ᠴᠢᠴᠠᠷᠭᠠᠨ᠎ᠠ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠴᠢᠴᠠᠷᠭᠠᠨ᠎ᠠ
ᠴᠢᠴᠠᠷᠭᠠᠨ ᠤ ᠪᠤᠲᠠ᠃ ᠨᠢᠳᠧᠷᠯᠠᠨᠲ
ᠴᠢᠴᠠᠷᠭᠠᠨ ᠤ ᠪᠤᠲᠠ᠃ ᠨᠢᠳᠧᠷᠯᠠᠨᠲ
ᠪᠢᠣᠯᠣᠭᠢ ᠶᠢᠨ ᠠᠩᠭᠢᠯᠠᠯ
ᠠᠶᠢᠮᠠᠭ: ᠤᠷᠭᠤᠮᠠᠯ
ᠬᠦᠷᠢᠶ᠎ᠡ: ᠴᠡᠴᠡᠭᠲᠦ ᠤᠷᠭᠤᠮᠠᠯ
ᠠᠩᠭᠢ: ᠬᠣᠣᠰ ᠨᠠᠪᠴᠢᠲᠤ ᠤᠷᠭᠤᠮᠠᠯ
ᠪᠠᠭ: ᠰᠠᠷᠠᠨᠠᠢ
ᠣᠪᠤᠭ: Elaeagnaceae
ᠲᠥᠷᠥᠯ: ᠴᠢᠴᠠᠷᠭᠠᠨ᠎ᠠ Elaeagnaceae
ᠺᠠᠷᠯ ᠯᠢᠨᠡᠨᠢ
ᠳᠡᠳ᠋ ᠵᠦᠢᠯ ᠦᠳ

ᠶᠡᠷᠦᠳᠡ ᠶᠢᠨ ᠴᠢᠴᠠᠷᠭᠠᠨ᠎ᠠ Hippophae rhamnoides
Hippophae salicifolia

ᠴᠢᠴᠠᠷᠭᠠᠨ᠎ᠠ (ᠯᠠᠲ᠋ᠢᠨ ᠶᠢᠡᠷ Hippophae) ᠨᠢ Elaeagnaceae ᠣᠪᠤᠭ ᠤᠨ ᠪᠤᠲᠠᠯᠢᠭ ᠤᠷᠭᠤᠮᠠᠯ᠂ ᠮᠥᠨ ᠲᠡᠭᠦᠨ ᠦ ᠦᠷ᠎ᠡ ᠵᠢᠮᠢᠰ ᠢ ᠬᠡᠯᠡᠨ᠎ᠡ᠃ ᠧᠦ᠋ᠷᠣᠫᠠ᠂ ᠠᠽᠢᠶ᠎ᠠ ᠳᠤ 6 ᠵᠦᠢᠯ᠂ 12 ᠳᠡᠳ᠋ ᠵᠦᠢᠯ ᠦᠨ ᠴᠢᠴᠠᠷᠭᠠᠨ᠎ᠠ ᠵᠡᠷᠯᠢᠭ ᠢᠶᠡᠷ ᠢᠶᠡᠨ ᠤᠷᠭᠤᠳᠠᠭ᠂ ᠥᠷᠭᠡᠨ ᠲᠠᠷᠬᠠᠳᠠᠭ ᠤᠷᠭᠤᠮᠠᠯ ᠶᠤᠮ᠃ ᠮᠣᠩᠭᠣᠯᠬᠢᠲᠠᠳᠡᠨᠡᠳᠬᠡᠭᠪᠠᠯᠪᠤᠫᠠᠺᠢᠰᠲ᠋ᠠᠨᠣᠷᠣᠰᠶᠡᠬᠡ ᠪᠷᠢᠲ᠋ᠠᠨ(ᠠᠩᠭᠯᠢ)ᠹᠷᠠᠨᠼᠢᠳ᠋ᠠᠨᠮᠠᠷᠺᠨᠢᠳᠧᠷᠯᠠᠨᠲᠭᠧᠷᠮᠠᠨᠫᠣᠯᠢᠰᠢᠹᠢᠨᠯᠠᠨᠳ᠋ᠰᠸᠧᠳᠧᠨᠨᠣᠷᠸᠠᠢ ᠵᠡᠷᠭᠡ ᠤᠯᠤᠰ ᠤᠳ ᠲᠤ ᠤᠷᠭᠤᠨ᠎ᠠ᠃ ᠳᠡᠯᠡᠬᠡᠢ ᠳᠡᠭᠡᠷᠡᠬᠢ ᠴᠢᠴᠠᠷᠭᠠᠨ᠎ᠠ ᠵᠢᠨ  ᠨᠥᠭᠡᠴᠡ ᠪᠦᠬᠦᠢ 1.5 ᠰᠠᠶ᠎ᠠ ᠾᠧᠺᠲ᠋ᠠᠷ ᠭᠠᠵᠠᠷ ᠤᠨ 90 ᠣᠷᠴᠢᠮ ᠬᠤᠪᠢ ᠨᠢ ᠳᠤᠮᠳᠠᠳᠤ ᠤᠯᠤᠰ ᠲᠤ ᠨᠣᠭᠳᠠᠳᠠᠭ᠃[1] ᠴᠢᠴᠠᠷᠭᠠᠨ᠎ᠠ ᠶᠢᠨ ᠪᠤᠲᠠ ᠨᠢ ᠶᠡᠬᠡᠩᠬᠢ ᠳᠦ ᠪᠡᠨ 0.5–6 m ᠥᠨᠳᠥᠷ ᠲᠡᠢ ᠪᠠᠶᠢᠬᠤ ᠪᠣᠯᠪᠠᠴᠤ ᠬᠠᠶᠠ ᠲᠥᠪ ᠠᠽᠢᠶ᠎ᠠ ᠵᠡᠷᠭᠡ ᠬᠠᠭᠤᠷᠠᠢ᠂ ᠡᠯᠡᠰᠦᠷᠬᠡᠭ ᠨᠤᠲᠤᠭ ᠲᠤ 10 m ᠬᠦᠷᠲᠡᠯ᠎ᠡ ᠤᠷᠭᠤᠬᠤ ᠨᠢ ᠪᠤᠢ᠃ᠴᠢᠴᠠᠷᠭᠠᠨ᠎ᠠ ᠨᠢ ᠮᠤᠨᠭᠭᠤᠯ ᠤᠯᠤᠰ  ᠤᠨ ᠬᠣᠶᠢᠳᠤ ᠬᠡᠰᠡᠭ ᠲᠦ ᠶᠡᠬᠡᠪᠴᠢᠯᠡᠨ ᠤᠷᠭᠤᠳᠠᠭ ᠪᠥᠭᠡᠳ ᠠᠯᠢ ᠴᠤ ᠭᠠᠵᠠᠷ ᠤᠷᠭᠤᠬᠤ ᠴᠢᠳᠠᠪᠤᠷᠢ ᠲᠠᠢ ᠤᠷᠭᠤᠮᠠᠯ ᠶᠤᠮ᠃


ᠡᠷ᠎ᠡ᠂ ᠡᠮ᠎ᠡ  ᠴᠢᠴᠠᠷᠭᠠᠨ᠎ᠠ  ᠨᠢ ᠲᠤᠰ ᠲᠤ ᠪᠠᠨ ᠤᠷᠭᠤᠳᠠᠭ ᠪᠥᠭᠡᠳ ᠡᠭᠦᠨ ᠢ 2 ᠭᠡᠷᠳᠤ ᠤᠷᠭᠤᠮᠠᠯ ᠭᠡᠨ᠎ᠡ᠃ ᠴᠢᠴᠠᠷᠭᠠᠨ᠎ᠠ ᠤᠷᠭᠤᠬᠤ ᠣᠷᠴᠢᠨ ᠤ ᠨᠥᠬᠥᠴᠡᠯ ᠳᠦ ᠠᠮᠠᠷᠬᠠᠨ ᠳᠠᠰᠴᠤ ᠬᠤᠷᠳᠤᠨ ᠤᠷᠭᠤᠬᠤ ᠪᠣᠯᠪᠠᠴᠤ᠂ ᠤᠰᠤ ᠴᠢᠭᠢᠭ ᠰᠠᠶᠢᠲᠠᠢ ᠡᠯᠡᠰᠦᠷᠬᠡᠭ ᠬᠥᠷᠦᠰᠤᠨ  ᠳᠤ ᠵᠣᠬᠢᠴᠠᠭᠤᠯᠬᠤ᠂ ᠬᠥᠷᠦᠰᠦᠨ ᠦ ᠦᠷᠡᠵᠢᠯ ᠰᠢᠮ᠎ᠡ ᠶᠢ ᠳᠡᠭᠡᠭᠰᠢᠯᠡᠭᠦᠯᠬᠦ᠂ ᠬᠠᠮᠠᠭᠠᠯᠠᠬᠤ ᠵᠡᠷᠭᠡ ᠠᠮᠢ ᠠᠬᠤᠢ ᠵᠢᠨ ᠥᠨᠳᠥᠷ ᠠᠴᠢ ᠬᠣᠯᠪᠣᠭᠳᠠᠯ ᠲᠠᠢ ᠠᠴᠠ ᠭᠠᠳᠠᠨ᠎ᠠ ᠬᠦᠨᠡᠰᠦ᠂ ᠡᠮ᠂ ᠭᠣᠸ᠎ᠠ ᠰᠠᠶᠢᠬᠠᠨ᠂ ᠥᠷᠭᠡᠨ ᠬᠡᠷᠡᠭᠯᠡᠭᠡᠨ ᠦ ᠪᠣᠯᠤᠨ ᠦᠢᠯᠡᠳᠪᠦᠷᠢᠯᠡᠯ ᠦᠨ ᠦᠨᠡᠲᠦ ᠲᠦᠭᠦᠬᠡᠢ ᠡᠳ᠋ ᠪᠣᠯᠤᠨ᠎ᠠ᠃ ᠡᠶᠢᠮᠦ ᠪᠣᠯᠬᠣᠷ ᠮᠣᠩᠭᠣᠯᠴᠤᠳ ᠡᠷᠲᠡ ᠳᠡᠭᠡᠷ᠎ᠡ ᠦᠶ ᠡ ᠡᠴᠡ ᠤᠷᠭᠤᠳᠠᠭ ᠠᠯᠲᠠ ᠭᠡᠵᠦ ᠨᠡᠷᠡᠯᠡᠭᠰᠡᠭᠡᠷ ᠢᠷᠡᠭᠰᠡᠨ᠃

ᠶᠡᠷᠦᠳᠡ ᠶᠢᠨ ᠴᠢᠴᠠᠷᠭᠠᠨ ᠤ ᠦᠷ᠎ᠡ ᠵᠢᠮᠢᠰ

ᠲᠠᠶᠢᠯᠪᠤᠷᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠴᠢᠴᠠᠷᠭᠠᠨ᠎ᠠ ᠪᠣᠯ ᠬᠣᠶᠠᠷ ᠭᠡᠷᠲᠦ ᠤᠷᠭᠤᠮᠠᠯ ᠶᠤᠮ᠃ ᠥᠭᠡᠷ᠎ᠡ ᠪᠡᠷ ᠬᠡᠯᠡᠪᠡᠯ᠂ ᠨᠢᠭᠡ ᠮᠣᠳᠣᠨ ᠳᠤ ᠵᠥᠪᠬᠡᠨ ᠡᠮ ᠡ ᠨᠠᠬᠢᠶ᠎ᠠ᠂ ᠨᠥᠭᠥᠭᠡ ᠳᠦ ᠵᠥᠪᠬᠡᠨ ᠡᠷ᠎ᠡ ᠨᠠᠬᠢᠶ᠎ᠠ ᠪᠠᠶᠢᠳᠠᠭ ᠪᠠᠶᠢᠨ᠎ᠠ᠃ ᠴᠢᠴᠠᠷᠭᠠᠨ᠎ᠠ ᠵᠢᠨ ᠡᠷ᠎ᠡ ᠤᠷᠭᠤᠮᠠᠯ ᠨᠢ ᠵᠠᠯᠠᠭᠤ ᠦᠶ᠎ᠡ  ᠳᠦ ᠪᠡᠨ ᠡᠮ ᠡ ᠤᠷᠭᠤᠮᠠᠯ ᠲᠠᠢ ᠪᠠᠨ ᠲᠥᠰᠲᠡᠢ ᠬᠠᠷᠠᠭᠳᠠᠨ᠎ᠠ᠃ ᠬᠠᠷᠢᠨ ᠵᠢᠮᠢᠰ ᠢᠶᠡᠨ ᠦᠭᠬᠦ ᠦᠶ᠎ᠡ ᠳᠦ ᠨᠢ ᠲᠡᠳᠡᠨ ᠢ ᠠᠮᠠᠷᠬᠠᠨ ᠢᠯᠭᠠᠵᠤ ᠪᠣᠯᠤᠨ᠎ᠠ᠃ ᠡᠮ᠎ᠡ ᠤᠷᠭᠤᠮᠠᠯ ᠤᠨ ᠨᠠᠬᠢᠶ᠎ᠠ ᠠᠷᠠᠢ ᠨᠠᠷᠢᠬᠠᠨ᠂ ᠤᠷᠲᠤᠪᠲᠤᠷ᠂ ᠭᠣᠣᠯᠳᠠᠭᠤ ᠬᠣᠶᠠᠷ ᠬᠠᠶᠢᠷᠰᠤ ᠪᠠᠷ ᠬᠤᠴᠢᠭᠳᠠᠭᠰᠠᠨ ᠪᠠᠶᠢᠳᠠᠭ ᠪᠣᠯ ᠡᠷ᠎ᠡ ᠤᠷᠭᠤᠮᠠᠯ ᠤᠨ ᠬᠢ ᠨᠢ ᠠᠷᠠᠢ ᠲᠣᠮᠣ ᠰᠠᠯᠠᠭᠠᠯᠠᠭᠰᠠᠨ ᠪᠤᠯᠴᠠᠭᠤ ᠲᠠᠢ᠂ ᠳᠤᠭᠤᠶᠢᠪᠲᠠᠷ᠂ ᠬᠡᠳᠦ ᠬᠡᠳᠦᠨ ᠬᠠᠶᠢᠷᠰᠤ ᠪᠠᠷ ᠬᠤᠴᠢᠭᠳᠠᠭᠰᠠᠨ ᠪᠤᠯᠴᠠᠭᠤ ᠲᠠᠢ ᠪᠠᠶᠢᠨ᠎ᠠ᠃

ᠴᠡᠴᠡᠭᠯᠡᠬᠦ ᠦᠶ᠎ᠡ  ᠳᠦ ᠪᠡᠨ ᠰᠠᠯᠬᠢᠨ ᠤ ᠲᠤᠰᠠᠯᠠᠮᠵᠢ ᠲᠠᠢ ᠪᠠᠷ ᠲᠣᠭᠣᠰᠣ ᠬᠦᠷᠲᠡᠯᠲᠡ ᠶᠠᠪᠤᠭᠳᠠᠨ᠎ᠠ᠃ ᠬᠡᠪ ᠦᠨ ᠲᠣᠭᠣᠰᠣ ᠬᠦᠷᠲᠡᠯᠲᠡ ᠶᠢᠨ ᠦᠶ᠎ᠡ ᠳᠦ ᠲᠠᠯᠠᠪᠠᠢ ᠳᠤ ᠨᠢᠭᠡ ᠡᠷ᠎ᠡ ᠤᠷᠭᠤᠮᠠᠯ ᠳᠤ 4-5 ᠡᠮ ᠡ ᠤᠷᠭᠤᠮᠠᠯ ᠪᠠᠶᠢᠬᠤ ᠳᠤ ᠬᠠᠩᠭᠠᠯᠲᠠ ᠲᠠᠢ᠃ ᠬᠣᠶᠢᠳᠤ ᠵᠦᠭ ᠦᠨ ᠪᠦᠰᠡ ᠨᠤᠲᠤᠭ ᠤᠨ ᠬᠢᠨ ᠴᠢᠴᠠᠷᠭᠠᠨ᠎ᠠ ᠶᠢ ᠬᠠᠪᠤᠷ ᠲᠠᠷᠢᠬᠤ ᠨᠢ ᠲᠣᠬᠢᠷᠠᠮᠵᠢᠲᠠᠢ ᠭᠡᠳᠡᠭ ᠪᠣᠯ ᠲᠥᠪ᠂ ᠡᠮᠦᠨ᠎ᠡ ᠵᠦᠭ ᠦᠨ ᠨᠤᠲᠤᠭ ᠤᠳ ᠲᠤ ᠬᠠᠪᠤᠷ ᠪᠣᠯᠤᠨ ᠨᠠᠮᠤᠷ ᠲᠠᠷᠢᠬᠤ ᠨᠢ ᠲᠣᠬᠢᠷᠠᠮᠵᠢᠲᠠᠢ ᠭᠡᠵᠦ ᠶᠠᠷᠢᠳᠠᠭ᠃

ᠴᠢᠴᠠᠷᠭᠠᠨ᠎ᠠ ᠲᠠᠷᠢᠬᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠴᠢᠴᠠᠷᠭᠠᠨ᠎ᠠ ᠵᠢ ᠲᠠᠷᠢᠬᠤ ᠳᠤ ᠪᠠᠨ ᠭᠣᠣᠯᠳᠠᠭᠤ ᠬᠣᠶᠠᠷ ᠨᠠᠰᠤᠲᠠᠢ ᠰᠠᠭᠤᠯᠭᠠᠴᠠ ᠶᠢ ᠰᠤᠩᠭᠤᠬᠤ ᠶᠣᠰᠣᠲᠠᠢ᠃ ᠰᠠᠭᠤᠯᠭᠠᠴᠠ ᠪᠠᠨ 3‍2 m ᠲᠤ ᠵᠠᠶᠢᠲᠠᠢ ᠪᠠᠷ ᠪᠠᠶᠢᠷᠢᠯᠠᠭᠤᠯᠤᠨ ᠰᠠᠭᠤᠯᠠᠭᠠᠨ᠎ᠠ᠃ ᠲᠠᠷᠢᠬᠤ ᠨᠦᠬᠡᠨ ᠨᠦᠭᠦᠳ 50 ᠰᠠᠨᠲ᠋ᠢᠮᠧᠲ᠋ᠷ ᠡᠴᠡ ᠢᠯᠡᠭᠦᠦ ᠦᠭᠡᠢ ᠲᠣᠭᠣᠷᠢᠭ ᠲᠠᠢ᠂ ᠪᠠᠰᠠ ᠲᠡᠳᠦᠢ ᠭᠦᠨ ᠲᠡᠢ ᠪᠠᠶᠢᠬᠤ ᠶᠣᠰᠣᠲᠠᠢ᠃ ᠴᠢᠴᠠᠷᠭᠠᠨ᠎ᠠ ᠰᠡᠶᠢᠷᠡᠭ᠂ ᠤᠰᠤ ᠪᠣᠯᠤᠨ ᠠᠭᠠᠷ ᠨᠡᠪᠲᠡᠷᠡᠳᠡᠭ ᠬᠥᠷᠦᠰᠦᠨ ᠳᠦ ᠰᠠᠶᠢᠨ ᠤᠷᠭᠤᠨ᠎ᠠ᠃ ᠬᠦᠨᠳᠦ ᠰᠢᠪᠠᠷᠯᠢᠭ ᠬᠥᠷᠥᠰᠥᠲᠡᠢ ᠪᠣᠯ ᠲᠠᠷᠢᠬᠤ ᠨᠦᠬᠡᠨ ᠳᠦ 10-15 kg ᠬᠦᠯᠡᠷ᠂ ᠲᠡᠭᠦᠨ ᠳᠡᠭᠡᠷ᠎ᠡ 40-60 g ᠹᠣᠰᠹᠣᠷ ᠤᠨ᠂ 20-40 g ᠺᠠᠯᠢ ᠶᠢᠨ ᠪᠣᠷᠳᠣᠭᠤᠷ  ᠢ  ᠨᠡᠮᠡᠵᠦ ᠬᠥᠷᠦᠰᠦᠨ ᠳᠦ ᠬᠣᠯᠢᠵᠤ ᠬᠢᠨ᠎ᠡ᠃

ᠲᠠᠷᠢᠭᠰᠠᠨ ᠤ ᠳᠠᠷᠠᠭ᠎ᠠ ᠬᠥᠷᠦᠰᠤ ᠵᠢ ᠨᠢᠭᠲᠠᠷᠠᠭᠤᠯᠵᠤ᠂ ᠬᠣᠩᠬᠣᠷᠬᠠᠢ ᠭᠠᠷᠭᠠᠨ 1 -2 ᠰᠠᠭᠤᠯᠭ᠋ ᠡ ᠤᠰᠤ ᠪᠠᠷ ᠤᠰᠤᠯᠠᠵᠤ᠂ ᠡᠰᠢ ᠶᠢ ᠲᠣᠭᠣᠷᠢᠭᠤᠯᠤᠨ 5-6 ᠰᠠᠨᠲ᠋ᠢᠮᠧᠲ᠋ᠷ ᠵᠤᠵᠠᠭᠠᠨ ᠲᠠᠢ ᠬᠦᠯᠡᠷ ᠪᠣᠯᠤᠨ ᠦᠷᠳᠡᠰᠦ ᠪᠡᠷ ᠮᠠᠨᠠᠬᠤ ᠬᠡᠷᠡᠭᠲᠡᠢ᠃ ᠡᠰᠢ ᠶᠢ ᠲᠣᠭᠣᠷᠢᠭᠰᠠᠨ ᠬᠥᠷᠦᠰᠦᠨ ᠳᠦ ᠵᠡᠷᠯᠢᠭ ᠪᠠᠶᠢᠬᠤ ᠤᠴᠢᠷ ᠦᠭᠡᠢ᠃ ᠲᠡᠶᠢᠮᠦ ᠡᠴᠡ ᠰᠠᠶᠢᠨ ᠴᠡᠪᠡᠷᠯᠡᠬᠦ ᠱᠠᠭᠠᠷᠳᠠᠯᠭ᠎ᠠ ᠲᠠᠢ᠃ ᠢᠩᠭᠢᠬᠦ ᠶᠢᠨ ᠲᠤᠯᠠᠳᠠ ᠴᠢᠴᠠᠷᠭᠠᠨ᠎ᠠ ᠤᠷᠭᠤᠬᠤ ᠦᠶ᠎ᠡ ᠶᠢᠨ ᠲᠤᠷᠰᠢ ᠪᠠᠶᠢᠩᠭᠤ ᠵᠡᠷᠯᠢᠭ ᠤᠷᠭᠤᠮᠠᠯ ᠢ ᠲᠡᠭᠦᠵᠦ᠂ ᠬᠥᠷᠦᠰᠤ ᠢ ᠰᠡᠶᠢᠷᠡᠭᠵᠢᠭᠦᠯᠵᠦ ᠪᠠᠶᠢᠭᠠᠷᠠᠢ᠃ ᠴᠡᠪᠡᠷᠯᠡᠬᠦ ᠦᠶᠡᠳᠡᠭᠡᠨ ᠥᠩᠭᠡᠨ ᠬᠡᠰᠡᠭ ᠦᠨ ᠦᠨᠳᠦᠰᠦᠲᠡᠨ ᠦ ᠰᠢᠰᠲ᠋ᠧᠮ ᠢ ᠭᠡᠮᠲᠦᠭᠡᠬᠦ ᠦᠭᠡᠢ ᠶᠢᠨ ᠲᠤᠯᠠᠳᠠ ᠠᠩᠬᠠᠷᠤᠯ ᠲᠠᠢ ᠪᠠᠶᠢᠬᠤ ᠶᠣᠰᠣᠲᠠᠢ᠃

ᠡᠰᠢ ᠶᠢ ᠪᠣᠯᠪᠠᠰᠤᠷᠠᠭᠤᠯᠬᠤ ᠭᠦᠨ ᠨᠢ 5-7 ᠰᠠᠨᠲ᠋ᠢᠮᠧᠲ᠋ᠷ᠂ ᠲᠣᠭᠣᠭᠠᠨ ᠤ ᠡᠷᠭᠢᠨ ᠲᠣᠭᠣᠷᠢᠨ ᠳᠤ 10-12 ᠰᠠᠨᠲ᠋ᠢᠮᠧᠲ᠋ᠷ ᠡᠴᠡ ᠬᠡᠲᠦᠷᠡᠭᠦᠯᠬᠦ ᠦᠭᠡᠢ ᠪᠡᠷ ᠴᠡᠪᠡᠷᠯᠡᠬᠦ ᠬᠡᠷᠡᠭᠲᠡᠢ᠃ ᠭᠠᠩᠲᠠᠢ ᠵᠢᠯ ᠴᠢᠴᠠᠷᠭᠠᠨ᠎ᠠ ᠵᠢᠨ ᠨᠢᠭᠡ ᠪᠤᠲᠠ ᠶᠢ ᠵᠤᠨ᠂ ᠨᠠᠮᠤᠷ ᠤᠨ ᠲᠤᠷᠰᠢ 3-4 ᠰᠠᠭᠤᠯᠭ᠋ ᠡ ᠤᠰᠤ ᠪᠠᠷ ᠲᠣᠭᠲᠠᠮᠠᠯ ᠤᠰᠤᠯᠠᠬᠤ ᠵᠠᠶᠢᠯᠠᠰᠢ ᠦᠭᠡᠢ ᠱᠠᠭᠠᠷᠳᠠᠯᠭ᠎ᠠ ᠲᠠᠢ᠃ ᠮᠥᠨ ᠣᠷᠭᠠᠨᠢᠭ ᠪᠣᠯᠤᠨ ᠡᠷᠦᠳᠡᠰᠦ ᠪᠣᠷᠳᠣᠭᠤᠷ ᠤᠷᠤᠭᠤᠯᠬᠤ ᠬᠡᠷᠡᠭᠲᠡᠢ ᠃ ᠮᠥᠨ ᠭᠤᠷᠪᠠᠨ ᠵᠢᠯ ᠳᠦ ᠨᠢᠭᠡ ᠤᠳᠠᠭ᠎ᠠ ᠣᠷᠭᠠᠨᠢᠭ ᠪᠣᠷᠳᠣᠭᠤᠷ ᠪᠣᠯᠬᠤ ᠠᠮᠢᠲᠠᠨ ᠤ ᠪᠣᠯᠤᠨ ᠤᠷᠭᠤᠮᠠᠯ ᠤᠨ ᠭᠠᠷᠤᠯᠲᠠᠢ ᠢᠯᠵᠠᠮᠠᠭ ᠢ 10 kg ᠪᠠᠷ᠂ ᠲᠡᠭᠦᠨᠴᠢᠯᠡᠨ ᠡᠷᠦᠳᠡᠰᠦ ᠶᠢᠨ ᠭᠠᠷᠤᠯ ᠲᠠᠢ ᠪᠣᠷᠳᠣᠭᠤᠷ ᠪᠣᠯᠬᠤ ᠹᠣᠰᠹᠣᠷ ᠢ ᠨᠢᠭᠡ ᠠᠮᠠ ᠮᠧᠲ᠋ᠷ ᠲᠠᠯᠠᠪᠠᠢ ᠳᠤ 30-50 g᠂ ᠺᠠᠯᠢ ᠶᠢ 30g ᠬᠡᠷᠡᠭᠯᠡᠬᠦ ᠶᠢ ᠰᠠᠨᠠᠯ ᠪᠣᠯᠭᠠᠳᠠᠭ᠃

ᠡᠳᠡᠭᠡᠷ ᠪᠣᠷᠳᠣᠭᠤᠷ   ᠢ ᠨᠠᠮᠤᠷ ᠬᠥᠷᠦᠰᠦ ᠪᠡᠨ ᠰᠡᠶᠢᠷᠡᠭᠦᠯᠵᠦ 10 ᠰᠠᠨᠲ᠋ᠢᠮᠧᠲ᠋ᠷ ᠶᠢᠨ ᠣᠷᠴᠢᠮ ᠭᠦᠨᠳᠤ ᠬᠢᠬᠦ ᠨᠢ ᠢᠯᠡᠭᠦᠦ ᠦᠷ᠎ᠡ ᠳ᠋ᠦᠩ ᠲᠡᠢ᠃ ᠠᠽᠣᠲ ᠤᠨ ᠪᠣᠷᠳᠣᠭᠤᠷ᠎ ᠤᠷᠤᠭᠤᠯᠬᠤ ᠱᠠᠭᠠᠷᠳᠠᠯᠭ᠎ᠠ ᠦᠭᠡᠢ᠃ ᠤᠴᠢᠷ ᠨᠢ ᠦᠨᠳᠦᠰᠦ ᠪᠣᠯᠤᠨ ᠨᠠᠬᠢᠶᠠᠨ ᠤ ᠰᠢᠰᠲ᠋ᠧᠮ ᠳᠦ ᠠᠮᠢᠳᠤᠷᠠᠳᠠᠭ ᠪᠠᠺᠲ᠋ᠧᠷᠢ ᠶᠢᠨ ᠨᠥᠯᠦᠭᠡ ᠪᠡᠷ ᠴᠢᠴᠠᠷᠭᠠᠨ᠎ᠠ ᠠᠭᠠᠷ ᠮᠠᠨᠳᠠᠯ ᠠᠴᠠ ᠠᠽᠣᠲ ᠢ ᠥᠪᠡᠷᠲᠡᠭᠡᠨ ᠰᠢᠩᠭᠡᠭᠡᠵᠦ᠂ ᠬᠥᠷᠦᠰᠤ ᠵᠢ ᠠᠽᠣᠲ ᠢᠶᠠᠷ ᠪᠠᠶᠠᠵᠢᠭᠤᠯᠳᠠᠭ᠃ ᠰᠠᠭᠤᠯᠭᠠᠴᠠ ᠲᠠᠷᠢᠭᠰᠠᠨ ᠠᠴᠠ ᠬᠣᠶᠢᠰᠢᠬᠢ 3-4 ᠳ᠋ᠡᠬᠢ ᠵᠢᠯ ᠳᠦ ᠪᠡᠨ ᠴᠢᠴᠠᠷᠭᠠᠨ᠎ᠠ ᠵᠢᠮᠢᠰᠦᠯᠡᠵᠤ ᠡᠬᠢᠯᠡᠳᠡᠭ᠃ 8-9 ᠳᠦᠭᠡᠷ ᠰᠠᠷ᠎ᠠ ᠳᠤ ᠵᠢᠮᠢᠰᠦ  ᠨᠢ ᠪᠤᠯᠪᠠᠰᠤᠷᠠᠵᠤ ᠭᠦᠢᠴᠡᠨ᠎ᠡ᠃

ᠴᠢᠴᠠᠷᠭᠠᠨ᠎ᠠ ᠬᠦᠢᠲᠡᠨ  ᠳᠤ ᠲᠡᠰᠪᠦᠷᠢᠲᠡᠢ᠂ ᠭᠡᠷᠡᠯ᠂ ᠳᠤᠯᠠᠭᠠᠨ ᠳᠤ ᠳᠤᠷᠠᠲᠠᠢ ᠤᠷᠭᠤᠮᠠᠯ ᠤᠴᠢᠷ ᠠᠴᠠ ᠲᠠᠷᠢᠬᠤ ᠲᠠᠯᠠᠪᠠᠢ ᠶᠢ ᠰᠣᠩᠭᠣᠬᠤ ᠳᠤ ᠪᠠᠨ ᠰᠠᠯᠬᠢ᠂ ᠰᠢᠭᠤᠷᠭ᠎ᠠ ᠳᠤ ᠪᠠᠭ᠎ᠠ ᠦᠷᠢᠲᠦᠬᠦ ᠤᠷᠳᠤ ᠪᠠ ᠵᠡᠭᠦᠨ ᠤᠷᠢᠳᠤ ᠵᠦᠭ ᠤᠷᠤᠭᠤ ᠪᠠᠭ᠎ᠠ ᠵᠡᠷᠭᠡ  ᠨᠠᠷᠠᠨ ᠳᠤ ᠴᠡᠪᠡᠷ ᠠᠭᠠᠷ ᠶᠤᠮ ᠤᠤ᠂ ᠨᠥᠮᠥᠷᠢ ᠲᠡᠭᠰᠢ ᠭᠠᠵᠠᠷ ᠢ ᠰᠣᠩᠭᠣᠵᠤ ᠠᠪᠤᠨ᠎ᠠ᠃ ᠰᠣᠩᠭᠣᠵᠤ ᠠᠪᠤᠭᠰᠠᠨ ᠲᠠᠯᠠᠪᠠᠢ ᠦᠷᠡᠵᠢᠯ ᠰᠢᠮ᠎ᠡ ᠰᠠᠶᠢᠲᠠᠢ ᠳᠤᠮᠳᠠ ᠵᠡᠷᠭᠡ ᠶᠢᠨ ᠮᠧᠬᠠᠨᠢᠭ ᠪᠦᠲᠦᠴᠡ ᠲᠡᠢ ᠡᠯᠡᠰᠦᠨᠴᠢᠷ ᠬᠥᠩᠭᠡᠨ ᠴᠢᠨᠠᠷ ᠤᠨ ᠬᠠᠷ᠎ᠠ᠂ ᠬᠠᠷ᠎ᠠ ᠬᠦᠷᠢᠨ᠂ ᠴᠠᠶᠢᠪᠤᠷ ᠬᠥᠷᠥᠰᠥ ᠪᠠᠶᠢᠬᠤ ᠨᠢ ᠲᠣᠬᠢᠷᠠᠮᠵᠢᠲᠠᠢ᠃ ᠲᠠᠯᠠᠪᠠᠢ ᠶᠢᠨ  ᠵᠠᠬ᠎ᠠ ᠰᠠᠯᠬᠢᠨ ᠲᠠᠯ᠎ᠠ ᠳᠤ 2-3 ᠡᠩᠨᠡᠭᠡ ᠤᠯᠢᠶᠠᠰᠤ ᠶᠤᠮ ᠤᠤ ᠮᠣᠳᠣᠯᠢᠭ ᠤᠷᠭᠤᠮᠠᠯ ᠤᠷᠪᠠᠯᠠᠭᠰᠠᠨ ᠲᠠᠷᠢᠪᠠᠯ ᠨᠥᠮᠥᠷᠢ ᠪᠣᠯᠬᠤ ᠶᠢᠨ ᠬᠠᠮᠲᠤ ᠴᠠᠰᠤ ᠲᠣᠭᠲᠠᠭᠠᠬᠤ ᠰᠠᠶᠢᠨ ᠲᠠᠯ᠎ᠠ ᠲᠠᠢ᠃

ᠲᠠᠯᠠᠪᠠᠢ ᠶᠢᠨ ᠬᠥᠷᠦᠰᠤ ᠵᠢ ᠤᠷᠢᠳᠴᠢᠯᠠᠨ 30-40 ᠰᠠᠨᠲ᠋ᠢᠮᠧᠲ᠋ᠷ ᠭᠦᠨ ᠬᠠᠭᠠᠯᠤᠭᠠᠳ᠂ ᠬᠠᠭᠠᠯᠭᠠᠨ ᠤ ᠬᠥᠨᠳᠡᠯᠡᠨ ᠴᠢᠭᠯᠡᠯ ᠳᠦ 2-3 ᠤᠳᠠᠭ᠎ᠠ ᠪᠣᠷᠣᠨᠠᠶᠢᠳᠠᠵᠤ᠂ ᠬᠣᠭ ᠤᠷᠭᠤᠮᠠᠯ ᠤᠷᠭᠤᠬᠤ ᠪᠣᠯᠤᠯᠴᠠᠭ᠎ᠠ ᠦᠭᠡᠢ ᠪᠣᠯᠭᠠᠨ᠎ᠠ᠃ 1 ᠭᠠ ᠲᠠᠯᠠᠪᠠᠢ ᠳᠤ 30-40 ᠲᠣᠨ ᠪᠠᠭᠤᠴᠠ ᠪᠠᠷ ᠪᠣᠷᠳᠣᠨ᠎ᠠ᠃ ᠥᠭᠡᠷ᠎ᠡ ᠪᠡᠷ ᠬᠡᠯᠡᠪᠡᠯ ᠨᠦᠬᠡ ᠪᠦᠷᠢ ᠳᠦ 4-8 g ᠪᠠᠭᠤᠴᠠ 100-200 g ᠹᠣᠰᠹᠣᠷ᠂ ᠺᠠᠯᠢ ᠶᠢᠨ ᠪᠣᠷᠳᠣᠭᠤᠷ ᠬᠢᠵᠦ᠂ ᠬᠥᠷᠥᠰᠥ ᠲᠡᠢ ᠨᠢ ᠰᠠᠶᠢᠨ ᠬᠣᠯᠢᠭᠠᠳ ᠬᠠᠨᠲᠠᠯ᠎ᠠ ᠤᠰᠤᠯᠤᠨ᠎ᠡ᠃ ᠡᠨᠡ ᠠᠷᠭ᠎ᠠ ᠪᠠᠷ ᠰᠠᠭᠤᠯᠭᠠᠴᠠ ᠲᠠᠷᠢᠬᠤ ᠲᠠᠯᠠᠪᠠᠢ ᠶᠢ ᠰᠠᠶᠢᠨ ᠪᠡᠯᠡᠳᠬᠡᠨ᠎ᠡ᠃ ᠳᠠᠷᠠᠭ᠎ᠠ ᠨᠢ 50-60 ᠰᠠᠨᠲ᠋ᠢᠮᠧᠲ᠋ᠷ ᠳ᠋ᠢᠶᠠᠮᠧᠲ᠋ᠷ ᠲᠡᠢ᠂ 40-50 ᠰᠠᠨᠲ᠋ᠢᠮᠧᠲ᠋ᠷ ᠭᠦᠨ ᠨᠦᠬᠡ ᠤᠬᠤᠵᠤ ᠪᠡᠯᠡᠳᠬᠡᠨ᠎ᠡ᠃ ᠬᠡᠷᠪᠡ ᠤᠬᠠᠵᠤ ᠪᠡᠯᠡᠳᠬᠡᠭᠰᠡᠨ ᠨᠦᠬᠡ ᠨᠢ ᠬᠦᠨᠳᠦ ᠰᠢᠪᠠᠷᠯᠢᠭ ᠬᠥᠷᠦᠰᠦ ᠲᠡᠢ ᠪᠣᠯ ᠤᠬᠤᠵᠤ ᠭᠠᠷᠭᠠᠭᠰᠠᠨ ᠰᠢᠷᠤᠢ  ᠳᠤ ᠪᠠᠨ 2᠄1᠄1 ᠬᠡᠮᠵᠢᠶᠡᠨ ᠦ ᠪᠠᠭᠤᠴᠠ᠂ ᠡᠯᠡᠰᠦ ᠬᠣᠯᠢᠵᠤ ᠬᠥᠷᠦᠰᠦ ᠪᠡᠨ ᠪᠡᠯᠡᠳᠬᠡᠨ᠎ᠡ᠃ ᠰᠡᠶᠢᠷᠡᠭ ᠰᠠᠷᠠᠯ ᠬᠥᠷᠥᠰᠥᠲᠡᠢ ᠪᠣᠯ ᠡᠯᠡᠰᠦ ᠬᠤᠯᠢᠬᠤ ᠱᠠᠭᠠᠷᠳᠠᠯᠭ᠎ᠠ ᠦᠭᠡᠢ᠃    ᠨᠢᠭᠡ ᠪᠤᠲᠤᠩ ᠠᠴᠠ ᠡᠬᠢᠨ ᠦ ᠭᠤᠷᠪᠠ ᠠᠴᠠ ᠲᠠᠪᠤᠨ ᠵᠢᠯ ᠳᠦ ᠮᠥᠴᠢᠷ᠂ ᠲᠡᠭᠦᠨ ᠡᠴᠡ ᠬᠣᠶᠢᠰᠢ ᠰᠠᠯᠠᠭᠠᠯᠠᠭᠰᠠᠨ ᠣᠯᠠᠨ ᠵᠢᠮᠢᠰᠲᠦ ᠮᠥᠴᠢᠷ ᠭᠠᠷᠤᠨ᠎ᠠ᠃ ᠴᠢᠴᠠᠷᠭᠠᠨ᠎ᠠ ᠵᠢᠨ ᠪᠤᠲᠠ ᠶᠢ ᠡᠷ᠎ᠡ᠂ ᠡᠮ᠎ᠡ ᠭᠡᠵᠦ ᠠᠩᠭᠢᠯᠠᠬᠤ ᠪᠥᠭᠡᠳ ᠡᠮ᠎ᠡ ᠪᠤᠲᠠ ᠵᠢᠮᠢᠰ ᠥᠭᠳᠡᠭ᠃ ᠡᠮ᠎ᠡ ᠨᠢ ᠮᠥᠴᠢᠷ ᠰᠠᠯᠠᠭ᠎ᠠ ᠨᠠᠷᠢᠨ᠂ ᠲᠤᠶᠠᠬᠠᠨ ᠬᠠᠶᠢᠷᠰᠤᠯᠢᠭ ᠪᠦᠷᠬᠦᠭᠦᠯ ᠪᠦᠬᠦᠢ ᠨᠠᠬᠢᠢ ᠡ ᠲᠠᠢ ᠪᠠᠶᠢᠨ᠎ᠠ᠃ ᠬᠠᠷᠢᠨ ᠡᠷ᠎ᠡ ᠪᠤᠲᠠ ᠨᠢ ᠲᠣᠮᠣ ᠲᠣᠮᠣ ᠨᠠᠬᠢᠢ ᠡ  ᠲᠠᠢ᠂ ᠣᠯᠠᠨ ᠬᠠᠶᠢᠷᠰᠤ ᠲᠠᠢ᠂ ᠨᠠᠬᠢᠶ᠎ᠠ ᠬᠣᠭᠣᠷᠣᠨᠳᠣᠬᠢ ᠵᠢᠨ ᠵᠠᠢ ᠨᠢ ᠪᠠᠭ᠎ᠠ ᠪᠠᠶᠢᠳᠠᠭ᠃ ᠨᠢᠭᠡ ᠡᠷ᠎ᠡ ᠮᠣᠳᠣᠨ ᠳᠤ 10 ᠡᠮ᠎ᠡ ᠮᠣᠳᠣ ᠪᠠᠶᠢᠬᠤ ᠪᠠᠷ ᠲᠣᠭᠠᠴᠠᠭᠠᠯᠠᠵᠤ ᠲᠠᠷᠢᠨ᠎ᠠ᠃ ᠡᠷᠦᠬᠡ ᠶᠢᠨ ᠠᠵᠤ ᠠᠬᠤᠢ ᠳᠤ ᠪᠠᠨ ᠠᠷᠪᠠ ᠠᠴᠠ ᠳᠣᠭᠣᠭᠰᠢ ᠪᠤᠲᠠ ᠰᠠᠭᠤᠯᠭᠠᠵᠤ ᠪᠠᠶᠢᠭᠰᠠᠨ ᠴᠤ ᠵᠠᠪᠠᠯ ᠨᠢᠭᠡ ᠡᠷ᠎ᠡ ᠪᠤᠲᠠ ᠰᠠᠭᠤᠯᠭᠠᠬᠤ ᠶᠣᠰᠣᠲᠠᠢ᠃ ᠦᠷ᠎ᠡ ᠪᠡᠷ ᠰᠠᠭᠤᠯᠭᠠᠭᠰᠠᠨ ᠴᠢᠴᠠᠷᠭᠠᠨ᠎ᠠ ᠵᠢᠨ ᠰᠠᠭᠤᠯᠭᠠᠴᠠ ᠡᠬᠢᠨ ᠦ ᠦᠶᠡᠳᠡᠭᠡᠨ ᠡᠷ᠎ᠡ ᠡᠮ᠎ᠡ ᠶᠢ ᠢᠯᠭᠠᠬᠤ ᠳᠤ ᠬᠡᠴᠡᠭᠦᠦ ᠪᠠᠶᠢᠳᠠᠭ᠃ ᠨᠠᠷᠢᠨ ᠠᠵᠢᠭᠯᠠᠪᠠᠯ ᠡᠷ᠎ᠡ ᠰᠠᠭᠤᠯᠭᠠᠴᠠ ᠶᠢᠨ ᠨᠠᠬᠢᠶᠠᠨ ᠤ ᠪᠤᠯᠴᠤᠤ ᠠᠷᠠᠢ ᠲᠣᠮᠣ᠂ ᠣᠶᠢᠷ᠎ᠠ ᠵᠠᠢ ᠲᠠᠢ ᠪᠠᠶᠢᠷᠢᠰᠢᠭᠰᠠᠨ ᠪᠠᠶᠢᠨ᠎ᠠ᠃ ᠲᠠᠷᠢᠭᠰᠠᠨ ᠠᠴᠠ ᠬᠣᠶᠢᠰᠢ 3-5 ᠳ᠋ᠠᠬᠢ ᠵᠢᠯ ᠳᠦ ᠪᠡᠨ ᠴᠡᠴᠡᠭ ᠨᠠᠬᠢᠢ ᠡ ᠲᠠᠢ ᠪᠣᠯᠬᠤ ᠦᠶᠡᠳᠡᠭᠡᠨ ᠡᠷ᠎ᠡ᠂ ᠡᠮ᠎ᠡ ᠶᠢᠨ ᠢᠯᠭᠠᠭ᠎ᠠ ᠨᠢ ᠲᠣᠳᠣᠷᠠᠵᠤ ᠡᠬᠢᠯᠡᠨ᠎ᠡ᠃ ᠡᠷ᠎ᠡ ᠴᠢᠴᠠᠷᠭᠠᠨ᠎ᠠ ᠵᠢᠨ ᠨᠠᠬᠢᠶ᠎ᠠ ᠨᠠᠮᠤᠷ ᠣᠷᠣᠢ᠂ ᠡᠪᠦᠯ᠂ ᠬᠠᠪᠤᠷ ᠤᠨ ᠤᠯᠠᠷᠢᠯ ᠳᠤ ᠵᠠᠳᠠᠷᠠᠭ᠎ᠠ ᠦᠭᠡᠢ ᠪᠠᠶᠢᠬᠤ ᠳᠤ ᠪᠠᠨ ᠣᠯᠠᠨ ᠳᠠᠪᠬᠤᠷ ᠬᠠᠶᠢᠷᠰᠤ ᠲᠠᠢ᠂ ᠬᠡᠮᠵᠢᠶ᠎ᠡ ᠪᠡᠷ ᠢᠶᠡᠨ ᠲᠣᠮᠣ ᠂ ᠬᠣᠭᠣᠷᠣᠨᠳᠣ ᠪᠠᠨ ᠣᠶᠢᠷ᠎ᠠ ᠪᠠᠶᠢᠷᠢᠯᠠᠭᠰᠠᠨ ᠪᠠᠶᠢᠬᠤ ᠪᠠ ᠰᠠᠶᠢᠨ ᠠᠵᠢᠭᠯᠠᠪᠠᠯ ᠨᠢᠭᠡ ᠨᠠᠰᠤᠲᠤ ᠮᠥᠴᠢᠷ ᠨᠢ ᠡᠮ᠎ᠡ ᠵᠢᠨ ᠬᠢ ᠡᠴᠡ ᠪᠡᠨ ᠪᠦᠳᠦᠭᠦᠨ ᠪᠠᠶᠢᠳᠠᠭ᠃

ᠡᠮ᠎ᠡ ᠴᠢᠴᠠᠷᠭᠠᠨ᠎ᠠ ᠵᠢᠨ ᠨᠢᠭᠡ ᠨᠠᠰᠤᠲᠤ ᠮᠥᠴᠢᠷ ᠨᠢ ᠨᠠᠷᠢᠨ ᠲᠤᠷᠢᠬᠠᠨ᠂ ᠨᠠᠬᠢᠶ᠎ᠠ ᠨᠢ ᠭᠣᠣᠯ ᠲᠥᠯᠦᠪ 2 ᠬᠠᠶᠢᠷᠰᠤ ᠲᠠᠢ᠂ ᠡᠷ᠎ᠡ ᠶᠢᠨ ᠬᠢ ᠡᠴᠡ ᠪᠡᠨ ᠵᠢᠵᠢᠭ᠂ ᠬᠣᠭᠣᠷᠣᠨᠳᠣ ᠪᠠᠨ ᠬᠣᠯᠠ ᠪᠠᠶᠢᠷᠢᠯᠠᠭᠰᠠᠨ ᠪᠠᠶᠢᠳᠠᠭ᠃ ᠴᠢᠴᠠᠷᠭᠠᠨ᠎ᠠ 4-5 ᠨᠠᠰᠤᠨ ᠳᠤ ᠪᠠᠨ ᠦᠷ᠎ᠡ ᠵᠢᠮᠢᠰ ᠢᠶᠡᠨ ᠥᠭᠴᠦ ᠡᠬᠢᠯᠡᠬᠦ ᠪᠠ 30-40 ᠵᠢᠯ ᠠᠮᠢᠳᠤᠷᠠᠨ᠎ᠠ᠃ ᠬᠠᠮᠤᠭ ᠤᠨ ᠶᠡᠬᠡ ᠤᠷᠭᠤᠴᠠᠲᠠᠢ ᠨᠢᠭᠡ᠂ ᠮᠣᠳᠣ 25.8 kg ᠵᠢᠮᠢᠰ ᠥᠭᠳᠡᠭ᠃ ᠬᠠᠷᠢᠨ ᠬᠠᠮᠤᠭ ᠤᠨ ᠪᠠᠭ᠎ᠠ ᠨᠢ 4.8 kg᠃ ᠨᠢᠭᠡ ᠲᠣᠨ ᠴᠢᠴᠠᠷᠭᠠᠨ᠎ᠠ ᠵᠢᠮᠢᠰᠦᠨ ᠡᠴᠡ 20 kg ᠲᠣᠰᠤ᠂ 500 ᠯᠢᠲ᠋ᠷ ᠰᠢᠭᠦᠰᠦ 50 ᠯᠢᠲ᠋ᠷ ᠫᠣᠯᠢᠸᠢᠲ᠋ᠠᠮᠢᠨ ᠤ ᠪᠡᠯᠡᠳᠦᠮᠡᠯ ᠭᠠᠷᠭᠠᠨ ᠠᠪᠴᠤ ᠪᠣᠯᠤᠨ᠎ᠠ᠃

ᠬᠠᠪᠤᠷ ᠲᠠᠪᠤᠳᠤᠭᠠᠷ ᠰᠠᠷ᠎ᠠ ᠶᠢᠨ 1-25᠂ ᠨᠠᠮᠤᠷ ᠠᠷᠪᠠᠳᠤᠭᠠᠷ ᠰᠠᠷ᠎ᠠ ᠶᠢᠨ 20 ᠍ᠡᠴᠡ ᠠᠷᠪᠠᠨ ᠨᠢᠭᠡᠳᠦᠭᠡᠷ ᠰᠠᠷ᠎ᠠ ᠶᠢᠨ 1 ᠍ ᠦ ᠬᠣᠭᠣᠷᠣᠨᠳᠣ ᠲᠠᠷᠢᠶᠠᠯᠠᠨ᠎ᠠ᠃

ᠤᠰᠤᠯᠠᠭ᠎ᠠ[ᠵᠠᠰᠠᠪᠤᠷᠢᠯᠠᠬᠤ | ᠺᠣᠳ᠋ ᠢᠶᠠᠷ ᠵᠠᠰᠠᠬᠣ]

ᠴᠢᠴᠠᠷᠭᠠᠨ᠎ᠠ ᠵᠢᠨ ᠪᠤᠲᠠᠨ ᠤ ᠬᠡᠪ ᠦᠨ ᠤᠷᠭᠤᠯᠲᠠ ᠵᠢᠯ ᠪᠦᠷᠢ ᠵᠢᠮᠢᠰᠯᠡᠬᠦ ᠳᠦ ᠤᠰᠤᠯᠠᠭ᠎ᠠ ᠴᠢᠬᠤᠯᠠ ᠡᠭᠦᠷᠭᠡ ᠲᠡᠢ᠂ ᠴᠢᠴᠠᠷᠭᠠᠨ᠎ᠠ ᠵᠢᠨ ᠪᠤᠲᠠ ᠶᠢ ᠲᠠᠷᠢᠭᠰᠠᠨ ᠵᠢᠯ ᠨᠢ 8 ᠍ ᠠᠴᠠ ᠳᠣᠭᠣᠭᠰᠢ ᠦᠭᠡᠢ ᠤᠳᠠᠭ᠎ᠠ ᠳᠠᠷᠠᠭ᠎ᠠ ᠶᠢᠨ ᠵᠢᠯ ᠦᠳ ᠲᠦ 6 ᠍ ᠠᠴᠠ ᠳᠣᠭᠣᠭᠰᠢ ᠦᠭᠡᠢ ᠤᠰᠤᠯᠠᠨ᠎ᠠ᠃ ᠵᠢᠱᠢᠶ᠎ᠡ ᠨᠢ᠄ 2 ᠳᠠᠬᠢ ᠵᠢᠯ ᠦᠨ ᠤᠰᠤᠯᠠᠭ᠎ᠠ᠂  ᠨᠠᠬᠢᠶ᠎ᠠ ᠵᠠᠳᠠᠷᠠᠬᠤ ᠶᠢᠨ ᠡᠮᠦᠨ᠎ᠡ ᠪᠤᠶᠤ ᠵᠠᠳᠠᠷᠠᠵᠤ ᠡᠬᠢᠯᠡᠵᠦ ᠪᠠᠶᠢᠬᠤ ᠦᠶ᠎ᠡ ᠳᠦ ᠳᠥᠷᠪᠡᠳᠦᠭᠡᠷ ᠰᠠᠷ᠎ᠠ ᠶᠢᠨ 20- 30 ᠍ ᠤ ᠣᠷᠴᠢᠮ ᠴᠡᠴᠡᠭᠯᠡᠬᠦ ᠶᠢᠨ ᠡᠮᠦᠨ᠎ᠡ ᠲᠠᠪᠤᠳᠤᠭᠠᠷ ᠰᠠᠷ᠎ᠠ ᠶᠢᠨ 10- 20 ᠍ ᠤ ᠬᠣᠭᠣᠷᠣᠨᠳᠣ ᠪᠤᠲᠠ ᠴᠡᠴᠡᠭᠯᠡᠵᠦ ᠳᠠᠭᠤᠰᠤᠭᠠᠳ ᠮᠥᠴᠢᠷ ᠦᠨ ᠦᠰᠦᠯᠲᠡ ᠡᠬᠢᠯᠡᠬᠦ ᠦᠶ᠎ᠡ ᠳᠦ ᠵᠢᠷᠭᠤᠳᠤᠭᠠᠷ ᠰᠠᠷ᠎ᠠ ᠶᠢᠨ 5 ᠍ ᠠᠴᠠ 15 ᠍ ᠤ ᠬᠣᠭᠣᠷᠣᠨᠳᠣ ᠦᠷ᠎ᠡ ᠲᠣᠭᠲᠠᠵᠤ᠂ ᠲᠣᠮᠣᠷᠠᠬᠤ ᠦᠶ᠎ᠡ ᠳᠦ 6 ᠍ ᠳᠦᠭᠡᠷ ᠰᠠᠷ᠎ᠠ ᠶᠢᠨ ᠰᠡᠭᠦᠯᠴᠢ ᠪᠡᠷ ᠵᠢᠮᠢᠰᠦᠨ ᠦ ᠥᠩᠭᠡ ᠨᠣᠭᠣᠭᠠᠨ ᠪᠠᠶᠢᠭᠰᠠᠨ ᠢᠶᠠᠨ ᠰᠢᠷᠠᠪᠲᠤᠷ ᠪᠣᠯᠤᠨ ᠬᠤᠪᠢᠷᠠᠵᠤ ᠡᠬᠢᠯᠡᠬᠦ ᠦᠶ᠎ᠡ ᠳᠦ ᠵᠢᠷᠭᠤᠳᠤᠭᠠᠷ ᠰᠠᠷ᠎ᠠ ᠶᠢᠨ ᠰᠡᠭᠦᠯᠴᠢ ᠪᠡᠷ᠃ ᠮᠥᠴᠢᠷ ᠦᠨ ᠥᠰᠦᠯᠲᠡ ᠵᠣᠭᠰᠣᠬᠤ ᠦᠶ᠎ᠡ ᠳᠦ ᠶᠢᠰᠦᠳᠦᠭᠡᠷ ᠰᠠᠷ᠎ᠠ ᠶᠢᠨ ᠰᠡᠭᠦᠯᠴᠢ 10 ᠰᠠᠷ᠎ᠠ ᠶᠢᠨ ᠣᠷᠴᠢᠮ ᠤᠰᠤᠯᠠᠭ᠎ᠠ ᠪᠦᠷᠢ ᠶᠢᠨ ᠳᠠᠷᠠᠭ᠎ᠠ 2-3 ᠬᠣᠨᠣᠭᠠᠳ ᠬᠥᠷᠦᠰᠤ ᠵᠢ ᠵᠠᠪᠠᠯ ᠰᠡᠶᠢᠷᠡᠭᠵᠢᠭᠦᠯᠦᠭᠡᠷᠡᠢ᠃ ᠵᠢᠵᠢᠭ ᠲᠠᠯᠠᠪᠠᠢ ᠳᠤ ᠪᠤᠲᠠ ᠶᠢ ᠨᠥᠬᠥᠨ ᠲᠠᠷᠢᠭᠰᠠᠨ ᠪᠣᠯ ᠨᠦᠬᠡᠨ ᠨᠦᠭᠦᠳ ᠢ ᠬᠣᠯᠪᠣᠭᠰᠠᠨ ᠨᠠᠷᠢᠨ ᠵᠠᠮ ᠵᠢᠡᠷ ᠤᠰᠤ ᠤᠷᠤᠰᠬᠠᠬᠤ ᠪᠤᠶᠤ ᠨᠦᠬᠡ ᠪᠦᠷᠢ ᠳᠦ ᠬᠤᠪᠢᠩ ᠢᠶᠠᠷ ᠤᠰᠤ ᠵᠥᠭᠡᠭᠡᠵᠦ ᠤᠰᠤᠯᠠᠨ᠎ᠠ᠃

ᠰᠠᠭᠤᠯᠭᠠᠴᠠ ᠠᠷᠠᠴᠢᠯᠠᠬᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠴᠢᠴᠠᠷᠭᠠᠨ᠎ᠠ ᠵᠢᠨ ᠪᠤᠲᠠ 25-40 ᠰᠠᠨᠲ᠋ᠢᠮᠧᠲ᠋ᠷ ᠨᠢᠭᠡ ᠡᠰᠢ ᠲᠡᠢ᠂ ᠲᠡᠭᠦᠨ ᠡᠴᠡ ᠳᠡᠭᠡᠭᠰᠢ ᠮᠥᠴᠢᠷ ᠦᠳ ᠰᠠᠯᠠᠭᠠᠯᠠᠨ ᠵᠦᠭ ᠵᠦᠭ ᠲᠤ  ᠪᠡᠨ ᠵᠢᠭᠳᠡ ᠲᠡᠯᠡᠵᠦ ᠤᠷᠭᠤᠭᠰᠠᠨ ᠪᠠᠶᠢᠪᠠᠯ ᠬᠥᠷᠥᠰᠥ ᠪᠣᠯᠪᠠᠰᠤᠷᠠᠭᠤᠯᠬᠤ᠂ ᠤᠰᠤᠯᠠᠬᠤ᠂ ᠪᠣᠷᠳᠣᠬᠤ᠂ ᠪᠤᠲᠠᠨ ᠤ ᠵᠢᠮᠢᠰ ᠲᠡᠭᠦᠬᠦ ᠳᠦ ᠲᠣᠬᠢᠷᠠᠮᠵᠢᠲᠠᠢ ᠪᠠᠶᠢᠳᠠᠭ᠃ ᠬᠠᠪᠤᠷ ᠪᠦᠬᠦᠨ ᠪᠤᠲᠠ ᠶᠢᠨ ᠰᠢᠭᠦᠰᠦ ᠬᠥᠳᠡᠯᠬᠦ ᠶᠢᠨ ᠡᠮᠦᠨ᠎ᠡ ᠪᠤᠲᠠ ᠬᠣᠭᠣᠷᠣᠨᠳᠣ ᠵᠡᠷᠭᠡᠴᠡᠭᠰᠡᠨ ᠢᠯᠡᠭᠦᠦ ᠮᠥᠴᠢᠷ ᠢ ᠣᠭᠲᠣᠯᠵᠤ ᠬᠡᠲᠦ ᠨᠠᠷᠢᠨ ᠤᠷᠲᠤ ᠮᠥᠴᠢᠷ ᠢ ᠲᠠᠭᠠᠷᠢᠵᠤ ᠬᠠᠶᠠᠨ᠎ᠠ᠃ ᠪᠤᠲᠠ ᠶᠢ ᠵᠠᠯᠠᠭᠤᠵᠢᠭᠤᠯᠬᠤ ᠶᠢᠨ ᠲᠤᠯᠠᠳᠠ 5-7 ᠵᠢᠯ ᠳᠦ ᠮᠥᠴᠢᠷ ᠰᠠᠯᠠᠭᠠᠯᠠᠬᠤ ᠪᠡᠯᠴᠢᠷ ᠲᠦ ᠵᠥᠪᠬᠡᠨ 1 ᠮᠥᠴᠢᠷ ᠦᠯᠡᠳᠡᠭᠡᠵᠦ᠂ ᠪᠤᠰᠤᠳ ᠢ ᠨᠢ ᠣᠭᠲᠣᠯᠵᠤ ᠬᠠᠶᠠᠬᠤ ᠬᠡᠷᠡᠭᠲᠡᠢ᠃ ᠴᠢᠴᠠᠷᠭᠠᠨ᠎ᠠ ᠵᠢᠨ ᠪᠤᠲᠠ 2-4 ᠮᠧᠲ᠋ᠷ ᠡᠴᠡ ᠥᠨᠳᠦᠷ ᠪᠠᠶᠢᠬᠤ ᠱᠠᠭᠠᠷᠳᠠᠯᠭ᠎ᠠ ᠦᠭᠡᠢ᠃ ᠨᠠᠮᠤᠷ ᠵᠢᠮᠢᠰ ᠬᠤᠷᠢᠶᠠᠵᠤ ᠳᠠᠭᠤᠰᠤᠭᠰᠠᠨ ᠤ ᠳᠠᠷᠠᠭ᠎ᠠ ᠮᠣᠳᠣ ᠲᠠᠷᠢᠭᠰᠠᠨ ᠨᠦᠬᠡ ᠲᠤᠲᠤᠮ ᠳᠤ 10-12 ᠯᠢᠲ᠋ᠷ ᠤᠰᠤ ᠪᠠᠷ ᠪᠣᠳᠣᠵᠤ᠂ ᠴᠡᠨᠡᠭ ᠤᠰᠤᠯᠠᠭ᠎ᠠ ᠶᠢ ᠬᠢᠭᠡᠳ ᠠᠩᠬᠠᠨ ᠤ ᠴᠠᠰᠤ ᠣᠷᠣᠩᠭᠤᠲᠠ ᠪᠤᠲᠠᠨ ᠤ ᠡᠰᠢ ᠶᠢ ᠴᠠᠰᠤ ᠪᠠᠷ ᠪᠤᠯᠠᠬᠤ ᠪᠤᠶᠤ ᠴᠥᠭᠡᠨ ᠮᠣᠳᠣ ᠲᠠᠷᠢᠭᠰᠠᠨ ᠪᠣᠯ ᠳᠠᠪᠤᠤ ᠪᠡᠷ ᠪᠣᠭᠣᠵᠤ ᠬᠠᠪᠤᠷ ᠬᠦᠷᠲᠡᠯ᠎ᠡ ᠪᠠᠶᠢᠯᠭᠠᠨ᠎ᠠ᠃ ᠡᠨᠡ ᠨᠢ ᠪᠤᠲᠠ ᠶᠢ ᠬᠦᠯᠳᠡᠬᠦ ᠪᠡ ᠮᠡᠷᠡᠭᠴᠢᠳ ᠢᠳᠡᠬᠦ ᠡᠴᠡ ᠬᠠᠮᠠᠭᠠᠯᠠᠳᠠᠭ᠃

ᠴᠢᠴᠠᠷᠭᠠᠨ᠎ᠠ ᠨᠢ ᠣᠯᠠᠨ ᠲᠥᠷᠦᠯ ᠦᠨ ᠠᠮᠢᠨ ᠳᠡᠮ᠂ ᠡᠷᠦᠳᠡᠰᠦ ᠪᠣᠳᠠᠰ ᠢᠶᠠᠷ ᠪᠠᠶᠠᠯᠢᠭ ᠰᠢᠭᠦᠰᠦᠯᠢᠭ ᠵᠢᠮᠢᠰ ᠶᠤᠮ᠃ ᠰᠡᠭᠦᠯ ᠦᠨ ᠦᠶ᠎ᠡ ᠳᠦ ᠠᠨᠠᠭᠠᠬᠤ ᠤᠬᠠᠭᠠᠨ ᠤ ᠰᠠᠯᠪᠤᠷᠢ ᠳᠤ ᠴᠢᠴᠠᠷᠭᠠᠨ᠎ᠠ ᠶᠢ ᠣᠯᠠᠨ ᠲᠠᠯ᠎ᠠ ᠠᠴᠠ ᠨᠢ ᠰᠤᠳᠤᠯᠤᠨ ᠬᠣᠣᠷᠲᠤ ᠬᠠᠪᠤᠳᠠᠷ ᠤᠨ ᠡᠰᠡᠷᠭᠦ ᠪᠡᠯᠡᠳᠦᠮᠡᠯ ᠭᠠᠷᠭᠠᠨ ᠠᠪᠬᠤ ᠪᠠᠷ ᠵᠣᠷᠢᠵᠤ ᠪᠠᠶᠢᠭ᠎ᠠ ᠠᠵᠢ᠃ ᠡᠨᠡᠬᠦ ᠵᠢᠮᠢᠰ ᠨᠢ ᠶᠡᠷᠦᠳᠡ ᠶᠢᠨ ᠵᠢᠮᠢᠰ ᠲᠡᠢ ᠬᠠᠷᠢᠴᠠᠭᠤᠯᠬᠤ ᠳᠤ ᠸᠢᠲ᠋ᠠᠮᠢᠨ C  ᠬᠡᠳᠦ ᠳᠠᠬᠢᠨ ᠢᠯᠡᠭᠦᠦ ᠠᠭᠤᠯᠠᠭᠳᠠᠵᠤ ᠪᠠᠶᠢᠳᠠᠭ ᠶᠤᠮ᠃ ᠲᠤᠬᠠᠶᠢᠯᠠᠪᠠᠯ 100 ᠭᠷᠠᠮ ᠵᠢᠮᠢᠰᠦᠨ ᠳᠦ 100-300 mg ᠸᠢᠲ᠋ᠠᠮᠢᠨ C  ᠠᠭᠤᠯᠤᠭᠳᠠᠳᠠᠭ ᠲᠤᠯᠠ ᠬᠡᠦᠬᠡᠳ ᠦᠨ ᠪᠡᠶ᠎ᠡ ᠶᠢᠨ ᠳᠠᠷᠬᠠᠯᠠᠭ᠎ᠠ ᠶᠢ ᠰᠠᠶᠢᠵᠢᠷᠠᠭᠤᠯᠤᠨ᠎ᠠ᠃ ᠡᠷᠲᠡ ᠦᠶᠡᠰ ᠳᠣᠷᠣᠨ᠎ᠠ ᠶᠢᠨ ᠠᠨᠠᠭᠠᠬᠤ ᠤᠬᠠᠭᠠᠨ ᠳᠤ ᠴᠢᠴᠠᠷᠭᠠᠨ᠎ᠠ ᠵᠢᠨ ᠲᠣᠰᠣ ᠶᠢ ᠬᠦᠮᠦᠨ ᠦ ᠪᠡᠶ᠎ᠡ ᠶᠢᠨ ᠪᠣᠳᠠᠰ ᠤᠨ ᠰᠣᠯᠢᠯᠴᠠᠭ᠎ᠠ ᠶᠢ ᠳᠡᠮᠵᠢᠬᠦ᠂ ᠴᠢᠰᠤ ᠠᠯᠳᠠᠯᠲᠠ ᠶᠢ ᠵᠣᠭᠰᠣᠭᠠᠬᠤ ᠪᠣᠯᠤᠨ ᠡᠯᠢᠭᠡ᠂ ᠠᠭᠤᠰᠬᠢ᠂ ᠭᠡᠳᠡᠰᠦ ᠳᠣᠲᠣᠷ ᠤᠨ ᠡᠪᠡᠳᠴᠢᠨ ᠳᠦ᠂ ᠵᠢᠮᠢᠰᠦᠨ ᠦ ᠰᠢᠭᠦᠰᠦ ᠶᠢ ᠴᠢᠭᠢᠭ ᠪᠠᠮ ᠤᠨ ᠡᠪᠡᠳᠴᠢᠨ᠂ ᠬᠠᠨᠢᠶᠠᠳᠤ ᠶᠠᠳᠠᠷᠠᠭᠠᠨ ᠤ ᠦᠶ᠎ᠡ ᠳᠦ ᠬᠡᠷᠡᠭᠯᠡᠵᠦ ᠢᠷᠡᠵᠡᠢ᠃

ᠣᠷᠴᠢᠨ ᠦᠶ᠎ᠡ ᠶᠢᠨ ᠠᠨᠠᠭᠠᠬᠤ ᠤᠬᠠᠭᠠᠨ ᠳᠤ ᠴᠢᠴᠠᠷᠭᠠᠨ᠎ᠠ ᠵᠢᠨ ᠲᠣᠰᠣ ᠶᠢ ᠭᠠᠳᠠᠨ᠎ᠠ᠂ ᠳᠣᠲᠣᠷ᠎ᠠ ᠰᠢᠷᠬᠠᠯᠠᠭ᠎ᠠ᠂ ᠲᠦᠷᠭᠡᠨ ᠠᠨᠢᠬᠤ ᠪᠣᠯᠤᠮᠵᠢ ᠦᠭᠡᠢ ᠭᠦᠨ ᠰᠢᠷᠬ᠎ᠠ᠂ ᠡᠮᠡᠭᠲᠡᠶᠢᠴᠦᠳ ᠦᠨ ᠰᠠᠪᠠᠨ ᠤ ᠠᠮᠠᠰᠠᠷ ᠤᠨ ᠤᠯᠠᠶᠢᠯᠲᠠ᠂ ᠨᠠᠷᠠᠨ ᠳᠤ ᠲᠦᠯᠡᠭᠳᠡᠬᠦ᠂ ᠬᠥᠯᠳᠡᠯᠲᠡ ᠶᠢᠨ ᠦᠶ᠎ᠡ ᠳᠦ ᠬᠡᠷᠡᠭᠯᠡᠵᠦ ᠪᠠᠶᠢᠨ᠎ᠠ᠃ ᠮᠥᠨ ᠠᠮᠠᠨ ᠤ ᠬᠥᠨᠳᠡᠢ᠂ ᠬᠣᠭᠣᠯᠠᠢ ᠶᠢᠨ ᠤᠯᠠᠶᠢᠯᠲᠠ᠂  ᠨᠢᠳᠦᠨ ᠦ ᠡᠪᠡᠳᠴᠢᠨ᠂ ᠭᠣᠸ᠎ᠠ ᠰᠠᠶᠢᠬᠠᠨ ᠤ ᠡᠮᠴᠢᠯᠡᠭᠡᠨ ᠳᠦ ᠠᠰᠢᠭᠯᠠᠵᠤ ᠪᠠᠶᠢᠨ᠎ᠠ᠃

ᠦᠷᠡᠵᠢᠭᠦᠯᠬᠦ ᠠᠷᠭ᠎ᠠ[ᠵᠠᠰᠠᠪᠤᠷᠢᠯᠠᠬᠤ | ᠺᠣᠳ᠋ ᠢᠶᠠᠷ ᠵᠠᠰᠠᠬᠣ]

ᠮᠣᠳᠣᠯᠢᠭ ᠮᠥᠴᠢᠷ ᠦᠨ ᠲᠠᠭᠠᠷᠢᠳᠠᠰᠤ ᠪᠠᠷ ᠦᠷᠡᠵᠢᠭᠦᠯᠬᠦ ᠠᠷᠭ᠎ᠠ[ᠵᠠᠰᠠᠪᠤᠷᠢᠯᠠᠬᠤ | ᠺᠣᠳ᠋ ᠢᠶᠠᠷ ᠵᠠᠰᠠᠬᠣ]

ᠡᠨᠡ ᠪᠣᠯ ᠬᠠᠷᠢᠴᠠᠩᠭᠤᠢ ᠬᠢᠯᠪᠠᠷ ᠠᠷᠭ᠎ᠠ᠃ ᠣᠷᠣᠢ ᠶᠢᠨ ᠨᠠᠬᠢᠶᠠᠨ ᠤ ᠨᠢᠭᠡ ᠨᠠᠰᠤᠲᠤ ᠮᠣᠳᠣᠵᠢᠭᠰᠠᠨ ᠬᠡᠰᠡᠭ ᠢ 15–20 ᠰᠠᠨᠲ᠋ᠢᠮᠧᠲ᠋ᠷ ᠤᠷᠲᠤ ᠲᠠᠢ ᠣᠭᠲᠣᠯᠤᠨ ᠠᠪᠤᠭᠠᠳ ᠦᠵᠦᠭᠦᠷ ᠢ ᠨᠢ ᠴᠢᠴᠠᠤᠯᠠᠨ ᠲᠠᠯᠪᠢᠨ᠎ᠠ᠃ ᠢᠩᠭᠢᠬᠦ ᠳᠦ ᠪᠡᠨ ᠲᠠᠪᠤ ᠠᠴᠠ ᠳᠣᠭᠣᠭᠰᠢ ᠦᠭᠡᠢ ᠨᠠᠬᠢᠶ᠎ᠠ ᠲᠠᠢ ᠪᠠᠶᠢᠬᠤ ᠬᠡᠷᠡᠭᠲᠡᠢ᠃ ᠬᠡᠷᠪᠡ ᠣᠯᠠᠨ ᠲᠣᠭ᠎ᠠ ᠲᠠᠢ ᠪᠣᠯ 50-100 ᠰᠢᠷᠬᠡᠭ ᠢᠶᠡᠷ ᠪᠠᠭᠴᠠᠯᠠᠵᠤ ᠲᠠᠯᠪᠢᠭᠠᠷᠠᠢ᠃ ᠡᠳᠡᠭᠡᠷ ᠪᠠᠭᠴᠠᠭ᠎ᠠ ᠭᠢᠯᠠᠭᠠᠷ ᠤᠭᠤᠲᠠ ᠡᠰᠡᠪᠡᠯ ᠴᠢᠭᠢᠭ ᠲᠡᠢ ᠡᠯᠡᠰᠦᠨ ᠳᠦ ᠪᠣᠰᠤᠭ᠎ᠠ ᠪᠠᠶᠢᠳᠠᠯ ᠢᠶᠠᠷ ᠰᠠᠭᠤᠯᠭᠠᠵᠤ ᠬᠠᠳᠠᠭᠠᠯᠠᠨ᠎ᠠ᠃

ᠢᠩᠭᠢᠵᠦ ᠪᠡᠯᠡᠳᠦᠭᠰᠡᠨ ᠴᠢᠴᠠᠷᠭᠠᠨ᠎ᠠ ᠶᠢᠨ ᠮᠥᠴᠢᠷ ᠢᠶᠡᠨ ᠳᠥᠷᠪᠡᠳᠦᠭᠡᠷ ᠰᠠᠷ᠎ᠠ ᠶᠢᠨ ᠰᠡᠭᠦᠯ ᠦᠨ ᠠᠷᠪᠠ ᠬᠣᠨᠣᠭ ᠲᠤ ᠡᠰᠡᠪᠡᠯ ᠲᠠᠪᠤᠳᠤᠭᠠᠷ ᠰᠠᠷ᠎ᠠ ᠶᠢᠨ ᠡᠬᠢᠨ ᠦ ᠬᠣᠷᠢ ᠬᠣᠨᠣᠭ ᠲᠤ ᠪᠠᠭᠲᠠᠭᠠᠨ ᠰᠠᠭᠤᠯᠭᠠᠨ᠋ ᠡ᠃ ᠢᠩᠭᠢᠬᠦ ᠳᠦ ᠪᠡᠨ 5 ᠡᠴᠡ10 ᠺᠦᠸᠠᠳ᠋ ᠮᠧᠲ᠋ᠷ ᠲᠠᠯᠠᠪᠠᠢ ᠪᠦᠬᠦᠢ ᠬᠥᠷᠦᠰᠤ ᠵᠢ ᠤᠬᠠᠨ ᠬᠠᠶᠢᠷᠴᠠᠭᠯᠠᠨ ᠪᠡᠯᠡᠳᠬᠡᠨ᠎ᠡ᠃ ᠡᠩᠨᠡᠭᠡ ᠬᠣᠭᠣᠷᠣᠨᠳᠣ 30 ᠰᠠᠨᠲ᠋ᠢᠮᠧᠲ᠋ᠷ ᠵᠠᠢ ᠲᠠᠢ ᠪᠠᠷ ᠰᠠᠭᠤᠯᠭᠠᠪᠠᠯ ᠰᠠᠶᠢᠨ᠃ ᠢᠩᠭᠢᠬᠦ ᠳᠦ ᠪᠡᠨ ᠮᠥᠴᠢᠷ  ᠤᠨ ᠪᠡᠨ ᠭᠤᠷᠪᠠᠨ ᠤ ᠨᠢᠭᠡ ᠶᠢ ᠬᠥᠷᠦᠰᠦᠨ ᠡᠴᠡ ᠢᠯᠡ ᠭᠠᠷᠬᠤ ᠪᠠᠷ (ᠳᠥᠷᠪᠡ ᠡᠴᠡ ᠲᠠᠪᠤᠨ ᠨᠠᠬᠢᠶ ᠡ ᠵᠢ) ᠰᠠᠭᠤᠯᠭᠠᠭᠠᠷᠠᠢ᠃

ᠴᠢᠴᠠᠷᠭᠠᠨ᠎ᠠ ᠶᠢᠨ ᠮᠥᠴᠢᠷ ᠢᠶᠡᠨ ᠲᠠᠷᠢᠬᠤ  ᠡᠴᠡ ᠡᠮᠦᠨ᠎ᠡ ᠺᠠᠯᠢ ᠶᠢᠨ ᠭᠤᠮᠠᠲ᠂ ᠭᠧᠲ᠋ᠷᠣᠢᠺᠰᠢᠨ ᠤ ᠠᠭᠤᠰᠤᠮᠠᠯ ᠳᠤ 14-18 ᠴᠠᠭ ᠪᠠᠶᠢᠯᠭᠠᠭᠠᠳ ᠳᠠᠷᠠᠭ᠎ᠠ ᠨᠢ ᠴᠡᠪᠡᠷ ᠤᠰᠤᠨ ᠳᠤ ᠤᠭᠢᠶᠠᠵᠤ ᠰᠠᠭᠤᠯᠭᠠᠬᠤ ᠬᠡᠷᠡᠭᠲᠡᠢ᠃ ᠠᠭᠤᠰᠤᠮᠠᠯ ᠳᠤ ᠪᠠᠨ ᠮᠥᠴᠢᠷ ᠢ ᠵᠢᠭᠳᠡ ᠳᠦᠷᠦᠬᠦ ᠶᠢᠨ ᠲᠤᠯᠠᠳᠠ ᠵᠠᠳᠠᠭᠠᠢ ᠠᠮᠠ ᠲᠠᠢ ᠬᠠᠪᠲᠠᠭᠠᠢ ᠢᠷᠤᠭᠠᠷ ᠲᠠᠢ ᠰᠠᠪᠤᠩ ᠳᠤ ᠠᠭᠤᠰᠤᠮᠠᠯ ᠢᠶᠠᠨ ᠬᠢᠨ᠎ᠡ᠃ ᠰᠠᠭᠤᠯᠭᠠᠴᠠ ᠪᠠᠨ ᠳᠣᠯᠣᠭ᠎ᠠ ᠬᠣᠨᠣᠭ ᠲᠤ ᠬᠣᠶᠠᠷ ᠤᠳᠠᠭ᠎ᠠ᠂ ᠬᠣᠶᠠᠷ ᠰᠠᠷ᠎ᠠ ᠶᠢᠨ ᠲᠤᠷᠰᠢ ᠤᠰᠤᠯᠠᠵᠤ ᠪᠠᠶᠢᠬᠤ ᠬᠡᠷᠡᠭᠲᠡᠢ᠃ ᠬᠠᠷᠢᠨ ᠳᠣᠯᠣᠳᠤᠭᠠᠷ ᠰᠠᠷ᠎ᠠ ᠶᠢᠨ ᠳᠤᠮᠳᠠ ᠦᠶᠡᠰ ᠡᠬᠢᠯᠡᠨ ᠳᠣᠯᠣᠭ᠎ᠠ ᠬᠣᠨᠣᠭ ᠲᠤ ᠨᠢᠭᠡ ᠤᠳᠠᠭ᠎ᠠ ᠤᠰᠤᠯᠠᠬᠤ ᠳᠤ ᠬᠠᠩᠭᠠᠯᠲᠠ ᠲᠠᠢ᠃ ᠮᠣᠳᠣᠯᠢᠭ ᠮᠥᠴᠢᠷ 30 – 45 ᠬᠣᠨᠣᠭ ᠲᠤ ᠦᠨᠳᠦᠰᠦᠵᠢᠵᠦ ᠤᠷᠭᠤᠵᠤ ᠡᠬᠢᠯᠡᠨ᠎ᠡ᠃ ᠵᠤᠨ ᠤ ᠲᠤᠷᠰᠢᠳᠠ ᠬᠣᠭ ᠤᠷᠭᠤᠮᠠᠯ ᠠᠴᠠ ᠪᠠᠶᠢᠩᠭᠤ ᠴᠡᠪᠡᠷᠯᠡᠵᠦ᠂ ᠬᠥᠷᠦᠰᠤ ᠵᠢ  ᠨᠢ ᠰᠡᠶᠢᠷᠡᠭᠦᠯᠵᠦ ᠠᠷᠠᠴᠢᠯᠠᠵᠤ ᠴᠢᠳᠠᠪᠠᠯ ᠰᠠᠶᠢᠨ ᠰᠣᠷᠲ ᠤᠨ᠂ ᠵᠢᠮᠢᠰ ᠶᠡᠬᠡ ᠠᠪᠳᠠᠭ ᠴᠢᠴᠠᠷᠭᠠᠨ᠎ᠠ ᠶᠢᠨ ᠲᠥᠭᠡᠯ ᠲᠡᠢ ᠪᠣᠯᠵᠤ ᠪᠣᠯᠤᠨ᠎ᠠ᠃

ᠨᠣᠭᠣᠭᠠᠨ ᠮᠥᠴᠢᠷ ᠦᠨ ᠦᠷᠡᠵᠢᠭᠦᠯᠭᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠡᠷᠪᠡ ᠲᠠ ᠬᠠᠪᠤᠷ ᠮᠥᠴᠢᠷ ᠢᠶᠡᠷ ᠦᠷᠡᠵᠢᠭᠦᠯᠬᠦ ᠠᠵᠢᠯ ᠢ ᠬᠢᠵᠦ ᠠᠮᠵᠢᠭ᠎ᠠ ᠦᠭᠡᠢ ᠪᠣᠯ ᠳᠣᠯᠣᠳᠤᠭᠠᠷ ᠰᠠᠷ᠎ᠠ ᠳᠤ ᠴᠤ ᠪᠠᠰᠠ ᠬᠢᠵᠦ ᠪᠣᠯᠤᠨ᠎ᠠ ᠰᠢᠦ ᠳ᠋ᠡ᠃ ᠶᠠᠭᠤ ᠭᠡᠪᠡᠯ᠂ ᠳᠣᠯᠣᠳᠤᠭᠠᠷ ᠰᠠᠷ᠎ᠠ ᠶᠢᠨ ᠡᠬᠢᠨ ᠦ ᠬᠣᠶᠠᠷ ᠠᠷᠪᠠ ᠬᠣᠨᠣᠭ ᠲᠤ ᠴᠢᠴᠠᠷᠭᠠᠨ᠎ᠠ ᠶᠢᠨ ᠰᠢᠨ᠎ᠡ ᠪᠡᠷ ᠨᠠᠬᠢᠶᠠᠯᠠᠭᠰᠠᠨ ᠮᠥᠴᠢᠷ ᠨᠢ ᠮᠣᠳᠣᠯᠢᠭ ᠬᠠᠲᠠᠭᠤ ᠪᠣᠯᠤᠭᠰᠠᠨ ᠪᠠᠶᠢᠳᠠᠭ ᠶᠤᠮ᠃ ᠡᠨᠡ ᠦᠶ᠎ᠡ ᠳᠦ ᠨᠢ ᠳᠥᠷᠪᠡ ᠡᠴᠡ ᠵᠢᠷᠭᠤᠭᠠᠨ ᠨᠠᠪᠴᠢ ᠲᠠᠢ ᠮᠥᠴᠢᠷ ᠢ 30-40 ᠰᠠᠨᠲ᠋ᠢᠮᠧᠲ᠋ᠷ ᠤᠷᠲᠤ ᠲᠠᠢ ᠪᠠᠷ ᠲᠠᠭᠠᠷᠢᠵᠤ ᠠᠪᠬᠤ ᠬᠡᠷᠡᠭᠲᠡᠢ᠃ ᠢᠩᠭᠢᠬᠦ ᠳᠦ ᠪᠡᠨ ᠪᠦᠷᠬᠦᠭ ᠡᠳᠦᠷ᠂ ᠥᠷᠯᠥᠭᠡᠭᠦᠷ ᠬᠢᠪᠡᠯ ᠰᠠᠶᠢᠨ᠃ ᠳᠠᠷᠠᠭ᠎ᠠ ᠨᠢ ᠡᠮᠦᠨᠡᠬᠢ ᠠᠷᠭ᠎ᠠ ᠶᠢᠨ ᠨᠢᠭᠡ ᠠᠳᠠᠯᠢ ᠠᠭᠤᠰᠤᠮᠠᠯ ᠳᠤ 12-14 ᠴᠠᠭ ᠪᠠᠶᠢᠯᠭᠠᠭᠠᠳ ᠵᠢᠵᠢᠭ᠂ ᠬᠦᠯᠡᠮᠵᠢ ᠳᠤ ᠰᠠᠭᠤᠯᠠᠭᠠᠨ᠎ᠡ᠃ ᠬᠦᠯᠡᠮᠵᠢ ᠵᠢᠨ ᠬᠥᠷᠦᠰᠤ ᠵᠢ ᠪᠡᠯᠡᠳᠬᠡᠬᠦ ᠳᠦ ᠪᠡᠨ ᠶᠠᠭᠤᠨ ᠤ ᠲᠦᠷᠦᠭᠦᠨ ᠳᠦ ᠪᠦᠬᠦ ᠬᠥᠷᠦᠰᠤ  ᠵᠢ ᠤᠬᠤᠭᠠᠳ ᠳᠣᠣᠷ᠎ᠠ ᠨᠢ ᠭᠣᠣᠯ ᠤᠨ ᠬᠠᠶᠢᠷᠭᠤ ᠶᠢ 8 -10 ᠰᠠᠨᠲ᠋ᠢᠮᠧᠲ᠋ᠷ ᠵᠤᠵᠠᠭᠠᠨ ᠳᠡᠪᠢᠰᠴᠦ ᠥᠭᠭᠦᠨ᠎ᠡ᠃ ᠲᠡᠭᠦᠨ ᠦ ᠳᠡᠭᠡᠷ᠎ᠡ ᠡᠴᠡ 15-25 ᠰᠠᠨᠲ᠋ᠢᠮᠧᠲ᠋ᠷ ᠢᠯᠵᠠᠮᠠᠭ ᠲᠠᠢ ᠬᠠᠷ᠎ᠠ ᠰᠢᠷᠣᠢ ᠪᠣᠯᠤᠨ ᠨᠠᠷᠢᠨ ᠰᠢᠷᠬᠡᠭ ᠲᠡᠢ ᠡᠯᠡᠰᠦᠨ ᠡᠴᠡ ᠢᠵᠢᠯ ᠬᠡᠮᠵᠢᠶ᠎ᠡ ᠲᠡᠢ ᠬᠣᠯᠢᠵᠤ᠂ ᠠᠷᠪᠠᠨ cm ᠵᠤᠵᠠᠭᠠᠨ ᠲᠠᠢ ᠲᠠᠷᠠᠭᠠᠵᠤ ᠥᠭᠭᠦᠨ᠎ᠡ᠃ ᠳᠠᠷᠠᠭ᠎ᠠ ᠨᠢ ᠡᠯᠡᠰᠦ ᠰᠠᠴᠤᠵᠤ ᠤᠭ ᠬᠥᠷᠦᠰᠤ ᠵᠢ ᠰᠠᠶᠢᠲᠤᠷ ᠨᠢᠭᠲᠠᠷᠰᠢᠭᠤᠯᠬᠤ ᠱᠠᠭᠠᠷᠳᠠᠯᠭ᠎ᠠ ᠲᠠᠢ᠃ ᠴᠢᠴᠠᠷᠭᠠᠨ᠎ᠠ ᠶᠢᠨ ᠮᠥᠴᠢᠷ ᠢᠶᠡᠨ ᠡᠩᠨᠡᠭᠡ ᠬᠣᠭᠣᠷᠣᠨᠳᠣ ᠭᠤᠴᠢᠨ cm᠂ ᠮᠥᠴᠢᠷ ᠬᠣᠭᠣᠷᠣᠨᠳᠣ ᠲᠠᠪᠤᠨ cm ᠵᠠᠶᠢᠲᠠᠢ ᠪᠠᠷ ᠰᠠᠭᠤᠯᠭᠠᠨ ᠮᠠᠨᠠᠨᠴᠢᠷ ᠤᠰᠤᠨ ᠪᠣᠷᠣᠭ᠎ᠠ ᠤᠷᠤᠬᠤ ᠬᠡᠯᠪᠡᠷᠢ ᠪᠡᠷ ᠤᠰᠤᠯᠠᠬᠤ ᠳᠤ ᠬᠦᠯᠡᠮᠵᠢ ᠳᠣᠲᠣᠷ᠎ᠠ ᠮᠠᠨᠠᠨ ᠡᠭᠦᠰᠳᠡᠭ᠃ ᠡᠬᠢᠨ ᠦ 20 – 25 ᠬᠣᠨᠣᠭ ᠲᠤ 10-20 ᠮᠢᠨᠦ᠋ᠲ ᠤᠨ ᠵᠠᠶᠢᠲᠠᠢ ᠮᠠᠨᠠᠨᠵᠢᠭᠤᠯᠬᠤ ᠳᠤ ᠰᠠᠭᠤᠯᠭᠠᠭᠰᠠᠨ ᠪᠦᠬᠦ ᠮᠥᠴᠢᠷ ᠤᠷᠭᠤᠵᠤ᠂ ᠰᠠᠷ᠎ᠠ ᠶᠢᠨ ᠬᠤᠭᠤᠴᠠᠭᠠᠨ ᠳᠤ ᠦᠨᠳᠦᠰᠦᠯᠡᠵᠦ ᠨᠠᠪᠴᠢ ᠨᠢ ᠤᠷᠭᠤᠵᠤ ᠡᠬᠢᠯᠡᠳᠡᠭ᠃ ᠬᠠᠷᠢᠨ ᠡᠨᠡ ᠦᠶᠡᠰ ᠡᠬᠢᠯᠡᠨ ᠤᠰᠤᠯᠠᠭ᠎ᠠ ᠶᠢ ᠪᠠᠭᠠᠰᠬᠠᠵᠤ᠂ ᠬᠦᠯᠡᠮᠵᠢ ᠳᠦ ᠪᠡᠨ ᠰᠠᠯᠬᠢ ᠣᠷᠣᠭᠤᠯᠤᠨ᠂ ᠳᠤᠯᠠᠭᠠᠨ ᠤ ᠬᠡᠮᠵᠢᠶ ᠡ ᠵᠢ ᠠᠭᠠᠵᠢᠮ ᠢᠶᠠᠷ ᠪᠠᠭᠤᠷᠠᠭᠤᠯᠬᠤ ᠬᠡᠷᠡᠭᠲᠡᠢ᠃

ᠬᠦᠯᠡᠮᠵᠢ ᠶᠢᠨ ᠳᠤᠯᠠᠭᠠᠨ ᠤ ᠬᠡᠮᠵᠢᠶ ᠡ 24 – 29 ᠭᠷᠠᠳᠦ᠋ᠰ ᠪᠠᠶᠢᠪᠠᠯ ᠰᠠᠶᠢᠨ᠃ ᠡᠭᠦᠨ ᠡᠴᠡ ᠢᠯᠡᠭᠦᠦ ᠨᠡᠮᠡᠭᠳᠡᠪᠡᠯ ᠬᠦᠯᠡᠮᠵᠢᠨ ᠳᠦ ᠪᠡᠨ ᠰᠠᠯᠬᠢ ᠠᠭᠠᠷ ᠣᠷᠣᠭᠤᠯᠵᠤ ᠳᠤᠯᠠᠭᠠᠨ ᠤ ᠬᠡᠮᠵᠢᠶ ᠡ ᠵᠢ ᠪᠠᠭᠤᠷᠠᠭᠤᠯᠵᠤ ᠪᠠᠶᠢᠬᠤ ᠬᠡᠷᠡᠭᠲᠡᠢ᠃ ᠬᠣᠶᠠᠷ ᠰᠠᠷ᠎ᠠ ᠶᠢᠨ ᠳᠠᠷᠠᠭ᠎ᠠ ᠬᠤᠴᠢᠯᠭ᠎ᠠ ᠶᠢ ᠠᠪᠴᠤ ᠰᠠᠭᠤᠯᠭᠠᠴᠠ ᠪᠠᠨ ᠬᠡᠪ ᠦᠨ ᠨᠥᠬᠥᠴᠡᠯ ᠳᠦ ᠳᠠᠰᠬᠠᠨ᠎ᠠ᠃ ᠳᠣᠯᠣᠭ᠎ᠠ ᠠᠴᠠ ᠠᠷᠪᠠ ᠬᠣᠨᠣᠭ ᠲᠤ ᠪᠠᠨ ᠨᠢᠭᠡ ᠤᠳᠠᠭ᠎ᠠ ᠮᠠᠨᠠᠨᠵᠢᠭᠤᠯᠬᠤ ᠤᠰᠤᠯᠠᠭ᠎ᠠ ᠬᠢᠵᠦ᠂ ᠲᠠᠷᠢᠴᠠ ᠪᠠᠨ ᠥᠯᠴᠢᠷᠵᠢᠭᠦᠯᠵᠦ᠂ ᠳᠤᠯᠠᠭᠠᠨ ᠤ ᠬᠡᠮᠵᠢᠶ ᠡ ᠬᠠᠰᠤᠭᠳᠠᠬᠤ ᠪᠣᠯᠤᠭᠠᠳ ᠢᠷᠡᠬᠦ ᠦᠶ᠎ᠡ ᠳᠦ ᠰᠠᠭᠤᠯᠭᠠᠴᠠ ᠪᠠᠨ ᠦᠷᠳᠡᠰᠦ᠂ ᠡᠪᠡᠰᠦ ᠪᠡᠷ ᠬᠤᠴᠢᠨ᠎ᠠ᠃ ᠬᠠᠪᠤᠷ ᠠᠭᠠᠷ ᠤᠨ ᠳᠤᠯᠠᠭᠠᠨ ᠲᠡᠬᠡᠭᠰᠢᠯᠡᠬᠦ ᠦᠶ᠎ᠡ ᠳᠦ ᠬᠤᠴᠢᠯᠭ᠎ᠠ ᠶᠢ ᠠᠪᠤᠨ ᠠᠷᠠᠴᠢᠯᠠᠭ᠎ᠠ᠂ ᠤᠰᠤᠯᠠᠭ᠎ᠠ  ᠬᠢᠨ᠎ᠡ᠃

ᠴᠢᠴᠠᠷᠭᠠᠨ᠎ᠠ ᠶᠢ ᠦᠨᠳᠦᠰᠦ ᠪᠡᠷ ᠦᠷᠡᠵᠢᠭᠦᠯᠬᠦ[ᠵᠠᠰᠠᠪᠤᠷᠢᠯᠠᠬᠤ | ᠺᠣᠳ᠋ ᠢᠶᠠᠷ ᠵᠠᠰᠠᠬᠣ]

ᠴᠢᠴᠠᠷᠭᠠᠨ᠎ᠠ ᠶᠢᠨ ᠮᠣᠳᠣ ᠶᠢ ᠦᠨᠳᠦᠰᠦ ᠪᠡᠷ ᠨᠢ ᠦᠷᠡᠵᠢᠭᠦᠯᠬᠦ ᠨᠢ ᠠᠵᠢᠯᠯᠠᠭ᠎ᠠ ᠪᠠᠭ᠎ᠠ ᠲᠠᠢ ᠬᠢᠯᠪᠠᠷ ᠠᠷᠭ᠎ᠠ᠃

ᠴᠢᠴᠠᠷᠭᠠᠨ᠎ᠠ ᠶᠢᠨ ᠪᠤᠲᠠ ᠶᠢ ᠡᠯᠡᠰᠦᠷᠬᠡᠭ ᠬᠥᠩᠭᠡᠨ ᠬᠥᠷᠦᠰᠦᠨ ᠳᠦ ᠰᠠᠭᠤᠯᠭᠠᠭᠠᠳ ᠬᠥᠷᠦᠰᠦᠨ ᠦ ᠥᠩᠭᠡᠨ ᠬᠡᠰᠡᠭ ᠢ ᠵᠥᠭᠡᠯᠡᠯᠡᠵᠦ᠂ ᠪᠣᠯᠪᠠᠰᠤᠷᠠᠭᠤᠯᠤᠨ ᠤᠰᠤᠯᠠᠬᠤ ᠳᠤ ᠣᠯᠠᠨ ᠰᠠᠭᠤᠯᠭᠠᠴᠠ ᠪᠡᠯᠡᠳᠬᠡᠬᠦ ᠪᠣᠯᠤᠮᠵᠢ ᠲᠠᠢ ᠪᠣᠯᠳᠠᠭ᠃ ᠦᠨᠳᠦᠰᠦᠨ ᠡᠴᠡ ᠰᠠᠯᠠᠭᠠᠯᠠᠨ ᠰᠠᠭᠤᠯᠭᠠᠭᠰᠠᠨ ᠰᠠᠭᠤᠯᠭᠠᠴᠠ ᠠᠷᠠᠴᠢᠯᠠᠭ᠎ᠠ ᠰᠠᠶᠢᠨ ᠬᠢᠪᠡᠯ ᠵᠢᠯ ᠳᠦ 50 – 60 ᠰᠠᠨᠲ᠋ᠢᠮᠧᠲ᠋ᠷ ᠥᠨᠳᠥᠷ ᠤᠷᠭᠤᠵᠤ ᠴᠢᠳᠠᠨ᠎ᠠ᠃

ᠴᠢᠴᠠᠷᠭᠠᠨ᠎ᠠ ᠶᠢᠨ ᠮᠥᠴᠢᠷ ᠢ ᠵᠠᠯᠭᠠᠵᠤ ᠦᠷᠡᠵᠢᠭᠦᠯᠬᠦ[ᠵᠠᠰᠠᠪᠤᠷᠢᠯᠠᠬᠤ | ᠺᠣᠳ᠋ ᠢᠶᠠᠷ ᠵᠠᠰᠠᠬᠣ]

ᠡᠨᠡ ᠠᠷᠭ᠎ᠠ ᠨᠢ ᠠᠮᠲᠠ ᠴᠢᠨᠠᠷ ᠰᠠᠶᠢᠲᠠᠢ ᠠᠷᠪᠢᠨ ᠶᠡᠬᠡ ᠴᠢᠴᠠᠷᠭᠠᠨ᠎ᠠ ᠵᠢᠮᠢᠰ ᠬᠤᠷᠢᠶᠠᠬᠤ ᠰᠢᠨ᠎ᠡ ᠰᠣᠷᠲ  ᠢ ᠭᠠᠷᠭᠠᠵᠤ ᠠᠪᠬᠤ ᠳᠤ ᠬᠠᠮᠤᠭ ᠤᠨ ᠲᠣᠬᠢᠷᠠᠮᠵᠢᠲᠠᠢ ᠠᠷᠭ᠎ᠠ᠃ ᠡᠭᠦᠨ ᠦ ᠲᠤᠯᠠᠳᠠ ᠦᠨᠳᠦᠰᠦᠨ ᠦ ᠬᠥᠵᠦᠭᠦᠪᠴᠢ ᠬᠡᠰᠡᠭ ᠢᠶᠡᠷ 5 - 10 ᠮᠢᠯᠯᠢᠮᠧᠲ᠋ᠷ ᠪᠦᠳᠦᠭᠦᠨ ᠲᠡᠢ᠂ ᠨᠢᠭᠡ ᠨᠠᠰᠤᠲᠠᠢ᠂ 50 – 60 ᠰᠠᠨᠲ᠋ᠢᠮᠧᠲ᠋ᠷ ᠮᠥᠴᠢᠷ ᠲᠡᠢ ᠰᠠᠭᠤᠯᠭᠠᠴᠠ ᠶᠢ ᠰᠣᠩᠭᠣᠨ ᠠᠪᠬᠤ ᠬᠡᠷᠡᠭᠲᠡᠢ᠃ ᠭᠤᠷᠪᠠᠨ ᠨᠠᠰᠤᠲᠠᠢ ᠮᠥᠴᠢᠷ ᠢ ᠲᠠᠶᠢᠪᠤᠩ ᠪᠠᠶᠢᠳᠠᠯ ᠳᠤ ᠣᠷᠣᠭᠰᠠᠨ ᠦᠶ᠎ᠡ ᠳᠦ ᠨᠢ ᠪᠡᠯᠡᠳᠬᠡᠭᠡᠳ ᠵᠠᠯᠭᠠᠯᠲᠠ ᠶᠢ ᠲᠠᠪᠤᠳᠤᠭᠠᠷ ᠰᠠᠷ᠎ᠠ ᠳᠤ ᠬᠢᠳᠡᠭ᠃ ᠦᠨᠳᠦᠰᠦᠨ ᠦ ᠪᠡᠨ ᠬᠥᠵᠦᠭᠦᠪᠴᠢ ᠡᠴᠡ 8 - 10 ᠰᠠᠨᠲ᠋ᠢᠮᠧᠲ᠋ᠷ ᠵᠠᠢ ᠳᠤ ᠵᠠᠯᠭᠠᠯᠲᠠ ᠬᠢᠵᠦ ᠫᠣᠯᠢ ᠪᠡᠨᠲ᠋ᠧᠯᠢᠨ ᠤ ᠯᠧᠨᠲ ᠢᠶᠡᠷ ᠴᠢᠩᠭ᠎ᠠ ᠣᠷᠢᠶᠠᠵᠤ ᠪᠡᠬᠢᠵᠢᠭᠦᠯᠦᠨ᠎ᠡ᠃

ᠡᠰᠢᠯᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

  1. Dharmananda S. Sea buckthorn, Institute of Traditional Medicine Online, 2004

ᠪᠢᠴᠢᠭᠡᠰᠦ