ᠴᠢᠺᠠᠭᠣ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠴᠢᠺᠠᠭᠣ ᠬᠣᠲᠠ
ᠬᠣᠲᠠ

ᠰᠦᠯᠳᠡ ᠲᠤᠭ

ᠰᠦᠯᠳᠡ ᠲᠡᠮᠳᠡᠭ

ᠴᠢᠺᠠᠭᠣ
ᠤᠯᠤᠰ᠂ ᠣᠷᠣᠨ Flag of the United States.svg ᠠᠮᠧᠷᠢᠺᠠ (ᠠᠮᠧᠷᠢᠺᠠ ᠶᠢᠨ ᠨᠢᠭᠡᠳᠦᠭᠰᠡᠨ ᠤᠯᠤᠰ)
ᠮᠤᠵᠢ ᠤᠯᠤᠰ Flag of Illinois.svg ᠢᠯᠯᠢᠨᠣᠢ
ᠳᠡᠭᠡᠷᠡᠬᠢ ᠨᠤᠲᠤᠭ ᠺᠦᠶᠢᠺ ᠬᠣᠰᠢᠭᠤ
ᠭᠠᠵᠠᠷ ᠨᠤᠲᠤᠭ 606 км²
ᠭᠠᠵᠠᠷ ᠤᠨ ᠪᠠᠶᠢᠴᠠ ᠳᠠᠯᠠᠢ ᠶᠢᠨ ᠲᠦᠪᠰᠢᠨ ᠡᠴᠡ 182 ᠮ
ᠬᠦᠮᠦᠨ ᠠᠮᠠ (2012) 2,714,856 ᠬᠦᠮᠦᠨ
ᠴᠠᠭ ᠤᠨ ᠪᠥᠰᠡ ᠲᠥᠪ ᠠᠮᠧᠷᠢᠺᠠ ᠶᠢᠨ ᠴᠠᠭ (ГЦ᠍ -6)
ᠤᠲᠠᠰᠤᠨ ᠳ᠋ᠣᠭᠠᠷ 312, 773, 872
ᠴᠠᠬᠢᠮ ᠭᠠᠵᠠᠷ cityofchicago.org

ᠴᠢᠺᠠᠭᠣ (ᠠᠩᠭᠯᠢ ᠪᠠᠷ Chicago, ᠱᠢᠺᠠᠭᠣ ᠭᠡᠵᠦ ᠳᠠᠭᠤᠳᠠᠨ᠎ᠠ) ᠬᠣᠲᠠ ᠨᠢ ᠠᠮᠧᠷᠢᠺᠠ ᠶᠢᠨ ᠨᠢᠭᠡᠳᠦᠭᠰᠡᠨ ᠤᠯᠤᠰ ᠍ ᠤᠨ ᠢᠯᠯᠢᠨᠣᠢ ᠮᠤᠵᠢ ᠤᠯᠤᠰ ᠤᠨ ᠬᠠᠮᠤᠭ ᠤᠨ ᠣᠯᠠᠨ ᠬᠦᠮᠦᠨ ᠠᠮᠠ ᠲᠠᠢ ᠬᠣᠲᠠ ᠪᠥᠭᠡᠳ ᠠᠮᠧᠷᠢᠺᠠ ᠶᠢᠨ ᠨᠢᠭᠡᠳᠦᠭᠰᠡᠨ ᠤᠯᠤᠰ ᠳᠠᠭᠠᠨ 2.7 ᠰᠠᠶ᠎ᠠ ᠪᠠᠶᠢᠩᠭᠤ ᠶᠢᠨ ᠣᠷᠣᠰᠢᠨ ᠰᠠᠭᠤᠭᠴᠢ ᠢᠷᠭᠡᠳ ᠦᠨ ᠲᠣᠭ᠎ᠠ ᠪᠠᠷ ᠢᠶᠠᠨ 3 ᠳᠠᠬᠢ ᠲᠣᠮᠣ ᠬᠣᠲᠠ ᠨᠢ ᠪᠣᠯᠳᠠᠭ᠃ ᠳᠠᠶᠠᠭᠠᠷᠴᠢᠯᠠᠯ ᠪᠠ ᠳᠡᠯᠡᠬᠡᠢ ᠶᠢᠨ ᠬᠣᠲᠠ ᠨᠤᠭᠤᠳ ᠰᠤᠳᠤᠯᠭᠠᠨ ᠤ ᠲᠥᠪ ᠡᠴᠡ ᠭᠠᠷᠭᠠᠭᠰᠠᠨ ᠦᠵᠡᠭᠦᠯᠦᠯᠲᠡ ᠪᠡᠷ ᠳᠡᠯᠡᠬᠡᠢ ᠶᠢᠨ 7 ᠳᠠᠬᠢ ᠲᠣᠮᠣ ᠬᠣᠲᠠ ᠪᠠᠷ 2012 ᠣᠨ ᠳᠤ ᠰᠢᠯᠭᠠᠷᠠᠭᠰᠠᠨ᠃ ᠳᠡᠯᠡᠬᠡᠢ ᠶᠢᠨ ᠬᠣᠶᠠᠳᠠᠭᠴᠢ ᠬᠦᠴᠦᠨ ᠴᠢᠳᠠᠯ ᠪᠦᠬᠦᠢ ᠣ'ᠬᠡᠢᠷ ᠣᠯᠠᠨ ᠤᠯᠤᠰ ᠤᠨ ᠨᠢᠰᠬᠦ ᠪᠠᠭᠤᠳᠠᠯ ᠴᠢᠺᠠᠭᠣ ᠬᠣᠳᠠ ᠳᠤ ᠬᠠᠷᠢᠶᠠᠯᠠᠭᠳᠠᠬᠤ ᠪᠠ 2008 ᠣᠨ ᠳᠤ ᠤᠭ ᠬᠣᠲᠠ 45.6 ᠰᠠᠶ᠎ᠠ ᠭᠠᠳᠠᠭᠠᠳᠤ ᠶᠢᠨ ᠪᠣᠯᠤᠨ ᠳᠣᠲᠣᠭᠠᠳᠤ ᠶᠢᠨ ᠵᠣᠴᠢᠳ ᠵᠢᠭᠤᠯᠴᠢᠳ ᠢ ᠬᠦᠯᠢᠶᠡᠨ ᠠᠪᠤᠭᠰᠠᠨ ᠪᠠᠶᠢᠳᠠᠭ᠃ ᠬᠣᠲᠠ ᠶᠢ "Chi-city" (ᠴᠢ ᠬᠣᠲᠠ), "Windy city" (ᠰᠠᠯᠬᠢ ᠳᠤ ᠬᠣᠲᠠ), "Second city" (ᠬᠣᠶᠠᠳᠠᠭᠴᠢ ᠬᠣᠲᠠ) ᠭᠡᠬᠦ ᠮᠡᠲᠦ ᠪᠡᠷ ᠨᠡᠷᠡᠯᠡᠬᠦ ᠨᠢ ᠲᠦᠭᠡᠮᠡᠯ ᠪᠠᠶᠢᠳᠠᠭ᠃

ᠨᠡᠷ᠎ᠡ ᠶᠢᠨ ᠭᠠᠷᠤᠯ ᠡᠭᠦᠰᠦᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠴᠢᠺᠠᠭᠣ ᠨᠡᠷ᠎ᠡ ᠨᠢ ᠠᠮᠧᠷᠢᠺᠠ ᠶᠢᠨ ᠠᠭᠤᠭᠤᠯ ᠢᠨᠳᠢᠶᠠᠨ ᠨᠤᠭᠤᠳ ᠤᠨ "ᠵᠡᠷᠯᠢᠭ ᠰᠣᠩᠭᠢᠨ᠎ᠠ" ᠪᠤᠶᠤ "ᠵᠡᠷᠯᠢᠭ ᠰᠠᠷᠮᠢᠰ" ᠭᠡᠰᠡᠨ ᠤᠳᠬ᠎ᠠ ᠲᠠᠢ shikaakwa ᠭᠡᠰᠡᠨ ᠦᠭᠡ ᠪᠡᠷ ᠴᠢᠺᠠᠭᠣ ᠣᠷᠴᠢᠮ ᠤᠨ ᠠᠩᠬᠠᠨ ᠤ ᠣᠷᠣᠰᠢᠨ ᠰᠠᠭᠤᠭᠴᠢ ᠧᠦᠢᠷᠣᠫᠠᠴᠤᠳ ᠢ ᠨᠡᠷᠡᠯᠡᠳᠡᠭ ᠪᠠᠶᠢᠭᠰᠠᠨ ᠦᠭᠡᠨ ᠡᠴᠡ ᠭᠠᠷᠤᠯᠲᠠᠢ ᠪᠠ ᠷᠣᠪᠧᠷᠲ ᠳᠧ ᠯᠠᠰᠧᠯᠯᠧ 1688 ᠣᠨ ᠤ ᠲᠡᠮᠳᠡᠭᠯᠡᠯ ᠳᠦ ᠪᠡᠨ ᠡᠨᠡ ᠣᠷᠴᠢᠮ ᠤᠨ ᠭᠠᠵᠠᠷ ᠢ ᠨᠡᠷᠡᠯᠡᠬᠦ ᠳᠦ ᠪᠡᠨ ᠤᠭ ᠦᠭᠡ ᠶᠢ ᠬᠡᠷᠡᠭᠯᠡᠭᠰᠡᠨ ᠪᠠᠶᠢᠭᠰᠠᠨ ᠨᠢ ᠣᠳᠣᠨ ᠤ ᠴᠢᠺᠠᠭᠣ ᠪᠣᠯᠤᠭᠰᠠᠨ ᠪᠠᠶᠢᠨ᠎ᠠ᠃ (ᠨᠤᠲᠤᠭ ᠤᠨ ᠠᠭᠤᠭᠤᠯ ᠢᠷᠭᠡᠳ ᠲᠦ ᠧᠦ᠋ᠷᠣᠫᠠ ᠠᠴᠠ ᠢᠷᠡᠭᠰᠡᠨ ᠴᠠᠭᠠᠴᠢ ᠺᠣᠯᠣᠨᠴᠢᠯᠠᠭᠴᠢᠳ ᠠᠴᠠ ᠰᠣᠩᠭᠢᠨ᠎ᠠ ᠰᠠᠷᠮᠢᠰᠤᠨ ᠤ ᠦᠨᠦᠷ ᠦᠨᠦᠷᠲᠡᠳᠡᠭ ᠪᠠᠶᠢᠭᠰᠠᠨ ᠨᠢ ᠲᠡᠳᠡᠨ ᠢ ᠡᠨᠡ ᠨᠡᠷ᠎ᠡ ᠪᠡᠷ ᠨᠡᠷᠡᠯᠡᠬᠦ ᠳᠦ ᠬᠦᠷᠭᠡᠵᠡᠢ)


Commons
Викимедиа дуу дүрсний сан: ᠴᠢᠺᠠᠭᠣ
http://wiki.uhaan.com/index.php?title=ᠴᠢᠺᠠᠭᠣ&oldid=432372》 ᠍  ᠡᠴᠡ ᠠᠪᠤᠭᠰᠠᠨ

ᠪᠢᠴᠢᠭᠡᠰᠦ