ᠴᠢᠯᠠᠭᠤᠲᠤ ᠰᠤᠮᠤ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠮᠣᠩᠭᠣᠯ ᠮᠣᠩᠭᠣᠯ ᠤᠯᠤᠰ ᠤᠨ
Arhangai.gif ᠠᠷᠤᠬᠠᠩᠭᠠᠢ ᠠᠶᠢᠮᠠᠭ ᠤᠨ
ᠴᠢᠯᠠᠭᠤᠲᠤ ᠰᠤᠮᠤ
3,900 ᠺᠦᠸᠠᠳ᠋ ᠺᠢᠯᠣᠮᠧᠲ᠋ᠷ ᠭᠠᠵᠠᠷ ᠨᠤᠲᠤᠭ ᠲᠠᠢ
3,744 ᠬᠦᠮᠦᠨ ᠣᠷᠣᠰᠢᠨ ᠰᠠᠭᠤᠳᠠᠭ
_______ ᠲᠣᠯᠣᠭᠠᠢ ᠮᠠᠯ ᠲᠠᠢ
ᠲᠠᠪᠤᠨ ᠪᠠᠭ ᠬᠦᠷᠮ᠎ᠡ᠂ ᠬᠠᠶᠢᠷᠬᠠᠨ᠂ ᠬᠠᠯᠠᠭᠤᠨ-ᠤᠰᠤ᠂ ᠵᠠᠭᠤᠨᠠᠮ᠎ᠠ ᠳᠤ᠂ ᠥᠯᠵᠡᠶᠢᠲᠦ ᠭᠣᠣᠯ
ᠡᠭᠦᠰᠬᠡᠨ ᠪᠠᠶᠢᠭᠤᠯᠤᠭᠳᠠᠭᠰᠠᠨ ____ ᠣᠨ ᠳᠤ
ᠡᠷᠭᠢᠨ ᠲᠣᠭᠣᠷᠢᠨ ᠳᠤ ᠪᠠᠨ ᠠᠷᠤᠬᠠᠩᠭᠠᠢ ᠶᠢᠨ ᠬᠠᠩᠭᠠᠢᠥᠨᠳᠥᠷ-ᠤᠯᠠᠭᠠᠨᠶᠡᠬᠡᠲᠠᠮᠢᠷ᠂ ᠪᠠᠶᠠᠨᠬᠣᠩᠭᠣᠷ ᠤᠨ ᠭᠠᠯᠠᠭᠤ ᠳᠤᠵᠢᠷᠭᠠᠯᠠᠩᠲᠤ ᠭᠡᠰᠡᠨ ᠲᠠᠪᠤᠨ ᠰᠤᠮᠤ ᠪᠠᠷ ᠬᠦᠷᠢᠶᠡᠯᠡᠭᠳᠡᠳᠡᠭ᠃

ᠴᠢᠯᠠᠭᠤᠲᠤ ᠰᠤᠮᠤ ᠨᠢ ᠠᠷᠤᠬᠠᠩᠭᠠᠢ ᠠᠶᠢᠮᠠᠭ ᠤᠨ ᠰᠤᠮᠤ ᠶᠤᠮ᠃

ᠴᠢᠯᠠᠭᠤᠲᠤ ᠰᠤᠮᠤ

1.САЙН НОЁН ХАН АЙМГИЙН ҮЕИЙН ХОШУУ НУТАГ

ᠬᠡᠪᠯᠡᠯ ᠦᠢᠯᠡᠳᠪᠦᠷᠢ 1 ᠵᠠᠭᠤᠨ ᠤ ᠬᠣᠶᠠᠳᠤᠭᠠᠷ ᠬᠠᠭᠠᠰ ᠲᠤ ᠵᠡᠭᠦᠨ ᠠᠽᠢᠶ ᠠ ᠳᠤ ᠮᠠᠨᠵᠤ ᠶᠢᠨ ᠴᠡᠷᠢᠭ ᠹᠧᠣᠳᠠᠯ ᠤᠨ ᠤᠯᠤᠰ ᠲᠣᠭᠲᠠᠨᠢᠭᠰᠠᠨ ᠪᠥᠭᠡᠳ ᠡᠨᠡ ᠤᠯᠤᠰ ᠡᠭᠦᠰᠦᠨ ᠪᠠᠶᠢᠭᠤᠯᠤᠭᠳᠠᠭᠰᠠᠨ ᠠᠴᠠ ᠪᠠᠨ ᠡᠬᠢᠯᠡᠨ ᠪᠤᠰᠤᠳ ᠣᠷᠣᠨ ᠢ ᠪᠠᠶᠢᠯᠳᠤᠨ ᠳᠠᠭᠠᠭᠤᠯᠬᠤ ᠵᠠᠮ ᠳᠤ ᠣᠷᠣᠵᠠᠢ᠃ ᠮᠠᠨᠵᠤ ᠶᠢᠨ ᠹᠧᠣᠳᠠᠯ ᠤᠳ ᠤᠨ ᠲᠦᠷᠢᠮᠡᠭᠡᠢ ᠪᠣᠳᠣᠯᠭ᠎ᠠ ᠨᠢ ᠶᠠᠭᠤᠨ ᠤ ᠲᠦᠷᠦᠭᠦᠨ ᠳᠦ ᠲᠡᠳᠡᠨ ᠦ ᠨᠡᠩ ᠣᠶᠢᠷᠠᠬᠢ ᠬᠥᠷᠰᠢ ᠮᠣᠩᠭᠣᠯ , ᠬᠢᠲᠠᠳ ᠬᠣᠶᠠᠷ ᠤᠯᠤᠰ ᠤᠨ ᠡᠰᠡᠷᠬᠦ ᠴᠢᠭᠯᠡᠭᠳᠡᠪᠡ᠃ ᠮᠠᠨᠵᠤ ᠨᠠᠷ 1644 ᠣᠨ ᠳᠤ ᠬᠢᠲᠠᠳ ᠢ ᠡᠵᠡᠯᠡᠭᠰᠡᠨ ᠪᠠᠶᠢᠨ᠎ᠠ᠃ᠡᠨᠡ ᠦᠶ᠎ᠡ ᠳᠦ ᠬᠠᠯᠬ᠎ᠠ ᠶᠢᠨ ᠳᠣᠲᠣᠭᠠᠳᠤᠳ ᠹᠧᠣᠳᠠᠯ ᠡᠷᠬᠡ ᠮᠡᠳᠡᠯᠲᠡᠨ ᠨᠦᠭᠦᠳ ᠦᠨ ᠬᠣᠭᠣᠷᠣᠨᠳᠣ ᠨᠡᠯᠢᠶᠡᠳ ᠵᠥᠷᠢᠴᠡᠯ ᠲᠡᠮᠡᠴᠡᠯ ᠲᠡᠢ ᠪᠠᠶᠢᠭᠰᠠᠨ ᠢ ᠠᠰᠢᠭᠯᠠᠨ ᠮᠠᠨᠵᠤ ᠨᠠᠷ 1691 ᠣᠨ ᠳᠤ ᠮᠣᠩᠭᠣᠯ ᠣᠷᠣᠨ ᠢ ᠥᠪᠡᠷ ᠦᠨ ᠡᠷᠬᠡᠰᠢᠶᠡᠯ ᠳᠦ ᠳᠠᠭᠠᠷ᠎ᠠ ᠣᠷᠣᠭᠤᠯᠤᠭᠰᠠᠨ ᠢᠶᠠᠷ ᠮᠣᠩᠭᠣᠯ ᠤᠯᠤᠰ ᠲᠥᠷᠥ ᠶᠢᠨ ᠢᠶᠡᠨ ᠲᠤᠰᠠᠭᠠᠷ ᠲᠣᠭᠲᠠᠨᠢᠯ ᠢ ᠠᠯᠳᠠᠵᠤ ᠮᠠᠨᠵᠤ ᠶᠢᠨ ᠨᠣᠶᠠᠷᠬᠠᠯ ᠳᠤ 200 ᠭᠠᠷᠤᠢ ᠵᠢᠯ ᠳᠠᠷᠤᠯᠠᠭᠳᠠᠬᠤ ᠪᠣᠯᠤᠭᠰᠠᠨ ᠪᠢᠯᠡ᠃ ᠤᠯᠠᠮ ᠢᠶᠠᠷ ᠮᠠᠨᠵᠤ ᠶᠢᠨ ᠵᠠᠰᠠᠭ ᠤᠨ ᠭᠠᠵᠠᠷ ᠡᠷᠬᠡ ᠮᠡᠳᠡᠯ ᠢᠶᠡᠨ ᠤᠯᠠᠮ ᠪᠡᠬᠢᠵᠢᠭᠦᠯᠬᠦ᠂ ᠬᠠᠯᠬ᠎ᠠ ᠮᠣᠩᠭᠣᠯ ᠤᠨ ᠬᠦᠴᠦ ᠶᠢ ᠪᠤᠲᠠᠷᠭᠠᠨ ᠰᠠᠷᠨᠢᠭᠤᠯᠬᠤ ᠪᠣᠳᠣᠯᠭ᠎ᠠ ᠶᠢ ᠡᠷᠴᠢᠮᠲᠡᠢ ᠶᠠᠪᠤᠭᠤᠯᠵᠤ ᠮᠣᠩᠭᠣᠯ ᠤᠨ ᠴᠡᠷᠢᠭ_ᠵᠠᠬᠢᠷᠭᠠᠨ ᠤ ᠬᠠᠭᠤᠴᠢᠨ ᠪᠠᠶᠢᠭᠤᠯᠤᠯ ᠳᠤ ᠪᠣᠯᠬᠤ ᠬᠣᠰᠢ ᠨᠤᠭᠤᠳ ᠢ ᠤᠯᠠᠮ ᠵᠢᠵᠢᠭᠯᠡᠨ ᠬᠠᠯᠬ᠎ᠠ ᠶᠢᠨ 8 ᠬᠣᠰᠢᠭᠤ ᠶᠢ 34 ᠪᠣᠯᠭᠠᠨ ᠣᠯᠠᠰᠢᠷᠠᠭᠤᠯᠵᠠᠢ᠃ 1725 ᠣᠨ ᠳᠤ ᠲᠦᠰᠢᠶᠡᠲᠦ ᠬᠠᠨ ᠠᠶᠢᠮᠠᠭ ᠠᠴᠠ 19 ᠬᠣᠰᠢᠭᠤ ᠶᠢ ᠲᠠᠰᠤᠯᠤᠨ ᠠᠪᠴᠤ ᠰᠠᠶᠢᠨ ᠨᠣᠶᠠᠨ ᠠᠶᠢᠮᠠᠭ ᠭᠡᠳᠡᠭ ᠨᠢᠭᠡ ᠠᠶᠢᠮᠠᠭ ᠢ ᠰᠢᠨ᠎ᠡ ᠪᠡᠷ ᠨᠡᠮᠡᠨ ᠪᠠᠶᠢᠭᠤᠯᠵᠤ᠂ ᠬᠠᠯᠬ᠎ᠠ ᠶᠢᠨ 3 ᠠᠶᠢᠮᠠᠭ ᠢ 4 ᠠᠶᠢᠮᠠᠭ ᠪᠣᠯᠭᠠᠭᠰᠠᠨ ᠪᠥᠭᠡᠳ ᠰᠠᠶᠢᠨ ᠨᠣᠶᠠᠨ ᠤ ᠠᠶᠢᠮᠠᠭ ᠤᠨ ᠨᠤᠲᠤᠭ ᠲᠤ ᠣᠳᠣ ᠶᠢᠨ ᠠᠷᠤᠬᠠᠩᠭᠠᠢ ᠠᠶᠢᠮᠠᠭ ᠤᠨ ᠨᠤᠲᠤᠭ ᠳᠡᠪᠢᠰᠬᠡᠷ ᠬᠠᠮᠤᠷᠤᠭᠳᠠᠬᠤ ᠪᠣᠯᠵᠠᠢ᠃ᠴᠢᠯᠠᠭᠤᠲᠤ ᠰᠤᠮᠤ ᠶᠢᠨ ᠨᠤᠲᠤᠭ ᠨᠢ ᠬᠠᠯᠬ᠎ᠠ ᠶᠢᠨ ᠤᠮᠠᠷ᠎ᠠ ᠵᠠᠮ ᠤᠨ ᠳᠤᠮᠳᠠᠳᠤ ᠵᠡᠭᠦᠨ ᠡᠲᠡᠭᠡᠳ ᠦᠨ ᠠᠳᠠᠭ ᠤᠨ ᠬᠣᠰᠢᠭᠤ ᠭᠡᠳᠡᠭ ᠲᠦ ᠨᠢ ᠬᠠᠷᠢᠶᠠᠯᠠᠭᠳᠠᠵᠤ ᠪᠠᠶᠢᠪᠠ᠃ ᠡᠨᠡ ᠦᠶ᠎ᠡ ᠳᠦ ᠬᠣᠰᠢᠭᠤᠨ ᠤ ᠳᠡᠪᠢᠰᠬᠡᠷ ᠨᠤᠲᠤᠭ ᠤᠨ ᠵᠠᠭᠠᠭ ᠢ ᠲᠡᠮᠳᠡᠭᠯᠡᠬᠦ ᠳᠦ ᠪᠡᠨ 《ᠬᠣᠰᠢᠭᠤ ᠨᠤᠲᠤᠭ ᠤᠨ ᠭᠠᠵᠠᠷ ᠨᠢ ᠲᠠᠮᠢᠷ᠂ ᠬᠠᠨᠤᠢ᠂ ᠴᠢᠯᠠᠭᠤᠲᠤ ᠭᠤᠷᠪᠠᠨ ᠭᠣᠣᠯ ᠤᠨ ᠡᠬᠢᠨ ᠳᠣᠣᠷ᠎ᠠ ᠪᠤᠢ᠃ ᠵᠡᠭᠦᠨᠰᠢ ᠬᠦᠮᠦᠢ ᠥᠪᠥᠷ ᠪᠤᠯᠠᠭ ᠬᠦᠷᠴᠦ᠂ ᠵᠠᠶ᠎ᠠ ᠪᠠᠨᠳᠢᠳᠠᠭ ᠤᠨ ᠨᠤᠲᠤᠭ ᠲᠠᠢ ᠵᠠᠬ᠎ᠠ ᠨᠡᠶᠢᠯᠡᠨ᠎ᠡ᠃ ᠤᠷᠤᠭᠰᠢ ᠪᠠᠨ ᠰᠣᠭᠣ ᠥᠨᠳᠥᠷ ᠬᠦᠷᠴᠦ ᠡᠷᠳᠡᠨᠢ ᠪᠠᠨᠳᠢᠳᠠᠭ ᠤᠨ ᠨᠤᠲᠤᠭ ᠲᠠᠢ ᠵᠠᠬ᠎ᠠ ᠨᠡᠶᠢᠯᠡᠨ᠎ᠡ᠃ ᠪᠠᠷᠠᠭᠤᠨᠰᠢ ᠪᠠᠨ ᠬᠣᠶᠢᠲᠤ ᠲᠠᠮᠢᠷ ᠤᠨ ᠡᠬᠢᠨ ᠬᠦᠷᠴᠦ ᠴᠢᠨ ᠰᠦᠵᠢᠭ ᠲᠦ ᠨᠣᠮᠤᠨ ᠬᠠᠨ ᠤ ᠨᠤᠲᠤᠭ ᠲᠠᠢ ᠵᠠᠬ᠎ᠠ ᠨᠡᠶᠢᠯᠡᠨ᠎ᠡ᠃ ᠬᠣᠶᠢᠰᠢ ᠪᠠᠨ ᠶᠡᠬᠡ ᠰᠢᠪᠠᠷ ᠠᠭᠤᠯᠠ ᠨᠢᠷᠤᠭᠤ ᠬᠦᠷᠴᠦ᠂ ᠳᠤᠮᠳᠠᠳᠤ ᠵᠡᠭᠦᠨ ᠡᠲᠡᠭᠡᠳ ᠦᠨ ᠬᠣᠰᠢᠭᠤ ᠲᠠᠢ ᠵᠠᠬ᠎ᠠ ᠨᠡᠶᠢᠯᠡᠨ᠎ᠡ》 ᠭᠡᠰᠡᠨ ᠪᠠᠶᠢᠨ᠎ᠠ᠃ᠮᠠᠨᠵᠤ ᠨᠠᠷ ᠮᠣᠩᠭᠣᠯ ᠣᠷᠣᠨ ᠢ ᠡᠷᠬᠡᠰᠢᠶᠡᠯ ᠳᠦ ᠪᠡᠨ ᠣᠷᠣᠭᠤᠯᠤᠭᠰᠠᠨ ᠦᠶᠡᠰ ᠣᠳᠣ ᠶᠢᠨ ᠴᠢᠯᠠᠭᠤᠲᠤ ᠰᠤᠮᠤ ᠶᠢᠨ ᠬᠠᠷᠢᠶᠠᠯᠠᠭᠳᠠᠵᠤ lanai ᠬᠣᠰᠢᠭᠤ ᠶᠢ ᠭᠡᠷᠰᠡᠩ ᠵᠠᠯᠠᠶᠢᠷ ᠬᠤᠨ ᠲᠠᠶᠢᠵᠢ ᠶᠢᠨ ᠭᠤᠷᠪᠠᠳᠤᠭᠠᠷ ᠬᠥᠪᠡᠭᠦᠨ ᠣᠨᠣᠬᠤᠢ ᠦᠢᠵᠡᠨ ᠨᠣᠶᠠᠨ ᠤ ᠬᠥᠪᠡᠭᠦᠨ᠂ ᠰᠢᠷ᠎ᠠ ᠶᠢᠨ ᠱᠠᠰᠢᠨ ᠢ ᠬᠠᠯᠬ᠎ᠠ ᠨᠤᠲᠤᠭ ᠲᠤ ᠳᠡᠯᠭᠡᠷᠡᠭᠦᠯᠬᠦ ᠳᠦ ᠶᠡᠬᠡᠬᠡᠨ ᠬᠦᠴᠦᠨ ᠵᠢᠳᠬᠦᠭ᠍ᠰᠡᠨ ᠦ ᠤᠴᠢᠷ ᠲᠥᠪᠡᠳ ᠦᠨ ᠳᠠᠯᠠᠢ ᠯᠠᠮᠠ᠂ ᠪᠠᠨᠴᠢᠨ ᠡᠷᠳᠡᠨᠢ ᠨᠠᠷ ᠠᠴᠠ ᠰᠠᠶᠢᠨ ᠨᠣᠶᠠᠨ ᠬᠠᠨ ᠴᠣᠯᠠ ᠬᠦᠷᠲᠡᠭᠰᠡᠨ ᠲᠦᠮᠡᠩᠬᠡᠨ (ᠰᠠᠶᠢᠨ ᠨᠣᠶᠠᠨ), ᠲᠡᠭᠦᠨ ᠦ ᠨᠠᠶᠢᠮᠠᠳᠤᠭᠠᠷ ᠬᠥᠪᠡᠭᠦᠨ ᠳᠠᠨᠽᠠᠨ ᠪᠠᠨᠵᠤᠤᠷ᠂ ᠳᠠᠨᠽᠠᠨ ᠪᠠᠨᠵᠤᠤᠷ ᠤᠨ ᠬᠥᠪᠡᠭᠦᠨ ᠶᠣᠰᠣᠲᠤ ᠦᠢᠵᠡᠨ ᠠᠬᠠᠢ ᠨᠣᠶᠠᠨ ᠨᠠᠮᠵᠢᠯ ᠨᠠᠷ ᠵᠠᠬᠢᠷᠴᠢ ᠪᠠᠶᠢᠴᠠᠢ᠃

2.ЦЭЦЭН ЧИН ВАНГИЙН ХОШУУ

ᠣᠳᠣ ᠶᠢᠨ ᠠᠷᠤᠬᠠᠩᠭᠠᠢ ᠠᠶᠢᠮᠠᠭ ᠤᠨ ᠴᠢᠯᠠᠭᠤᠲᠤ ᠰᠤᠮᠤ ᠮᠠᠨᠵᠤ ᠴᠢᠩ ᠤᠯᠤᠰ ᠤᠨ 200 ᠭᠠᠷᠤᠢ ᠵᠢᠯ ᠦᠨ ᠳᠠᠷᠤᠩᠭᠤᠶᠢᠯᠠᠯ ᠤᠨ ᠦᠶ᠎ᠡ ᠳᠦ ᠰᠠᠶᠢᠨ ᠨᠣᠶᠠᠨ ᠠᠶᠢᠮᠠᠭ ᠤᠨ ᠰᠡᠴᠡᠨ ᠴᠢᠨ ᠸᠠᠩ ᠤᠨ ᠬᠣᠰᠢᠭᠤᠨ ᠳᠤ (1725-1910 ᠣᠨ ᠳᠤ) ᠬᠠᠷᠢᠶᠠᠯᠠᠭᠳᠠᠵᠤ ᠪᠠᠶᠢᠴᠠᠢ᠃ ᠮᠠᠨᠵᠤ ᠶᠢᠨ ᠳᠠᠷᠤᠩᠭᠤᠶᠢᠯᠠᠯ ᠤᠨ ᠡᠰᠡᠷᠬᠦ ᠮᠣᠩᠭᠣᠯ ᠣᠷᠣᠨ ᠤ ᠪᠠᠨ ᠲᠥᠷᠥ ᠶᠢᠨ ᠲᠤᠰᠠᠭᠠᠷ ᠲᠣᠭᠲᠠᠨᠢᠯ ᠢ ᠰᠡᠷᠭᠦᠭᠡᠨ ᠮᠠᠨᠳᠤᠭᠤᠯᠬᠤ ᠵᠣᠷᠢᠯᠭ᠎ᠠ ᠲᠠᠢ ᠠᠷᠠᠳ ᠲᠦᠮᠡᠨ ᠦ ᠦᠨᠳᠦᠰᠦᠨ ᠦ ᠡᠷᠬᠡ ᠴᠢᠯᠦᠭᠡᠨ ᠦ ᠬᠥᠳᠡᠯᠭᠡᠭᠡᠨ 1910 ᠍ ᠊ᠭᠠᠳ ᠣᠨ ᠤ ᠦᠶ᠎ᠡ ᠳᠦ ᠣᠷᠭᠢᠯ ᠦᠶᠡᠳᠡᠭᠡ ᠬᠦᠷᠴᠦ ᠥᠷᠨᠢᠭᠰᠡᠨ ᠢᠶᠡᠷ 1911 ᠣᠨ ᠤ 12 ᠳ᠋ᠤᠭᠠᠷ ᠰᠠᠷ᠎ᠠ ᠶᠢᠨ 16 ᠍ ᠤ ᠡᠳᠦᠷ ᠪᠣᠭᠳᠠ ᠬᠠᠭᠠᠨᠲᠤ ᠮᠣᠩᠭᠣᠯ ᠤᠯᠤᠰ ᠢ ᠪᠠᠶᠢᠭᠤᠯᠤᠭᠰᠠᠨ ᠶᠤᠮ᠃ ᠪᠣᠭᠳᠠ ᠬᠠᠭᠠᠨᠲᠤ ᠮᠣᠩᠭᠣᠯ ᠤᠯᠤᠰ ᠮᠠᠨᠵᠤ ᠶᠢᠨ ᠦᠶ᠎ᠡ ᠶᠢᠨ ᠳᠥᠷᠪᠡᠨ ᠠᠶᠢᠮᠠᠭ ᠢᠶᠠᠨ ᠬᠡᠪ ᠢᠶᠡᠷ ᠦᠯᠡᠳᠡᠭᠡᠭᠰᠡᠨ ᠪᠥᠭᠡᠳ ᠡᠨᠡ ᠦᠶᠡᠰ ᠬᠠᠯᠬ᠎ᠠ ᠶᠢᠨ ᠰᠠᠶᠢᠨ ᠨᠣᠶᠠᠨ ᠤ ᠠᠶᠢᠮᠠᠭ ᠨᠢ ᠰᠠᠶᠢᠨ ᠨᠣᠶᠠᠨ ᠬᠠᠨ ᠤ ᠠᠶᠢᠮᠠᠭ ᠭᠡᠵᠦ ᠨᠡᠷᠡᠯᠡᠭᠳᠡᠬᠦ ᠪᠣᠯᠵᠤ᠂ ᠬᠠᠯᠬ᠎ᠠ ᠶᠢᠨ ᠤᠮᠠᠷ᠎ᠠ ᠵᠠᠮ ᠤᠨ ᠳᠤᠮᠳᠠᠳᠤ ᠵᠡᠭᠦᠨ ᠡᠲᠡᠭᠡᠳ ᠦᠨ ᠬᠣᠰᠢᠭᠤ ᠨᠢ ᠰᠡᠴᠡᠨ ᠴᠢᠨ ᠸᠠᠩ ᠤᠨ ᠬᠣᠰᠢᠭᠤ ᠭᠡᠵᠦ ᠨᠡᠷᠡᠯᠡᠭᠳᠡᠵᠡᠢ᠃ ᠲᠤᠬᠠᠢ ᠶᠢᠨ ᠦᠶ᠎ᠡ ᠳᠦ ᠨᠢᠭᠡᠨ ᠠᠶᠢᠮᠠᠭ ᠨᠢ ᠬᠣᠱᠤᠳ ᠪᠠ ᠲᠠᠮᠠᠭ᠎ᠠ ᠲᠠᠢ ᠬᠤᠲᠤᠭᠲᠤ ᠶᠢᠨ ᠱᠠᠪᠢ ᠭᠡᠳᠡᠭ ᠵᠠᠰᠠᠭ ᠵᠠᠬᠢᠷᠭᠠᠨ ᠤ ᠦᠨᠳᠦᠰᠦᠨ ᠬᠣᠶᠠᠷ ᠨᠢᠭᠡᠴᠡ ᠨᠦᠭᠦᠳ ᠢᠶᠡᠷ ᠪᠦᠷᠢᠳᠦᠯ ᠪᠣᠯᠵᠤ ᠪᠠᠶᠢᠪᠠ᠃ ᠰᠡᠴᠡᠨ ᠴᠢᠨ ᠸᠠᠩ ᠤᠨ ᠬᠣᠰᠢᠭᠤ ᠡᠭᠦᠰᠬᠦ ᠦᠶ᠎ᠡ ᠳᠦ ᠶᠣᠰᠣᠲᠤ ᠦᠢᠵᠡᠨ ᠠᠬᠠᠢ ᠨᠣᠶᠠᠨ ᠤ ᠨᠠᠮᠵᠢᠯ ᠤᠨᠨ ᠬᠥᠪᠡᠭᠦᠨ ᠰᠡᠷᠡᠩ ᠬᠣᠰᠢᠭᠤ ᠶᠢ ᠵᠠᠬᠢᠷᠬᠤ ᠪᠣᠯᠤᠭᠰᠠᠨ ᠪᠥᠭᠡᠳ ᠲᠡᠷᠡ ᠪᠡᠷ ᠮᠠᠨᠵᠤ ᠶᠢᠨ ᠬᠠᠭᠠᠨ ᠤ ᠤᠭᠰᠠᠭᠠᠨ ᠤ ᠭᠦᠨᠵᠡ ᠲᠡᠢ ᠰᠠᠭᠤᠵᠤ ᠡᠹᠦ ᠰᠡᠷᠡᠩ(ᠬᠠᠭᠠᠨ ᠤ ᠬᠦᠷᠭᠡᠨ) ᠭᠡᠭᠳᠡᠬᠦ ᠪᠣᠯᠵᠠᠢ᠃ ᠤᠯᠠᠮ ᠢᠶᠠᠷ ᠰᠡᠴᠡᠨ ᠴᠢᠨ ᠸᠠᠩ ᠤᠨ ᠬᠣᠰᠢᠭᠤ ᠶᠢ ᠡᠹᠦ ᠰᠡᠷᠡᠩ ᠦᠨ ᠤᠭᠰᠠᠭᠠᠨ ᠤ ᠴᠡᠩᠭᠦᠩᠵᠠᠪ(1750-1771), ᡀᠠᠸᠠᠩᠳᠣᠷᠵᠢ(1771-1816), ᠪᠠᠶᠠᠨᠵᠢᠷᠭᠠᠯ(1816-1817), ᠴᠡᠨᠳᠦᠪᠠᠽᠠᠷ(1817-1852), ᠳᠠᠷᠤᠮ᠎ᠠ(1852-1874), ᠨᠠᠶᠠᠨ ᠳᠤ(1874-1921) ᠨᠠᠷ ᠤᠭᠰᠠᠭ᠎ᠠ ᠵᠠᠯᠭᠠᠮᠵᠢᠯᠠᠨ ᠵᠠᠬᠢᠷᠴᠠᠢ᠃ᠲᠡᠷᠡ ᠦᠶ᠎ᠡ ᠳᠦ ᠣᠳᠣ ᠶᠢᠨ ᠴᠢᠯᠠᠭᠤᠲᠤ ᠰᠤᠮᠤ ᠰᠡᠴᠡᠨ ᠴᠢᠨ ᠸᠠᠩ ᠤᠨ ᠬᠣᠰᠢᠭᠤ᠂ ᠰᠢᠪᠠ ᠰᠢᠷᠡᠭᠡᠲᠦ ᠬᠤᠲᠤᠭᠲᠤ ᠶᠢᠨ ᠱᠠᠪᠢ ᠭᠡᠰᠡᠨ ᠬᠣᠶᠠᠷ ᠬᠡᠰᠡᠭ ᠢ ᠬᠠᠮᠤᠷᠤᠨ ᠬᠠᠷᠢᠶᠠᠯᠠᠭᠳᠠᠵᠤ ᠪᠠᠶᠢᠯ᠎ᠠ᠃ 1912 ᠣᠨ ᠳᠤ ᠰᠢᠪᠠ ᠰᠢᠷᠡᠭᠡᠲᠦ ᠬᠤᠲᠤᠭᠲᠤ ᠶᠢᠨ ᠬᠠᠷᠢᠶ᠎ᠠ ᠳᠤ ᠱᠠᠪᠢ ᠨᠠᠷ ᠢ ᠵᠠᠰᠠᠭ ᠬᠣᠰᠢᠭᠤᠨ ᠤ ᠵᠡᠷᠭᠡ ᠳᠦ ᠬᠦᠷᠭᠡᠵᠦ ᠰᠢᠪᠠ ᠰᠢᠷᠡᠭᠡᠲᠦ ᠭᠡᠭᠡᠨ ᠳᠦ ᠬᠣᠰᠢᠭᠤ ᠵᠠᠬᠢᠷᠬᠤ ᠲᠠᠮᠠᠭ᠎ᠠ ᠣᠯᠭᠤᠵᠠᠢ᠃ ᠡᠶᠢᠨᠬᠦᠦ ᠰᠠᠶᠢᠨ ᠨᠣᠶᠠᠨ ᠬᠠᠨ ᠠᠶᠢᠮᠠᠭ ᠵᠠᠰᠠᠭ ᠬᠣᠰᠢᠭᠤ 26, ᠲᠠᠮᠠᠭ᠎ᠠ ᠲᠠᠢ ᠬᠤᠲᠤᠭᠲᠤ ᠪᠤᠶᠤ ᠬᠣᠰᠢᠭᠤᠨ ᠤ ᠡᠷᠬᠡ ᠪᠦᠬᠦᠢ ᠱᠠᠪᠢ 8 ᠪᠦᠭᠦᠳᠡ ᠵᠠᠰᠠᠭ ᠵᠠᠬᠢᠷᠭᠠᠨ ᠤ 34 ᠨᠢᠭᠡᠴᠡ ᠲᠡᠢ ᠪᠣᠯᠵᠠᠢ᠃ 1921 ᠣᠨ ᠳᠤ ᠮᠣᠩᠭᠣᠯ ᠣᠷᠣᠨ ᠳᠤ ᠢᠯᠠᠭᠰᠠᠨ ᠠᠷᠠᠳ ᠤᠨ ᠬᠤᠪᠢᠰᠬᠠᠯ ᠭᠠᠳᠠᠭᠠᠳᠤ ᠶᠢᠨ ᠺᠣᠯᠣᠨᠢᠴᠢᠯᠠᠭᠴᠢᠳ᠂ ᠳᠣᠲᠣᠭᠠᠳᠤ ᠶᠢᠨ ᠹᠧᠣᠳᠠᠯ ᠤᠨ ᠳᠠᠷᠤᠯᠠᠯ ᠤᠨ ᠡᠰᠡᠷᠬᠦ ᠮᠣᠩᠭᠣᠯ ᠤᠨ ᠠᠷᠠᠳ ᠲᠦᠮᠡᠨ ᠦ ᠡᠷᠬᠡ ᠴᠢᠯᠦᠭᠡᠨ ᠦ ᠲᠥᠯᠥᠭᠡ ᠬᠢᠭᠰᠡᠨ ᠣᠯᠠᠨ ᠦᠶ᠎ᠡ ᠶᠢᠨ ᠲᠡᠮᠡᠴᠡᠯ ᠦᠨ ᠦᠷ᠎ᠡ ᠳ᠋ᠦᠩ ᠨᠢ ᠪᠠᠶᠢᠯ᠎ᠠ᠃ᠬᠤᠪᠢᠰᠬᠠᠯ ᠤᠨ ᠢᠯᠠᠯᠲᠠ ᠶᠢᠨ ᠳᠠᠷᠠᠭᠠᠬᠠᠨ ᠠᠴᠠ ᠡᠬᠢᠯᠡᠨ ᠦᠨᠳᠦᠰᠦᠨ ᠦ ᠠᠷᠠᠳᠴᠢᠯᠠᠭᠰᠠᠨ ᠪᠠᠶᠢᠭᠤᠯᠤᠯ ᠢ ᠪᠡᠬᠢᠵᠢᠭᠦᠯᠬᠦ ᠵᠣᠷᠢᠯᠲᠠ ᠨᠤᠭᠤᠳ ᠢ ᠠᠭᠠᠵᠢᠮ ᠢᠶᠠᠷ ᠳᠡᠰ ᠳᠠᠷᠠᠭᠠᠯᠠᠨ ᠰᠢᠢᠳᠪᠦᠷᠢᠯᠡᠭᠰᠡᠭᠡᠷ ᠪᠠᠶᠢᠪᠠ᠃ 1921-1923 ᠣᠨ ᠳᠤ 4 ᠠᠶᠢᠮᠠᠭ᠂ ᠱᠠᠪᠢ ᠨᠤᠭᠤᠳ ᠲᠤ ᠠᠷᠠᠳ ᠤᠨ ᠵᠠᠰᠠᠭ ᠪᠠᠶᠢᠭᠤᠯᠤᠭᠳᠠᠪᠠ᠃ ᠮᠣᠩᠭᠣᠯ ᠤᠯᠤᠰ ᠤᠨ ᠨᠤᠲᠤᠭ ᠤᠨ ᠵᠠᠬᠢᠷᠭᠠᠨ ᠤ ᠳᠦᠷᠢᠮ 1923 ᠣᠨ ᠤ 3 ᠳ᠋ᠤᠭᠠᠷ ᠰᠠᠷ᠎ᠠ ᠶᠢᠨ 22 ᠍ ᠳᠦ ᠭᠠᠷᠴᠤ ᠤᠭ ᠳᠦᠷᠢᠮ ᠳᠦ 10 ᠭᠡᠷ᠂ ᠪᠠᠭ᠂ ᠰᠤᠮᠤ᠂ ᠬᠣᠰᠢᠭᠤ᠂ ᠠᠶᠢᠮᠠᠭ᠂ ᠤᠯᠤᠰ ᠤᠨ ᠵᠠᠰᠠᠭ ᠤᠨ ᠭᠠᠵᠠᠷ ᠬᠦᠷᠲᠡᠯ᠎ᠡ ᠬᠤᠷᠠᠯ ᠪᠠᠶᠢᠭᠤᠯᠬᠤ ᠪᠠᠷ ᠵᠠᠭᠠᠴᠠᠢ᠃ 1923 ᠣᠨ ᠤ 10 ᠳ᠋ᠤᠭᠠᠷ ᠰᠠᠷ᠎ᠠ ᠶᠢᠨ 19 ᠍ ᠦ ᠡᠳᠦᠷ ᠠᠷᠠᠳ ᠤᠨ ᠵᠠᠰᠠᠭ ᠤᠨ ᠭᠠᠵᠠᠷ ᠤᠨ ᠬᠤᠷᠠᠯ ᠤᠨ ᠭᠡᠰᠢᠭᠦᠳ ᠬᠤᠷᠠᠯᠳᠤᠨ ᠵᠥᠪᠯᠡᠯᠳᠦᠵᠦ ᠲᠣᠭᠲᠠᠭᠠᠭᠰᠠᠨ 39 ᠳᠦᠭᠡᠷ ᠬᠤᠷᠠᠯᠳᠤᠭᠠᠨ ᠤ ᠪᠢᠴᠢᠭ ᠨᠢ ᠠᠶᠢᠮᠠᠭ᠂ ᠬᠣᠰᠢᠭᠤ ᠶᠢ ᠲᠤᠬᠠᠢ ᠶᠢᠨ ᠨᠤᠲᠤᠭ ᠲᠤ ᠪᠠᠶᠢᠳᠠᠭ ᠨᠡᠷ᠎ᠡ ᠳᠦ ᠭᠠᠷᠤᠭᠰᠠᠨ ᠭᠠᠵᠠᠷ᠂ ᠠᠭᠤᠯᠠ᠂ ᠤᠰᠤᠨ ᠤ ᠨᠡᠷ᠎ᠡ ᠪᠡᠷ ᠨᠡᠷᠡᠯᠡᠬᠦ ᠲᠤᠬᠠᠢ ᠲᠣᠭᠲᠠᠭᠠᠯ ᠪᠠᠶᠢᠯ᠎ᠠ᠃

ХАН-ӨНДӨР УУЛЫН ХОШУУ БА ЧУЛУУТ СУМ ҮҮССЭН НЬ

ᠠᠶᠢᠮᠠᠭ᠂ ᠬᠣᠰᠢᠭᠤ ᠶᠢ ᠭᠠᠵᠠᠷ᠂ ᠤᠰᠤᠨ ᠤ ᠨᠡᠷ᠎ᠡ ᠪᠡᠷ ᠨᠡᠷᠡᠯᠡᠬᠦ ᠰᠢᠢᠳᠪᠦᠷᠢ ᠶᠢᠨ ᠳᠠᠭᠠᠤ ᠰᠠᠶᠢᠨ ᠨᠣᠶᠠᠨ ᠬᠠᠨ ᠠᠶᠢᠮᠠᠭ ᠢ ᠴᠡᠴᠡᠷᠯᠢᠭ ᠮᠠᠨᠳᠤᠯ ᠠᠭᠤᠯᠠ ᠶᠢᠨ ᠠᠶᠢᠮᠠᠭ ᠬᠡᠮᠡᠨ ᠨᠡᠷᠡᠯᠡᠵᠦ᠂ ᠰᠡᠴᠡᠨ ᠴᠢᠨ ᠸᠠᠩ ᠨᠠᠶᠠᠨᠲᠤ ᠶᠢᠨ ᠬᠣᠰᠢᠭᠤ ᠶᠢ ᠬᠠᠨ-ᠥᠨᠳᠥᠷ ᠠᠭᠤᠯᠠ ᠶᠢᠨ ᠬᠣᠰᠢᠭᠤ ᠭᠡᠵᠦ ᠠᠭᠤᠯᠠ ᠤᠰᠤᠨ ᠤ ᠨᠡᠷ᠎ᠡ ᠪᠡᠷ ᠨᠡᠷᠡᠯᠡᠬᠦ ᠪᠣᠯᠵᠠᠢ᠃ ᠰᠡᠴᠡᠨ ᠴᠢᠨ ᠸᠠᠩ ᠤᠨ ᠬᠣᠰᠢᠭᠤᠨ ᠳᠤ ᠬᠠᠷᠢᠶᠠᠯᠠᠭᠳᠠᠵᠤ ᠪᠠᠶᠢᠭᠰᠠᠨ ᠴᠢᠯᠠᠭᠤᠲᠤ᠂ ᠬᠠᠨᠤᠢ ᠶᠢᠨ ᠭᠣᠣᠯ ᠤᠨ ᠡᠬᠢ ᠣᠷᠴᠢᠮ ᠤᠨ ᠠᠶᠢᠯ ᠡᠷᠦᠬᠡ ᠨᠦᠭᠦᠳ ᠢ ᠥᠯᠵᠡᠶᠢᠲᠦ ᠰᠤᠮᠤ᠂ ᠥᠨᠳᠥᠷ ᠠᠭᠤᠯᠠ ᠶᠢᠨ ᠪᠠᠷᠠᠭᠤᠨ (ᠴᠣᠭᠲᠤᠬᠠᠶᠢᠷᠬᠠᠨ) ᠰᠤᠮᠤ᠂ ᠮᠥᠨ ᠵᠡᠭᠦᠨ (ᠲᠤᠰᠬᠠᠯᠲᠠ) ᠰᠤᠮᠤ ᠭᠡᠵᠦ 1924 ᠣᠨ ᠳᠤ ᠪᠠᠶᠢᠭᠤᠯᠤᠭᠰᠠᠨ ᠢᠶᠠᠷ ᠡᠳᠦᠭᠡ 80 ᠵᠢᠯ ᠦᠨ ᠢᠶᠡᠨ ᠣᠢ ᠶᠢ ᠲᠡᠮᠳᠡᠭᠯᠡᠵᠦ ᠪᠠᠶᠢᠭ᠎ᠠ ᠴᠢᠯᠠᠭᠤᠲᠤ ᠰᠤᠮᠤ ᠶᠢᠨ ᠲᠡᠦᠬᠡ ᠡᠬᠢᠯᠡᠳᠡᠭ᠃ ᠬᠠᠷᠢᠨ ᠰᠢᠪᠠ ᠰᠢᠷᠡᠭᠡᠲᠦ ᠬᠤᠲᠤᠭᠲᠤ ᠶᠢᠨ ᠰᠢᠪ ᠦᠨ ᠳᠡᠶᠢᠯᠦᠩᠬᠢ ᠬᠡᠰᠡᠭ ᠢ ᠴᠢᠯᠠᠭᠤᠲᠤ ᠰᠤᠮᠤᠨ ᠳᠤ᠂ ᠦᠯᠡᠳᠡᠭᠰᠡᠨ ᠬᠡᠰᠡᠭ ᠢ ᠨᠢ ᠥᠨᠳᠥᠷ-ᠤᠯᠠᠭᠠᠨ ᠰᠤᠮᠤ ᠶᠢᠨ ᠬᠠᠷᠢᠶᠠᠯᠠᠯ ᠳᠤ ᠣᠷᠣᠭᠤᠯᠵᠠᠢ᠃ ᠴᠢᠯᠠᠭᠤᠲᠤ ᠰᠤᠮᠤ ᠶᠢᠨ ᠲᠥᠪ ᠨᠢ ᠠᠩᠬ᠎ᠠ ᠲᠣᠣᠷᠮ᠎ᠠ ᠳᠤ ᠭᠡᠳᠡᠭ ᠭᠠᠵᠠᠷ ᠠᠷᠪᠠᠨ ᠭᠡᠷ᠂ ᠪᠠᠭ ᠤᠨ ᠵᠣᠬᠢᠶᠠᠨ ᠪᠠᠶᠢᠭᠤᠯᠤᠯᠲᠠ ᠲᠠᠢ ᠪᠠᠷ ᠪᠤᠢ ᠪᠣᠯᠵᠤ ᠰᠤᠮᠤ ᠶᠢᠨ ᠠᠩᠬᠠᠨ ᠤ ᠳᠠᠷᠤᠭ᠎ᠠ ᠪᠠᠷ ᠢᠶᠠᠨ ᠪᠠᠶᠠᠨᠪᠠᠲ ᠭᠡᠳᠡᠭ ᠬᠦᠮᠦᠨ ᠢ ᠰᠣᠩᠭᠣᠵᠤ ᠪᠠᠶᠢᠭᠰᠠᠨ ᠪᠣᠯ 1934 ᠣᠨ ᠳᠤ ᠰᠤᠮᠤ ᠶᠢᠨ ᠲᠥᠪ ᠨᠡᠭᠦᠵᠦ 9 ᠪᠠᠭ ᠲᠠᠢ ᠪᠠᠷ ᠣᠳᠣ ᠶᠢᠨ ᠢᠶᠠᠨ ᠪᠠᠶᠢᠭ᠎ᠠ ᠴᠢᠯᠠᠭᠤᠲᠤ᠂ ᠬᠦᠷᠮ᠎ᠡ ᠭᠣᠣᠯ ᠤᠨ ᠪᠡᠯᠴᠢᠷ ᠦᠨ ᠬᠣᠶᠢᠳᠤ ᠡᠷᠭᠢ ᠳᠦ ᠪᠠᠷᠠᠭᠤᠨ ᠵᠢᠷᠭᠠᠯᠠᠩᠲᠤ ᠶᠢᠨ ᠠᠮᠠᠨ ᠳᠠᠬᠢ ᠠᠷᠰᠯᠠᠨ ᠴᠣᠬᠢᠶᠠᠨ ᠤ ᠡᠩᠭᠡᠷ ᠪᠡᠯ ᠳᠦ ᠰᠠᠭᠤᠷᠢᠰᠢᠵᠤ ᠰᠤᠮᠤ ᠶᠢᠨ ᠲᠥᠪ ᠢᠶᠡᠨ ᠵᠢᠷᠭᠠᠯᠠᠩᠲᠤ ᠬᠡᠮᠡᠨ ᠨᠡᠷᠡᠯᠡᠵᠦ ᠡᠳᠦᠭᠡ ᠬᠦᠷᠴᠡᠢ᠃ᠴᠢᠯᠠᠭᠤᠲᠤ ᠰᠤᠮᠤ 1930 ᠍ ᠊ᠭᠠᠳ ᠣᠨ ᠤ ᠦᠶ᠎ᠡ ᠳᠦ 780 ᠍ ᠊ᠭᠠᠳ ᠡᠷᠦᠬᠡ ᠠᠶᠤᠯᠲᠠᠢ᠂ 3000 ᠭᠠᠷᠤᠢ ᠬᠦᠮᠦᠨ ᠠᠮᠠ ᠲᠠᠢ᠂ 60 ᠮᠢᠩᠭ᠎ᠠ ᠣᠷᠴᠢᠮ ᠮᠠᠯ ᠰᠦᠷᠦᠭ ᠲᠡᠢ ᠪᠠᠶᠢᠭᠰᠠᠨ ᠪᠥᠭᠡᠳ ᠲᠡᠷᠡ ᠦᠶ᠎ᠡ ᠶᠢᠨ ᠪᠠᠭ ᠤᠨ ᠳᠠᠷᠤᠭ᠎ᠠ ᠪᠠᠷ ᠳᠣᠩᠴᠢᠨᠪᠤᠤ ᠶᠢᠨ ᠭᠡᠨᠳᠡᠩᠫᠢᠯᠠᠵᠠᠢ᠂ ᠮᠥᠩᠬᠡ-ᠣᠴᠢᠷ ᠤᠨ ᠳᠠᠨᠳᠠᠳᠡᠵᠢᠳ᠂ ᠣᠯᠳᠠᠬᠤ ᠶᠢᠨ ᠪᠠᠲᠤᠪᠠᠭᠠᠲᠤᠷ᠂ ᠳᠤᠪ ᠲᠤᠩ ᠤᠨ ᠳᠠᠰᠢᠳᠡᠯᠢᠭ᠂ ᠨᠠᠮᠵᠢᠯ ᠤᠨᠨ ᠳᠠᠸᠠᠰᠦ᠋ᠷᠦᠩ᠂ ᠨᠢᠮᠠᠬᠦᠦ ᠶᠢᠨ ᠰᠠᠮᠪᠤᠤᠨᠢᠮ᠎ᠠ ᠨᠠᠷ ᠠᠵᠢᠯᠯᠠᠵᠤ ᠪᠠᠶᠢᠴᠠᠢ᠃ᠴᠢᠯᠠᠭᠤᠲᠤ ᠰᠤᠮᠤ ᠶᠢᠨ ᠲᠥᠪ ᠵᠢᠷᠭᠠᠯᠠᠩᠲᠤ ᠳᠠᠯᠠᠢ ᠶᠢᠨ ᠮᠠᠨᠳᠠᠯ ᠠᠴᠠ ᠳᠡᠭᠡᠭᠰᠢ 1700 ᠮᠧᠲ᠋ᠷ ᠲᠦ᠂ ᠬᠠᠩᠭᠠᠢ ᠶᠢᠨ ᠨᠢᠷᠤᠭᠤᠨ ᠤ ᠥᠨᠳᠥᠷᠤᠤᠯ ᠤᠨ ᠪᠥᠰᠡ ᠳᠦ ᠪᠠᠶᠢᠳᠠᠭ ᠪᠥᠭᠡᠳ ᠴᠡᠴᠡᠷᠯᠢᠭ ᠬᠣᠲᠠ ᠠᠴᠠ 127 ᠺᠢᠯᠣᠮᠧᠲ᠋ᠷ᠂ ᠤᠯᠠᠭᠠᠨᠪᠠᠭᠠᠲᠤᠷ ᠬᠣᠲᠠ ᠠᠴᠠ 627 ᠺᠢᠯᠣᠮᠧᠲ᠋ᠷ ᠵᠠᠢ ᠳᠤ ᠪᠠᠶᠢᠷᠢᠯᠠᠳᠠᠭ ᠶᠤᠮ᠃ ᠴᠢᠯᠠᠭᠤᠲᠤ ᠰᠤᠮᠤ ᠪᠠᠷᠠᠭᠤᠨ ᠬᠣᠶᠢᠭᠤᠷ ᠢᠶᠠᠨ ᠠᠷᠤᠬᠠᠩᠭᠠᠢ ᠠᠶᠢᠮᠠᠭ ᠤᠨ ᠬᠠᠩᠭᠠᠢ ᠰᠤᠮᠤ᠂ ᠵᠡᠭᠦᠨ ᠬᠣᠶᠢᠭᠤᠷ ᠢᠶᠠᠨ ᠥᠨᠳᠥᠷ-ᠤᠯᠠᠭᠠᠨ᠂ ᠵᠡᠭᠦᠨ ᠡᠮᠦᠨᠡᠭᠦᠷ ᠢᠶᠡᠨ ᠶᠡᠬᠡ ᠲᠠᠮᠢᠷ ᠰᠤᠮᠤ᠂ᠪᠠᠷᠠᠭᠤᠨ ᠪᠣᠯᠤᠨ ᠪᠠᠷᠠᠭᠤᠨ ᠤᠷᠳᠤᠭᠤᠷ ᠢᠶᠠᠨ ᠪᠠᠶᠠᠨᠬᠣᠩᠭᠣᠷ ᠠᠶᠢᠮᠠᠭ ᠤᠨ ᠵᠢᠷᠭᠠᠯᠠᠩᠲᠤ᠂ ᠭᠤᠷᠪᠠᠨᠪᠤᠯᠠᠭ ᠰᠤᠮᠤᠳ ᠲᠠᠢ ᠬᠢᠯᠢ ᠵᠠᠯᠭᠠᠳᠠᠭ᠃ᠡᠳᠦᠭᠡ ᠴᠢᠯᠠᠭᠤᠲᠤ ᠰᠤᠮᠤ ᠥᠯᠵᠡᠶᠢᠲᠦ ᠭᠣᠣᠯ᠂ ᠵᠠᠭᠤᠨ ᠮᠣᠳᠣ᠂ ᠬᠠᠯᠠᠭᠤᠨ ᠤᠰᠤ᠂ ᠬᠠᠶᠢᠷᠬᠠᠨ᠂ ᠬᠦᠷᠮ᠎ᠡ ᠭᠡᠰᠡᠨ ᠲᠠᠪᠤᠨ ᠪᠠᠭ ᠲᠠᠢ᠂ 1070 ᠣᠷᠴᠢᠮ ᠠᠶᠢᠯ ᠡᠷᠦᠬᠡ ᠲᠡᠢ᠂ 4100 ᠭᠠᠷᠤᠢ ᠬᠦᠮᠦᠨ ᠠᠮᠠ ᠲᠠᠢ᠂ ᠬᠣᠨᠢ᠂ ᠢᠮᠠᠭ᠎ᠠ᠂ ᠠᠳᠤᠭᠤ᠂ ᠰᠠᠷᠯᠤᠭ ᠭᠣᠣᠯᠯᠠᠭᠰᠠᠨ ᠦᠬᠡᠷ ᠲᠡᠷᠢᠭᠦᠲᠡᠢ 68000 ᠣᠷᠴᠢᠮ ᠮᠠᠯ ᠰᠦᠷᠦᠭ ᠲᠡᠢ ᠪᠣᠯᠤᠭᠠᠳ ᠪᠠᠶᠢᠨ᠎ᠠ᠃ ᠰᠠᠷᠯᠤᠭ ᠤᠨ ᠰᠦ᠋ ᠨᠢ ᠲᠣᠰᠣᠯᠢᠭ ᠶᠡᠬᠡ ᠲᠡᠢ᠂ ᠲᠥᠷᠥᠯ ᠪᠦᠷᠢ ᠶᠢᠨ ᠴᠠᠭᠠᠨ ᠢᠳᠡᠭᠡ ᠬᠢᠬᠦ ᠳᠦ ᠨᠡᠩ ᠲᠣᠬᠢᠷᠠᠮᠵᠢᠲᠠᠢ᠂ ᠨᠤᠲᠤᠭ ᠤᠨ ᠢᠷᠭᠡᠳ ᠴᠤ ᠰᠠᠷᠠᠯᠢᠭ ᠤᠨ ᠢᠶᠠᠨ ᠰᠦ᠋ ᠍ ᠪᠡᠷ ᠠᠭᠠᠷᠤᠤᠯ᠂ ᠥᠷᠥᠮ᠎ᠡ᠂ ᠵᠥᠭᠡᠬᠡᠢ᠂ ᠡᠭᠡᠵᠡᠭᠡᠢ᠂ ᠪᠢᠰᠢᠯᠠᠭ᠎ᠠ᠂ ᠠᠭᠠᠷᠴᠠ᠂ ᠰᠢᠷ᠎ᠠ ᠲᠣᠰᠣ᠂ ᠲᠥᠷᠥᠯ ᠪᠦᠷᠢ ᠶᠢᠨ ᠬᠣᠯᠢᠴᠠ ᠲᠠᠢ ᠲᠣᠰ ᠪᠡᠯᠡᠳᠬᠡᠬᠦ ᠨᠠᠷᠢᠨ ᠠᠷᠭ᠎ᠠ ᠤᠬᠠᠭᠠᠨ ᠳᠤ ᠮᠡᠷᠭᠡᠰᠢᠭᠰᠡᠨ ᠤᠴᠢᠷ ᠠᠴᠠ ᠡᠨᠡ ᠨᠤᠲᠤᠭ ᠤᠨ ᠴᠠᠭᠠᠨ ᠢᠳᠡᠭᠡ ᠤᠯᠤᠰ ᠳᠠᠶᠠᠭᠠᠷ ᠨᠡᠷ᠎ᠡ ᠳᠦ ᠭᠠᠷᠴᠠᠢ᠃

АРДЫН ХУВЬСГАЛЫН ОНУУД ДАХЬ ЧУЛУУТ СУМ

ᠮᠣᠩᠭᠣᠯ ᠣᠷᠣᠨ ᠳᠤ 1921 ᠣᠨ ᠳᠤ ᠢᠯᠠᠭᠰᠠᠨ ᠠᠷᠠᠳ ᠤᠨ ᠬᠤᠪᠢᠰᠬᠠᠯ ᠠᠴᠠ ᠬᠣᠶᠢᠰᠢᠬᠢ ᠣᠨ ᠵᠢᠯ ᠤᠨᠳ ᠲᠤ ᠲᠤᠰ ᠤᠯᠤᠰ ᠤᠨ ᠵᠠᠰᠠᠭ ᠵᠠᠬᠢᠷᠭᠠᠨ ᠤ ᠨᠢᠭᠡᠴᠡ ᠠᠶᠢᠮᠠᠭ᠂ ᠰᠤᠮᠤᠳ ᠲᠤ ᠬᠡᠳᠦ ᠬᠡᠳᠦᠨ ᠤᠳᠠᠭ᠎ᠠ ᠥᠭᠡᠷᠡᠴᠢᠯᠡᠯᠲᠡ ᠣᠷᠣᠭᠰᠠᠨ ᠴᠤ ᠠᠩᠬ᠎ᠠ ᠣᠳᠣ ᠶᠢᠨ ᠠᠷᠤᠬᠠᠩᠭᠠᠢ ᠠᠶᠢᠮᠠᠭ ᠤᠨ 35 ᠰᠤᠮᠤ ᠶᠢᠨ ᠨᠢᠭᠡᠨ ᠪᠣᠯᠵᠤ ᠪᠠᠶᠢᠭᠤᠯᠤᠭᠳᠠᠭᠰᠠᠨ ᠴᠢᠯᠠᠭᠤᠲᠤ ᠰᠤᠮᠤ ᠡᠳᠦᠭᠡ ᠶᠢ ᠬᠦᠷᠲᠡᠯ᠎ᠡ ᠪᠦᠲᠦᠴᠡ ᠪᠦᠷᠢᠯᠳᠦᠬᠦᠨ ᠢᠶᠡᠷ ᠢᠶᠡᠨ ᠢᠷᠡᠵᠡᠢ᠃ ᠠᠷᠤᠬᠠᠩᠭᠠᠢ ᠠᠶᠢᠮᠠᠭ ᠤᠨ ᠵᠠᠬ᠎ᠠ ᠶᠢᠨ ᠰᠤᠮᠤᠳ ᠤᠨ ᠨᠢᠭᠡᠨ ᠪᠣᠯᠬᠤ ᠴᠢᠯᠠᠭᠤᠲᠤ ᠰᠤᠮᠤ ᠡᠬᠢᠨ ᠦᠶᠡᠳᠡᠭᠡ 780 ᠡᠷᠦᠬᠡ 3000 ᠣᠷᠴᠢᠮ ᠬᠦᠮᠦᠨ ᠠᠮᠠ ᠲᠠᠢ᠂ 60 ᠮᠢᠩᠭᠠᠨ ᠮᠠᠯ ᠰᠦᠷᠦᠭ ᠲᠡᠢ ᠪᠠᠭᠤᠷᠠᠶᠢᠬᠠᠨ ᠰᠤᠮᠤ ᠶᠢᠨ ᠨᠢᠭᠡᠨ ᠪᠠᠶᠢᠭᠰᠠᠨ ᠢᠶᠠᠨ ᠬᠤᠪᠢᠰᠬᠠᠯ ᠤᠨ ᠵᠢᠯ ᠤᠨᠳ ᠲᠤ ᠤᠯᠠᠮ ᠬᠥᠭᠵᠢᠨ ᠳᠡᠪᠵᠢᠵᠦ ᠮᠣᠩᠭᠣᠯ ᠤᠯᠤᠰ ᠤᠨ ᠶᠠᠭᠤᠮ᠎ᠠ ᠶᠠᠭᠤᠮ᠎ᠠ ᠲᠠᠢ ᠲᠡᠷᠢᠭᠦᠨ ᠦ ᠰᠤᠮᠤᠳ ᠤᠨ ᠨᠢᠭᠡ ᠪᠣᠯᠤᠭᠰᠠᠨ ᠨᠢ ᠰᠤᠮᠤ ᠶᠢᠨ ᠬᠥᠳᠡᠯᠮᠦᠷᠢᠴᠢ ᠮᠠᠯᠴᠢᠳ ᠤᠨ ᠨᠥᠷᠢ ᠶᠡᠬᠡ ᠬᠥᠳᠡᠯᠮᠦᠷᠢ ᠶᠢᠨ ᠦᠷ᠎ᠡ᠂ ᠲᠥᠷᠥ ᠵᠠᠰᠠᠭ᠂ ᠠᠶᠢᠮᠠᠭ ᠣᠷᠣᠨ ᠨᠤᠲᠤᠭ ᠠᠴᠠ ᠤᠭ ᠰᠤᠮᠤ ᠶᠢ ᠬᠥᠭᠵᠢᠭᠦᠯᠬᠦ ᠳᠤ ᠲᠠᠯᠪᠢᠵᠤ ᠪᠠᠶᠢᠭᠰᠠᠨ ᠠᠩᠬᠠᠷᠤᠯ᠂ ᠬᠠᠯᠠᠮᠵᠢ ᠶᠢᠨ ᠠᠴᠢ ᠶᠤᠮ᠃ᠰᠤᠮᠤ ᠣᠯᠠᠨ ᠵᠢᠯ ᠦᠨ ᠬᠤᠭᠤᠴᠠᠭᠠᠨ ᠳᠤ ᠲᠥᠪ ᠦᠨ ᠡᠷᠴᠢᠮ ᠬᠦᠮᠦᠨ ᠦ ᠰᠦᠯᠵᠢᠶᠡᠨ ᠳᠦ ᠬᠣᠯᠪᠣᠭᠳᠠᠭ᠎ᠠ ᠦᠭᠡᠢ ᠪᠠᠶᠢᠭᠰᠠᠨ ᠢᠶᠠᠨ 2002 ᠣᠨ ᠳᠤ ᠬᠣᠯᠪᠣᠭᠳᠠᠭᠰᠠᠨ ᠨᠢ ᠰᠤᠮᠤ ᠶᠢᠨ ᠴᠢᠨᠠᠭᠰᠢᠳᠠ ᠶᠢᠨ ᠬᠥᠭᠵᠢᠯ ᠳᠡᠪᠰᠢᠯ ᠳᠦ ᠰᠢᠢᠳᠪᠦᠷᠢᠯᠡᠬᠦ ᠡᠭᠦᠷᠭᠡ ᠶᠢ ᠭᠦᠢᠴᠡᠳᠭᠡᠬᠦ ᠦᠢᠯᠡ ᠶᠠᠪᠤᠳᠠᠯ ᠶᠤᠮ᠃

ᠡᠬᠢ ᠰᠤᠷᠪᠤᠯᠵᠢ http://movementforarkhangaifuture.blogspot.com/2009/03/blog-post_9545.html

ᠪᠢᠴᠢᠭᠡᠰᠦ