ᠴᠢᠴᠧᠨ ᠢᠽᠠ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠴᠢᠴᠧᠨ ᠢᠽᠠ*
United Nations Educational Scientific and Cultural Organization ᠍ ᠶᠢᠨ ᠳᠡᠯᠡᠬᠡᠢ ᠶᠢᠨ ᠥᠪ

Chichen-Itza-Castillo-Seen-From-East.JPG
ᠺᠦᠢᠺᠦᠶᠢᠯᠺᠠᠨ ᠤ ᠰᠦᠮ᠎ᠡ᠂ 《ᠡᠯ ᠺᠠᠰᠲ᠋ᠢᠯᠯᠠ》
ᠲᠥᠷᠥᠯ ᠰᠤᠶᠤᠯ ᠤᠨ
ᠰᠢᠯᠭᠠᠭᠤᠷ i᠂ ii᠂ iii
ᠳ᠋ᠤᠭᠠᠷ 483
ᠪᠥᠰᠡ** ᠯᠠᠲ᠋ᠢᠨ ᠠᠮᠧᠷᠢᠺᠠ ᠪᠠ ᠺᠠᠷᠠᠪ ᠤᠨ ᠪᠥᠰᠡ
ᠪᠦᠷᠢᠳᠬᠡᠭᠰᠡᠨ ᠲᠡᠦᠬᠡ
ᠪᠦᠷᠢᠳᠬᠡᠭᠰᠡᠨ 1988  (12 ᠍ ᠳᠦᠭᠡᠷ ᠴᠢᠭᠤᠯᠭᠠᠨ)
* ᠨᠡᠷ᠎ᠡ ᠨᠢ ᠳᠡᠯᠡᠬᠡᠢ ᠶᠢᠨ ᠥᠪ ᠦᠨ ᠵᠢᠭ᠌ᠰᠠᠭᠠᠯᠳᠠ ᠳᠤ ᠪᠦᠷᠢᠳᠬᠡᠭᠳᠡᠭᠰᠡᠨ ᠦ ᠳᠠᠭᠠᠤ᠃
** ᠪᠥᠰᠡ ᠨᠢ United Nations Educational Scientific and Cultural Organization ᠍ ᠦᠨ ᠲᠣᠭᠲᠠᠭᠠᠭᠰᠠᠨ ᠤ ᠳᠠᠭᠠᠤ᠃
ᠴᠢᠴᠧᠨ ᠢᠽᠠ ᠶᠢᠨ ᠲᠥᠪ ᠬᠡᠰᠡᠭ ᠦᠨ ᠭᠠᠵᠠᠷ ᠤᠨ ᠵᠢᠷᠤᠭ

ᠴᠢᠴᠧᠨ ᠢᠽᠠ (ᠠᠩᠭᠯᠢ ᠪᠠᠷ Chichen Itza)᠂(ᠬᠢᠲᠠᠳ ᠶᠢᠡᠷ 奇琴伊察) ᠨᠢ ᠥᠨᠥ ᠶᠢᠨ ᠮᠸᠺᠰᠢᠺᠣ ᠶᠢᠨ ᠨᠤᠲᠤᠭ ᠪᠣᠯᠬᠤ ᠶᠦᠺᠠᠲᠠᠨ ᠤ ᠬᠣᠶᠢᠭ(尤卡坦半岛) ᠤᠨ ᠤᠮᠠᠷᠠᠳᠤ ᠬᠡᠰᠡᠭ᠂ ᠤᠮᠠᠷᠠᠳᠤ ᠮᠠᠶ ᠠ ᠶᠢᠨ ᠨᠠᠮ ᠳᠣᠣᠷ᠎ᠠ ᠭᠠᠵᠠᠷ ᠲᠤ ᠪᠠᠶᠢᠷᠢᠯᠠᠬᠤ ᠮᠠᠶ ᠠ ᠶᠢᠨ ᠰᠤᠶᠤᠯ ᠢᠷᠭᠡᠨᠰᠢᠯ ᠢ ᠪᠤᠢ ᠪᠣᠯᠭᠠᠭᠰᠠᠨ ᠺᠣᠯᠤᠮᠪᠢᠶ ᠠ ᠠᠴᠠ ᠡᠮᠦᠨᠡᠬᠢ ᠦᠶ᠎ᠡ ᠶᠢᠨ ᠬᠠᠭᠤᠴᠢ ᠰᠤᠳᠤᠯᠤᠯ(ᠠᠷᠬᠧᠣᠯᠣᠭᠢ) ᠤᠨ ᠠᠪᠤᠷᠭᠤ ᠲᠣᠮᠣ ᠲᠥᠪ ᠶᠤᠮ᠃ 1988 ᠤᠨ ᠳᠤ ᠳᠡᠯᠡᠬᠡᠢ ᠶᠢᠨ ᠰᠤᠶᠤᠯ ᠤᠨ ᠦᠪ ᠶᠢᠡᠷ ᠲᠡᠮᠳᠡᠭᠯᠡᠭᠳᠡᠵᠦ᠂ ᠲᠤᠰ ᠲᠥᠪ ᠨᠢ ᠰᠣᠩᠭᠣᠳᠠᠭ ᠦᠶ᠎ᠡ ᠶᠢᠨ ᠲᠡᠭᠦᠰᠬᠡᠯ ᠡᠴᠡ ᠫᠣᠰᠲᠺᠯᠠᠰᠰᠢᠺ ᠦᠶ᠎ᠡ ᠶᠢᠨ ᠡᠬᠢᠨ ᠬᠦᠷᠲᠡᠯ᠎ᠡ(ᠨᠡᠶᠢᠲᠡ ᠶᠢᠨ ᠤᠨ ᠲᠤᠭᠠᠯᠠᠯ ᠤᠨ 600-900ᠤᠨ) ᠣᠷᠣᠰᠢᠨ ᠪᠠᠶᠢᠭᠰᠠᠨ ᠪᠠ ᠥᠪᠡᠷ ᠦᠨ ᠭᠡᠰᠡᠨ ᠣᠨᠴᠠᠯᠢᠭ ᠪᠦᠬᠦᠢ ᠮᠠᠶ ᠠ ᠶᠢᠨ ᠰᠤᠶᠤᠯ ᠢᠷᠭᠡᠨᠰᠢᠯ ᠢ ᠪᠤᠢ ᠪᠣᠯᠭᠠᠭᠰᠠᠨ ᠶᠤᠮ᠃ ᠴᠢᠴᠧᠨ ᠢᠽᠠ ᠶᠢᠨ ᠬᠠᠭᠤᠴᠢ ᠰᠤᠳᠤᠯᠤᠯ(ᠠᠷᠬᠧᠣᠯᠣᠭᠢ) ᠤᠨ ᠣᠯᠳᠠᠪᠤᠷᠢ ᠨᠤᠭᠤᠳ ᠠᠴᠠ ᠬᠠᠷᠠᠬᠤ ᠳᠤ ᠣᠯᠠᠨ ᠴᠢᠬᠤᠯᠠ ᠪᠠᠷᠢᠯᠭ᠎ᠠ ᠪᠠᠶᠢᠭᠤᠯᠤᠮᠵᠢ ᠨᠤᠭᠤᠳ ᠤᠨ ᠰᠢᠲᠠᠭᠰᠠᠨ ᠤᠯᠠ ᠮᠥᠷ ᠠᠵᠢᠭᠯᠠᠭᠳᠠᠵᠤ ᠪᠠᠶᠢᠭ᠎ᠠ ᠤᠤᠯ ᠲᠥᠪ ᠦᠨ ᠰᠦᠢᠷᠡᠯ ᠨᠢ ᠮᠠᠰᠢ ᠳᠣᠭᠰᠢᠨ ᠰᠢᠷᠦᠭᠦᠨ ᠡᠮᠭᠡᠨᠢᠯ ᠲᠡᠢ ᠪᠠᠶᠢᠭᠰᠠᠨ ᠢ ᠢᠯᠡᠳᠬᠡᠵᠦ ᠪᠠᠶᠢᠨ᠎ᠠ᠃ ᠴᠢᠴᠧᠨ ᠢᠽᠠ ᠶᠢᠨ ᠲᠡᠷᠢᠭᠦᠯᠡᠬᠦ ᠪᠠᠶᠢᠷᠢ ᠰᠠᠭᠤᠷᠢ ᠠᠯᠳᠠᠭᠳᠠᠵᠤ ᠢᠷᠡᠬᠦ ᠦᠶ᠎ᠡ ᠳᠦ ᠲᠤᠰ ᠪᠥᠰᠡ ᠨᠤᠲᠤᠭ ᠲᠤ ᠮᠠᠶ᠋ᠢᠫᠠᠨ ᠲᠥᠪ ᠮᠠᠨᠳᠤᠨ ᠭᠠᠷᠴᠤ ᠢᠷᠡᠵᠦ ᠤᠷᠤᠯᠠᠵᠤ ᠠᠪᠤᠭᠰᠠᠨ ᠶᠤᠮ᠃ ᠴᠢᠴᠧᠨ ᠢᠽᠠ ᠶᠢᠨ ᠳᠤᠷᠠᠰᠬᠠᠯᠲᠤ ᠭᠠᠵᠠᠷ ᠪᠠᠪᠠᠴᠢᠨ᠎ᠠ ᠶᠢᠨ ᠭᠡᠷ ᠪᠦᠯᠢ ᠶᠢᠨ ᠬᠤᠪᠢ ᠤᠨ ᠡᠵᠡᠮᠰᠢᠯ ᠭᠠᠵᠠᠷ ᠣᠷᠣᠳᠠᠭ ᠴᠤ ᠮᠸᠺᠰᠢᠺᠣ ᠤᠨ ᠬᠦᠮᠦᠨᠯᠢᠭ ᠰᠤᠳᠤᠯᠤᠯ(ᠠᠨᠲᠷᠣᠫᠣᠯᠣᠭᠢ)᠂ ᠲᠡᠦᠬᠡ ᠰᠤᠳᠤᠯᠤᠯ ᠤᠨ ᠦᠨᠳᠦᠰᠦᠨ ᠦ ᠰᠤᠳᠤᠯᠤᠯ ᠤᠨ ᠬᠦᠷᠢᠶᠡᠯᠡᠩ ᠤᠨ ᠬᠢᠨᠠᠯᠲᠠ ᠳᠣᠣᠷ᠎ᠠ ᠬᠣᠯᠪᠣᠭᠠᠨ ᠤ ᠥᠮᠴᠢ ᠬᠡᠯᠪᠡᠷᠢ ᠲᠡᠢ ᠪᠡᠷ ᠣᠷᠣᠰᠢᠳᠠᠭ ᠪᠠᠶᠢᠨ᠎ᠠ᠃

 ᠨᠡᠷ ᠡ ᠶᠢᠨ ᠢᠷᠡᠯᠲᠡ[ᠵᠠᠰᠠᠪᠤᠷᠢᠯᠠᠬᠤ | ᠺᠣᠳ᠋ ᠢᠶᠠᠷ ᠵᠠᠰᠠᠬᠣ]

《ᠡᠯ ᠺᠠᠰᠲ᠋ᠢᠯᠯᠤ᠋》(El Castillo) ᠱᠠᠲᠤᠨ ᠤ ᠳᠤᠤᠷᠠᠳᠤ ᠬᠡᠰᠡᠭ ᠲᠦ ᠤᠷᠤᠰᠢᠬᠤ ᠥᠳᠦᠲᠦ ᠮᠣᠭᠠᠢ ᠺᠦᠺᠦ᠋ᠯᠺᠠᠨ

ᠴᠢᠴᠧᠨ ᠢᠽᠠ ᠭᠡᠳᠡᠭ ᠨᠢ ᠡᠷᠲᠡᠨ ᠦ ᠮᠠᠶ ᠠ ᠦᠭᠡ ᠪᠥᠭᠡᠳ ᠴᠢᠴᠧᠨ ᠭᠡᠳᠡᠭ ᠨᠢ ᠰᠠᠶᠢᠨ ᠰᠠᠶᠢᠬᠠᠨ ᠤ ᠡᠬᠢᠯᠡᠯ ᠭᠡᠰᠡᠨ ᠤᠳᠬ᠎ᠠ ᠲᠠᠢ᠃ ᠢᠽᠠ ᠭᠡᠳᠡᠭ ᠨᠢ ᠶᠦᠺᠠᠲᠠᠨ ᠤ ᠬᠣᠶᠢᠭ ᠤᠨ ᠬᠣᠶᠢᠳᠤ ᠬᠡᠰᠡᠭ ᠢᠶᠡᠷ ᠨᠣᠶᠠᠯᠠᠬᠤ ᠨᠥᠯᠥᠭᠡ ᠲᠡᠢ ᠪᠠᠶᠢᠭᠰᠠᠨ ᠤᠭᠰᠠᠭᠠᠲᠠᠨ ᠦ ᠪᠦᠯᠦᠭ ᠦᠨ ᠨᠡᠷ᠎ᠡ ᠪᠤᠯᠤᠨ᠎ ᠠ᠃ ᠮᠠᠶ ᠠ ᠬᠡᠯᠡᠨ ᠳᠡᠬᠢ ᠢᠽᠠ ᠭᠡᠳᠡᠭ ᠨᠢ ᠰᠢᠳᠢᠲᠦ ᠤᠰᠤ ᠬᠡᠮᠡᠬᠦ ᠤᠳᠬ᠎ᠠ ᠶᠢ ᠠᠭᠤᠯᠠᠳᠠᠭ ᠠᠵᠢ᠃ ᠴᠢᠴᠧᠨ ᠢᠽᠠ ᠪᠣᠯ ᠳᠤᠮᠳᠠᠳᠤ ᠠᠮᠸᠷᠢᠺᠠ ᠲᠢᠪ(Mesoamerica) ᠤᠨ ᠰᠤᠶᠤᠯ ᠤᠨ ᠲᠣᠮᠣᠬᠠᠨ ᠲᠥᠯᠥᠭᠡᠯᠡᠭᠴᠢ ᠪᠤᠯᠤᠨ᠎ ᠠ᠃

ᠴᠢᠴᠧᠨ ᠢᠽᠠ ᠶᠢᠨ ᠲᠡᠦᠬᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠤᠮᠠᠷᠠᠳᠤ ᠶᠦᠺᠠᠲᠠᠨ ᠨᠢ ᠭᠠᠳᠠᠷᠭᠤ ᠶᠢᠨ ᠤᠰᠤ ᠪᠠᠭ᠎ᠠ ᠲᠠᠢ ᠪᠥᠭᠡᠳ ᠭᠣᠣᠯ ᠮᠥᠷᠡᠨ ᠮᠠᠰᠢ ᠴᠥᠭᠡᠨ᠂ ᠬᠠᠭᠤᠷᠠᠢ ᠠᠭᠤᠷ ᠠᠮᠢᠰᠬᠤᠯ ᠲᠠᠢ ᠪᠠᠶᠢᠳᠠᠭ᠃ ᠢᠽᠠ ᠨᠢ ᠡᠨᠡ ᠪᠥᠰᠡ ᠨᠤᠲᠤᠭ ᠤᠨ ᠴᠤᠷ ᠤᠨ ᠭᠠᠭᠴᠠ ᠤᠰᠤᠨ ᠤ ᠪᠠᠶᠠᠯᠢᠭ ᠰᠠᠩ ᠪᠦᠬᠦᠢ ᠨᠡᠩ ᠲᠠᠭᠠᠯᠠᠮᠵᠢᠲᠠᠢ ᠭᠠᠵᠠᠷ ᠪᠠᠶᠢᠭᠰᠠᠨ ᠲᠤᠯᠠ ᠬᠦᠮᠦᠨ ᠠᠮᠠ ᠶᠡᠬᠡ ᠪᠡᠷ ᠰᠠᠭᠤᠷᠢᠰᠢᠵᠤ ᠡᠬᠢᠯᠡᠵᠡᠢ᠃ ᠬᠣᠲᠠ ᠡᠭᠦᠰᠬᠦ ᠶᠢᠨ ᠬᠢᠷᠢ ᠪᠡᠷ ᠤᠰᠤ ᠶᠢ ᠡᠷᠬᠢᠮᠯᠡᠨ᠂ ᠲᠡᠭᠦᠨ ᠦ ᠡᠵᠡᠨ ᠴᠢᠶᠠᠺ ᠢ ᠰᠢᠲᠦᠵᠡᠭᠡᠬᠦ ᠪᠣᠯᠵᠠᠢ᠃ ᠬᠤᠷ᠎ᠠ ᠪᠣᠷᠣᠭ᠎ᠠ ᠡᠯᠪᠡᠭ ᠣᠷᠣᠭᠤᠯᠬᠤ ᠶᠢ ᠬᠦᠰᠡᠵᠦ ᠶᠡᠬᠡ ᠪᠡᠷ ᠲᠠᠬᠢᠯ ᠡᠷᠭᠦᠬᠦ ᠪᠣᠯᠵᠠᠢ᠃

ᠺᠦᠺᠦ᠋ᠯᠺᠠᠨ(Kukulcan) ᠤ ᠶᠠᠭᠤᠸᠠᠷ ᠰᠡᠩᠲᠡᠢ(The Jaguar Throne)᠂ ᠡᠯ ᠺᠠᠰᠲ᠋ᠢᠯᠯᠤ᠋ ᠶᠢᠨ (El Castillo) ᠰᠦᠮ᠎ᠡ ᠶᠢᠨ ᠳᠣᠲᠣᠭᠠᠳᠤ ᠴᠢᠮᠡᠭᠯᠡᠯ

ᠮᠠᠨᠳᠤᠨ ᠪᠠᠳᠠᠷᠠᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠴᠢᠴᠧᠨ ᠢᠽᠠ ᠨᠢ ᠰᠣᠩᠭᠣᠳᠠᠭ ᠦᠶ᠎ᠡ ᠶᠢᠨ ᠡᠬᠢ ᠪᠡᠷ ᠪᠤᠶᠤ 600ᠤᠨ ᠤ ᠣᠷᠴᠢᠮ ᠠᠴᠠ ᠲᠣᠪᠣᠶᠢᠨ ᠭᠠᠷᠴᠤ ᠢᠷᠡᠵᠡᠢ᠃ ᠰᠣᠩᠭᠣᠳᠠᠭ ᠦᠶ ᠡ ᠶᠢᠨ ᠰᠡᠭᠦᠯᠴᠢ ᠪᠡᠷ ᠪᠥᠰᠡ ᠨᠤᠲᠤᠭ ᠤᠨ ᠬᠡᠮᠵᠢᠶᠡᠨ ᠳᠦ ᠪᠡᠨ ᠤᠯᠤᠰ ᠲᠥᠷᠥ᠂ ᠨᠡᠶᠢᠭᠡᠮ ᠰᠤᠶᠤᠯ᠂ ᠡᠳ᠋ ᠍ ᠦᠨ ᠵᠠᠰᠠᠭ᠂ ᠣᠶᠤᠨ ᠰᠠᠨᠠᠭᠠᠨ ᠤ ᠠᠮᠢᠳᠤᠷᠠᠯ ᠤᠨ ᠬᠠᠮᠤᠭ ᠤᠨ ᠬᠦᠴᠦᠷᠬᠡᠭ ᠨᠣᠶᠠᠯᠠᠬᠤ ᠲᠥᠪ ᠪᠣᠯᠵᠠᠢ᠃ ᠲᠡᠳᠡ ᠡᠮᠦᠨᠡᠲᠦ ᠮᠠᠶ ᠠ ᠶᠢᠨ ᠲᠢᠺᠠᠯ ᠭᠡᠬᠦ ᠮᠡᠲᠦ ᠬᠦᠴᠦᠷᠬᠡᠭ ᠲᠥᠪ ᠦᠳ ᠤᠨ ᠬᠠᠷᠢᠶᠠᠲᠤ ᠪᠠᠶᠢᠬᠤ ᠶᠢ ᠡᠷᠡᠰ ᠨᠢᠴᠤᠭᠠᠵᠤ ᠪᠠᠶᠢᠭᠰᠠᠨ ᠲᠡᠳᠦᠢ ᠦᠭᠡᠢ ᠲᠡᠳᠡᠨ ᠢ ᠪᠤᠲᠠ ᠨᠢᠷᠭᠡᠵᠦ ᠪᠠᠶᠢᠪᠠ᠃ ᠵᠠᠷᠢᠮ ᠤᠭᠰᠠᠭᠠᠲᠠᠨ ᠤ ᠲᠡᠦᠬᠡ ᠶᠢᠨ ᠡᠬᠢ ᠰᠤᠷᠪᠤᠯᠵᠢ ᠳᠤ ᠲᠡᠮᠳᠡᠭᠯᠡᠭᠰᠡᠨ ᠢᠶᠡᠷ 987ᠤᠨ ᠳᠤ ᠲᠥᠪ ᠮᠸᠺᠰᠢᠺᠣ ᠲᠤ ᠣᠷᠣᠰᠢᠨ ᠲᠣᠭᠲᠠᠨᠢᠵᠤ ᠪᠠᠶᠢᠭᠰᠠᠨ ᠲᠣᠯᠢᠲ᠋ᠧᠺ ᠭᠦᠷᠦᠨ ᠦ ᠬᠠᠭᠠᠨ ᠺᠧᠼᠠᠯᠺᠣᠲᠯ ᠥᠪᠡᠷ ᠦᠨ ᠠᠷᠮᠠᠢ ᠲᠠᠢ ᠪᠠᠨ ᠢᠷᠡᠵᠦ᠂ ᠬᠣᠯᠪᠣᠭᠠᠲᠠᠨ ᠴᠢᠴᠧᠨ ᠢᠽᠠ ᠶᠢ ᠬᠣᠶᠠᠳᠡᠬᠢ ᠲᠤᠯᠮᠤᠵᠢ(图拉州) ᠪᠤᠶᠤ ᠳᠡᠳ᠋ ᠨᠡᠶᠢᠰᠯᠡᠯ ᠢᠶᠡᠨ ᠪᠣᠯᠭᠠᠵᠤ ᠪᠠᠶᠢᠵᠠᠢ᠃ ᠡᠨᠡ ᠦᠶ᠎ᠡ ᠶᠢᠨ ᠴᠢᠴᠧᠨ ᠢᠽᠠ ᠶᠢᠨ ᠰᠤᠶᠤᠯ ᠲᠣᠯᠢᠲ᠋ᠧᠺᠮᠠᠶ ᠠ ᠶᠢᠨ ᠰᠤᠶᠤᠯ ᠤᠨ ᠬᠣᠯᠢᠮᠠᠭ ᠥᠪᠡᠷᠮᠢᠴᠡ ᠬᠡᠯᠪᠡᠷᠢ ᠲᠡᠢ ᠪᠠᠶᠢᠭᠰᠠᠨ ᠨᠢ ᠤᠷᠠᠯᠢᠭ᠂ ᠭᠡᠷ ᠪᠠᠷᠢᠯᠭ᠎ ᠠ(ᠠᠷᠬᠢᠲ᠋ᠧᠺᠲ᠋ᠣᠷ) ᠠᠴᠠ ᠨᠢ ᠬᠠᠷᠠᠭᠳᠠᠳᠠᠭ᠃

ᠡᠮᠦᠨᠡᠬᠢ ᠦᠶ᠎ᠡ ᠶᠢᠨ ᠮᠠᠶ ᠠ ᠲᠠᠢ ᠠᠳᠠᠯᠢ ᠪᠠᠷ ᠨᠢᠭᠡ ᠵᠠᠬᠢᠷᠤᠭᠴᠢ ᠲᠠᠢ ᠬᠡᠯᠪᠡᠷᠢ ᠶᠢ ᠰᠣᠩᠭᠣᠭ᠎ᠠ ᠦᠭᠡᠢ ᠪᠥᠭᠡᠳ ᠨᠥᠯᠥᠭᠡ ᠶᠡᠬᠡᠲᠠᠢ ᠬᠦᠮᠦᠰ ᠪᠤᠯᠬᠤ ᠴᠡᠷᠢᠭ ᠦᠨ ᠵᠠᠩᠵᠤᠳ᠂ ᠯᠠᠮᠠ ᠨᠠᠷ ᠠᠴᠠ ᠪᠦᠷᠢᠳᠦᠭᠰᠡᠨ ᠪᠦᠯᠦᠭᠯᠡᠯ ᠦᠨ ᠵᠥᠪᠰᠢᠶᠠᠷᠡᠯ ᠢᠶᠡᠷ ᠰᠣᠩᠭᠣᠭᠳᠠᠳᠠᠭ ᠵᠠᠬᠢᠷᠤᠭᠴᠢ ᠮᠠᠶᠢᠭ ᠤᠨ ᠬᠦᠮᠦᠨ ᠴᠢᠴᠧᠨ ᠢᠽᠠ ᠶᠢ ᠤᠳᠤᠷᠢᠳᠥᠳᠠᠭ ᠪᠠᠶᠢᠪᠠ᠃ ᠱᠠᠰᠢᠨ ᠤ ᠭᠣᠣᠯ ᠰᠢᠲᠦᠭᠡᠨ ᠨᠢ ᠥᠳᠦᠲᠦ ᠮᠣᠭᠠᠢ ᠺᠦᠢᠺᠦᠶᠢᠯᠺᠠᠨ ᠪᠥᠭᠡᠳ ᠰᠦᠰᠦᠭ ᠪᠢᠰᠢᠷᠡᠯ ᠦᠨ ᠣᠷᠭᠢᠯ ᠬᠦᠨᠳᠦᠳᠬᠡᠯ ᠨᠢ ᠲᠡᠭᠦᠨ ᠳᠦ ᠬᠦᠨ ᠢᠶᠡᠷ ᠲᠠᠬᠢᠯ ᠡᠷᠭᠦᠬᠦ ᠶᠠᠪᠤᠳᠠᠯ ᠪᠠᠶᠢᠭᠰᠠᠨ ᠶᠤᠮ᠃ ᠴᠢᠴᠧᠨ ᠢᠽᠠ ᠨᠢ ᠮᠠᠰᠢ ᠲᠣᠮᠣ ᠬᠣᠲᠠ ᠪᠠᠶᠢᠭᠰᠠᠨ ᠪᠥᠭᠡᠳ ᠣᠶᠢᠷᠠᠯᠴᠠᠭ᠎ᠠ ᠪᠠᠷ 5 ᠺᠢᠯᠣᠮᠧᠲ᠋ᠷ ᠲᠡᠭᠰᠢ ᠲᠦᠷᠪᠡᠯᠵᠢᠨ ᠨᠤᠲᠤᠭ ᠳᠡᠪᠢᠰᠬᠡᠷ ᠢ ᠬᠠᠮᠤᠷᠴᠤ ᠪᠠᠶᠢᠭᠰᠠᠨ ᠪᠢᠯᠡ᠃ ᠡᠳ᠋ ᠍ ᠦᠨ ᠵᠠᠰᠠᠭ ᠤᠨ ᠬᠦᠴᠦᠨ ᠴᠢᠳᠠᠪᠬᠢ ᠪᠠᠷ ᠢᠶᠠᠨ ᠤᠮᠠᠷᠠᠳᠤ ᠮᠠᠶᠠᠴᠤᠳ ᠤᠨ ᠳᠤᠮᠳᠠ ᠲᠡᠷᠢᠭᠦᠯᠡᠬᠦ ᠪᠠᠶᠢᠷᠢ ᠰᠠᠭᠤᠷᠢ ᠲᠠᠢ ᠪᠠᠶᠢᠭᠰᠠᠨ ᠪᠠ ᠬᠤᠳᠠᠯᠳᠤᠭᠠᠨ ᠤ ᠰᠠᠶᠢᠨ ᠰᠦᠯᠵᠢᠶ᠎ᠡ ᠲᠡᠢ ᠪᠠᠶᠢᠭᠰᠠᠨ ᠶᠤᠮ᠃ ᠥᠪᠡᠷ ᠦᠨ ᠨᠤᠲᠤᠭ ᠳᠡᠪᠢᠰᠬᠡᠷ ᠡᠴᠡ ᠣᠯᠪᠤᠷᠢᠯᠠᠬᠤ ᠪᠣᠯᠤᠮᠵᠢ ᠦᠭᠡᠢ ᠪᠠᠶᠠᠯᠢᠭ ᠢ ᠡᠮᠦᠨᠡᠲᠦ ᠮᠠᠶᠠᠴᠤᠳ(ᠣᠪᠰᠢᠳᠢᠶᠠᠨ᠄Ovid) ᠪᠣᠯᠤᠨ ᠲᠥᠪ ᠮᠸᠺᠰᠢᠺᠣ ᠡᠴᠡ (ᠠᠯᠲᠠ) ᠠᠪᠴᠢᠷᠠᠳᠠᠭ ᠪᠠᠶᠢᠯ᠎ᠠ᠃

ᠮᠥᠬᠥᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠠᠶ ᠠ ᠶᠢᠨ ᠳᠠᠷᠠᠭᠠᠯ ᠤᠨ ᠰᠤᠳᠤᠷ ᠲᠤ ᠲᠡᠮᠳᠡᠭᠯᠡᠭᠰᠡᠨ ᠢᠶᠡᠷ᠂ 1221ᠤᠨ ᠳᠤ ᠪᠣᠰᠤᠯᠭ᠎ᠠ ᠭᠠᠷᠴᠤ᠂ ᠢᠷᠭᠡᠨ ᠦ ᠳᠠᠶᠢᠨ ᠳᠡᠭᠳᠡᠭᠰᠡᠨ ᠲᠤᠬᠠᠢ ᠲᠡᠮᠳᠡᠭᠯᠡᠭᠰᠡᠨ ᠪᠠᠶᠢᠳᠠᠭ ᠪᠠ ᠡᠭᠦᠨ ᠢ ᠪᠠᠲᠤᠯᠠᠬᠤ ᠮᠡᠲᠦ ᠴᠢᠴᠧᠨ ᠢᠽᠠ ᠶᠢᠨ ᠪᠠᠷᠢᠯᠭ᠎ᠠ ᠨᠤᠭᠤᠳ ᠤᠨ ᠤᠯᠠᠩᠬᠢ ᠮᠣᠳᠣᠨ ᠬᠢᠴᠡ ᠨᠦᠭᠦᠳ ᠲᠦ ᠰᠢᠲᠠᠭᠰᠠᠨ ᠤᠯᠠ ᠮᠥᠷ ᠪᠠᠶᠢᠳᠠᠭ᠃ ᠴᠢᠴᠧᠨ ᠢᠽᠠ ᠶᠢᠨ ᠳᠤᠷᠤᠶᠢᠲᠠᠯ ᠨᠢ ᠶᠦᠺᠠᠲᠠᠨ ᠤ ᠬᠣᠶᠢᠭ ᠤᠨ ᠥᠭᠡᠷ᠎ᠡ ᠨᠢᠭᠡ ᠲᠥᠪ ᠪᠣᠯᠬᠤ ᠮᠠᠶᠠᠫᠠᠨ ᠤ ᠨᠣᠶᠠᠷᠬᠠᠯ ᠳᠤ ᠬᠠᠯᠠᠭᠳᠠᠭᠰᠠᠨ ᠶᠤᠮ᠃ ᠬᠠᠭᠤᠴᠢ ᠰᠤᠳᠤᠯᠤᠭᠴᠢᠳ(ᠠᠷᠬᠧᠣᠯᠣᠭᠢᠴᠢᠳ) ᠤᠨ ᠬᠢᠭᠰᠡᠨ ᠰᠤᠳᠤᠯᠭ᠎ᠠ ᠪᠠᠷ ᠴᠢᠴᠧᠨ ᠢᠽᠠ ᠶᠢᠨ ᠡᠳ᠋ ᠥᠯᠥᠭ ᠦᠨ ᠵᠦᠢᠯᠡᠰ ᠲᠦ ᠨᠡᠭᠦᠷᠡᠰᠦᠳᠦᠷᠦᠭᠴᠢ ᠤᠰᠤᠳᠦᠷᠦᠭᠴᠢᠲᠦ ᠨᠢᠭᠡᠳᠪᠦᠷᠢ(碳氢化合物) ᠶᠢᠨ ᠰᠢᠨᠵᠢᠯᠡᠭᠡ ᠬᠢᠬᠦ ᠳᠦ ᠤᠭ ᠲᠥᠪ ᠦᠨ ᠮᠥᠬᠥᠯ ᠨᠢ 1000ᠤᠨ ᠤ ᠣᠷᠴᠢᠮ ᠳᠤ ᠪᠣᠯᠵᠠᠢ ᠭᠡᠰᠡᠨ ᠳ᠋ᠦᠩᠨᠡᠯᠲᠡ ᠳᠦ ᠬᠦᠷᠦᠭᠰᠡᠨ ᠪᠠᠶᠢᠨ᠎ᠠ᠃ ᠡᠨᠡ ᠣᠯᠤᠯᠲᠠ ᠨᠢ ᠬᠠᠴᠢᠷᠬᠠᠯᠲᠠᠢ ᠦᠷ᠎ᠡ ᠳ᠋ᠦᠩ ᠳᠦ ᠬᠦᠷᠭᠡᠭᠰᠡᠨ ᠶᠤᠮ᠃ ᠬᠡᠷᠪᠡ ᠴᠢᠴᠧᠨ ᠢᠽᠠ ᠨᠢ 1000ᠤᠨ ᠤ ᠣᠷᠴᠢᠮ ᠳᠤ ᠮᠥᠬᠦᠭᠰᠡᠨ ᠪᠣᠯ ᠲᠡᠭᠦᠨ ᠢ ᠵᠠᠯᠭᠠᠮᠵᠢᠯᠠᠭᠴᠢ ᠮᠠᠶᠠᠫᠠᠨ 1221ᠤᠨ ᠳᠤ ᠪᠠᠶᠢᠭᠤᠯᠤᠭᠳᠠᠭᠰᠠᠨ ᠪᠠ ᠡᠨᠡ ᠬᠣᠭᠣᠷᠣᠨᠳᠣᠬᠢ 200 ᠵᠢᠯ ᠴᠤᠬᠤᠮ ᠶᠠᠭᠤ ᠪᠣᠯᠤᠭᠰᠠᠨ ᠲᠠᠯ᠎ᠠ ᠪᠠᠷ ᠬᠢ ᠮᠡᠳᠡᠭᠡᠯᠡᠯ ᠮᠠᠰᠢ ᠬᠣᠮᠰᠠ ᠪᠠᠶᠢᠨ᠎ᠠ᠃ ᠬᠡᠳᠦᠢᠪᠡᠷ ᠪᠢᠰᠢᠷᠡᠯ ᠬᠦᠨᠳᠦᠳᠬᠡᠯ ᠦᠨ ᠲᠥᠪ ᠬᠡᠪ ᠢᠶᠡᠷ ᠢᠶᠡᠨ ᠪᠠᠶᠢᠭᠰᠠᠨ ᠴᠤ ᠴᠢᠴᠧᠨ ᠢᠽᠠ ᠤᠨ ᠬᠦᠮᠦᠨ ᠠᠮᠠ ᠨᠡᠭᠦᠳᠡᠯᠯᠡᠭᠰᠡᠭᠡᠷ᠂ ᠰᠢᠨ᠎ᠡ ᠪᠡᠷ ᠪᠠᠷᠢᠯᠭ᠎ᠠ᠂ ᠪᠠᠶᠢᠭᠤᠯᠤᠮᠵᠢ ᠨᠤᠭᠤᠳ ᠪᠠᠶᠢᠭᠤᠯᠤᠭᠳᠠᠬᠤ ᠦᠭᠡᠢ ᠪᠠᠶᠢᠭᠰᠠᠨ ᠪᠠᠶᠢᠨ᠎ᠠ᠃ 1531ᠤᠨ ᠳᠤ ᠢᠰᠫᠠᠨᠢ ᠶᠢᠨ ᠡᠵᠡᠷᠬᠡᠭᠴᠢ ᠹᠷᠠᠨᠰᠢᠰᠺᠣ ᠳᠧ ᠮᠣᠨᠲ᠋ᠧᠵᠣ᠋(Francisco de Montejo) ᠴᠢᠴᠧᠨ ᠢᠽᠠ ᠶᠢ ᠡᠵᠡᠯᠡᠨ ᠠᠪᠴᠤ ᠢᠰᠫᠠᠨᠢ ᠶᠢᠨ ᠶᠦᠺᠠᠲᠠᠨ ᠤ ᠨᠡᠶᠢᠰᠯᠡᠯ ᠬᠡᠮᠡᠨ ᠵᠠᠷᠯᠠᠵᠠᠢ᠃ ᠭᠡᠪᠡᠴᠦ ᠬᠡᠳᠦᠬᠡᠨ ᠰᠠᠷ᠎ᠠ ᠶᠢᠨ ᠳᠠᠷᠠᠭ᠎ᠠ ᠨᠤᠲᠤᠭ ᠤᠨ ᠢᠷᠭᠡᠳ ᠪᠣᠰᠤᠯᠭ᠎ᠠ ᠭᠠᠷᠭᠠᠨ᠂ ᠮᠣᠨᠲ᠋ᠧᠵᠣ᠋ ᠶᠢ ᠬᠥᠭᠡᠭᠡᠨ ᠶᠠᠪᠤᠭᠤᠯᠵᠠᠢ᠃

ᠴᠢᠴᠧᠨ ᠢᠽᠠ ᠶᠢᠨ ᠭᠣᠣᠯ ᠳᠤᠷᠠᠰᠬᠠᠯ ᠵᠦᠢᠯᠡᠰ ᠤᠳ[ᠵᠠᠰᠠᠪᠤᠷᠢᠯᠠᠬᠤ | ᠺᠣᠳ᠋ ᠢᠶᠠᠷ ᠵᠠᠰᠠᠬᠣ]

《ᠡᠯ ᠺᠠᠰᠲ᠋ᠢᠯᠯᠤ᠋》(El Castillo)ᠪᠤᠶᠤ ᠺᠦᠺᠦ᠋ᠯᠺᠠᠨ(Kukulcan) ᠤ ᠰᠤᠪᠤᠷᠭ᠎ ᠠ᠃ ᠶᠣᠰᠣᠯᠠᠯ ᠤᠨ ᠭᠣᠣᠯ ᠲᠥᠪ
ᠪᠥᠮᠪᠥᠭᠡ ᠶᠢᠨ ᠲᠠᠯᠠᠪᠠᠢ (ᠳᠣᠲᠣᠷ᠎ᠠ ᠠᠴᠠ ᠨᠢ) 12 ᠮᠸᠲ᠋ᠷ ᠥᠨᠳᠥᠷ ᠬᠠᠨ᠎ ᠠ ᠪᠦᠬᠦᠢ 150 ᠮᠸᠲ᠋ᠷ ᠤᠷᠲᠤ ᠲᠠᠯᠠᠪᠠᠢ᠃ ᠤᠭ ᠲᠠᠯᠠᠪᠠᠢ ᠳᠤ ᠱᠠᠰᠢᠨ ᠤ ᠶᠣᠰᠣᠯᠠᠯ ᠲᠡᠮᠡᠴᠡᠭᠡᠨ ᠪᠣᠯᠳᠠᠭ ᠪᠠᠶᠢᠭᠰᠠᠨ ᠪᠠ ᠭᠦᠨ ᠢᠶᠡᠷ ᠲᠠᠬᠢᠯ ᠡᠷᠭᠦᠳᠡᠭ ᠪᠠᠶᠢᠪᠠ᠃
ᠳᠠᠶᠢᠴᠢᠳ ᠤᠨ ᠰᠦᠮ᠎ᠡ᠃ ᠤᠭ ᠰᠦᠮ᠎ᠡ ᠶᠢ ᠳᠠᠶᠢᠴᠢᠳ ᠤᠨ ᠵᠢᠷᠤᠭ ᠢᠶᠠᠷ ᠴᠢᠮᠡᠭᠰᠡᠨ ᠪᠠᠶᠢᠳᠠᠭ ᠪᠠ ᠲᠣᠯᠢᠲ᠋ᠧᠺ (托尔特克)᠂ ᠮᠠᠶ ᠠ ᠶᠢᠨ ᠰᠤᠶᠤᠯ ᠤᠨ ᠬᠠᠪᠰᠠᠮᠠᠯ ᠬᠡᠯᠪᠡᠷᠢ ᠶᠢ ᠠᠭᠤᠯᠠᠭᠰᠠᠨ ᠪᠠᠶᠢᠳᠠᠭ᠃
《ᠡᠯ ᠺᠠᠷᠠᠺᠣᠯ》(El Caracol)ᠣᠳᠣᠨ ᠣᠷᠣᠨ ᠰᠤᠳᠤᠯᠤᠯ ᠤᠨ ᠲᠥᠪ᠃
《ᠯᠠ ᠢᠭᠯᠧᠰᠢᠶᠠ》(La Iglesia) ᠴᠢᠴᠧᠨ ᠢᠽᠠ ᠶᠢᠨ ᠲᠡᠭᠦᠰᠬᠡᠯ ᠦᠶ᠎ᠡ ᠶᠢᠨ ᠪᠠᠷᠢᠯᠭ᠎ᠠ ᠶᠢᠨ ᠬᠢᠴᠡ ᠶᠢ ᠬᠠᠷᠠᠭᠤᠯᠤᠭᠰᠠᠨ ᠪᠠᠶᠢᠭᠤᠯᠤᠮᠵᠢ᠃ ᠪᠣᠷᠣᠭᠠᠨ ᠤ ᠪᠤᠷᠬᠠᠨ ᠴᠢᠶᠠᠺ ᠳᠤ ᠵᠣᠷᠢᠭᠤᠯᠤᠨ ᠪᠣᠰᠬᠠᠭᠰᠠᠨ ᠠᠵᠢ᠃

ᠭᠠᠳᠠᠭᠠᠳᠤ ᠬᠤᠯᠪᠤᠭᠠᠰᠤ ᠦᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠢᠴᠢᠭᠡᠰᠦ