ᠴᠢᠯᠢ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠴᠢᠯᠢ ᠶᠢᠨ ᠪᠦᠭᠦᠳᠡ ᠨᠠᠶᠢᠷᠠᠮᠳᠠᠬᠤ ᠤᠯᠤᠰ
ᠲᠥᠷᠥ ᠶᠢᠨ ᠳᠠᠯᠪᠠᠭ᠎ᠠ ᠲᠥᠷᠥ ᠶᠢᠨ ᠰᠦᠯᠳᠡ
ᠤᠷᠢᠶ᠎ᠠ: Puro Chile,
ᠲᠥᠷᠥ ᠵᠠᠰᠠᠭ ᠶᠡᠷᠦᠩᠬᠡᠶᠢᠯᠡᠭᠴᠢ ᠶᠢᠨ ᠵᠠᠰᠠᠭᠯᠠᠯ ᠲᠠᠢ ᠪᠦᠭᠦᠳᠡ ᠨᠠᠶᠢᠷᠠᠮᠳᠠᠬᠤ ᠤᠯᠤᠰ
 -  ᠶᠡᠷᠦᠩᠬᠡᠶᠢᠯᠡᠭᠴᠢ ᠮᠥᠱᠧᠯ ᠪᠠᠴᠧᠯᠧᠲ
 -  ᠳᠡᠳ᠋ ᠶᠡᠷᠦᠩᠬᠡᠶᠢᠯᠡᠭᠴᠢ ᠹᠷᠠᠨᠼᠢᠰᠺᠣ ᠰᠠᠨᠲ᠋ᠣᠰ
 -  ᠭᠠᠳᠠᠷᠭᠤ ᠶᠢᠨ ᠤᠰᠤ (%) 1.07
ᠬᠦᠮᠦᠨ ᠠᠮᠠ
 -  ᠲᠣᠭᠠᠴᠠᠭ᠎ᠠ () 16,928,873 
 -  ᠲᠣᠭᠠᠯᠠᠯᠭ᠎ᠠ () 15,116,435 
ᠬᠡᠦᠬᠡᠳ ᠦᠨ ᠬᠥᠭᠵᠢᠯ ᠦᠨ ᠢᠨᠳᠧᠺᠰ  0.874 (40)
ᠮᠥᠩᠭᠥᠨ ᠦ ᠨᠢᠭᠡᠴᠡ ᠫᠧᠰᠣ )
ᠤᠲᠠᠰᠤᠨ ᠤ ᠲᠣᠮᠢᠶ᠎ᠠ 56
ᠠᠲ᠋ᠠᠺᠠᠮ᠎ᠠ

ᠴᠢᠯᠢ (ᠢᠰᠫᠠᠨᠢ ᠪᠠᠷ Chile)᠂ ᠠᠯᠪᠠᠨ ᠶᠣᠰᠣᠭᠠᠷ ᠴᠢᠯᠢ ᠶᠢᠨ ᠪᠦᠭᠦᠳᠡ ᠨᠠᠶᠢᠷᠠᠮᠳᠠᠬᠤ ᠤᠯᠤᠰ (ᠢᠰᠫᠠᠨᠢ ᠪᠠᠷ República de Chile) ᠨᠢ ᠡᠮᠦᠨᠡᠲᠦ ᠨᠣᠮᠣᠬᠠᠨ ᠳᠠᠯᠠᠢ ᠲᠠᠢ ᠬᠢᠯᠢᠯᠡᠳᠡᠭ ᠡᠮᠦᠨᠡᠲᠦ ᠠᠮᠧᠷᠢᠺᠠ ᠶᠢᠨ ᠤᠯᠤᠰ ᠶᠤᠮ᠃ [1]ᠴᠢᠯᠢ ᠶᠢᠨ ᠨᠡᠶᠢᠰᠯᠡᠯ ᠨᠢ ᠰᠠᠨᠲ᠋ᠢᠶᠠᠭ᠋ᠣ᠋ ᠬᠣᠲᠠ ᠶᠤᠮ᠃ ᠬᠥᠷᠰᠢ ᠵᠡᠷᠭᠡᠯᠡᠳᠡᠭᠡ ᠤᠯᠤᠰ ᠣᠷᠣᠨ ᠨᠤᠭᠤᠳ ᠨᠢ ᠠᠷᠭᠧᠨ᠋ᠲ᠋ᠢᠨ᠂ ᠪᠣᠯᠢᠸᠢᠶ᠎ᠠ᠂ ᠫᠧᠷᠦ᠋ ᠵᠡᠷᠭᠡ ᠶᠤᠮ᠃ ᠴᠢᠯᠢ ᠤᠯᠤᠰ ᠨᠢ ᠠᠲ᠋ᠯᠠᠨᠲ ᠤᠨ ᠳᠠᠯᠠᠢ ᠪᠣᠯᠤᠨ ᠨᠣᠮᠣᠬᠠᠨ ᠳᠠᠯᠠᠢ ᠶᠢᠨ ᠬᠣᠭᠣᠷᠣᠨᠳᠣ ᠳᠠᠯᠠᠢ ᠶᠢᠨ ᠡᠩᠨᠡᠭᠡᠨ ᠦ ᠰᠲᠷᠠᠲ᠋ᠧᠭᠢ ᠶᠢᠨ ᠪᠠᠶᠢᠷᠢᠰᠢᠯ ᠳᠤ ᠪᠠᠶᠢᠳᠠᠭ᠃ ᠴᠢᠯᠢ ᠨᠢ ᠨᠣᠮᠣᠬᠠᠨ ᠳᠠᠯᠠᠢ ᠪᠠᠷᠠᠭᠤᠨ ᠬᠡᠰᠡᠭ ᠮᠥᠨ ᠠᠨᠳᠧᠰ ᠤᠨ ᠨᠢᠷᠤᠭᠤᠨ ᠤ ᠵᠡᠭᠦᠨ ᠬᠡᠰᠡᠭ ᠬᠣᠶᠠᠷ ᠤᠨ ᠳᠤᠮᠳᠠᠬᠢ ᠡᠷᠭᠢ ᠬᠠᠪᠢ ᠶᠢᠨ ᠤᠷᠲᠤ ᠨᠠᠷᠢᠬᠠᠨ ᠵᠢᠷᠤᠭᠠᠰᠤ ᠶᠢ ᠡᠵᠡᠯᠡᠨ ᠣᠷᠣᠰᠢᠳᠠᠭ᠃ ᠲᠡᠶᠢᠮᠦ ᠡᠴᠡ ᠭᠠᠵᠠᠷ ᠵᠦᠢ ᠶᠢᠨ ᠪᠠᠶᠢᠷᠢᠯᠠᠯ ᠬᠠᠷᠢᠯᠴᠠᠨ ᠠᠳᠠᠯᠢ ᠦᠭᠡᠢ ᠪᠠᠶᠢᠨ᠎ᠠ᠃ ᠵᠠᠰᠠᠭ ᠤᠨ ᠭᠠᠵᠠᠷ ᠰᠢᠰᠲ᠋ᠧᠮ ᠨᠢ ᠪᠦᠭᠦᠳᠡ ᠨᠠᠶᠢᠷᠠᠮᠳᠠᠬᠤ ᠶᠡᠷᠦᠩᠬᠡᠶᠢᠯᠡᠭᠴᠢ ᠶᠢᠨ ᠵᠠᠰᠠᠭᠯᠠᠯ ᠲᠠᠢ᠃ ᠲᠥᠷᠥ ᠪᠠ ᠵᠠᠰᠠᠭ ᠤᠨ ᠭᠠᠵᠠᠷ ᠤᠨ ᠶᠡᠷᠦᠩᠬᠡᠢ ᠲᠡᠷᠢᠭᠦᠨ ᠶᠡᠷᠦᠩᠬᠡᠶᠢᠯᠡᠭᠴᠢ ᠶᠤᠮ᠃ ᠴᠢᠯᠢ ᠨᠢ ᠪᠠᠷᠠᠭ᠎ᠠ ᠦᠢᠯᠡᠴᠢᠯᠡᠭᠡᠨ ᠦ ᠦᠨ᠎ᠡ ᠶᠢᠨ ᠬᠤᠪᠢ ᠳᠤ ᠴᠢᠯᠦᠭᠡᠲᠦ ᠦᠨ᠎ᠡ ᠶᠢᠨ ᠰᠢᠰᠲ᠋ᠧᠮ ᠲᠣᠭᠲᠠᠭᠠᠭᠰᠠᠨ᠂ ᠵᠠᠬ᠎ᠠ ᠵᠡᠭᠡᠯᠢ ᠶᠢᠨ ᠪᠠᠷᠢᠮᠵᠢᠶ᠎ᠠ ᠲᠠᠢ ᠡᠳ᠋ ᠍ ᠦᠨ ᠵᠠᠰᠠᠭ ᠲᠠᠢ᠃ ᠴᠢᠯᠢ ᠤᠯᠤᠰ ᠨᠢ ᠠᠽᠢᠶ᠎ᠠ-ᠨᠣᠮᠣᠬᠠᠨ ᠳᠠᠯᠠᠢ ᠶᠢᠨ ᠡᠳ᠋ ᠍ ᠦᠨ ᠵᠠᠰᠠᠭ ᠤᠨ ᠬᠠᠮᠲᠤ ᠶᠢᠨ ᠠᠵᠢᠯᠯᠠᠭ᠎ᠠ (APEC) ᠪᠣᠯᠤᠨ ᠲᠷᠠᠨᠰ-ᠨᠣᠮᠣᠬᠠᠨ ᠳᠠᠯᠠᠢ ᠶᠢᠨ ᠲᠦᠩᠰᠢᠯᠡᠯ (ДЦС) ᠍ ᠶᠢᠨ ᠭᠡᠰᠢᠭᠦᠨ ᠶᠤᠮ᠃

Mapa administrativo de Chile.png

ᠭᠠᠷᠤᠯ ᠡᠭᠦᠰᠦᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠴᠢᠯᠢ ᠭᠡᠰᠡᠨ ᠦᠭᠡᠨ ᠦ ᠲᠠᠯ᠎ᠠ ᠪᠠᠷ ᠮᠠᠰᠢ ᠣᠯᠠᠨ ᠲᠥᠷᠥᠯ ᠦᠨ ᠣᠨᠣᠯ ᠪᠠᠶᠢᠳᠠᠭ᠃ ᠨᠢᠭᠡ ᠣᠨᠣᠯ ᠤᠨ ᠳᠠᠭᠠᠤ ᠫᠧᠷᠦ᠋ ᠳ᠋ᠦ ᠺᠠᠰᠠᠮᠠ ᠬᠥᠨᠳᠡᠢ ᠲᠡᠢ (Casma Valley ) ᠠᠳᠠᠯᠢᠬᠠᠨ Aconcagua ᠬᠥᠨᠳᠡᠢ ᠪᠠᠶᠢᠭᠰᠠᠨ ᠪᠠ ᠲᠡᠨᠳᠡ ᠴᠢᠯᠢ ᠭᠡᠳᠡᠭ ᠬᠣᠲᠠ ᠪᠠᠶᠢᠭᠰᠠᠨ᠃ [2]

ᠭᠠᠵᠠᠷ ᠵᠦᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠴᠢᠯᠢ ᠨᠢ ᠡᠮᠦᠨᠡᠲᠦ ᠠᠮᠧᠷᠢᠺᠠ ᠶᠢᠨ ᠪᠠᠷᠠᠭᠤᠨ ᠡᠮᠦᠨᠡᠲᠦ ᠡᠷᠭᠢ ᠶᠢᠨ ᠳᠠᠭᠠᠤ 4300 ᠺᠢᠯᠣᠮᠧᠲ᠋ᠷ (2700 ᠮᠢᠯᠯᠢᠯᠢᠲ᠋ᠷ) ᠰᠤᠨᠵᠤ ᠲᠣᠭᠲᠠᠭᠰᠠᠨ᠃ ᠡᠭᠦᠨ ᠦ ᠵᠡᠷᠭᠡᠴᠡᠭᠡ᠂ ᠥᠷᠭᠡᠨ ᠨᠢ 240 ᠺᠢᠯᠣᠮᠧᠲ᠋ᠷ (150 ᠮᠢᠯᠯᠢᠯᠢᠲ᠋ᠷ) ᠪᠠᠶᠢᠳᠠᠭ ᠪᠠ ᠤᠯᠤᠰ ᠤᠨ ᠬᠡᠮᠵᠢᠶ᠎ᠡ ᠨᠢ ᠥᠷᠭᠡᠨ ᠡᠴᠡ 8 ᠳᠠᠬᠢᠨ ᠤᠷᠲᠤ ᠪᠠᠶᠢᠳᠠᠭ᠃ [3] ᠴᠢᠯᠢ ᠶᠢᠨ ᠬᠠᠮᠤᠭ ᠤᠨ ᠲᠣᠮᠣ ᠭᠠᠵᠠᠷ ᠵᠦᠢ ᠶᠢᠨ ᠣᠨᠴᠠᠯᠢᠭ ᠪᠣᠯ ᠤᠯᠤᠰ ᠤᠨ ᠵᠡᠭᠦᠨ ᠢᠷᠮᠡᠭ ᠦᠨ ᠳᠠᠭᠠᠤ ᠪᠠᠶᠢᠳᠠᠭ ᠠᠭᠤᠤ ᠲᠣᠮᠣ ᠠᠨᠳᠧᠰ ᠤᠨ ᠨᠢᠷᠤᠭᠤ ᠶᠤᠮ᠃ ᠡᠨᠡ ᠭᠠᠵᠠᠷ ᠲᠠᠪᠢ ᠭᠠᠷᠤᠢ ᠢᠳᠡᠪᠬᠢᠲᠡᠢ ᠭᠠᠯᠲᠤ ᠠᠭᠤᠯᠠ ᠶᠢᠨ ᠣᠷᠭᠢᠯ ᠪᠠᠶᠢᠳᠠᠭ᠃ ᠪᠠᠷᠠᠭᠤᠨ ᠬᠢᠯᠢ ᠪᠣᠯ ᠨᠣᠮᠣᠬᠠᠨ ᠳᠠᠯᠠᠢ ᠶᠤᠮ᠃ ᠬᠠᠷᠢᠨ ᠬᠤᠶᠢᠲᠤ ᠬᠡᠰᠡᠭ ᠪᠣᠯ ᠳᠡᠯᠡᠬᠡᠢ ᠶᠢᠨ ᠬᠠᠮᠤᠭ ᠤᠨ ᠵᠣᠴᠢᠯᠠᠮᠠᠲᠠᠭᠠᠢ ᠪᠤᠰᠤ ᠭᠠᠵᠠᠷ ᠤᠳ ᠤᠨ ᠨᠢᠭᠡ Atacama ᠴᠥᠯ ᠶᠤᠮ᠃ ᠠᠭᠤᠯᠠ ᠪᠣᠯᠤᠨ ᠲᠥᠪ ᠬᠥᠨᠳᠡᠢ ᠭᠡᠵᠦ ᠨᠡᠷᠡᠯᠡᠭᠳᠡᠳᠡᠭ ᠳᠠᠯᠠᠢ ᠶᠢᠨ ᠬᠣᠭᠣᠷᠣᠨᠳᠣ ᠨᠠᠷᠢᠨ ᠬᠣᠲᠣᠭᠣᠷ ᠬᠡᠰᠡᠭ ᠴᠢᠯᠢ ᠶᠢᠨ ᠲᠥᠪ ᠬᠡᠰᠡᠭ ᠢ ᠨᠢ ᠳᠠᠭᠠᠷᠢᠨ ᠥᠩᠭᠡᠷᠡᠳᠡᠭ᠃ 500 ᠮᠢᠯᠯᠢᠯᠢᠲ᠋ᠷ ᠤᠷᠲᠤ ᠬᠣᠩᠭᠢᠯ ᠨᠢ ᠤᠰᠤᠨ ᠦᠵᠦᠮ ᠦᠨ ᠲᠠᠯᠠᠪᠠᠢ᠂ ᠬᠤᠶᠢᠲᠤ ᠬᠡᠰᠡᠭ ᠦᠨ ᠮᠠᠯ ᠠᠵᠤ ᠠᠬᠤᠢ ᠨᠤᠭᠤᠳ᠂ ᠡᠮᠦᠨᠡᠲᠦ ᠬᠡᠰᠡᠭ ᠦᠨ ᠨᠠᠭᠤᠷ ᠤᠳ ᠪᠠ ᠣᠢ ᠮᠣᠳᠣᠳ ᠶᠤᠮ᠃ ᠴᠢᠯᠢ ᠶᠢᠨ ᠠᠭᠤᠷ ᠠᠮᠢᠰᠬᠤᠯ ᠨᠢ ᠭᠠᠵᠠᠷ ᠵᠦᠢ ᠶᠢᠨ ᠪᠠᠶᠢᠳᠠᠯ ᠢᠶᠠᠷ ᠢᠶᠠᠨ ᠥᠭᠡᠷ᠎ᠡ ᠥᠭᠡᠷ᠎ᠡ ᠪᠠᠶᠢᠳᠠᠭ᠃ ᠡᠭᠦᠨ ᠡᠴᠡ ᠭᠠᠳᠠᠨ᠎ᠠ ᠠᠨᠳᠧᠰ ᠤᠨ ᠨᠢᠷᠤᠭᠤ ᠪᠣᠯᠤᠨ ᠠᠲ᠋ᠠᠺᠮᠠᠠ ᠴᠥᠯ ᠦᠨ ᠡᠷᠡᠰ ᠲᠡᠰᠦ ᠴᠠᠭ ᠠᠭᠤᠷ ᠤᠨ ᠨᠥᠬᠥᠴᠡᠯ ᠲᠡᠢ᠂ ᠤᠯᠤᠰ ᠣᠷᠣᠨ ᠲᠠᠪᠠ ᠲᠤᠬᠠᠲᠠᠢ ᠰᠡᠷᠢᠭᠦᠨ ᠠᠭᠤᠷ ᠠᠮᠢᠰᠬᠤᠯ ᠲᠠᠢ ᠳᠤᠷᠠᠲᠠᠢ᠃ ᠴᠢᠯᠢ ᠤᠯᠤᠰ ᠤᠨ ᠨᠡᠶᠢᠲᠡ ᠭᠠᠵᠠᠷ ᠨᠤᠲᠤᠭ ᠤᠨ ᠬᠡᠮᠵᠢᠶ᠎ᠡ ᠨᠢ 756102 кмкм2  . [4] ᠃ ᠡᠭᠦᠨ ᠡᠴᠡ ᠬᠠᠭᠤᠷᠠᠢ ᠭᠠᠵᠠᠷ ᠨᠢ743.812 ᠬᠠᠪᠲᠠᠭᠠᠢ ᠲᠥᠷᠪᠡᠯᠵᠢᠨ ᠺᠢᠯᠣᠮᠧᠲ᠋ᠷ᠂ ᠬᠠᠷᠢᠨ ᠤᠰᠤᠨ ᠤ ᠨᠡᠶᠢᠲᠡ ᠬᠡᠮᠵᠢᠶ᠎ᠡ 12.290 ᠬᠠᠪᠲᠠᠭᠠᠢ ᠳᠥᠷᠪᠡᠯᠵᠢᠨ ᠺᠢᠯᠣᠮᠧᠲ᠋ᠷ ᠪᠠᠶᠢᠳᠠᠭ᠃ 


ᠵᠠᠰᠠᠭ ᠤᠨ ᠭᠠᠵᠠᠷ ᠪᠠ ᠤᠯᠤᠰ ᠲᠥᠷᠥ[ᠵᠠᠰᠠᠪᠤᠷᠢᠯᠠᠬᠤ | ᠺᠣᠳ᠋ ᠢᠶᠠᠷ ᠵᠠᠰᠠᠬᠣ]

ᠲᠤᠰ ᠤᠯᠤᠰ ᠤᠨ ᠠᠯᠪᠠᠨ ᠶᠣᠰᠣᠨ ᠤ ᠨᠡᠷ᠎ᠡ ᠨᠢ ᠪᠦᠭᠦᠳᠡ ᠨᠠᠶᠢᠷᠠᠮᠳᠠᠬᠤ ᠴᠢᠯᠢ ᠤᠯᠤᠰ ᠶᠤᠮ᠃ ᠴᠢᠯᠢ ᠤᠯᠤᠰ ᠨᠢ ᠲᠥᠯᠥᠭᠡᠯᠡᠯ ᠦᠨ ᠠᠷᠠᠳᠴᠢᠯᠠᠯ ᠪᠣᠯᠤᠨ ᠶᠡᠷᠦᠩᠬᠡᠶᠢᠯᠡᠭᠴᠢ ᠶᠢᠨ ᠵᠠᠰᠠᠭᠯᠠᠯ ᠲᠠᠢ᠃ ᠤᠯᠤᠰ ᠢᠶᠠᠨ ᠲᠤᠰ ᠲᠤᠰ ᠲᠤ ᠨᠢ 3 ᠰᠠᠯᠪᠤᠷᠢ ᠪᠣᠯᠭᠠᠨ ᠬᠤᠪᠢᠶᠠᠭᠰᠠᠨ᠃ ᠡᠭᠦᠨ ᠳᠦ ᠄ ᠭᠦᠢᠴᠡᠳᠭᠡᠬᠦ᠂ ᠰᠢᠭᠦᠬᠦ᠂ ᠬᠠᠤᠯᠢ ᠲᠣᠭᠲᠠᠭᠠᠬᠤ ᠶᠤᠮ᠃ [5]

  • ᠭᠦᠢᠴᠡᠳᠭᠡᠬᠦ ᠰᠠᠯᠪᠤᠷᠢ  ᠶᠡᠷᠦᠩᠬᠡᠶᠢᠯᠡᠭᠴᠢ ᠨᠢ ᠵᠠᠰᠠᠭ ᠤᠨ ᠭᠠᠵᠠᠷ ᠪᠣᠯᠤᠨ ᠲᠥᠷᠥ ᠵᠠᠰᠠᠭ ᠢᠶᠠᠨ ᠠᠯᠢ ᠠᠯᠢᠨ ᠢ ᠨᠢ ᠬᠠᠷᠢᠭᠤᠴᠠᠳᠠᠭ᠃ ᠴᠢᠯᠢ ᠶᠢᠨ ᠶᠡᠷᠦᠩᠬᠡᠶᠢᠯᠡᠭᠴᠢ ᠨᠢ ᠮᠥᠱᠧᠯ ᠪᠠᠴᠧᠯᠧᠲ ᠵᠧᠷᠢᠶᠠ (2014 ᠤᠨ ᠤ ᠭᠤᠷᠪᠠᠳᠤᠭᠠᠷ ᠰᠠᠷ᠎ᠠ ᠶᠢᠨ 11 ᠍ ᠡᠴᠡ ᠬᠣᠶᠢᠰᠢ)᠃ ᠶᠡᠷᠦᠩᠬᠡᠶᠢᠯᠡᠭᠴᠢ ᠨᠢ ᠵᠠᠰᠠᠭ ᠤᠨ ᠭᠠᠵᠠᠷ ᠢᠶᠠᠨ ᠲᠣᠮᠢᠯᠠᠳᠠᠭ᠃[6]
  • ᠬᠠᠤᠯᠢ ᠵᠦᠢ ᠶᠢᠨ ᠰᠠᠯᠪᠤᠷᠢ

ᠦᠨᠳᠦᠰᠦᠨ ᠦ ᠺᠣᠩᠷᠧᠰ ᠨᠢ ᠬᠣᠶᠠᠷ ᠲᠠᠩᠬᠢᠮ ᠲᠠᠢ (38 ᠰᠠᠭᠤᠳᠠᠯ᠂ ᠭᠡᠰᠢᠭᠦᠳ ᠰᠢᠭᠤᠳ 4 ᠵᠢᠯ ᠲᠤᠲᠤᠮ ᠰᠢᠨᠡᠴᠢᠯᠡᠨ ᠭᠡᠰᠢᠭᠦᠳ ᠦᠨ ᠨᠢᠭᠡ ᠲᠠᠯ᠎ᠠ ᠨᠢ 8 ᠵᠢᠯ ᠦᠨ ᠬᠤᠭᠤᠴᠠᠭ᠎ᠠ ᠲᠠᠢ ᠦᠢᠯᠡᠴᠢᠯᠡᠬᠦ ᠣᠯᠠᠩᠬᠢ ᠶᠢᠨ ᠰᠠᠨᠠᠯ ᠢᠶᠠᠷ ᠣᠯᠠᠨ ᠰᠠᠭᠤᠳᠠᠯ ᠲᠠᠢ ᠲᠣᠭᠣᠷᠢᠭ ᠲᠤ ᠰᠣᠩᠭᠣᠭᠳᠠᠭᠰᠠᠨ) ᠳ᠋ᠧᠫᠦᠶᠢᠲ᠋ᠠᠲ ᠤᠳ ᠤᠨ ᠲᠠᠩᠬᠢᠮ ᠨᠢ (120 ᠰᠠᠭᠤᠳᠠᠯ᠂ ᠰᠢᠭᠤᠳ ᠣᠯᠠᠩᠬᠢ ᠶᠢᠨ ᠰᠠᠨᠠᠯ ᠢᠶᠠᠷ ᠣᠯᠠᠨ ᠰᠠᠭᠤᠳᠠᠯ ᠲᠠᠢ ᠲᠣᠭᠣᠷᠢᠭ ᠲᠤ ᠰᠣᠩᠭᠣᠭᠳᠠᠭᠰᠠᠨ ᠭᠡᠰᠢᠭᠦᠳ ᠨᠢ 4 ᠵᠢᠯ ᠦᠨ ᠬᠤᠭᠤᠴᠠᠭ᠎ᠠ ᠲᠠᠢ ᠦᠢᠯᠡᠴᠢᠯᠡᠳᠡᠭ)᠃ [7]

  • ᠰᠢᠭᠦᠬᠦ ᠶᠢᠨ ᠰᠠᠯᠪᠤᠷᠢ

ᠳᠡᠭᠡᠳᠦ ᠰᠢᠭᠦᠬᠦ ᠨᠢ (ᠰᠢᠭᠦᠬᠦ ᠶᠢᠨ ᠶᠡᠷᠦᠩᠬᠡᠶᠢᠯᠡᠭᠴᠢ᠂ 20 ᠭᠡᠰᠢᠭᠦᠳ ᠡᠴᠡ ᠪᠦᠷᠢᠳᠳᠡᠭ); ᠦᠨᠳᠦᠰᠦᠨ ᠬᠠᠤᠯᠢ ᠶᠢᠨ ᠴᠡᠴᠡ (7 ᠭᠡᠰᠢᠭᠦᠨ ᠲᠡᠢ); ᠰᠣᠩᠭᠣᠭᠤᠯᠢ ᠶᠢᠨ ᠰᠢᠭᠦᠬᠦ (5 ᠭᠡᠰᠢᠭᠦᠨ ᠲᠡᠢ)᠃ ᠲᠤᠰ ᠤᠯᠤᠰ ᠤᠨ ᠨᠡᠶᠢᠰᠯᠡᠯ ᠨᠢ ᠰᠠᠨᠲ᠋ᠢᠶᠠᠭ᠋ᠣ᠋ ᠬᠣᠲᠠ ᠶᠤᠮ᠃ ᠵᠠᠬᠢᠷᠭᠠᠨ ᠤ ᠰᠠᠯᠪᠠᠷ ᠤᠳ ᠢᠶᠠᠨ 15 ᠪᠥᠰᠡ ᠨᠤᠲᠤᠭ ᠲᠤ ᠬᠤᠪᠢᠶᠠᠳᠠᠭ᠃ ᠡᠭᠦᠨ ᠳᠦ: Aysen, Antofagasta, Araucania, Арика у Паринакота, Атакама, Biobio, Coquimbo, Libertador Ерөнхий Bernardo O'Higgins, Лос-Лагос, Лос-Rios, Magallanes у де ла Antartica Chilena, Maule, бүс METROPOLITANA (Сантьяго), Tarapaca, Валпарайсо. [8]

ᠬᠦᠮᠦᠨ ᠠᠮᠠ[ᠵᠠᠰᠠᠪᠤᠷᠢᠯᠠᠬᠤ | ᠺᠣᠳ᠋ ᠢᠶᠠᠷ ᠵᠠᠰᠠᠬᠣ]

ᠣᠳᠣ ᠶᠢᠨ ᠪᠠᠶᠢᠳᠠᠯ ᠢᠶᠠᠷ ᠵᠠᠯᠠᠭᠤ ᠬᠦᠮᠦᠰ ᠳᠠᠪᠠᠮᠠᠭᠠᠶᠢᠯᠠᠵᠤ ᠪᠠᠶᠢᠭ᠎ᠠ ᠪᠣᠯᠪᠠᠴᠤ 2020 ᠤᠨ ᠭᠡᠬᠦ ᠳᠦ 35 ᠍ ᠠᠴᠠ ᠳᠡᠭᠡᠭᠰᠢ ᠨᠠᠰᠤᠨ ᠤ ᠬᠦᠮᠦᠰ ᠳᠠᠪᠠᠮᠠᠭᠠᠶᠢᠯᠠᠬᠤ ᠪᠣᠯᠤᠨ᠎ᠠ᠃ 2012 ᠤᠨ ᠤ ᠴᠢᠯᠢ ᠤᠯᠤᠰ ᠤᠨ ᠦᠨᠳᠦᠰᠦᠨ ᠦ ᠰᠲ᠋ᠠᠲ᠋ᠢᠰᠺ ᠦᠨ ᠬᠣᠷᠢᠶᠠᠨ ᠠᠴᠠ ᠶᠠᠪᠤᠭᠤᠯᠤᠭᠰᠠᠨ ᠰᠤᠳᠤᠯᠭᠠᠨ ᠤ ᠳᠠᠭᠠᠤ᠂ ᠴᠢᠯᠢ ᠨᠢ 16.634.603 ᠣᠷᠣᠰᠢᠨ ᠰᠠᠭᠤᠭᠴᠢᠳ ᠲᠠᠢ᠂ ᠲᠡᠳᠡᠨ ᠦ 8.101.890 ᠨᠢ ᠡᠷᠡᠭᠲᠡᠢ᠂ 8.532.713 ᠨᠢ ᠡᠮᠡᠭᠲᠡᠶᠢᠴᠦᠳ ᠪᠠᠶᠢᠨ᠎ᠠ᠃ 2002 ᠤᠨ ᠤ ᠬᠦᠮᠦᠨ ᠠᠮᠠ ᠶᠢᠨ ᠲᠣᠭᠠᠯᠠᠯᠭ᠎ᠠ ᠪᠠᠷ ᠡᠨᠡ ᠲᠣᠭ᠎ᠠ 15.116.435 ᠪᠠᠶᠢᠭᠰᠠᠨ ᠪᠠ᠂ ᠲᠡᠳᠡᠨ ᠦ 7.447.695 ᠡᠷᠡᠭᠲᠡᠢ᠂ 7.668.740 ᠨᠢ ᠡᠮᠡᠭᠲᠡᠶᠢᠴᠦᠳ ᠪᠠᠶᠢᠭᠰᠠᠨ ᠶᠤᠮ᠃ ᠰᠡᠭᠦᠯ ᠦᠨ ᠵᠢᠯ ᠦᠳ ᠲᠦ ᠬᠦᠮᠦᠨ ᠠᠮᠠ ᠶᠢᠨ ᠥᠰᠦᠯᠲᠡ ᠪᠠᠭᠤᠷᠠᠭᠰᠠᠨ ᠪᠠᠶᠢᠨ᠎ᠠ᠃ ᠭᠡᠰᠡᠨ ᠬᠡᠳᠦᠢ ᠴᠤ 20 ᠍ ᠳᠦᠭᠡᠷ ᠵᠠᠭᠤᠨ ᠤ ᠲᠤᠷᠰᠢ ᠴᠢᠯᠢ ᠶᠢᠨ ᠬᠦᠮᠦᠨ ᠠᠮᠠ ᠲᠠᠪᠤ ᠳᠠᠬᠢᠨ ᠨᠡᠮᠡᠭᠳᠡᠭᠰᠡᠨ᠃ 1895 ᠤᠨ ᠳᠤ 2.695.625 ᠣᠷᠣᠰᠢᠨ ᠰᠠᠭᠤᠭᠴᠢ ᠲᠠᠢ᠂ ᠳᠠᠷᠠᠭ᠎ᠠ ᠨᠢ 1940 ᠤᠨ ᠳᠤ 5.023.539᠂ ᠲᠡᠭᠡᠭᠡᠳ 1992 ᠤᠨ ᠳᠤ 13᠂348᠂401᠂ 1992-2002 ᠤᠨ ᠤ ᠬᠣᠭᠣᠷᠣᠨᠳᠣ 1᠂24% ᠥᠰᠴᠦ᠂ ᠳᠠᠷᠠᠭ᠎ᠠ ᠨᠢ 2002-2012 ᠤᠨ ᠤ ᠬᠣᠭᠣᠷᠣᠨᠳᠣ 0᠂99% -  ᠪᠠᠷ ᠪᠠᠭᠤᠷᠠᠭᠰᠠᠨ᠃ 2013 ᠤᠨ ᠳᠤ ᠡᠮᠦᠨᠡᠲᠦ ᠠᠮᠧᠷᠢᠺᠠ ᠳᠤ ᠴᠢᠯᠢᠴᠤᠳ ᠳᠤᠮᠳᠠᠴᠢ ᠨᠠᠰᠤᠯᠠᠯᠲᠠ ᠪᠣᠯᠤᠨ ᠠᠮᠢᠳᠤᠷᠠᠯ ᠤᠨ ᠲᠦᠪᠰᠢᠨ ᠢᠶᠡᠷ ᠬᠠᠮᠤᠭ ᠤᠨ ᠥᠨᠳᠥᠷ ᠪᠠᠶᠢᠭᠰᠠᠨ᠃ 2009 ᠤᠨ ᠳᠤ ᠳᠤᠮᠳᠠᠴᠢ ᠨᠠᠰᠤᠯᠠᠯᠲᠠ 78᠂4 ᠪᠠᠶᠢᠭᠰᠠᠨ ᠠᠴᠠ ᠡᠷᠡᠭᠲᠡᠢ 75᠂74᠂ ᠡᠮᠡᠭᠲᠡᠢ 81᠂19 ᠪᠠᠶᠢᠭᠰᠠᠨ᠃ ᠲᠡᠷᠡ ᠵᠢᠯ ᠳᠦ ᠪᠡᠨ ᠳᠤᠮᠳᠠᠴᠢ ᠪᠠᠷ ᠲᠥᠷᠥᠯ ᠳᠦ 15.0% ᠪᠣᠯᠵᠤ᠂ ᠳᠤᠮᠳᠠᠴᠢ ᠨᠠᠰᠤ ᠪᠠᠷᠠᠯ ᠳᠤ 5᠃ 4 ‰ ᠪᠠᠶᠢᠭᠰᠠᠨ ᠮᠥᠨ ᠨᠢᠯᠬᠠᠰ ᠤᠨ ᠡᠨᠳᠡᠭᠳᠡᠯ 7᠂9% ᠪᠠᠶᠢᠬᠤ ᠳᠤ᠂ ᠪᠠᠶᠢᠭᠠᠶᠢᠯ ᠤᠨ ᠨᠠᠰᠤ ᠪᠠᠷᠤᠯᠲᠠ ᠶᠢᠨ ᠲᠦᠪᠰᠢᠨ 9᠂6% ᠪᠠᠶᠢᠭᠰᠠᠨ᠃[9]

ᠡᠳ᠋ ᠍ ᠦᠨ ᠵᠠᠰᠠᠭ[ᠵᠠᠰᠠᠪᠤᠷᠢᠯᠠᠬᠤ | ᠺᠣᠳ᠋ ᠢᠶᠠᠷ ᠵᠠᠰᠠᠬᠣ]

ᠴᠢᠯᠢ ᠶᠢᠨ ᠡᠳ᠋ ᠍ ᠦᠨ ᠵᠠᠰᠠᠭ ᠲᠣᠭᠲᠠᠪᠤᠷᠢᠲᠠᠢ ᠥᠰᠴᠦ ᠪᠠᠶᠢᠨ᠎ᠠ᠃ ᠴᠢᠯᠢ ᠶᠢᠨ ᠭᠣᠣᠯ ᠬᠤᠳᠠᠯᠳᠤᠭᠠᠨ ᠤ ᠲᠦᠩᠰᠢ ᠨᠢ ᠠᠮᠧᠷᠢᠺᠠ ᠶᠢᠨ ᠨᠢᠭᠡᠳᠦᠭᠰᠡᠨ ᠤᠯᠤᠰ᠂ ᠧᠦ᠋ᠷᠣᠫᠠ ᠶᠢᠨ ᠬᠣᠯᠪᠣᠭ᠎ᠠ᠂ ᠶᠠᠫᠣᠨ᠂ ᠠᠷᠭᠧᠨᠲ᠋ᠢᠨ᠂ ᠪᠷᠠᠽᠢᠯ ᠵᠡᠷᠭᠡ ᠤᠯᠤᠰ ᠤᠳ ᠶᠤᠮ.ᠴᠢᠯᠢ ᠵᠠᠬ᠎ᠠ ᠵᠡᠭᠡᠯᠢ ᠶᠢᠨ ᠡᠳ᠋ ᠍ ᠦᠨ ᠵᠠᠰᠠᠭ ᠲᠠᠢ᠃ ᠡᠮᠦᠨᠡᠲᠦ ᠠᠮᠧᠷᠢᠺᠠ ᠳᠠᠬᠢ ᠬᠠᠮᠤᠭ ᠤᠨ ᠬᠦᠴᠦᠲᠡᠢ ᠪᠦᠩᠳᠡ ᠶᠢᠨ ᠵᠡᠷᠭᠡᠯᠡᠯ ᠦᠨ ᠥᠭᠭᠦᠭᠰᠡᠨ ᠨᠡᠷ᠎ᠡ ᠬᠦᠨᠳᠦ ᠮᠥᠨ ᠭᠠᠳᠠᠭᠠᠳᠤ ᠬᠤᠳᠠᠯᠳᠤᠭᠠᠨ ᠤ ᠥᠨᠳᠥᠷ ᠨᠡᠷ᠎ᠡ ᠬᠦᠨᠳᠦᠲᠡᠢ᠃ ᠳᠣᠲᠣᠭᠠᠳᠤ ᠶᠢᠨ ᠨᠡᠶᠢᠲᠡ ᠪᠦᠲᠦᠭᠡᠭᠳᠡᠬᠦᠨ ᠦ ᠣᠶᠢᠷᠠᠯᠴᠠᠭ᠎ᠠ ᠪᠠᠷ ᠭᠤᠷᠪᠠᠨ ᠤ ᠨᠢᠭᠡ ᠬᠤᠪᠠ ᠶᠢ ᠡᠺᠰᠫᠣᠷᠲ ᠤᠨ ᠪᠠᠷᠠᠭ᠎ᠠ᠂ ᠦᠢᠯᠡᠴᠢᠯᠡᠭᠡ ᠡᠵᠡᠯᠡᠳᠡᠭ᠃ ᠮᠥᠨ ᠨᠡᠶᠢᠲᠡ ᠡᠺᠰᠫᠣᠷᠲ ᠤᠨ 60% ᠍ ᠶᠢ ᠲᠦᠭᠦᠬᠡᠢ ᠡᠳ᠋ ᠡᠵᠡᠯᠡᠳᠡᠭ᠃ ᠵᠡᠰ ᠨᠢ ᠳᠠᠩ ᠢᠶᠠᠷ ᠢᠶᠠᠨ ᠵᠠᠰᠠᠭ ᠤᠨ ᠭᠠᠵᠠᠷ ᠤᠨ ᠣᠷᠣᠯᠭ᠎ᠠ ᠶᠢᠨ 20% ᠍ ᠢ ᠬᠠᠩᠭᠠᠳᠠᠭ᠃ 2015 ᠤᠨ ᠤ ᠪᠠᠶᠢᠳᠠᠯ ᠢᠶᠠᠷ ᠳᠣᠲᠣᠭᠠᠳᠤ ᠶᠢᠨ ᠨᠡᠶᠢᠲᠡ ᠪᠦᠲᠦᠭᠡᠭᠳᠡᠬᠦᠨ ᠦ ᠬᠡᠮᠵᠢᠶ᠎ᠡ 424᠂3 ᠲᠡᠷᠪᠤᠮ ᠠᠮᠧᠷᠢᠺᠠ ᠳ᠋ᠣᠯᠯᠠᠷ᠃ [10] ᠴᠢᠯᠢ ᠵᠡᠰ᠂ ᠯᠢᠲᠢ᠂ ᠪᠤᠰᠤᠳ ᠡᠷᠦᠳᠡᠰᠦ᠂ ᠬᠦᠨᠡᠰᠦᠨ ᠦ ᠪᠦᠲᠦᠭᠡᠭᠳᠡᠬᠦᠨ᠂ ᠵᠢᠭᠠᠰᠤ ᠪᠣᠯᠪᠠᠰᠤᠷᠠᠭᠤᠯᠬᠤ᠂ ᠲᠡᠮᠦᠷ᠂ ᠭᠠᠨ᠂ ᠮᠣᠳᠣ᠂ ᠮᠣᠳᠣᠨ ᠪᠦᠲᠦᠭᠡᠭᠳᠡᠬᠦᠨ᠂ ᠲᠡᠭᠡᠭᠡᠪᠦᠷᠢ ᠶᠢᠨ ᠲᠣᠨᠣᠭ ᠲᠥᠬᠥᠭᠡᠷᠦᠮᠵᠢ᠂ ᠼᠧᠮᠧᠨᠲ᠂ ᠨᠡᠬᠡᠮᠡᠯ ᠭᠡᠬᠦ ᠵᠡᠷᠭᠡ ᠪᠦᠲᠦᠭᠡᠭᠳᠡᠬᠦᠨ ᠨᠦᠭᠦᠳ ᠢ ᠦᠢᠯᠡᠳᠪᠦᠷᠢᠯᠡᠳᠡᠭ᠃ ᠮᠥᠨ ᠴᠢᠯᠢ ᠶᠢᠨ ᠬᠥᠳᠡᠭᠡ ᠠᠵᠤ ᠠᠬᠤᠢ ᠶᠢᠨ ᠪᠦᠲᠦᠭᠡᠭᠳᠡᠬᠦᠨ ᠨᠦᠭᠦᠳ ᠪᠣᠯ ᠤᠰᠤᠨ ᠦᠵᠦᠮ᠂ ᠠᠯᠢᠮ᠎ᠠ᠂ ᠯᠢᠢᠷ᠂ ᠰᠣᠩᠭᠢᠨ᠎ᠠ᠂ ᠤᠯᠠᠭᠠᠨ ᠪᠤᠭᠤᠳᠠᠢ᠂ ᠡᠷᠳᠡᠨᠢ ᠰᠢᠰᠢ᠂ ᠣᠪᠢᠶᠠᠰ᠂ ᠲᠣᠣᠷ᠂ ᠰᠠᠷᠮᠢᠰ᠂ ᠰᠫᠠᠷᠵᠠ᠂ ᠱᠣᠰᠢ᠂ ᠦᠬᠡᠷ ᠦᠨ ᠮᠢᠬ᠎ᠠ᠂ ᠰᠢᠪᠠᠭᠤᠨ ᠤ ᠠᠵᠤ ᠠᠬᠤᠢ᠂ ᠨᠣᠣᠰᠣ᠂ ᠵᠢᠭᠠᠰᠤ᠂ ᠮᠣᠳᠣ ᠶᠤᠮ᠃ ᠠᠵᠢᠯᠭᠦᠶᠢᠳᠡᠯ ᠦᠨ ᠲᠦᠪᠰᠢᠨ 2015 ᠤᠨ ᠤ ᠪᠠᠶᠢᠳᠠᠯ ᠢᠶᠠᠷ 6᠂4% ᠪᠠᠶᠢᠭᠰᠠᠨ᠃ ᠴᠢᠯᠢ ᠶᠢᠨ ᠡᠺᠰᠫᠣᠷᠲᠯᠠᠳᠠᠭ ᠪᠦᠲᠦᠭᠡᠭᠳᠡᠬᠦᠨ ᠨᠦᠭᠦᠳ ᠨᠢ ᠵᠡᠰ᠂ ᠵᠢᠮᠢᠰ᠂ ᠵᠢᠭᠠᠰᠤᠨ ᠤ ᠠᠵᠤ ᠠᠬᠤᠢ᠂ ᠴᠠᠭᠠᠰᠤ᠂ ᠼᠧᠯᠯᠦᠯᠣᠽᠢ ᠶᠢᠨ᠂ ᠬᠢᠮᠢ ᠶᠢᠨ ᠪᠣᠳᠠᠰ᠂ ᠳᠠᠷᠠᠰᠤ ᠶᠤᠮ᠃ ᠮᠥᠨ ᠨᠡᠶᠢᠲᠡ ᠡᠺᠰᠫᠣᠷᠲ ᠤᠨ ᠣᠷᠣᠯᠭ᠎ᠠ 61᠂82 ᠲᠡᠷᠪᠤᠮ ᠳ᠋ᠣᠯᠯᠠᠷ ᠶᠤᠮ᠃

ᠪᠣᠯᠪᠠᠰᠤᠷᠠᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠴᠢᠯᠢ ᠤᠯᠤᠰ ᠨᠢ ᠣᠯᠠᠨ ᠶᠠᠩᠵᠤ ᠶᠢᠨ ᠥᠭᠡᠷ᠎ᠡ ᠥᠭᠡᠷ᠎ᠡ ᠪᠣᠯᠪᠠᠰᠤᠷᠠᠯ ᠤᠨ ᠰᠢᠰᠲ᠋ᠧᠮ ᠲᠡᠢ ᠪᠥᠭᠡᠳ ᠰᠤᠷᠭᠠᠭᠤᠯᠢ ᠶᠢᠨ ᠡᠮᠦᠨᠡᠬᠢ᠂ ᠪᠠᠭ᠎ᠠ ᠰᠤᠷᠭᠠᠭᠤᠯᠢ᠂ ᠳᠤᠮᠳᠠ ᠰᠤᠷᠭᠠᠭᠤᠯᠢ᠂ ᠳᠡᠭᠡᠳᠦ ᠪᠣᠯᠪᠠᠰᠤᠷᠠᠯ ᠤᠨ ᠭᠡᠬᠦ ᠮᠡᠲᠦ ᠥᠭᠡᠷ᠎ᠡ ᠥᠭᠡᠷ᠎ᠡ ᠲᠦᠪᠰᠢᠨ ᠳᠦ ᠬᠤᠪᠢᠶᠠᠭᠳᠠᠳᠠᠭ ᠪᠠᠶᠢᠨ᠎ᠠ᠃ ᠳᠤᠮᠳᠠ ᠰᠤᠷᠭᠠᠭᠤᠯᠢ ᠨᠤᠭᠤᠳ ᠰᠢᠨᠵᠢᠯᠡᠬᠦ ᠤᠬᠠᠭᠠᠨ - ᠬᠦᠮᠦᠨᠯᠢᠭ ᠦᠨ ᠪᠣᠯᠤᠨ ᠲᠧᠭᠨᠢᠭ ᠦᠨ - ᠮᠡᠷᠭᠡᠵᠢᠯ ᠦᠨ ᠭᠡᠰᠡᠨ ᠪᠣᠯᠪᠠᠰᠤᠷᠠᠯ ᠤᠨ ᠬᠣᠶᠠᠷ ᠴᠢᠭᠯᠡᠯ ᠳᠦ ᠬᠠᠨᠳᠤᠯᠭ᠎ᠠ ᠶᠢ ᠳᠠᠭᠠᠳᠠᠭ᠃[11] ᠤᠷᠢᠳᠤ ᠨᠢ ᠤᠷᠠᠨ ᠵᠣᠬᠢᠶᠠᠯ᠂ ᠲᠡᠦᠬᠡ᠂ ᠹᠢᠽᠢᠺ᠂ ᠮᠠᠲ᠋ᠧᠮᠠᠲ᠋ᠢᠺ ᠰᠡᠳᠦᠪ ᠢᠶᠡᠷ ᠲᠣᠭᠲᠠᠮᠠᠯ ᠯᠧᠺᠼᠢ ᠲᠠᠯᠪᠢᠬᠤ ᠶᠣᠰᠣᠲᠠᠢ ᠪᠠᠶᠢᠭᠰᠠᠨ ᠪᠣᠯ ᠣᠳᠣᠨ ᠤ ᠵᠣᠷᠢᠯᠭ᠎ᠠ ᠨᠢ ᠳᠠᠳᠤᠯᠭ᠎ᠠ ᠲᠤᠷᠰᠢᠯᠭ᠎ᠠ ᠲᠠᠢ ᠪᠣᠯᠭᠠᠬᠤ ᠶᠢᠨ ᠵᠡᠷᠭᠡᠴᠡᠭᠡ ᠲᠧᠭᠨᠢᠭ ᠦᠨ ᠮᠡᠳᠡᠯᠭᠡ ᠲᠡᠢ ᠪᠣᠯᠭᠠᠬᠤ ᠶᠤᠮ᠃ ᠤᠷᠠᠯᠢᠭ ᠤᠨ ᠪᠣᠯᠪᠠᠰᠤᠷᠠᠯ ᠭᠡᠵᠦ ᠨᠡᠷᠡᠯᠡᠳᠡᠭ ᠭᠤᠷᠪᠠ ᠳᠠᠬᠢ ᠰᠣᠩᠭᠣᠯᠲᠠ ᠴᠤ ᠪᠠᠰᠠ ᠪᠠᠶᠢᠳᠠᠭ᠃ ᠲᠣᠭᠠᠴᠠᠭ᠎ᠠ ᠪᠠᠷ 6 - 14 ᠵᠢᠯ ᠦᠨ ᠬᠣᠭᠣᠷᠣᠨᠳᠣ ᠬᠡᠦᠬᠡᠳ ᠦᠳ ᠦᠨ 99.7% ᠰᠠᠭᠤᠷᠢ ᠪᠣᠯᠪᠠᠰᠤᠷᠠᠯ ᠬᠠᠮᠤᠷᠤᠭᠳᠠᠳᠠᠭ ᠪᠣᠯ᠂ ᠳᠤᠮᠳᠠ ᠪᠣᠯᠪᠠᠰᠤᠷᠠᠯ ᠤᠨ ᠬᠤᠪᠢ ᠳᠤ ᠡᠨᠡ ᠬᠡᠮᠵᠢᠶ᠎ᠡ ᠨᠢ 87.7% ᠪᠠᠶᠢᠳᠠᠭ᠃

ᠬᠡᠯᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠴᠢᠯᠢ ᠶᠢᠨ ᠠᠯᠪᠠᠨ ᠶᠣᠰᠣᠨ ᠤ ᠬᠡᠯᠡ ᠪᠣᠯ ᠢᠰᠫᠠᠨᠢ. Mapudungun (Itata ᠪᠣᠯᠤᠨ Tolten ᠭᠣᠣᠯ ᠤᠳ ᠤᠨ ᠬᠣᠭᠣᠷᠣᠨᠳᠣ ᠶᠠᠷᠢᠳᠠᠭ) ᠪᠣᠯᠤᠨ ᠠᠶᠢᠮᠠᠷᠠ (ᠬᠣᠶᠢᠳᠤ ᠠᠭᠤᠯᠠᠨ ᠳᠤ) ᠭᠡᠬᠦ ᠮᠡᠲᠦ ᠨᠡᠯᠢᠶᠡᠳ ᠬᠡᠳᠦᠨ ᠤᠤᠭᠤᠯ ᠬᠡᠯᠡᠨ ᠨᠦᠭᠦᠳ ᠪᠠᠰᠠ ᠪᠠᠶᠢᠳᠠᠭ᠃[12] ᠴᠢᠯᠢᠴᠤᠳ ᠦᠨ 99.5% ᠨᠢ ᠢᠰᠫᠠᠨᠢ ᠬᠡᠯᠡ ᠪᠡᠷ᠂ 10.2% ᠨᠢ ᠠᠩᠭᠯᠢ ᠬᠡᠯᠡ ᠪᠡᠷ᠂ 1% ᠨᠢ ᠨᠤᠲᠤᠭ ᠤᠨ ᠤᠤᠭᠤᠯ ᠬᠡᠯᠡ ᠪᠡᠷ (Mapudungun᠂ ᠠᠶᠢᠮᠠᠷᠠ᠂ ᠡᠮᠦᠨᠡᠲᠦ ᠠᠮᠧᠷᠢᠺᠠ ᠶᠢᠨ ᠢᠨᠳᠢᠶᠠᠨ ᠭᠠᠷᠤᠯ ᠲᠠᠢ᠂ ᠷᠠᠫᠠ ᠨᠤᠢ)᠂ 2.3% ᠨᠢ ᠪᠤᠰᠤᠳ ᠬᠡᠯᠡ ᠪᠡᠷ ᠶᠠᠷᠢᠳᠠᠭ᠃

ᠰᠤᠶᠤᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠴᠢᠯᠢ ᠶᠢᠨ ᠰᠤᠶᠤᠯ ᠪᠣᠯ ᠢᠰᠫᠠᠨᠢ ᠪᠣᠯᠤᠨ ᠨᠤᠲᠤᠭ ᠤᠨ ᠤᠤᠭᠤᠯ ᠢᠷᠭᠡᠳ ᠦᠨ ᠰᠤᠶᠤᠯ ᠤᠨ ᠬᠣᠯᠢᠮᠠᠭ ᠶᠤᠮ᠃ ᠡᠶᠢᠮᠦ ᠬᠣᠯᠢᠮᠠᠭ ᠰᠤᠶᠤᠯ ᠤᠨ ᠤᠯᠠᠮ ᠠᠴᠠ ᠦᠨᠳᠦᠰᠦᠲᠡᠨ ᠶᠠᠰᠤᠲᠠᠨ ᠤ ᠪᠣᠯᠤᠨ ᠬᠠᠷᠢᠴᠠᠩᠭᠤᠢ ᠲᠥᠷᠥᠯ ᠦᠨ ᠪᠤᠰᠤ ᠬᠣᠯᠢᠮᠠᠭ ᠨᠡᠶᠢᠭᠡᠮ ᠲᠡᠢ ᠪᠠᠶᠢᠳᠠᠭ᠃ ᠴᠢᠯᠢ ᠶᠢᠨ ᠲᠡᠦᠬᠡ ᠨᠢ ᠬᠥᠷᠰᠢ ᠯᠠᠲ᠋ᠢᠨ ᠠᠮᠧᠷᠢᠺᠠ ᠶᠢᠨ ᠲᠡᠦᠬᠡ ᠲᠡᠢ ᠠᠳᠠᠯᠢ ᠶᠤᠮ᠃ ᠴᠢᠯᠢ ᠶᠢᠨ ᠨᠡᠶᠢᠰᠯᠡᠯ ᠰᠠᠨᠲ᠋ᠢᠶᠠᠭ᠋ᠣ᠋ ᠬᠣᠲᠠ ᠨᠢ ᠤᠯᠤᠰ ᠣᠷᠣᠨ ᠤ ᠡᠳ᠋ ᠍ ᠦᠨ ᠵᠠᠰᠠᠭ ᠪᠣᠯᠤᠨ ᠰᠤᠶᠤᠯ ᠤᠨ ᠲᠥᠪ ᠶᠤᠮ᠃ ᠴᠢᠯᠢ ᠶᠢᠨ ᠠᠷᠠᠳ ᠲᠦᠮᠡᠨ ᠨᠢ ᠬᠥᠯ ᠪᠥᠮᠪᠥᠭᠡ ᠶᠢᠨ ᠲᠤᠬᠠᠢ ᠳᠤ ᠮᠠᠰᠢ ᠶᠡᠬᠡ ᠣᠮᠣᠭᠲᠠᠢ ᠮᠥᠨ Rodeo ᠪᠣᠯ ᠬᠠᠮᠤᠭ ᠤᠨ ᠠᠯᠳᠠᠷᠲᠠᠢ ᠵᠤᠭ᠎ᠠ ᠶᠤᠮ᠃  [13]

ᠭᠡᠷ ᠪᠦᠯᠢ ᠪᠣᠯ ᠴᠢᠯᠢ ᠶᠢᠨ ᠠᠷᠠᠳ ᠲᠦᠮᠡᠨ ᠦ ᠠᠮᠢᠳᠤᠷᠠᠯ ᠤᠨ ᠬᠠᠮᠤᠭ ᠤᠨ ᠴᠢᠬᠤᠯᠠ ᠬᠡᠰᠡᠭ ᠦᠳ ᠦᠨ ᠨᠢᠭᠡ ᠶᠤᠮ᠃ ᠬᠡᠦᠬᠡᠳ ᠦᠳ ᠨᠠᠰᠤᠨ ᠳᠤ ᠬᠦᠷᠦᠭᠰᠡᠨ ᠴᠤ ᠭᠡᠰᠡᠨ ᠲᠡᠳᠡᠨ ᠦ ᠡᠴᠢᠭᠡ ᠡᠬᠡ ᠶᠢᠨ ᠬᠠᠶᠢᠷ᠎ᠠ ᠬᠠᠯᠠᠮᠵᠢ ᠪᠠᠭᠤᠷᠠᠳᠠᠭ ᠦᠭᠡᠢ᠃ ᠥᠨᠳᠥᠷ ᠨᠠᠰᠤᠲᠠᠢ ᠡᠴᠢᠭᠡ ᠡᠬᠡ ᠨᠢ ᠬᠡᠦᠬᠡᠳ ᠦᠳ ᠦᠨ ᠢᠶᠡᠨ ᠭᠡᠷ ᠲᠦ ᠠᠮᠢᠳᠤᠷᠠᠬᠤ ᠨᠢ ᠡᠩ ᠦᠨ ᠦᠵᠡᠭᠳᠡᠯ ᠶᠤᠮ᠃[14] ᠴᠢᠯᠢ ᠶᠢᠨ ᠨᠡᠶᠢᠭᠡᠮ ᠨᠢ ᠤᠯᠠᠮᠵᠢᠯᠠᠯᠲᠤ ᠰᠤᠶᠤᠯ ᠲᠠᠢ ᠤᠴᠢᠷ ᠠᠴᠠ ᠣᠯᠠᠨ ᠤᠯᠠᠮᠵᠢᠯᠠᠯᠲᠤ ᠭᠡᠷ ᠪᠦᠯᠢ᠂ ᠡᠮᠡᠭᠲᠡᠶᠢᠴᠦᠳ ᠣᠳᠣ ᠴᠤ ᠭᠡᠰᠡᠨ ᠬᠣᠭᠣᠯᠠ ᠬᠢᠬᠦ᠂ ᠴᠡᠪᠡᠷᠯᠡᠭᠡ᠂ ᠬᠡᠦᠬᠡᠳ ᠥᠰᠬᠡᠬᠦ ᠶᠡᠬᠡᠩᠬᠢ ᠬᠢᠬᠦ ᠲᠥᠯᠥᠪ ᠲᠡᠢ ᠪᠠᠶᠢᠳᠠᠭ᠃  ᠶᠡᠬᠡᠩᠬᠢ ᠬᠦᠮᠦᠰ ᠡᠳᠦᠷ ᠲᠦ 3 ᠬᠣᠭᠣᠯᠠ ᠢᠳᠡᠳᠡᠭ ᠪᠣᠯ᠂ ᠴᠢᠯᠢᠴᠤᠳ ᠡᠳᠦᠷ ᠲᠦ 4 ᠬᠣᠭᠣᠯᠠ ᠢᠳᠡᠳᠡᠭ᠃ ᠲᠡᠳᠡ ᠥᠷᠯᠥᠭᠡᠨ ᠦ ᠴᠠᠶᠢᠨ ᠳᠤ ᠪᠠᠨ ᠡᠷᠲᠡᠨ ᠦ ᠬᠣᠭᠣᠯᠠ ᠢᠳᠡᠳᠡᠭ ᠮᠥᠨ ᠺᠣᠹᠧ ᠡᠰᠡᠪᠡᠯ ᠶᠠᠮᠠᠷ ᠨᠢᠭᠡᠨ ᠵᠦᠢᠯ ᠢ ᠬᠤᠨᠳᠠᠭ᠎ᠠ ᠡᠷᠭᠦᠨ ᠤᠤᠭᠤᠳᠠᠭ᠃ ᠡᠳᠦᠷ ᠦᠨ ᠬᠣᠭᠣᠯᠠ ᠪᠣᠯ ᠲᠡᠷᠡ ᠡᠳᠦᠷ ᠦᠨ ᠬᠠᠮᠤᠭ ᠤᠨ ᠴᠢᠬᠤᠯᠠ ᠬᠣᠭᠣᠯᠠ ᠪᠥᠭᠡᠳ 1  ᠡᠴᠡ 2 ᠴᠠᠭ ᠤᠨ ᠬᠣᠭᠣᠷᠣᠨᠳᠣ ᠢᠳᠡᠳᠡᠭ᠃ ᠣᠷᠣᠢ ᠶᠢᠨ ᠬᠣᠭᠣᠯᠠᠨ ᠳᠤ ᠶᠡᠬᠡᠪᠴᠢᠯᠡᠨ ᠣᠯᠠᠨ ᠦᠨᠳᠦᠰᠦᠲᠡᠨ ᠦ ᠬᠣᠭᠣᠯᠠ ᠢᠳᠡᠳᠡᠭ᠃

ᠭᠠᠳᠠᠭᠠᠳᠤ ᠬᠣᠯᠪᠣᠭᠠᠰᠤ[ᠵᠠᠰᠠᠪᠤᠷᠢᠯᠠᠬᠤ | ᠺᠣᠳ᠋ ᠢᠶᠠᠷ ᠵᠠᠰᠠᠬᠣ]

Commons
Викимедиа дуу дүрсний сан: Chile

ᠠᠰᠢᠭᠯᠠᠭᠰᠠᠨ ᠮᠠᠲ᠋ᠧᠷᠢᠶᠠᠯ[ᠵᠠᠰᠠᠪᠤᠷᠢᠯᠠᠬᠤ | ᠺᠣᠳ᠋ ᠢᠶᠠᠷ ᠵᠠᠰᠠᠬᠣ]

  1. http://globaledge.msu.edu/countries/chile. Chile: Introduction. (2016, January 21). Retrieved May 12, 2016
  2. http://www.questconnect.org/andes_chile.htm#History . Chile Country Information. (2016). Retrieved May 10, 2016
  3. http://www.questconnect.org/andes_chile.htm#History . Chile Country Information. (2016). Retrieved May 10, 2016
  4. https://www.cia.gov/library/publications/the-world-factbook/geos/ci.html. South America :: Chile. (2016, May 5). Retrieved May 10, 2016
  5. http://www.studycountry.com/guide/CL-government.htm. The Government in Chile. (2016). Retrieved May 10, 2016
  6. https://www.cia.gov/library/publications/the-world-factbook/geos/ci.html. South America :: Chile. (2016, May 5). Retrieved May 10, 2016
  7. http://www.studycountry.com/guide/CL-government.htm. The Government in Chile. (2016). Retrieved M ay 10, 2016
  8. http://www.joeskitchen.com/chile/2012/02/22/chilean-regions/ . Chilean Regions – What are all these numbers about? (2012, February 22). Retrieved May 12, 2016
  9. http://www.thisischile.cl/people/demography/?lang=en. Demographics. (2016). Retrieved May 10, 2016
  10. https://www.cia.gov/library/publications/the-world-factbook/geos/ci.html. South America :: Chile. (2016, May 5). Retrieved May 10, 2016
  11. http://www.mapsofworld.com/chile/education/. Chile Education. (2016). Retrieved May 10, 2016
  12. http://www.commisceo-global.com/country-guides/chile-guide. Award-Winning Culture Guides. (2016). Retrieved May 10, 2016
  13. http://www.donquijote.org/culture/chile/. Chilean Culture - Culture of Chile | don Quijote. (2016). Retrieved May 10, 2016
  14. http://www.reachtoteachrecruiting.com/guides/chile/chilean-culture/. Chilean Culture - Reach to Teach. (2016). Retrieved May 10, 2016
http://wiki.uhaan.com/index.php?title=ᠴᠢᠯᠢ&oldid=482295》 ᠍  ᠡᠴᠡ ᠠᠪᠤᠭᠰᠠᠨ

ᠪᠢᠴᠢᠭᠡᠰᠦ