ᠴᠣᠭᠲᠤ ᠰᠤᠮᠤ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ

ᠴᠣᠭᠲᠤ (ᠴᠣᠬᠲᠤ) ᠨᠢ ᠭᠣᠪᠢ-ᠠᠯᠲᠠᠢ ᠠᠶᠢᠮᠠᠭ ᠤᠨ ᠰᠤᠮᠤ ᠶᠤᠮ᠃ ᠰᠤᠮᠤ ᠶᠢᠨ ᠨᠤᠲᠤᠭ ᠤᠨ ᠭᠣᠪᠢ ᠶᠢᠨ ᠬᠡᠰᠡᠭ ᠲᠦ ᠪᠠᠶᠠᠨ᠋ᠲᠤᠭᠠᠷᠠᠢ ᠲᠣᠰᠬᠣᠨ ᠣᠷᠣᠰᠢᠨ᠎ᠠ᠃

ᠭᠣᠪᠢ-ᠠᠯᠲᠠᠢ ᠠᠶᠢᠮᠠᠭ ᠤᠨ ᠴᠣᠭᠲᠤ ᠰᠤᠮᠤ ᠨᠢ ᠠᠯᠲᠠᠢ ᠶᠢᠨ ᠨᠢᠷᠤᠭᠤᠨ ᠤ ᠲᠡᠭᠦᠰᠬᠡᠯ᠂ ᠶᠡᠬᠡ ᠭᠣᠪᠢ ᠶᠢᠨ ᠪᠠᠷᠠᠭᠤᠨ ᠬᠣᠶᠢᠳᠤ ᠬᠡᠰᠡᠭ ᠲᠦ ᠰᠤᠮᠤ ᠶᠢᠨ ᠲᠥᠪ ᠨᠢ ᠠᠶᠢᠮᠠᠭ ᠤᠨ ᠲᠥᠪ ᠡᠴᠡ 246 ᠺᠢᠯᠣᠮᠧᠲ᠋ᠷ᠂ ᠤᠯᠠᠭᠠᠨᠪᠠᠭᠠᠲᠤᠷ ᠬᠣᠲᠠ ᠠᠴᠠ 956 ᠺᠢᠯᠣᠮᠧᠲ᠋ᠷ᠂ ᠪᠠᠷᠠᠭᠤᠨ ᠲᠠᠯ᠎ᠠ ᠪᠠᠷ ᠢᠶᠠᠨ ᠠᠯᠲᠠᠢ᠂ ᠴᠡᠭᠡᠯ ᠬᠣᠶᠢᠳᠤ ᠲᠠᠯ᠎ᠠ ᠪᠠᠷ ᠢᠶᠠᠨ ᠬᠠᠯᠢᠭᠤᠨ᠂ ᠪᠢᠭᠦᠷ ᠵᠡᠭᠦᠨ ᠲᠠᠯ᠎ᠠ ᠪᠠᠷ ᠢᠶᠠᠨ ᠡᠷᠳᠡᠨᠢ᠂ ᠤᠷᠢᠳᠤ ᠲᠠᠯ᠎ᠠ ᠪᠠᠷ ᠢᠶᠠᠨ ᠪᠠᠶᠠᠨᠬᠣᠩᠭᠣᠷ ᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠦᠨ ᠰᠢᠨᠵᠢᠶᠠᠩ ᠤᠶᠢᠭᠤᠷ ᠤᠨ ᠥᠪᠡᠷᠲᠡᠭᠡᠨ ᠵᠠᠰᠠᠬᠤ ᠣᠷᠣᠨ ᠲᠠᠢ ᠲᠤᠰ ᠲᠤᠰ ᠬᠢᠯᠢᠯᠡᠨ ᠣᠷᠣᠰᠢᠨ᠎ᠠ᠃ ᠲᠤᠰ ᠰᠤᠮᠤ ᠶᠢᠨ ᠬᠠᠮᠤᠭ ᠤᠨ ᠨᠠᠮ ᠳᠣᠣᠷ᠎ᠠ ᠴᠡᠭ ᠨᠢ ᠳᠠᠯᠠᠢ ᠶᠢᠨ ᠲᠦᠪᠰᠢᠨ ᠡᠴᠡ ᠳᠡᠭᠡᠭᠰᠢ 861 ᠮ ᠡᠷᠭᠦᠭᠳᠡᠭᠰᠡᠨ᠂ /ᠠᠯᠲᠠᠢ ᠶᠢᠨ ᠴᠠ ᠳᠤ ᠬᠢ ᠭᠣᠪᠢ ᠭᠠᠰᠢᠭᠤᠨ ᠭᠦᠨ ᠦ ᠬᠣᠭᠣᠯᠠᠢ/, ᠬᠠᠮᠤᠭ ᠤᠨ ᠥᠨᠳᠥᠷ ᠴᠡᠭ ᠨᠢ 3765 ᠮ ᠥᠨᠳᠥᠷ ᠲᠡᠢ ᠡᠮᠡᠯᠴᠡᠭ ᠦᠨ ᠬᠢᠷ᠎ᠠ ᠶᠤᠮ᠃ ᠴᠣᠭᠲᠤ ᠰᠤᠮᠤ ᠶᠢᠨ ᠨᠤᠲᠤᠭ ᠲᠤ ᠶᠡᠬᠡ ᠲᠣᠣᠷᠠᠢ ᠶᠢᠨ ᠨᠢᠷᠤᠭᠤ᠂ ᠶᠡᠬᠡ ᠮᠡᠯᠲᠦᠰ ᠦᠨ ᠨᠢᠷᠤᠭᠤ᠂ ᠲᠠᠯ᠎ᠠ ᠶᠢᠨ ᠮᠡᠯᠲᠦᠰ ᠦᠨ ᠬᠣᠶᠢᠳᠤ ᠨᠢᠷᠤᠭᠤ᠂ ᠲᠠᠯ᠎ᠠ ᠶᠢᠨ ᠮᠡᠯᠲᠦᠰ ᠦᠨ ᠬᠣᠶᠢᠳᠤ ᠨᠢᠷᠤᠭᠤ᠂ ᠬᠠᠷ᠎ᠠ ᠦᠵᠦᠭᠦᠷ ᠦᠨ ᠨᠢᠷᠤᠭᠤ ᠵᠡᠷᠭᠡ ᠠᠯᠲᠠᠢ ᠶᠢᠨ ᠨᠢᠷᠤᠭᠤᠨ ᠤ ᠰᠠᠯᠪᠤᠷᠢ ᠨᠢᠷᠤᠭᠤᠳ ᠪᠠᠶᠢᠬᠤ ᠠᠴᠠ ᠭᠠᠳᠠᠨ᠎ᠠ᠂ ᠬᠤᠯᠤᠩ ᠤᠨ ᠪᠣᠷᠣ ᠲᠣᠯᠣᠭᠠᠢ ᠶᠢᠨ ᠬᠥᠨᠳᠡᠢ᠂ ᠨᠢᠳᠦᠨ ᠪᠤᠯᠠᠭ ᠤᠨ ᠬᠥᠨᠳᠡᠢ᠂ ᠬᠣᠭᠣᠯᠠᠢ ᠶᠢᠨ ᠳᠣᠪᠣᠩ ᠤᠨ ᠬᠥᠨᠳᠡᠢ᠂ ᠡᠬᠡ ᠳᠡᠯ ᠦᠨ ᠬᠥᠨᠳᠡᠢ᠂ ᠪᠠᠯᠴᠢᠩ ᠤᠨ ᠬᠣᠭᠣᠯᠠᠢ ᠵᠡᠷᠭᠡ ᠣᠷᠣᠰᠢᠨ᠎ᠠ᠃ ᠴᠣᠭᠲᠤ ᠰᠤᠮᠤ ᠶᠢᠨ ᠥᠪᠥᠷ ᠬᠡᠰᠡᠭ ᠢᠶᠡᠷ ᠴᠥᠯ ᠦᠨ ᠪᠣᠷᠣ ᠰᠠᠷᠠᠯ᠂ ᠬᠥᠷᠥᠰᠥ᠂ ᠠᠭᠤᠯᠠᠨ ᠳᠤ ᠪᠠᠨ ᠤᠤᠯ ᠤᠨ ᠨᠤᠭᠤ ᠶᠢᠨ ᠪᠠ ᠤᠤᠯ ᠤᠨ ᠬᠦᠷᠡᠩ ᠬᠥᠷᠥᠰᠥᠲᠡᠢ᠂ ᠨᠤᠲᠤᠭ ᠤᠨ ᠬᠣᠶᠢᠳᠤ ᠬᠡᠰᠡᠭ ᠢᠶᠡᠷ ᠬᠦᠷᠡᠩ ᠬᠥᠷᠥᠰᠥᠲᠡᠢ᠂ ᠴᠣᠭᠲᠤ ᠰᠤᠮᠤ ᠶᠢᠨ ᠥᠪᠥᠷ ᠢᠶᠡᠷ ᠭᠣᠪᠢ ᠶᠢᠨ ᠤᠷᠭᠤᠮᠠᠯ ᠲᠠᠢ᠂ ᠠᠭᠤᠯᠠᠨ ᠳᠤ ᠪᠠᠨ ᠤᠤᠯ ᠤᠨ ᠬᠡᠭᠡᠷ᠎ᠡ᠂ ᠬᠣᠶᠢᠳᠤ ᠬᠡᠰᠡᠭ ᠢᠶᠡᠷ ᠢᠶᠡᠨ ᠬᠡᠭᠡᠷ᠎ᠡ ᠶᠢᠨ ᠤᠷᠭᠤᠮᠠᠯ ᠲᠠᠷᠬᠠᠵᠠᠢ᠃ ᠰᠤᠮᠤ ᠶᠢᠨ ᠨᠤᠲᠤᠭ ᠲᠤ ᠳᠡᠯᠡᠬᠡᠢ ᠳᠦ ᠨᠡᠩ ᠬᠣᠪᠣᠷᠳᠠᠭᠰᠠᠨ ᠪᠥᠬᠥᠨ᠂ ᠬᠤᠯᠠᠨ᠂ ᠬᠠᠪᠲᠠᠭᠠᠢ ᠪᠣᠯᠤᠨ ᠪᠤᠰᠤᠳ ᠣᠯᠠᠨ ᠲᠥᠷᠥᠯ ᠦᠨ ᠠᠮᠢᠲᠠᠳ ᠠᠮᠢᠳᠤᠷᠠᠳᠠᠭ ᠪᠠᠶᠢᠨ᠎ᠠ᠂ ᠰᠤᠮᠤ ᠶᠢᠨ ᠬᠡᠮᠵᠢᠶ᠎ᠡ ᠪᠡᠷ ᠵᠠᠭᠤᠨ ᠲᠠᠪᠢᠭᠠᠳ ᠭᠠᠷᠤᠢ ᠮᠠᠯ ᠲᠠᠢ ᠪᠥᠭᠡᠳ ᠮᠠᠯ ᠤᠨ ᠣᠯᠠᠩᠬᠢ ᠨᠢ ᠬᠣᠨᠢ᠂ ᠢᠮᠠᠭ᠎ᠠ ᠶᠤᠮ᠃ ᠭᠠᠵᠠᠷ ᠲᠠᠷᠢᠶᠠᠯᠠᠩ ᠪᠠᠷᠤᠭ ᠬᠥᠭᠵᠢᠭᠡ ᠦᠭᠡᠢ ᠭᠠᠵᠠᠷ ᠪᠣᠯᠤᠨ᠎ᠠ᠃

ᠪᠢᠴᠢᠭᠡᠰᠦ