ᠴᠢᠷᠠᠯᠽ ᠪᠠᠷᠺᠯᠢ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ

ᠴᠢᠷᠠᠯᠽ ᠤᠡᠢ ᠳᠦ ᠪᠠᠷᠺᠯᠢ (ᠠᠩᠭᠯᠢ ᠪᠠᠷ Charles Wade Barkley, 1963 ᠣᠨ ᠤ ᠬᠣᠶᠠᠳᠤᠭᠠᠷ ᠰᠠᠷ᠎ᠠ ᠶᠢᠨ 20 ᠍ ᠳᠤ ᠠᠯᠠᠪᠠᠮ᠎ᠠ ᠮᠤᠵᠢᠡᠶᠢᠨ ᠯᠢᠳᠡᠰ ᠬᠣᠲᠠᠣᠳᠣ ᠲᠦᠷᠦᠭᠰᠡᠨ) — ᠠᠮᠧᠷᠢᠺᠠ ᠶᠢᠨ ᠵᠣᠳᠣᠭ ᠲᠠᠶᠢᠯᠤᠭᠰᠠᠨ ᠮᠡᠷᠭᠡᠵᠢᠯ ᠦᠨ ᠰᠠᠭᠰᠤᠨ ᠪᠥᠮᠪᠥᠭᠡᠴᠢᠨ ᠪᠥᠭᠡᠳ «ᠹᠢᠯᠠᠳᠧᠯᠹᠢᠶ᠎ᠠ-76»᠂ «ᠹᠢᠨᠢᠺᠰ ᠰᠠᠨᠵᠠ»᠂ «ᠬᠦᠶᠤᠶᠢᠰᠲ᠋ᠣᠨ ᠷᠣᠺᠧᠲ᠋ᠰ» ᠪᠠᠭ ᠤᠳ ᠲᠤ 17 ᠤᠯᠠᠷᠢᠯ ᠢ ᠦᠳᠡᠬᠦ ᠳᠦ ᠪᠡᠨ NBA ᠍ ᠤᠨ ᠪᠦᠬᠦ ᠣᠳᠣᠳ ᠤᠨ ᠲᠣᠭᠯᠠᠯᠲᠠᠣᠨ ᠳᠤ 11 ᠤᠳᠠᠭ᠎ᠠ ᠰᠢᠯᠭᠠᠷᠴᠢ᠂ ᠤᠯᠠᠷᠢᠯ ᠢ ᠰᠠᠮᠪᠠᠷ᠎ᠠ ᠶᠢᠨ ᠦᠵᠡᠭᠦᠯᠦᠯᠲᠡ ᠪᠡᠷ ᠮᠠᠩᠯᠠᠶᠢᠯᠠᠵᠤ᠂ 20,000 ᠣᠨᠣᠭ᠎ᠠ᠂ 10,000 ᠰᠠᠮᠪᠠᠷ᠎ᠠ᠂ 4,000 ᠳᠠᠮᠵᠢᠭᠤᠯᠤᠯᠲᠠ ᠶᠢᠨ ᠪᠣᠰᠬ᠎ᠠ ᠶᠢ ᠳᠠᠪᠠᠭᠰᠠᠨ 4 ᠳ᠋ᠡᠬᠢ ᠲᠣᠭᠯᠠᠭᠴᠢ ᠪᠠᠷ NBA ᠍ ᠦᠨ ᠲᠡᠦᠬᠡᠨ ᠳᠦ ᠪᠢᠴᠢᠭᠳᠡᠭᠰᠡᠨ[1] 2006 ᠣᠨ ᠤ ᠠᠯᠳᠠᠷ ᠤᠨ ᠲᠠᠩᠬᠢᠮ ᠤᠨ ᠭᠡᠰᠢᠭᠦᠨ ᠪᠢᠯᠡ᠃

NBA ᠍ ᠦᠨ ᠵᠠᠮᠨᠠᠯ[ᠵᠠᠰᠠᠪᠤᠷᠢᠯᠠᠬᠤ | ᠺᠣᠳ᠋ ᠢᠶᠠᠷ ᠵᠠᠰᠠᠬᠣ]

1963 ᠣᠨ ᠤ ᠳ᠋ᠷᠠᠹᠲ᠋ᠠᠷ №1 ᠬᠠᠺᠢᠮ ᠣᠯᠵᠢᠶᠦ᠋ᠪᠤᠨ᠂ №3 ᠮᠠᠶᠢᠺᠯ ᠵᠣᠷᠳᠠᠨ᠂ №5 ᠪᠠᠷᠺᠯᠢ᠂ №16 ᠵᠣᠩ ᠰᠲ᠋ᠣᠺᠲ᠋ᠣᠨ ᠨᠠᠷ ᠤᠨ ᠳᠣᠮᠣᠭᠲᠤ ᠲᠣᠭᠯᠠᠭᠴᠢᠳ NBA ᠍ ᠳᠤ ᠡᠯᠰᠡᠵᠦ ᠪᠠᠶᠢᠯ᠎ᠠ᠃ ᠬᠦᠴᠦᠨ ᠦ ᠳᠣᠪᠲᠣᠯᠤᠭᠴᠢᠣᠣᠷ ᠲᠣᠭᠯᠠᠬᠤ ᠳᠤ ᠨᠢᠷᠤᠭᠤ ᠨᠠᠮ (1.98 ) ᠴᠤ ᠯᠠᠭᠰᠠ ᠪᠡᠶ᠎ᠡ ᠪᠡᠷ ᠢᠶᠡᠨ ᠰᠠᠮᠪᠠᠷ᠎ᠠ ᠳᠤ ᠢᠯᠡᠦᠷᠭᠡᠬᠦ ᠪᠣᠯᠰᠠᠨ᠎ᠠ ᠪᠠᠷ ᠨᠢᠭᠡᠨ ᠴᠠᠭ ᠤᠨ ᠣᠳᠣᠳ ᠤᠳ ᠠᠴᠠ ᠣᠨᠴᠠᠭᠠᠶᠢᠷᠠᠳᠠᠭ ᠪᠣᠯᠵᠠᠢ᠃ ᠷᠤᠺᠢ ᠵᠢᠯ ᠳᠤ ᠪᠡᠨ 14.0 ᠣᠨᠣᠭ᠎ᠠ᠂ 8.6 ᠰᠠᠮᠪᠠᠷ᠎ᠠ᠂ 1.9 ᠳᠠᠮᠵᠢᠭᠤᠯᠤᠯ ᠳᠤ᠂ 1.2 ᠲᠠᠰᠤᠯᠤᠯᠲᠠ᠂ 1.0 ᠬᠠᠭᠠᠯᠲᠠ ᠶᠢ 82 ᠲᠣᠭᠯᠠᠯᠲᠠᠨ ᠳᠤ 28.6 ᠮᠢᠨᠦ᠋ᠲ ᠲᠣᠭᠯᠠᠬᠤ ᠳᠤ ᠪᠠᠨ ᠳᠤᠮᠳᠠᠵᠢᠯᠠᠭᠰᠠᠨ ᠪᠥᠭᠡᠳ ᠳᠠᠷᠠᠭ᠎ᠠ ᠵᠢᠯ ᠳᠤ ᠣᠭᠴᠣᠮ ᠥᠰᠴᠢ 20.0 ᠣᠨᠣᠭ᠎ᠠ᠂ 12.8 ᠰᠠᠮᠪᠠᠷ᠎ᠠ᠂ 3.9 ᠳᠠᠮᠵᠢᠭᠤᠯᠤᠯ ᠳᠤ᠂ 2.2 ᠲᠠᠰᠤᠯᠤᠯᠲᠠ᠂ 1.6 ᠬᠠᠭᠠᠯᠲᠠ ᠪᠣᠯᠭᠠᠵᠠᠢ᠃ ᠬᠠᠷᠢᠨ ᠭᠤᠷᠪᠠ ᠳᠠᠬᠢ ᠵᠢᠯ ᠳᠤ ᠪᠡᠨ 14.6 ᠰᠠᠮᠪᠠᠷ᠎ᠠ ᠪᠠᠷ ᠯᠢᠭ ᠢ ᠲᠡᠷᠢᠭᠦᠯᠡᠭᠰᠡᠨ ᠪᠠᠶᠢᠨ᠎ᠠ᠃ ᠲᠡᠷᠡ 1988 ᠣᠨ ᠤ ᠬᠣᠶᠠᠳᠤᠭᠠᠷ ᠰᠠᠷ᠎ᠠ ᠶᠢᠨ 9 ᠍ ᠳᠦ «ᠠᠲᠯᠠᠨ᠋ᠲᠠ ᠬᠣᠺᠰ ᠤᠨ» ᠡᠰᠡᠷᠬᠦ ᠤᠯᠠᠷᠢᠯ ᠤᠨ ᠬᠤᠪᠢ ᠤᠨ ᠳᠡᠭᠡᠳᠦ 47 ᠣᠨᠣᠭ᠎ᠠ᠂ 1994 ᠣᠨ ᠤ ᠲᠠᠪᠤᠳᠤᠭᠠᠷ ᠰᠠᠷ᠎ᠠ ᠶᠢᠨ 4 ᠍ ᠳᠤ «ᠭᠣᠯᠣᠳᠧᠨ ᠰᠲᠡᠢ ᠳᠦ ᠤᠷᠷᠢᠣᠷᠵᠡ ᠶᠢᠨ» ᠡᠰᠡᠷᠬᠦ ᠫᠯᠧᠢ ᠣᠹᠹ ᠤᠨ ᠬᠤᠪᠢ ᠤᠨ ᠳᠡᠭᠡᠳᠦ 56 ᠣᠨᠣᠭ᠎ᠠ ᠶᠢ ᠠᠪᠴᠤ ᠪᠠᠶᠢᠪᠠ᠃ 1993 ᠣᠨ ᠳᠤ 25.6 ᠣᠨᠣᠭ᠎ᠠ᠂ 12.2 ᠰᠠᠮᠪᠠᠷ᠎ᠠ᠂ 5.1 ᠳᠠᠮᠵᠢᠭᠤᠯᠤᠯ ᠳᠤ᠂ 1.6 ᠲᠠᠰᠤᠯᠤᠯᠲᠠ᠂ 1.0 ᠬᠠᠭᠠᠯᠲᠠ 37.6 ᠮᠢᠨᠦ᠋ᠲᠤᠨ ᠳᠤ ᠳᠤᠮᠳᠠᠵᠢᠯᠠᠭᠰᠠᠨ ᠪᠠᠷᠺᠯᠢ «ᠤᠯᠠᠷᠢᠯ ᠤᠨ ᠦᠨ᠎ᠡ ᠴᠡᠨ᠎ᠡ ᠲᠡᠢ ᠲᠣᠭᠯᠠᠭᠴᠢ ᠪᠠᠷ» ᠠᠯᠳᠠᠷᠰᠢᠭᠰᠠᠨ ᠪᠠ ᠠᠪᠤᠷᠭᠤ ᠶᠢᠨ ᠳᠠᠭᠠᠷᠢᠯᠲᠠ «ᠹᠢᠨᠢᠺᠰ ᠰᠠᠨᠵᠠ ᠶᠢᠨ» ᠡᠮᠦᠨ᠎ᠡ ᠡᠴᠡ ᠮᠠᠶᠢᠺᠯ ᠵᠣᠷᠳᠠᠨᠲᠠᠢ «ᠴᠢᠺᠠᠭᠣ ᠪᠤᠯᠵᠠ ᠶᠢᠨ» ᠡᠰᠡᠷᠬᠦ ᠬᠢᠵᠦ 4:2 ᠬᠠᠷᠢᠴᠠᠭ᠎ᠠ ᠪᠠᠷ ᠢᠯᠠᠭᠳᠠᠭᠰᠠᠨ ᠲᠡᠦᠬᠡ ᠲᠡᠢ᠃ ᠲᠡᠭᠦᠨᠴᠢᠯᠡᠨ ᠪᠦᠬᠦ ᠣᠳᠣᠳ ᠤᠨ ᠲᠣᠭᠯᠠᠯᠲᠠᠨ ᠳᠤ ᠳᠣᠷᠣᠨᠠᠲᠤ ᠪᠥᠰᠡ ᠶᠢ ᠲᠥᠯᠥᠭᠡᠯᠡᠬᠦ ᠳᠦ ᠪᠡᠨ (116:114) ᠲᠡᠷᠡ 17 ᠣᠨᠣᠭ᠎ᠠ᠂ 22 ᠰᠠᠮᠪᠠᠷ᠎ᠠ ᠶᠢ 1967 ᠣᠨ ᠠᠴᠠ ᠬᠣᠶᠢᠰᠢ ᠤᠢᠢᠯ ᠳᠤ ᠴᠧᠮᠪᠧᠷᠯᠧᠨᠢᠢ ᠰᠠᠮᠪᠠᠷ᠎ᠠ ᠶᠢᠨ ᠦᠵᠡᠭᠦᠯᠦᠯᠲᠡ ᠲᠡᠢ ᠵᠡᠷᠭᠡᠴᠡᠵᠡᠢ᠃

ᠰᠢᠭᠰᠢᠭᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠠᠷᠺᠯᠢ ᠠᠮᠧᠷᠢᠺᠠ ᠶᠢᠨ ᠰᠢᠭᠰᠢᠭᠡ ᠳᠦ ᠪᠠᠭᠲᠠᠨ 1992, 1996 ᠣᠨ ᠤ ᠣᠯᠢᠮᠫᠢᠺ ᠤᠨ ᠨᠠᠭᠠᠳᠤᠮ ᠳᠤ ᠠᠪᠤᠷᠭᠤᠯᠠᠭᠰᠠᠨ ᠶᠤᠮ᠃ ᠲᠤᠬᠠᠢ ᠶᠢᠨ ᠦᠶ᠎ᠡ ᠳᠦ ᠰᠢᠭᠰᠢᠭᠡ 117.3 ᠣᠨᠣᠭ᠎ᠠ᠂ ᠳᠤᠮᠳᠠᠵᠢᠯᠠᠬᠤ ᠳᠤ ᠪᠠᠨ ᠥᠷᠢᠰᠦᠯᠳᠦᠭᠴᠢ ᠪᠠᠭ᠎ᠠ ᠪᠠᠨ 43.8 ᠣᠨᠣᠭ᠎ᠠ ᠪᠠᠷ ᠢᠯᠡᠭᠦᠷᠬᠡᠵᠦ ᠣᠯᠢᠮᠫᠢᠺ ᠤᠨ ᠠᠮᠵᠢᠯᠲᠠ ᠶᠢ ᠲᠣᠭᠲᠠᠭᠠᠵᠤ ᠪᠠᠶᠢᠪᠠ᠃[2] ᠬᠠᠷᠢᠨ ᠪᠠᠷᠺᠯᠢ ᠨᠢᠭᠡ ᠣᠯᠢᠮᠫᠢᠺ ᠲᠤ ᠳᠤᠮᠳᠠᠴᠢ ᠪᠠᠷ 18.0 ᠣᠨᠣᠭ᠎ᠠ ᠶᠢ 71.1 ᠬᠤᠪᠢ ᠲᠠᠢ ᠳᠣᠪᠲᠣᠯᠵᠤ ᠠᠪᠳᠠᠭ ᠪᠠᠶᠢᠴᠠᠢ᠃

ᠯᠠᠪᠯᠠᠬᠤ ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

  1. nba.com, Charles Barkley Career Statistics, accessed March 7, 2007
  2. usabasketball.com, USA Basketball: Men's Olympics History (1992), Retrieved May 16, 2009

ᠭᠠᠳᠠᠨ᠎ᠠ ᠶᠢᠨ ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠸᠢᠭᠮᠧᠳᠢᠶᠠ ᠵᠢᠷᠤᠭ ᠤᠨ ᠰᠠᠩ:
«ᠴᠢᠷᠠᠯᠽ ᠪᠠᠷᠺᠯᠢ»


ᠪᠢᠴᠢᠭᠡᠰᠦ