶᠠᠷ ᠹᠠᠢᠢᠯ:ᠴᠣᠶᠢᠪᠠᠯᠰᠠᠩ ᠮᠪ᠃PNG - čoyibalsang, ᠴᠣᠶᠢᠢᠪᠠᠯᠰᠠᠩ ᠢ) — ᠳᠣᠷᠣᠨᠠᠲᠤ ᠠᠶᠢᠮᠠᠭ ᠤᠨ ᠰᠤᠮᠤ. ᠰᠤᠮᠤ ᠶᠢᠨ ᠲᠥᠪ ᠨᠢ ᠠᠶᠢᠮᠠᠭ ᠤᠨ ᠲᠥᠪ ᠴᠣᠶᠢᠪᠠᠯᠰᠠᠩ ᠬᠣᠲᠠ ᠠᠴᠠ ᠬᠣᠶᠢᠰᠢ 55 ᠺᠢᠯᠣᠮᠧᠲ᠋ᠷ ᠵᠠᠢ ᠳᠤ ᠣᠷᠣᠰᠢᠨ᠎ᠠ᠃ ᠳᠣᠷᠣᠨᠠᠲᠤ ᠮᠣᠩᠭᠣᠯ ᠤᠨ ᠲᠡᠮᠦᠷ ᠵᠠᠮ ᠤᠨ ᠬᠡᠷᠯᠢᠩ ᠢᠶᠠᠯ ᠥᠷᠲᠡᠭᠡ ᠲᠤᠰ ᠰᠤᠮᠤ ᠶᠢᠨ ᠲᠥᠪ ᠲᠦ ᠪᠠᠶᠢᠳᠠᠭ᠃ ᠤᠭ ᠰᠤᠮᠤ ᠨᠢ ᠪᠦᠭᠦᠳᠡ ᠨᠠᠶᠢᠷᠠᠮᠳᠠᠬᠤ ᠮᠣᠩᠭᠣᠯ ᠠᠷᠠᠳ ᠤᠯᠤᠰ ᠍ ᠍ ᠤᠨ ᠨᠠᠮ᠂ ᠲᠥᠷᠥ ᠶᠢᠨ ᠲᠡᠷᠢᠭᠦᠨ ᠬᠣᠷᠯᠤ᠎ᠠ ᠶᠢᠨ ᠴᠣᠶᠢᠪᠠᠯᠰᠠᠩᠭᠡᠶᠢᠨ ᠥᠰᠴᠦ ᠲᠦᠷᠦᠭᠰᠡᠨ ᠨᠤᠲᠤᠭ ᠪᠢᠯᠡ᠃

ᠶᠡᠷᠦᠩᠬᠡᠢ ᠮᠡᠳᠡᠭᠡᠯᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠲᠥᠪ ᠨᠢ ᠤᠯᠠᠭᠠᠨᠪᠠᠭᠠᠲᠤᠷᠠ ᠠᠴᠠ 711 ᠺᠢᠯᠣᠮᠧᠲ᠋ᠷ᠂ ᠴᠣᠶᠢᠪᠠᠯᠰᠠᠩ ᠬᠣᠲᠠ ᠠᠴᠠ 55 ᠺᠢᠯᠣᠮᠧᠲ᠋ᠷ ᠠᠯᠤᠰᠯᠠᠭᠳᠠᠭᠰᠠᠨ ᠬᠤᠯᠤᠰᠤᠲᠤ ᠰᠠᠭᠤᠷᠢᠨ᠃ ᠰᠤᠮᠤ ᠶᠢᠨ ᠲᠥᠪ ᠲᠦ ᠮᠠᠷᠱᠠᠯ ᠬ᠃ᠴᠣᠶᠢᠪᠠᠯᠰᠠᠩ ᠤᠨ ᠬᠥᠰᠢᠶ᠎ᠡ ᠶᠢ 2005 ᠤᠨ ᠳᠤ ᠲᠡᠭᠦᠨ ᠦ ᠮᠡᠨᠳᠦᠯᠡᠭᠰᠡᠨ ᠦ 110 ᠵᠢᠯ ᠦᠨ ᠣᠢ ᠪᠠᠷ ᠪᠣᠰᠬᠠᠭᠰᠠᠨ᠃ ᠰᠤᠮᠤ ᠶᠢᠨ ᠲᠥᠪ ᠴᠣᠶᠢᠪᠠᠯᠰᠠᠩ ᠬᠣᠲᠠ ᠶᠢᠨ ᠡᠷᠴᠢᠮ ᠬᠦᠴᠦᠨ ᠦ ᠰᠢᠰᠲ᠋ᠧᠮ ᠡᠴᠡ ᠴᠠᠬᠢᠯᠭᠠᠨ ᠢᠶᠠᠷ ᠬᠠᠩᠭᠠᠭᠳᠠᠭᠰᠠᠨ᠂ ᠲᠡᠮᠦᠷ ᠵᠠᠮ ᠤᠨ ᠥᠷᠲᠡᠭᠡ᠂ ᠬᠢᠯᠢ ᠶᠢᠨ ᠪᠣᠭᠣᠮᠲᠠ ᠲᠠᠢ᠃

ᠪᠡᠯᠴᠢᠭᠡᠷ ᠦᠨ ᠦᠶᠡᠲᠡᠨ᠂ ᠠᠯᠠᠭ ᠡᠪᠡᠰᠦ᠂ ᠬᠢᠶᠠᠭ᠂ ᠬᠢᠯᠭᠠᠨ᠎ᠠ᠂ ᠬᠠᠷᠭᠠᠨ᠎ᠠ᠂ ᠵᠢᠵᠢᠭ ᠪᠤᠲᠠᠯᠢᠭ ᠦᠶᠡᠲᠡᠨ᠂ ᠤᠯᠠᠯᠵᠢ᠂ ᠳᠡᠷᠡᠰᠦ ᠵᠣᠩᠬᠢᠯᠠᠭᠰᠠᠨ ᠬᠡᠭᠡᠷ᠎ᠡ ᠶᠢᠨ ᠤᠷᠭᠤᠮᠠᠯ ᠲᠠᠢ᠃ ᠬᠡᠷᠯᠡᠩ ᠦᠨ ᠬᠥᠪᠡᠭᠡ ᠪᠡᠷ ᠠᠯᠠᠭ ᠡᠪᠡᠰᠦ᠂ ᠦᠶᠡᠲᠡᠨ᠂ ᠤᠯᠠᠯᠵᠢ ᠪᠦᠬᠦᠢ ᠨᠤᠭᠤ ᠶᠢᠨ ᠤᠷᠭᠤᠮᠠᠯ ᠡᠯᠪᠡᠭ ᠲᠡᠢ᠃

ᠬᠡᠷᠯᠡᠩ ᠦᠨ ᠳᠠᠭᠠᠤ ᠪᠤᠷᠭᠠᠰᠤᠨ ᠰᠢᠭᠤᠢ ᠲᠠᠢ᠃ ᠨᠤᠲᠤᠭ ᠤᠨ ᠶᠡᠬᠡᠩᠬᠢ ᠶᠢ ᠳᠣᠷᠣᠨᠠᠲᠤ ᠮᠣᠩᠭᠣᠯ ᠤᠨ ᠲᠡᠭᠰᠢ ᠲᠠᠯ᠎ᠠ᠂ ᠭᠦᠪ ᠢᠶᠡᠨ ᠲᠣᠯᠣᠭᠠᠳ ᠡᠵᠡᠯᠡᠳᠡᠭ᠃ ᠴᠤᠪᠤᠷᠠᠭ᠎ᠠ (970 ᠮ), ᠰᠡᠷᠭᠦᠯᠡᠩ (899 ᠮ), ᠶᠡᠬᠡ ᠦᠨᠡᠭᠡ ᠳᠦ (956 ᠮ), ᠥᠯᠵᠡᠶᠢᠲᠦ (786 ᠮ), ᠴᠠᠭᠠᠨ ᠲᠣᠯᠣᠭᠠᠢ (652 ᠮ), ᠳᠤᠮᠳᠠ ᠬᠢᠷ᠎ᠠ ᠳᠤ (773 ᠮ) ᠭᠡᠬᠦ ᠮᠡᠲᠦ ᠠᠤᠯᠠᠯᠠᠰ ᠲᠠᠢ᠃ ᠡᠬᠡ ᠭᠠᠵᠠᠷ ᠤᠨ ᠡᠷᠡᠰ ᠲᠡᠰᠦ ᠠᠭᠤᠷ ᠠᠮᠢᠰᠬᠤᠯ ᠲᠠᠢ᠃ 1 ᠳᠦᠭᠡᠷ ᠰᠠᠷ᠎ᠠ ᠶᠢᠨ ᠳᠤᠮᠳᠠᠴᠢ ᠲᠣᠯᠠᠭᠠᠨ ᠤ ᠬᠡᠮᠵᠢᠶ᠎ᠡ -22°ᠰ᠂ 7 ᠳ᠋ᠤᠭᠠᠷ ᠰᠠᠷ ᠤᠨ ᠬᠢ +21 °ᠰ᠂ ᠵᠢᠯ ᠳᠤ ᠳᠤᠮᠳᠠᠴᠢ ᠪᠠᠷ 200-280 ᠮᠢᠯᠯᠢᠮᠧᠲ᠋ᠷ ᠲᠤᠨᠳᠠᠰᠤ ᠤᠨᠠᠳᠠᠭ᠃ ᠶᠠᠬᠢ᠂ ᠬᠢᠷ᠎ᠠ ᠳᠤ᠂ ᠬᠠᠷ᠎ᠠ ᠨᠠᠭᠤᠷ᠂ ᠴᠠᠭᠠᠨ ᠨᠠᠭᠤᠷ᠂ ᠬᠥᠬᠡ ᠨᠠᠭᠤᠷ ᠭᠡᠬᠦ ᠮᠡᠲᠦ ᠨᠠᠭᠤᠷ ᠲᠣᠭᠣᠷᠢᠮ ᠲᠠᠢ᠃ ᠨᠤᠲᠤᠭ ᠤᠨ ᠨᠢ ᠳᠤᠮᠳᠠᠭᠤᠷ ᠬᠡᠷᠡᠯᠦᠨ ᠭᠣᠣᠯ ᠤᠷᠤᠰᠴᠤ ᠥᠩᠭᠡᠷᠡᠳᠡᠭ᠃ ᠺᠠᠷᠪᠶᠢᠨᠲᠠᠯᠢᠭ᠂ ᠮᠠᠷᠠᠯᠢᠭ ᠨᠢᠮᠭᠡᠨ᠂ ᠬᠠᠷ᠎ᠠ ᠬᠦᠷᠢᠨ ᠬᠥᠷᠥᠰᠥ ᠵᠣᠩᠬᠢᠯᠠᠳᠠᠭ᠃ ᠴᠠᠭᠠᠨ ᠵᠡᠭᠡᠷ᠎ᠡ᠂ ᠴᠢᠨᠣ᠎ᠠ᠂ ᠦᠨᠡᠭᠡ᠂ ᠬᠢᠷᠰᠠ᠂ ᠳᠣᠷᠣᠭᠣ᠂ ᠲᠠᠷᠪᠠᠭ᠎ᠠ ᠵᠡᠷᠭᠡ ᠠᠨ ᠠᠮᠢᠲᠠᠨ ᠲᠠᠢ᠃ ᠬᠡᠭᠡᠷ᠎ᠡ ᠶᠢᠨ᠃ᠪᠣᠯᠤᠨ ᠤᠰᠤᠨ ᠤ ᠰᠢᠪᠠᠭᠤ ᠡᠯᠪᠡᠭ ᠲᠡᠢ᠃ ᠳᠡᠯᠭᠡᠷᠮᠥᠶᠢᠩᠬᠡ᠂ ᠨᠠᠶᠢᠩᠭᠢ᠂ ᠭᠤᠷᠪᠠᠨᠪᠠᠶᠠᠨ᠂ ᠦᠨᠡᠭᠡ ᠳᠦ᠂ ᠪᠤᠶᠠᠨᠳᠡᠯᠭᠡᠷ᠂ ᠬᠤᠯᠤᠰᠤ ᠲᠠᠢ᠂ ᠪᠠᠶᠠᠨᠬᠤᠲᠤᠭ ᠵᠡᠷᠭᠡ ᠲᠠᠬᠢᠯᠭ᠎ᠠ ᠲᠠᠢ ᠠᠭᠤᠯᠠ ᠣᠪᠣᠭ᠎ᠠ ᠲᠠᠢ᠃ ᠲᠤᠰ ᠰᠤᠮᠤ 2005 ᠤᠨ ᠤ ᠲᠣᠭᠠᠯᠠᠯᠭ᠎ᠠ ᠪᠠᠷ 2844 ᠬᠦᠮᠦᠨ ᠠᠮᠠ ᠲᠠᠢ᠂ ᠵᠠᠰᠠᠭ ᠵᠠᠬᠢᠷᠭᠠᠨ ᠤ ᠨᠢᠭᠡᠴᠡ 3 ᠪᠠᠭ ᠲᠠᠢ᠃ ᠮᠥᠨ ᠤᠨ ᠤ ᠲᠣᠭᠠᠯᠠᠯᠭ᠎ᠠ ᠪᠠᠷ 69645 ᠲᠣᠯᠣᠭᠠᠢ ᠮᠠᠯ ᠲᠠᠢ᠂ ᠡᠭᠦᠨ ᠦ ᠳᠣᠲᠣᠷ᠎ᠠ ᠲᠡᠮᠡᠭᠡ 597, ᠠᠳᠤᠭᠤ 10163, ᠦᠬᠡᠷ 7735, ᠬᠣᠨᠢ 32495, ᠢᠮᠠᠭ᠎ᠠ 18755 ᠲᠣᠯᠣᠭᠠᠢ ᠪᠠᠶᠢᠨ᠎ᠠ᠃

ᠲᠡᠦᠬᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠦᠭᠦᠳᠡ ᠨᠠᠶᠢᠷᠠᠮᠳᠠᠬᠤ ᠮᠣᠩᠭᠣᠯ ᠠᠷᠠᠳ ᠤᠯᠤᠰ ᠤᠨ ᠪᠠᠭ᠎ᠠ ᠬᠤᠷᠠᠯ ᠤᠨ ᠲᠡᠷᠢᠭᠦᠯᠡᠭᠴᠢᠳ ᠦᠨ ᠲᠣᠭᠲᠠᠭᠠᠯ ᠢᠶᠠᠷ 1931 ᠤᠨ ᠳᠤ ᠬᠠᠭᠤᠴᠢᠨ ᠬᠣᠰᠢ ᠨᠤᠭᠤᠳ ᠢ ᠲᠠᠲᠠᠨ ᠪᠠᠭᠤᠯᠭᠠᠵᠤ ᠨᠢᠭᠡᠳᠬᠡᠬᠦ᠂ ᠰᠢᠨ᠎ᠡ ᠠᠶᠢᠮᠠᠭ᠂ ᠰᠤᠮᠤ᠂ ᠪᠠᠭ ᠪᠠᠶᠢᠭᠤᠯᠬᠤ ᠠᠵᠢᠯ ᠶᠠᠪᠤᠭᠳᠠᠬᠤ ᠦᠶ᠎ᠡ ᠳᠦ ᠣᠴᠢᠷᠰᠦᠮᠪᠦᠷ᠂ ᠳᠡᠯᠭᠡᠷᠮᠥᠶᠢᠩᠬᠡ᠂ ᠪᠠᠶᠠᠩᠲᠠᠯᠠᠪᠠᠢ ᠰᠤᠮᠤᠳ ᠢ ᠨᠡᠶᠢᠯᠡᠭᠦᠯᠵᠦ ᠨᠢᠭᠡ ᠰᠤᠮᠤ ᠪᠣᠯᠭᠠᠨ ᠳᠠᠪᠤᠰᠤᠲᠤ ᠰᠤᠮᠤ ᠭᠡᠵᠦ ᠨᠡᠷᠡᠯᠡᠵᠡᠢ᠃

ᠡᠨᠡ ᠰᠤᠮᠤ ᠨᠢ 1000 ᠭᠠᠷᠤᠢ ᠡᠷᠦᠬᠡ ᠲᠡᠢ᠂ 10 ᠭᠠᠷᠤᠢ ᠪᠠᠭ ᠲᠠᠢ ᠨᠡᠯᠢᠶᠡᠳ ᠲᠣᠮᠣ ᠰᠤᠮᠤ ᠪᠣᠯᠤᠭᠰᠠᠨ ᠪᠠᠶᠢᠨ᠎ᠠ᠃ 1935 ᠤᠨ ᠳᠤ ᠣᠷᠣᠨ ᠨᠤᠲᠤᠭ ᠤᠨ ᠵᠠᠰᠠᠭ ᠵᠠᠬᠢᠷᠭ᠎ᠠ ᠰᠢᠨᠡᠴᠢᠯᠡᠭᠰᠡᠨ ᠵᠠᠷᠴᠢᠮ ᠢᠶᠠᠷ ᠰᠤᠩᠭᠤᠬᠤ᠂ ᠲᠡᠭᠦᠨ ᠦ ᠭᠦᠢᠴᠡᠳᠭᠡᠬᠦ ᠡᠭᠦᠷᠭᠡ ᠶᠢ ᠨᠡᠮᠡᠭᠳᠡᠭᠦᠯᠬᠦ ᠠᠵᠢᠯ ᠣᠷᠣᠨ ᠨᠤᠲᠤᠭ ᠲᠤ ᠵᠣᠬᠢᠶᠠᠵᠤ ᠡᠨᠡ ᠠᠰᠠᠭᠤᠳᠠᠯ ᠢᠶᠠᠷ ᠳᠠᠪᠤᠰᠤᠲᠤ ᠰᠤᠮᠤ ᠶᠢᠨ ᠲᠥᠯᠥᠭᠡᠯᠡᠭᠴᠢᠳ ᠦᠨ ᠬᠤᠷᠠᠯ ᠬᠤᠷᠠᠯᠳᠤᠵᠤ᠂ ᠬᠤᠷᠠᠯ ᠳᠡᠭᠡᠷ᠎ᠡ ᠣᠯᠠᠨ ᠲᠥᠯᠥᠭᠡᠯᠡᠭᠴᠢᠳ ᠡᠴᠡ ᠰᠤᠮᠤ ᠶᠢᠨ ᠨᠡᠷ᠎ᠡ ᠨᠢ ᠵᠣᠬᠢᠮᠵᠢ ᠦᠭᠡᠢ ᠪᠠᠶᠢᠨ᠎ᠠ᠂ ᠣᠯᠣᠩ ᠳᠤ ᠠᠯᠳᠠᠷᠰᠢᠭᠰᠠᠨ ᠬᠠᠭᠤᠴᠢᠨ ᠭᠤᠷᠪᠠᠨ ᠰᠤᠮᠤ ᠶᠢᠨ ᠠᠷᠠᠳ ᠣᠯᠣᠩ ᠳᠤ ᠲᠠᠭᠠᠯᠠᠮᠵᠢᠲᠠᠢ ᠭᠤᠷᠪᠠᠨ ᠭᠠᠵᠠᠷ ᠤᠨ ᠨᠡᠷ᠎ᠡ ᠡᠴᠡ ᠠᠳᠠᠯᠢ ᠲᠡᠭᠰᠢ ᠣᠷᠣᠭᠤᠯᠵᠤ ᠰᠤᠮᠤ ᠪᠠᠨ ᠨᠡᠷᠡᠯᠡᠬᠦ ᠨᠢ ᠵᠦᠢᠲᠡᠢ ᠭᠡᠵᠦ ᠰᠠᠨᠠᠯ ᠭᠠᠷᠭᠠᠭᠰᠠᠨ ᠢ ᠦᠨᠳᠦᠰᠦᠯᠡᠨ ᠬᠤᠷᠠᠯ ᠠᠴᠠ ᠰᠤᠮᠤ ᠶᠢᠨ ᠨᠡᠷ᠎ᠡ ᠶᠢ ᠬᠠᠭᠤᠴᠢᠨ ᠣᠴᠢᠷᠰᠦᠮᠪᠦᠷ ᠰᠤᠮᠤ ᠶᠢᠨ ᠨᠡᠷ᠎ᠡ ᠡᠴᠡ 《ᠣᠴᠢᠷ》, ᠪᠠᠶᠠᠩᠲᠠᠯᠠᠪᠠᠢ ᠰᠤᠮᠤ ᠶᠢᠨ ᠨᠡᠷ᠎ᠡ ᠡᠴᠡ 《ᠪᠠᠶᠠᠨ》, ᠳᠡᠯᠭᠡᠷᠮᠥᠶᠢᠩᠬᠡ ᠰᠤᠮᠤ ᠶᠢᠨ ᠨᠡᠷ᠎ᠡ ᠡᠴᠡ 《ᠮᠥᠩᠬᠡ》 ᠭᠡᠳᠡᠭ ᠨᠡᠷ᠎ᠡ ᠶᠢ ᠠᠪᠴᠤ ᠸᠴᠢᠷᠪᠠᠶᠠᠩᠮᠥᠶᠢᠩᠬᠡ ᠰᠤᠮᠤ ᠭᠡᠵᠦ ᠨᠡᠷᠡᠯᠡᠭᠰᠡᠨ ᠪᠠᠶᠢᠨ᠎ᠠ᠃ ᠡᠨᠡ ᠰᠤᠮᠤ ᠨᠢ 15 ᠪᠠᠭ ᠲᠠᠢ ᠵᠣᠬᠢᠶᠠᠨ ᠪᠠᠶᠢᠭᠤᠯᠤᠭᠳᠠᠵᠠᠢ᠃ 1936 ᠤᠨ ᠳᠤ 15 ᠪᠠᠭ ᠤᠨ 1338 ᠡᠷᠦᠬᠡ ᠠᠵᠤ ᠠᠬᠤᠶᠢᠲᠠᠨ ᠳᠤ 131313 ᠲᠣᠯᠣᠭᠠᠢ ᠮᠠᠯ ᠪᠠᠶᠢᠭᠰᠠᠨ ᠪᠠᠶᠢᠨ᠎ᠠ᠃ ᠮᠥᠨ ᠤᠨ ᠳᠤ ᠰᠤᠮᠤ ᠶᠢᠨ ᠵᠠᠬᠢᠷᠭᠠᠨ ᠤ ᠨᠢᠭᠡ ᠭᠡᠷ ᠲᠦ ᠵᠤᠨ ᠤ ᠲᠦᠷᠢ ᠰᠤᠷᠭᠠᠭᠤᠯᠢ (ᠪᠠᠭᠰᠢ ᠨᠢ ᠳᠤᠤᠭᠠᠷ), 1937 ᠤᠨ ᠳᠤ ᠮᠠᠯ ᠡᠮᠨᠡᠯᠭᠡ ᠶᠢᠨ ᠰᠠᠯᠪᠤᠷᠢ (ᠪᠠᠭ᠎ᠠ ᠡᠮᠴᠢ ᠨᠢ ᠬᠠᠨᠳᠠ ᠶᠢᠨ ᠳᠣᠷᠵᠢ), 1938 ᠤᠨ ᠳᠤ ᠬᠦᠮᠦᠨ ᠡᠮᠨᠡᠯᠭᠡ ᠶᠢᠨ ᠰᠠᠨᠢᠲ᠋ᠠᠷ ᠰᠠᠯᠪᠤᠷᠢ (ᠡᠷᠬᠢᠯᠡᠭᠴᠢ ᠨᠢ ᠰᠠᠨᠢᠲ᠋ᠠᠷ ᠤᠷᠤᠰᠢᠬᠤ) ᠪᠠᠶᠢᠭᠤᠯᠤᠭᠳᠠᠵᠠᠢ᠃ ᠳᠡᠭᠡᠷᠡᠬᠢ ᠲᠦᠷᠢ ᠰᠤᠷᠭᠠᠭᠤᠯᠢ ᠨᠢ 1940 ᠤᠨ ᠳᠤ ᠰᠤᠮᠤ ᠶᠢᠨ ᠠᠩᠬᠠᠨ ᠤ ᠪᠠᠭ᠎ᠠ ᠰᠤᠷᠭᠠᠭᠤᠯᠢ ᠪᠣᠯᠵᠤ 60 ᠬᠡᠦᠬᠡᠳ ᠲᠡᠢ᠂ 8 ᠢᠰᠡᠭᠡᠢ ᠭᠡᠷ᠂ ᠨᠢᠭᠡ ᠵᠢᠵᠢᠭ ᠪᠠᠶᠢᠰᠢᠩ ᠳᠤ ᠬᠣᠶᠠᠷ ᠪᠠᠭᠰᠢ (ᠪᠠᠯᠭᠠᠨ ᠤ ᠵᠠᠮᠢᠶᠠᠨ᠂ ᠵᠦᠭᠳᠡᠷ ᠦᠨ ᠳᠣᠷᠵᠢᠫᠠᠯᠠᠮ) ᠍ ᠍ ᠲᠠᠢ ᠬᠢᠴᠢᠶᠡᠯᠯᠡᠬᠦ ᠪᠣᠯᠤᠭᠰᠠᠨ ᠪᠠᠶᠢᠨ᠎ᠠ᠃ 1942 ᠤᠨ ᠤ ᠡᠬᠢᠨ ᠳᠦ ᠵᠠᠷᠢᠮ ᠰᠤᠮᠤᠳ ᠤᠨ ᠵᠣᠬᠢᠶᠠᠨ ᠪᠠᠶᠢᠭᠤᠯᠤᠯᠲᠠᠨ ᠳᠤ ᠲᠡᠭᠰᠢᠳᠬᠡᠯ ᠬᠢᠬᠦ ᠦᠶ᠎ᠡ ᠳᠦ ᠲᠤᠰ ᠰᠤᠮᠤ ᠶᠢᠨ 6 ᠪᠠᠭ ᠤᠨ 660 ᠡᠷᠦᠬᠡ ᠶᠢᠨ 1970 ᠬᠦᠮᠦᠨ ᠠᠮᠠ᠂ 57500 ᠭᠠᠷᠤᠢ ᠮᠠᠯ ᠢ ᠭᠤᠷᠪᠠᠨᠵᠠᠭᠠᠯ ᠰᠤᠮᠤᠨ ᠳᠤ ᠰᠢᠯᠵᠢᠭᠦᠯᠦᠭᠡᠳ ᠸᠴᠢᠷᠪᠠᠶᠠᠩᠮᠥᠶᠢᠩᠬᠡ ᠰᠤᠮᠤ ᠨᠢ 9 ᠪᠠᠭ ᠲᠠᠢ 748 ᠡᠷᠦᠬᠡ 54700 ᠭᠠᠷᠤᠢ ᠲᠣᠯᠣᠭᠠᠢ ᠮᠠᠯ ᠲᠠᠢ ᠦᠯᠡᠳᠡᠵᠡᠢ᠃

1944 ᠤᠨ ᠳᠤ ᠤᠯᠤᠰ ᠤᠨ ᠪᠠᠭ᠎ᠠ ᠬᠤᠷᠠᠯ ᠤᠨ ᠲᠡᠷᠢᠭᠦᠯᠡᠭᠴᠢᠳ ᠦᠨ ᠲᠣᠭᠲᠠᠭᠠᠯ ᠢᠶᠠᠷ ᠸᠴᠢᠷᠪᠠᠶᠠᠩᠮᠥᠶᠢᠩᠬᠡ ᠰᠤᠮᠤ ᠶᠢᠨ ᠨᠡᠷᠡᠢ ᠪᠡᠷᠡᠴᠢᠯᠡᠵᠦ ᠪᠦᠭᠦᠳᠡ ᠨᠠᠶᠢᠷᠠᠮᠳᠠᠬᠤ ᠮᠣᠩᠭᠣᠯ ᠠᠷᠠᠳ ᠤᠯᠤᠰ ᠤᠨ ᠬᠣᠱᠣᠢ ᠪᠠᠭᠠᠲᠤᠷ᠂ ᠮᠠᠷᠱᠠᠯ ᠴᠣᠶᠢᠪᠠᠯᠰᠠᠩ ᠤᠨ ᠨᠡᠷ᠎ᠡ ᠪᠡᠷ ᠨᠡᠷᠡᠯᠡᠭᠰᠡᠨ ᠪᠠᠶᠢᠨ᠎ᠠ᠃ ᠲᠤᠰ ᠰᠤᠮᠤᠨ ᠳᠤ ᠨᠢᠭᠡᠳᠦᠯᠵᠢᠬᠦ ᠬᠥᠳᠡᠯᠭᠡᠭᠡᠨ ᠡᠷᠴᠢᠮᠲᠡᠢ ᠶᠠᠪᠤᠭᠳᠠᠵᠤ 1937-1958 ᠤᠨ ᠳᠤ 《ᠵᠢᠷᠭᠠᠯᠠᠩᠲᠤ ᠠᠮᠢᠳᠤᠷᠠᠯ》, 《ᠬᠡᠷᠡᠯᠦᠨ ᠴᠠᠭᠠᠨ ᠲᠠᠯᠠᠪᠠᠢ》, 《ᠭᠤᠴᠢᠨ ᠵᠢᠯ》, 《ᠬᠡᠷᠡᠯᠦᠨ》, 《ᠪᠠᠶᠠᠩᠳᠡᠯᠭᠡᠷ》, 《ᠳᠡᠯᠭᠡᠷᠡᠬᠦ》 ᠨᠢᠭᠡᠳᠦᠯ ᠦᠳ ᠪᠠᠶᠢᠭᠤᠯᠤᠭᠳᠠᠵᠤ 1959 ᠤᠨ ᠳᠤ ᠡᠳᠡᠭᠡᠷ ᠨᠢᠭᠡᠳᠦᠯ ᠦᠳ ᠨᠡᠶᠢᠯᠡᠵᠦ ᠨᠢᠭᠡᠳᠦᠯ ᠨᠡᠶᠢᠭᠡᠮ ᠤᠨ 34519, ᠭᠡᠰᠢᠭᠦᠳ ᠦᠨ ᠠᠮᠢᠨ ᠤ 28364 ᠪᠦᠭᠦᠳᠡ 62883 ᠲᠣᠯᠣᠭᠠᠢ ᠮᠠᠯᠤ ᠲᠠᠢ ᠪᠠᠷ ᠨᠢᠭᠡ ᠨᠢᠭᠡᠳᠦᠯ ᠪᠣᠯᠵᠤ᠂ ᠨᠢᠭᠡᠳᠦᠯ ᠦᠨ ᠨᠡᠷ᠎ᠡ ᠶᠢ 《ᠬᠡᠷᠡᠯᠦᠨ ᠴᠠᠭᠠᠨ ᠲᠠᠯᠠᠪᠠᠢ》 (ᠳᠠᠷᠤᠭ᠎ᠠ ᠨᠢ ᠰ᠃ᠭᠣᠮᠪᠣᠵᠠᠪ) ᠭᠡᠵᠦ ᠨᠡᠷᠡᠯᠡᠵᠡᠢ᠃

ᠠᠲᠠᠷ ᠭᠠᠵᠠᠷ ᠡᠵᠡᠮᠰᠢᠵᠦ᠂ ᠭᠠᠵᠠᠷ ᠲᠠᠷᠢᠶᠠᠯᠠᠩ ᠢ ᠬᠥᠭᠵᠢᠭᠦᠯᠬᠦ ᠵᠣᠷᠢᠯᠲᠠ ᠶᠢ ᠮᠣᠩᠭᠣᠯ ᠠᠷᠠᠳ ᠤᠨ ᠬᠤᠪᠢᠰᠬᠠᠯᠲᠤ ᠨᠠᠮ ᠤᠨ ᠲᠥᠪ ᠬᠣᠷᠢᠶᠠᠨ ᠤ 1959 ᠤᠨ ᠤ III ᠪᠦᠭᠦᠳᠡ ᠬᠤᠷᠠᠯ ᠠᠴᠠ ᠳᠡᠪᠰᠢᠭᠦᠯᠦᠭᠰᠡᠨ ᠦ ᠦᠨᠳᠦᠰᠦᠨ ᠳᠦ ᠲᠤᠰ ᠰᠤᠮᠤᠨ ᠳᠤ ᠰᠠᠩ ᠤᠨ ᠠᠵᠤ ᠠᠬᠤᠢ ᠪᠠᠶᠢᠭᠤᠯᠤᠭᠳᠠᠵᠤ ᠬᠡᠷᠯᠡᠩ ᠦᠨ САА (ᠳᠠᠷᠤᠭ᠎ᠠ ᠨᠢ ᠲ᠃ᠳ᠋ᠠᠭᠪᠠ) ᠭᠡᠵᠦ ᠨᠡᠷᠡᠯᠡᠪᠡ᠃ ᠰᠢᠨ᠎ᠡ ᠪᠠᠶᠢᠭᠤᠯᠤᠭᠳᠠᠭᠰᠠᠨ САА ᠍ ᠍ ᠦᠨ ᠠᠵᠢᠯᠴᠢᠨ᠂ ᠠᠯᠪᠠᠨ ᠬᠠᠭᠠᠭᠴᠢᠳ ᠪᠣᠯᠤᠨ 《ᠬᠡᠷᠡᠯᠦᠨ ᠴᠠᠭᠠᠨ ᠲᠠᠯᠠᠪᠠᠢ》 ᠨᠢᠭᠡᠳᠦᠯ ᠦᠨ ᠨᠢᠭᠡᠳᠦᠯᠴᠢᠨ ᠣᠯᠠᠨ ᠤ ᠰᠠᠨᠠᠯ ᠬᠦᠰᠡᠯᠲᠡ ᠶᠢ ᠬᠠᠷᠠᠭᠠᠯᠵᠠᠨ ᠤᠯᠤᠰ᠂ ᠠᠶᠢᠮᠠᠭ ᠤᠨ ᠤᠳᠤᠷᠢᠳᠬᠤ ᠳᠡᠭᠡᠳᠦ ᠪᠠᠶᠢᠭᠤᠯᠤᠯᠭ᠎ᠠ ᠨᠤᠭᠤᠳ ᠤᠨ ᠰᠢᠢᠳᠪᠦᠷᠢ ᠪᠡᠷ 1961 ᠤᠨ ᠳᠤ САА, ᠨᠢᠭᠡᠳᠦᠯ ᠬᠣᠶᠠᠷ ᠨᠡᠶᠢᠯᠡᠵᠦ ᠰᠤᠮᠤ᠂ САА ᠪᠣᠯᠵᠤ ᠴᠣᠶᠢᠪᠠᠯᠰᠠᠩ ᠰᠤᠮᠤ᠂ ᠬᠡᠷᠯᠡᠩ ᠦᠨ САА ᠭᠡᠵᠦ ᠨᠡᠷᠡᠯᠡᠭᠳᠡᠬᠦ ᠪᠣᠯᠤᠭᠰᠠᠨ ᠪᠠᠶᠢᠨ᠎ᠠ᠃ ᠤᠭ САА ᠨᠢ ᠮᠠᠯ ᠠᠵᠤ ᠠᠬᠤᠢ᠂ ᠭᠠᠵᠠᠷ ᠲᠠᠷᠢᠶᠠᠯᠠᠩ ᠤᠨ ᠦᠢᠯᠡᠳᠪᠦᠷᠢᠯᠡᠯ ᠢ ᠭᠣᠣᠯᠯᠠᠨ ᠡᠷᠬᠢᠯᠡᠵᠦ᠂ ᠤᠯᠤᠰ ᠤᠨ ᠹᠣᠨᠳ᠋ ᠍ ᠍ ᠤᠨ ᠡᠪᠡᠰᠦ ᠪᠡᠯᠡᠳᠬᠡᠬᠦ᠂ ᠭᠠᠬᠠᠢ᠂ ᠰᠢᠪᠠᠭᠤ ᠥᠰᠬᠡᠬᠦ᠂ ᠠᠶᠢᠮᠠᠭ ᠤᠨ ᠲᠥᠪ ᠢ ᠰᠦ᠋ ᠍ ᠍ ᠪᠡᠷ ᠬᠠᠩᠭᠠᠬᠤ ᠴᠢᠭᠯᠡᠯ ᠢᠶᠡᠷ ᠠᠵᠢᠯᠯᠠᠵᠤ ᠪᠠᠶᠢᠭᠠᠳ1990 ᠍ ᠍ ᠊ᠭᠡᠳ ᠤᠨ ᠤ ᠥᠮᠴᠢ ᠬᠤᠪᠢᠴᠢᠯᠠᠯ ᠢᠶᠠᠷ ᠤᠯᠤᠰ ᠤᠨ ᠮᠠᠯ᠂ ᠲᠠᠷᠢᠶᠠᠯᠠᠩ ᠤᠨ ᠬᠥᠷᠥᠩᠭᠡ ᠲᠧᠭᠨᠢᠭ ᠢ ᠠᠵᠤ ᠠᠬᠤᠢ ᠶᠢᠨ ᠨᠢᠭᠡᠴᠡ᠂ ᠬᠤᠪᠢ ᠬᠦᠮᠦᠰ ᠲᠦ ᠥᠭᠭᠦᠭᠰᠡᠨ᠃ ᠰᠤᠮᠤ ᠶᠢᠨ ᠨᠤᠲᠤᠭ ᠳᠡᠪᠢᠰᠬᠡᠷ ᠨᠢ 1015212 ᠭᠠ᠂ ᠡᠭᠦᠨ ᠡᠴᠡ ᠪᠡᠯᠴᠢᠭᠡᠷ ᠦᠨ ᠭᠠᠵᠠᠷ 827316.2 ᠭᠠ᠂ ᠬᠠᠳᠤᠯᠠᠩ ᠤᠨ ᠲᠠᠯᠠᠪᠠᠢ 31339 ᠭᠠ᠂ ᠲᠠᠷᠢᠶᠠᠯᠠᠩ ᠤᠨ ᠭᠠᠵᠠᠷ 7000 ᠭᠠ ᠪᠠᠶᠢᠨ᠎ᠠ᠃

ᠠᠯᠳᠠᠷ ᠭᠠᠪᠢᠶᠠᠲᠠᠨ ᠨᠤᠭᠤᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠢᠴᠢᠭᠡᠰᠦ