ᠴᠢᠷᠠᠯᠽ ᠳᠠᠷᠪᠢᠨ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠴᠢᠷᠠᠯᠽ ᠳᠠᠷᠪᠢᠨ 51 ᠨᠠᠰᠤᠲᠠᠢ ᠳᠤ ᠪᠠᠨ

ᠴᠢᠷᠠᠯᠽ ᠷᠣᠪᠧᠷᠲ ᠳᠠᠷᠪᠢᠨ ᠪᠤᠶᠤ ᠴᠢᠷᠠᠯᠽ ᠳᠠᠷᠪᠢᠨ (ᠠᠩᠭᠯᠢ ᠪᠠᠷ Charles Robert Darwin, 1809 ᠣᠨ ᠤ 2 ᠰᠠᠷ᠎ᠠ ᠶᠢᠨ 12 - 1882 ᠣᠨ ᠤ 4 ᠰᠠᠷ᠎ᠠ ᠶᠢᠨ 19) ᠨᠢ ᠧᠣᠣᠯᠢᠶᠦ᠋ᠼ ᠦᠨ ᠣᠨᠣᠯ ᠢᠶᠠᠷ ᠢᠶᠠᠨ ᠠᠯᠳᠠᠷᠰᠢᠭᠰᠠᠨ᠂ ᠠᠩᠭᠯᠢ ᠍ ᠶᠢᠨ ᠨᠠᠲ᠋ᠦᠶᠢᠷᠠᠯᠢᠰᠲᠪᠢᠣᠯᠣᠭᠢᠴᠤ ᠪᠠᠶᠢᠴᠠᠢ᠃ ᠳᠠᠷᠪᠢᠨ ᠠᠩᠬ᠎ᠠ ᠡᠷᠳᠡᠮᠲᠡᠳ ᠦᠨ ᠳᠤᠮᠳᠠ ᠭᠧᠣᠯᠣᠭᠢ ᠍ ᠶᠢᠨ ᠰᠠᠯᠪᠤᠷᠢ ᠳᠤ ᠣᠷᠣᠭᠤᠯᠤᠭᠰᠠᠨ ᠬᠤᠪᠢ ᠨᠡᠮᠡᠷᠢ ᠪᠡᠷ ᠢᠶᠡᠨ ᠠᠯᠳᠠᠷᠰᠢᠭᠰᠠᠨ ᠪᠥᠭᠡᠳ ᠡᠭᠦᠨ ᠦ ᠳᠠᠷᠠᠭ᠎ᠠ ᠪᠠᠷ ᠪᠦᠬᠦᠢ ᠯᠠ ᠠᠮᠢᠳᠤ ᠪᠡᠶᠡᠰ ᠨᠢᠭᠡ ᠪᠤᠶᠤ ᠪᠠᠭ᠎ᠠ ᠲᠣᠭᠠᠨ ᠤ ᠡᠪᠦᠭᠡ ᠡᠴᠡ ᠪᠠᠶᠢᠭᠠᠯᠢ ᠶᠢᠨ ᠰᠢᠯᠭᠠᠷᠠᠯ ᠤᠨ ᠵᠠᠮ ᠢᠶᠠᠷ ᠬᠤᠪᠢᠰᠴᠤ ᠢᠷᠡᠭᠰᠡᠨ ᠬᠡᠮᠡᠨ ᠦᠵᠡᠵᠦ᠂ ᠡᠭᠦᠨ ᠳᠦ ᠰᠢᠨᠵᠢᠯᠡᠬᠦ ᠤᠬᠠᠭᠠᠨ ᠤ ᠨᠣᠲᠠᠯᠠᠭ᠎ᠠ ᠶᠢ ᠥᠭᠴᠡᠢ᠃

ᠲᠡᠭᠦᠨ ᠦ ᠠᠮᠢᠳᠤ ᠪᠠᠶᠢᠬᠤ ᠬᠤᠭᠤᠴᠠᠭᠠᠨ ᠳᠤ ᠧᠣᠣᠯᠢᠶᠦ᠋ᠼ ᠦᠨ ᠣᠨᠣᠯ ᠡᠷᠳᠡᠮᠲᠡᠳ ᠪᠣᠯᠤᠨ ᠶᠡᠷᠦᠳᠡ ᠶᠢᠨ ᠢᠷᠭᠡᠳ ᠲᠦ ᠬᠦᠯᠢᠶᠡᠨ ᠵᠥᠪᠰᠢᠶᠡᠷᠡᠭᠳᠡᠭᠰᠡᠨ ᠪᠥᠭᠡᠳ ᠪᠠᠶᠢᠭᠠᠯᠢ ᠶᠢᠨ ᠰᠢᠯᠭᠠᠷᠠᠯ ᠤᠨ ᠲᠤᠬᠠᠢ ᠣᠨᠣᠯ ᠨᠢ 1930 ᠍ ᠊ᠭᠠᠳ ᠣᠨ ᠳᠤ ᠧᠣᠣᠯᠢᠶᠦ᠋ᠼ ᠦᠨ ᠫᠷᠣᠼᠧᠰᠰᠢ ᠶᠢᠨ ᠭᠣᠣᠯ ᠲᠠᠶᠢᠯᠪᠤᠷᠢ ᠪᠣᠯᠬᠤ ᠨᠢ ᠬᠦᠯᠢᠶᠡᠨ ᠵᠥᠪᠰᠢᠶᠡᠷᠡᠭᠳᠡᠭᠰᠡᠨ᠃ ᠡᠳᠡᠭᠡᠷ ᠨᠢ ᠣᠳᠣ ᠶᠢᠨ ᠧᠣᠣᠯᠢᠶᠦ᠋ᠼ ᠦᠨ ᠣᠨᠣᠯ ᠤᠨ ᠭᠣᠣᠯ ᠲᠤᠯᠭᠠᠭᠤᠷᠢ ᠪᠣᠯᠵᠤ ᠥᠭᠳᠡᠭ᠃

ᠳᠠᠷᠪᠢᠨ ᠤ ᠨᠡᠭᠡᠭᠡᠯᠲᠡ ᠨᠢ ᠠᠮᠢᠳᠤ ᠪᠡᠶᠡᠰ ᠦᠨ ᠣᠯᠠᠨ ᠶᠠᠩᠵᠤ ᠪᠠᠶᠢᠳᠠᠯ ᠶᠠᠭᠠᠬᠢᠵᠤ ᠪᠤᠢ ᠪᠣᠯᠤᠭᠰᠠᠨ ᠢ ᠲᠠᠶᠢᠯᠪᠤᠷᠢᠯᠠᠳᠠᠭ ᠢᠶᠠᠷ ᠢᠶᠠᠨ ᠪᠢᠣᠯᠣᠭᠢ ᠍ ᠶᠢᠨ ᠰᠢᠨᠵᠢᠯᠡᠬᠦ ᠤᠬᠠᠭᠠᠨ ᠤ ᠲᠤᠯᠭᠠᠭᠤᠷᠢ ᠪᠣᠯᠵᠤ ᠥᠭᠳᠡᠭ ᠪᠠᠶᠢᠨ᠎ᠠ᠃

ᠧᠣᠣᠯᠢᠶᠦ᠋ᠼ ᠦᠨ ᠣᠨᠣᠯ ᠢᠶᠠᠨ ᠪᠣᠯᠪᠠᠰᠤᠷᠠᠭᠤᠯᠤᠭᠰᠠᠨ ᠨᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠳᠠᠷᠪᠢᠨ ᠨᠢ ᠡᠳ᠋ᠨᠪᠦᠷᠦᠭ ᠦᠨ ᠶᠡᠬᠡ ᠰᠤᠷᠭᠠᠭᠤᠯᠢ᠂ ᠳᠠᠷᠠᠭ᠎ᠠ ᠨᠢ ᠺᠧᠮᠪᠷᠢᠵᠤ ᠶᠢᠨ ᠶᠡᠬᠡ ᠰᠤᠷᠭᠠᠭᠤᠯᠢ ᠳᠤ ᠰᠤᠷᠤᠯᠴᠠᠵᠤ ᠪᠠᠶᠢᠬᠤ ᠳᠤ ᠪᠠᠨ ᠪᠠᠶᠢᠭᠠᠯᠢ ᠶᠢᠨ ᠲᠡᠦᠬᠡ ᠳᠦ ᠰᠣᠨᠢᠷᠬᠠᠯᠲᠠᠢ ᠪᠣᠯᠵᠠᠢ᠃ 1831-1836 ᠣᠨ ᠤ ᠬᠣᠭᠣᠷᠣᠨᠳᠣ 5 ᠵᠢᠯ ᠦᠨ ᠲᠤᠷᠰᠢ ᠪᠭᠦᠯ ᠬᠥᠯᠥᠭ ᠣᠩᠭᠣᠴᠠ ᠪᠠᠷ ᠠᠶᠠᠯᠠᠵᠤ ᠪᠠᠶᠢᠬᠤ ᠶᠠᠪᠤᠴᠠ ᠳᠠᠬᠢ ᠲᠡᠭᠦᠨ ᠦ ᠣᠨᠣᠯ ᠤᠳ ᠪᠠ ᠠᠵᠢᠭᠡᠯᠡᠯᠲᠠ ᠨᠤᠭᠤᠳ ᠨᠢ ᠴᠢᠷᠠᠯᠽ ᠯᠠᠢᠧᠯ ᠦᠨ ᠣᠨᠣᠯ ᠤᠳ ᠢ ᠪᠠᠲᠤᠯᠠᠭᠠᠵᠢᠭᠤᠯᠵᠤ᠂ ᠭᠧᠣᠯᠣᠭᠢᠴᠤ ᠪᠣᠯᠭᠠᠭᠰᠠᠨ ᠪᠥᠭᠡᠳ ᠡᠨᠡ ᠠᠶᠠᠯᠠᠯ ᠤᠨ ᠢᠶᠠᠨ ᠲᠡᠮᠳᠡᠭᠯᠡᠯ ᠢ ᠬᠡᠪᠯᠡᠵᠦ ᠨᠡᠶᠢᠲᠡᠯᠡᠭᠰᠡᠨ ᠨᠢ ᠲᠡᠭᠦᠨ ᠢ ᠠᠯᠳᠠᠷᠲᠠᠢ ᠨᠣᠮ ᠤᠨ ᠵᠣᠬᠢᠶᠠᠯᠴᠢ ᠪᠣᠯᠭᠠᠵᠠᠢ᠃

ᠲᠡᠷᠡ ᠪᠡᠷ ᠠᠶᠠᠯᠠᠯ ᠤᠨ ᠶᠠᠪᠤᠴᠠ ᠳᠤ ᠴᠤᠭᠯᠠᠭᠤᠯᠤᠭᠰᠠᠨ ᠠᠮᠢᠲᠠᠨ ᠤᠷᠭᠤᠮᠠᠯ᠂ ᠴᠢᠯᠠᠭᠤᠵᠢᠭ᠌ᠰᠠᠨ ᠠᠮᠢᠳᠤ ᠪᠡᠶᠡᠰ ᠦᠨ ᠭᠠᠵᠠᠷ ᠵᠦᠢ ᠶᠢᠨ ᠲᠠᠷᠬᠠᠯᠲᠠ ᠶᠢᠨ ᠲᠤᠬᠠᠢ ᠡᠷᠡᠭᠡᠯᠵᠡᠭᠰᠡᠭᠡᠷ᠂ ᠵᠦᠢᠯ ᠦᠳ ᠦᠨ ᠲᠷᠠᠨᠰᠠᠮᠤᠲᠠᠼᠢ ᠍ ᠶᠢᠨ ᠲᠤᠬᠠᠢ ᠰᠤᠳᠤᠯᠵᠤ 1838 ᠣᠨ ᠳᠤ ᠪᠠᠶᠢᠭᠠᠯᠢ ᠶᠢᠨ ᠰᠢᠯᠭᠠᠷᠠᠯ ᠤᠨ ᠲᠤᠬᠠᠢ ᠣᠨᠣᠯ ᠢᠶᠠᠨ ᠠᠩᠬ᠎ᠠ ᠭᠠᠷᠭᠠᠵᠠᠢ᠃ ᠥᠪᠡᠷ ᠦᠨ ᠪᠣᠳᠣᠯ ᠰᠠᠨᠠᠭ᠎ᠠ ᠪᠠᠨ ᠪᠤᠰᠤᠳ ᠨᠠᠲ᠋ᠦᠶᠢᠷᠠᠯᠢᠰᠲ ᠤᠳ ᠲᠠᠢ ᠬᠡᠯᠡᠯᠴᠡᠵᠦ ᠪᠠᠶᠢᠭᠰᠠᠨ ᠪᠣᠯᠪᠠᠴᠤ ᠲᠡᠭᠦᠨ ᠦ ᠭᠧᠣᠯᠣᠭᠢ ᠶᠢᠨ ᠠᠵᠢᠯ ᠰᠠᠭᠠᠳ ᠪᠣᠯᠵᠤ᠂ ᠣᠯᠠᠨ ᠵᠢᠯ ᠦᠨ ᠲᠤᠷᠰᠢ ᠣᠨᠣᠯ ᠢᠶᠠᠨ ᠪᠣᠯᠪᠠᠰᠤᠷᠠᠭᠤᠯᠬᠤ ᠱᠠᠭᠠᠷᠳᠠᠯᠭ᠎ᠠ ᠲᠠᠢ ᠪᠠᠶᠢᠪᠠ᠃ 1858 ᠣᠨ ᠬᠦᠷᠲᠡᠯ᠎ᠡ ᠣᠨᠣᠯ ᠢᠶᠠᠨ ᠪᠣᠯᠪᠠᠰᠤᠷᠠᠭᠤᠯᠤᠭᠰᠠᠭᠠᠷ ᠪᠠᠶᠢᠲᠠᠯ᠎ᠠ ᠥᠪᠡᠷ ᠦᠨ ᠣᠨᠣᠯ ᠲᠠᠢ ᠲᠥᠰᠲᠡᠢ ᠣᠨᠣᠯ ᠤᠨ ᠲᠤᠬᠠᠢ ᠠᠯᠹᠷ ᠲᠦ ᠷᠠᠰᠰᠧᠯ ᠤᠣᠯᠯᠧᠰ ᠲᠡᠭᠦᠨ ᠳᠦ ᠡᠰᠰᠧ ᠪᠢᠴᠢᠵᠦ ᠶᠠᠪᠤᠭᠤᠯᠤᠭᠰᠠᠨ ᠢᠶᠠᠷ᠂ ᠬᠣᠶᠠᠭᠤᠯᠠᠩ ᠤᠨ ᠣᠨᠣᠯ ᠢ ᠳᠠᠷᠤᠢ ᠬᠠᠮᠲᠤ ᠳᠤ ᠨᠢ ᠬᠡᠪᠯᠡᠭᠦᠯᠵᠡᠢ᠃

ᠳᠠᠷᠪᠢᠨ ᠨᠢ:

ᠵᠡᠷᠭᠡ ᠪᠦᠲᠦᠭᠡᠯ ᠦᠳ ᠲᠡᠭᠡᠨ ᠣᠯᠠᠨ ᠬᠤᠪᠢᠰᠤᠯ ᠤᠳᠤᠮᠰᠢᠳᠠᠭ ᠪᠥᠭᠡᠳ ᠵᠥᠪᠬᠡᠨ ᠤᠳᠤᠮᠰᠢᠳᠠᠭ ᠬᠤᠪᠢᠰᠤᠯ ᠯᠠ ᠧᠣᠣᠯᠢᠶᠦ᠋ᠼ ᠦᠨ ᠬᠦᠳᠡᠯᠭᠡᠬᠦ ᠬᠦᠴᠦᠨ ᠪᠣᠯᠳᠠᠭ ᠭᠡᠵᠦ ᠪᠢᠴᠢᠵᠦ ᠪᠠᠶᠢᠴᠠᠢ᠃

ᠮᠥᠨ ᠦᠵᠡᠬᠦ[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠠᠳᠠᠭᠠᠳᠤ ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

Commons
Викимедиа дуу дүрсний сан: ᠴᠢᠷᠠᠯᠽ ᠳᠠᠷᠪᠢᠨ

ᠪᠢᠴᠢᠭᠡᠰᠦ