ᠴᠢᠯᠠᠭᠤᠨ ᠵᠡᠪᠰᠡᠭ ᠦᠨ ᠦᠶ᠎ᠡ

ᠴᠢᠯᠦᠭᠡᠲᠦ ᠨᠡᠪᠲᠡᠷᠬᠡᠢ ᠲᠣᠯᠢ — ᠸᠢᠺᠢᠫᠧᠳᠢᠶ᠎ᠠ ᠠᠴᠠ
ᠬᠠᠷᠠᠶᠢᠬᠤ: ᠤᠳᠤᠷᠢᠳᠬᠤ, ᠬᠠᠶᠢᠯᠲᠠ
ᠴᠢᠯᠠᠭᠤᠨ ᠵᠡᠪᠰᠡᠭ

ᠴᠢᠯᠠᠭᠤᠨ ᠵᠡᠪᠰᠡᠭ ᠦᠨ ᠦᠶ᠎ᠡ ᠨᠢ ᠬᠦᠮᠦᠨ ᠲᠥᠷᠥᠯᠬᠢᠲᠡᠨ ᠵᠡᠭᠦᠨ ᠠᠹᠷᠢᠺᠠᠠ ᠠᠴᠠ ᠳᠡᠯᠡᠬᠡᠢ ᠳᠦ ᠲᠠᠷᠬᠠᠵᠤ ᠬᠦᠮᠦᠨ ᠦ ᠧᠣᠣᠯᠢᠶᠦ᠋ᠼ ᠲᠤ ᠲᠧᠭᠨᠣᠯᠣᠭᠢ ᠶᠡᠬᠡ ᠪᠡᠷ ᠠᠰᠢᠭᠯᠠᠭᠳᠠᠬᠤ ᠪᠣᠯᠤᠭᠰᠠᠨ ᠳᠡᠯᠡᠬᠡᠢ ᠶᠢᠨ ᠲᠡᠦᠬᠡ ᠶᠢᠨ ᠦᠶ᠎ᠡ ᠶᠤᠮ᠃ᠣᠷᠴᠢᠨ ᠴᠠᠭ ᠤᠨ ᠡᠲ᠋ᠢᠣᠫ ᠤᠯᠤᠰ ᠤᠨ ᠠᠪᠠᠰ ᠭᠣᠣᠯ ᠤᠨ ᠡᠷᠭᠢ ᠡᠴᠡ ᠴᠢᠯᠠᠭᠤᠨ ᠵᠡᠪᠰᠡᠭ ᠦᠨ ᠦᠶ᠎ᠡ ᠶᠢᠨ ᠣᠯᠳᠠᠪᠤᠷᠢ ᠨᠤᠭᠤᠳ ᠣᠯᠠᠨ ᠢᠶᠠᠷ ᠢᠶᠠᠨ ᠣᠯᠳᠠᠳᠠᠭ᠃ᠴᠢᠯᠠᠭᠤᠨ ᠵᠡᠪᠰᠡᠭ ᠦᠨ ᠦᠶ᠎ᠡ ᠨᠢ ᠪᠠᠯᠠᠷ ᠡᠷᠲᠡᠨ ᠦ ᠴᠠᠭ ᠦᠶ᠎ᠡ ᠳᠦ ᠬᠠᠮᠢᠶᠠᠷᠬᠤ ᠪᠥᠭᠡᠳ ᠣᠳᠣ ᠠᠴᠠ 2,5 ᠰᠠᠶ᠎ᠠ ᠵᠢᠯ ᠦᠨ ᠡᠮᠦᠨᠡᠬᠢ ᠬᠦᠮᠦᠨ ᠲᠥᠷᠥᠯᠬᠢᠲᠡᠨ ᠦ ᠬᠣᠮᠣ ᠲᠥᠷᠥᠯ ᠵᠦᠢᠯ ᠳᠦ ᠬᠠᠮᠢᠶᠠᠷᠬᠤ ᠴᠠᠭ ᠦᠶ᠎ᠡ ᠶᠤᠮ᠃ ᠠᠦ᠋ᠰᠲᠷᠠᠯᠣᠫᠲ᠋ᠢᠺᠦ᠋ᠰ ᠪᠣᠯᠤᠨ ᠫᠠᠷᠠᠨᠲᠷᠣᠫᠤᠶᠢᠰ ᠲᠥᠷᠥᠯ ᠦᠨ ᠡᠪᠦᠭᠡ ᠡᠴᠢᠭᠡ ᠪᠣᠯᠬᠤ ᠡᠳᠡᠭᠡᠷ ᠬᠦᠮᠦᠰ ᠴᠢᠯᠠᠭᠤ ᠶᠢ ᠪᠤᠲᠠᠯᠠᠨ ᠬᠤᠷᠴᠠ ᠢᠷᠮᠡᠭ ᠭᠠᠷᠭᠠᠵᠤ᠂ ᠲᠡᠭᠦᠪᠡᠷ ᠢᠶᠡᠨ ᠠᠨ ᠭᠥᠷ ᠢᠶᠡᠨ ᠬᠢᠬᠦ᠂ ᠭᠠᠵᠠᠷ ᠤᠬᠤᠬᠤ ᠭᠡᠬᠦ ᠮᠡᠲᠦ ᠥᠪᠡᠷᠰᠡᠳ ᠦᠨ ᠡᠳᠦᠷ ᠲᠤᠲᠤᠮ ᠤᠨ ᠠᠮᠢᠳᠤᠷᠠᠯ ᠳᠤ ᠴᠢᠯᠠᠭᠤᠨ ᠪᠠᠭᠠᠵᠢ ᠵᠡᠪᠰᠡᠭ ᠢ ᠥᠷᠭᠡᠨ ᠢᠶᠡᠷ ᠠᠰᠢᠭᠯᠠᠵᠤ ᠪᠠᠶᠢᠴᠠᠢ᠃ ᠡᠨᠡ ᠦᠶ᠎ᠡ ᠳᠦ ᠠᠮᠢᠲᠠᠨ ᠤ ᠶᠠᠰᠤ ᠶᠢ ᠮᠥᠨ ᠠᠰᠢᠭᠯᠠᠳᠠᠭ ᠪᠠᠶᠢᠭᠰᠠᠨ ᠪᠥᠭᠡᠳ ᠮᠠᠯᠲᠠᠯᠭ᠎ᠠ ᠠᠴᠠ ᠣᠯᠳᠠᠭᠰᠠᠨ ᠬᠡᠳᠦᠨ ᠮᠢᠩᠭᠠᠨ ᠴᠢᠯᠠᠭᠤᠨ ᠪᠠᠭᠠᠵᠢ ᠵᠡᠪᠰᠡᠭ ᠲᠡᠢ ᠬᠠᠷᠢᠴᠠᠭᠤᠯᠬᠤ ᠳᠤ ᠶᠠᠰᠤ ᠪᠠᠷ ᠬᠢᠭᠰᠡᠨ ᠪᠠᠭᠠᠵᠢ ᠵᠡᠪᠰᠡᠭ ᠲᠤᠩ ᠬᠣᠪᠣᠷ᠃ ᠡᠷᠲᠡᠨ ᠦ ᠬᠦᠮᠦᠰ ᠦᠨ ᠬᠡᠷᠡᠭᠯᠡᠵᠦ ᠪᠠᠶᠢᠭᠰᠠᠨ ᠴᠢᠯᠠᠭᠤ᠂ ᠮᠧᠲ᠋ᠠᠯᠯᠠᠨ ᠮᠠᠲ᠋ᠧᠷᠢᠶᠠᠯ ᠢ ᠪᠣᠳᠣᠪᠠᠯ ᠶᠠᠰᠤ ᠨᠢ ᠬᠠᠮᠢᠶ᠎ᠠ ᠦᠭᠡᠢ ᠬᠡᠪᠡᠷᠡᠭ ᠤᠴᠢᠷ ᠠᠴᠠ ᠲᠡᠷᠡ ᠪᠠᠶᠢᠬᠤ᠃ ᠴᠢᠯᠠᠭᠤᠨ ᠵᠡᠪᠰᠡᠭ ᠦᠨ ᠦᠶ᠎ᠡ ᠳᠦ ᠮᠧᠲ᠋ᠠᠯ ᠢ ᠪᠣᠯᠪᠠᠰᠤᠷᠠᠭᠤᠯᠵᠤ ᠠᠰᠢᠭᠯᠠᠨ᠎ᠠ ᠭᠡᠳᠡᠭ ᠬᠦᠮᠦᠨ ᠦ ᠪᠣᠳᠠᠲᠤ ᠴᠢᠳᠠᠪᠤᠷᠢ ᠠᠴᠠ ᠬᠡᠲᠦᠶᠢᠳᠦᠭᠰᠡᠨ ᠵᠦᠢᠯ ᠪᠠᠶᠢᠭᠰᠠᠨ ᠶᠤᠮ᠃ ᠴᠢᠯᠠᠭᠤᠨ ᠵᠡᠪᠰᠡᠭ ᠦᠨ ᠦᠶ᠎ᠡ ᠪᠣᠯ ᠠᠷᠬᠧᠣᠯᠣᠭᠢ ᠶᠢᠨ ᠭᠤᠷᠪᠠᠨ ᠦᠶᠡᠴᠢᠯᠡᠯ ᠦᠨ ᠬᠠᠮᠤᠭ ᠤᠨ ᠡᠬᠢᠨ ᠦ ᠬᠢ ᠪᠥᠭᠡᠳ ᠪᠠᠯᠠᠷ ᠡᠷᠲᠡᠨ ᠦ ᠬᠦᠮᠦᠰ ᠦᠨ ᠡᠳ᠋ᠯᠡᠵᠦ ᠬᠡᠷᠡᠭᠯᠡᠵᠦ ᠪᠠᠶᠢᠭᠰᠠᠨ ᠵᠦᠢᠯᠡᠰ ᠢᠶᠡᠷ ᠨᠢ ᠭᠤᠷᠪᠠᠨ ᠦᠶ᠎ᠡ ᠳᠦ ᠬᠤᠪᠢᠶᠠᠳᠠᠭ᠃

- ᠴᠢᠯᠠᠭᠤᠨ ᠵᠡᠪᠰᠡᠭ ᠦᠨ ᠦᠶ᠎ᠡ

- ᠬᠦᠷᠡᠯ ᠵᠡᠪᠰᠡᠭ ᠦᠨ ᠦᠶ᠎ᠡ

- ᠲᠡᠮᠦᠷ ᠵᠡᠪᠰᠡᠭ ᠦᠨ ᠦᠶ᠎ᠡ


ᠭᠠᠷᠴᠠᠭ

ᠲᠡᠦᠬᠡᠨ ᠠᠴᠢ ᠬᠣᠯᠪᠣᠭᠳᠠᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠴᠢᠯᠠᠭᠤᠨ ᠵᠡᠪᠰᠡᠭ ᠦᠨ ᠦᠶ᠎ᠡ ᠪᠣᠯ ᠪᠠᠯᠠᠷ ᠡᠷᠲᠡᠨ ᠦ ᠬᠦᠮᠦᠨ ᠬᠣᠮᠣ ᠦᠨ ᠬᠤᠪᠢᠰᠤᠯ ᠤᠨ ᠡᠬᠢᠯᠡᠯ ᠪᠠᠶᠢᠭᠰᠠᠨ ᠶᠤᠮ᠃ ᠤᠴᠢᠷ ᠨᠢ ᠬᠣᠮᠣᠴᠤᠳ ᠡᠨᠡ ᠦᠶᠡᠰ ᠪᠠᠭᠠᠵᠢ ᠵᠡᠪᠰᠡᠭ ᠬᠢᠵᠦ ᠡᠬᠢᠯᠡᠭᠰᠡᠨ᠃ ᠴᠢᠯᠠᠭᠤᠨ ᠵᠡᠪᠰᠡᠭ ᠦᠨ ᠦᠶ᠎ᠡ ᠶᠢᠨ ᠦᠨᠡᠲᠦ ᠣᠯᠳᠠᠪᠤᠷᠢ ᠨᠤᠭᠤᠳ ᠠᠹᠷᠢᠺᠠ ᠶᠢᠨ ᠵᠡᠭᠦᠨ ᠬᠡᠰᠡᠭ ᠡᠴᠡ᠂ ᠢᠯᠠᠩᠭᠤᠶ᠎ᠠ ᠥᠳᠬᠡᠨ ᠣᠢ ᠰᠢᠭᠤᠢ᠂ ᠡᠪᠡᠰᠦ ᠪᠡᠷ ᠬᠤᠴᠢᠭᠳᠠᠭᠰᠠᠨ ᠡᠲ᠋ᠢᠣᠫ ᠦᠨ ᠬᠣᠶᠢᠳᠤ ᠬᠡᠰᠡᠭ ᠡᠴᠡ ᠬᠠᠮᠤᠭ ᠤᠨ ᠶᠡᠬᠡ ᠣᠯᠳᠠᠳᠠᠭ ᠪᠠᠶᠢᠨ᠎ᠠ᠃ ᠡᠨᠡ ᠥᠳᠬᠡᠨ ᠣᠢ ᠰᠢᠭᠤᠢ ᠳᠤ ᠬᠦᠮᠦᠨ ᠦ ᠣᠶᠢᠷ᠎ᠠ ᠶᠢᠨ ᠲᠥᠷᠥᠯ ᠵᠦᠢᠯ ᠪᠣᠯᠬᠤ ᠪᠡᠴᠢᠨ ᠦ ᠡᠪᠦᠭᠡ ᠫᠷᠢᠮᠠᠲ᠂ ᠫᠠᠩ ᠬᠡᠮᠡᠬᠦ ᠲᠥᠷᠥᠯ ᠵᠦᠢᠯ ᠦᠳ ᠪᠠᠰᠠ ᠣᠷᠣᠰᠢᠨ ᠪᠠᠶᠢᠯ᠎ᠠ᠃ ᠲᠡᠳᠡ ᠠᠨ ᠭᠥᠷ ᠢᠶᠡᠨ ᠬᠢᠬᠦ ᠳᠦ ᠪᠡᠨ ᠠᠹᠷᠢᠺᠠ ᠶᠢᠨ ᠡᠮᠦᠨᠡᠲᠦ ᠬᠡᠰᠡᠭᠷᠦᠦ ᠮᠥᠨ ᠨᠢᠯ ᠮᠥᠷᠡᠨ ᠦ ᠬᠣᠶᠢᠳᠤ ᠡᠷᠭᠢ ᠬᠠᠪᠢᠶᠠᠷᠠ᠂ ᠠᠹᠷᠢᠺᠠ ᠶᠢᠨ ᠬᠣᠶᠢᠳᠤ ᠬᠡᠰᠡᠭ ᠲᠡᠢ ᠬᠢᠯᠢᠯᠡᠳᠡᠭ ᠠᠽᠢᠶ᠎ᠠ ᠲᠢᠪ ᠦᠨ ᠥᠳᠬᠡᠨ ᠡᠪᠡᠰᠦ ᠪᠡᠷ ᠬᠤᠴᠢᠭᠳᠠᠭᠰᠠᠨ ᠭᠠᠵᠠᠷᠯᠤ ᠨᠡᠭᠦᠳᠡᠯᠯᠡᠨ ᠠᠮᠢᠳᠤᠷᠠᠳᠠᠭ ᠪᠠᠶᠢᠵᠤ᠃ 3 ᠰᠠᠶ᠎ᠠ ᠵᠢᠯ ᠦᠨ ᠲᠡᠷᠲᠡᠭᠡ ᠠᠩᠬᠠᠨ ᠤ ᠲᠥᠷᠥᠯ ᠵᠦᠢᠯ ᠡᠮᠦᠨᠡᠲᠦ ᠠᠹᠷᠢᠺᠠ ᠳᠤ ᠡᠭᠦᠰᠦᠭᠰᠡᠨ ᠪᠥᠭᠡᠳ ᠠᠨ ᠭᠥᠷ ᠢᠶᠡᠨ ᠬᠢᠬᠦ ᠪᠡᠷ ᠬᠣᠶᠢᠳᠤ ᠠᠹᠷᠢᠺᠠ᠂ ᠠᠽᠢᠶ᠎ᠠ ᠬᠢᠲᠠᠳᠠᠷᠤᠤ ᠲᠠᠷᠬᠠᠨ ᠰᠠᠭᠤᠷᠢᠰᠢᠭᠰᠠᠨ ᠭᠡᠵᠦ ᠦᠵᠡᠳᠡᠭ᠃ ᠡᠭᠦᠨ ᠢ ᠲᠢᠪ ᠠᠯᠭᠠᠰᠠᠭᠰᠠᠨ ᠶᠡᠬᠡ ᠨᠡᠭᠦᠳᠡᠯ ᠬᠡᠮᠡᠨ ᠲᠡᠦᠬᠡᠨ ᠳᠦ ᠲᠡᠮᠳᠡᠭᠯᠡᠭᠰᠡᠨ ᠪᠠᠶᠢᠨ᠎ᠠ᠃ ᠬᠦᠮᠦᠨ ᠲᠥᠷᠥᠯᠬᠢᠲᠡᠨ ᠦ ᠡᠷᠲᠡᠨ ᠦ ᠡᠪᠦᠭᠡ ᠡᠺᠣᠯᠣᠭ ᠤᠨ ᠲᠠᠭᠠᠲᠠᠢ ᠪᠥᠰᠡ ᠶᠢ ᠳᠠᠭᠠᠨ ᠨᠡᠭᠦᠳᠡᠯᠯᠡᠵᠦ ᠠᠨ ᠭᠥᠷ ᠢᠶᠡᠨ ᠬᠢᠬᠦ ᠶᠠᠪᠤᠴᠠ ᠳᠤ ᠪᠠᠨ ᠪᠠᠭᠠᠵᠢ ᠵᠡᠪᠰᠡᠭ ᠬᠢᠵᠦ ᠰᠤᠷᠠᠨ᠂ ᠪᠠᠶᠢᠭᠠᠯᠢ ᠠᠴᠠ ᠬᠠᠮᠢᠶᠠᠷᠤᠯ ᠦᠭᠡᠢ ᠪᠣᠯᠤᠨ ᠬᠥᠭᠵᠢᠵᠡᠢ᠃ ᠣᠷᠴᠢᠨ ᠴᠠᠭ ᠤᠨ ᠬᠦᠮᠦᠨ ᠲᠥᠷᠥᠯᠬᠢᠲᠡᠨ ᠦ ᠡᠮᠦᠨᠡᠬᠢ ᠦᠶ᠎ᠡ ᠬᠣᠮᠣ ᠢᠷᠧᠺᠲ᠋ᠦᠶᠢᠰ ᠡᠶᠢᠨᠬᠦᠦ ᠣᠶᠢᠲᠤ ᠬᠡᠭᠡᠷ᠎ᠡ ᠪᠥᠰᠡ ᠶᠢᠨ ᠪᠠᠭᠠᠵᠢ ᠵᠡᠪᠰᠡᠭ ᠲᠡᠢ ᠣᠷᠣᠰᠢᠨ ᠰᠠᠭᠤᠭᠴᠢ ᠪᠣᠯᠤᠭᠰᠠᠨ ᠪᠠᠶᠢᠨ᠎ᠠ᠃

ᠴᠢᠯᠠᠭᠤᠨ ᠵᠡᠪᠰᠡᠭ ᠦᠨ ᠦᠶ᠎ᠡ ᠶᠢᠨ ᠠᠷᠬᠧᠣᠯᠣᠭᠢ ᠶᠢᠨ ᠣᠯᠳᠠᠪᠤᠷᠢ[ᠵᠠᠰᠠᠪᠤᠷᠢᠯᠠᠬᠤ | ᠺᠣᠳ᠋ ᠢᠶᠠᠷ ᠵᠠᠰᠠᠬᠣ]

ᠴᠢᠯᠠᠭᠤᠨ ᠵᠡᠪᠰᠡᠭ ᠦᠨ ᠦᠶ᠎ᠡ ᠶᠢᠨ ᠡᠬᠢᠨ ᠦᠶ᠎ᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠤᠨᠠ᠂ ᠡᠲ᠋ᠢᠣᠫ ᠤᠯᠤᠰ ᠤᠨ ᠳᠤᠮᠳᠠᠭᠤᠷ ᠤᠷᠤᠰᠳᠠᠭ ᠠᠪᠠᠰ ᠭᠣᠣᠯ ᠤᠨ ᠡᠷᠭᠢ ᠬᠠᠪᠢᠶᠠᠷᠠ ᠡᠳᠡᠭᠡᠷ ᠪᠠᠯᠠᠷ ᠡᠷᠲᠡᠨ ᠦ ᠴᠢᠯᠠᠭᠤᠨ ᠪᠠᠭᠠᠵᠢ ᠵᠡᠪᠰᠡᠭ ᠦᠳ ᠣᠯᠠᠨ ᠢᠶᠠᠷ ᠢᠶᠠᠨ ᠣᠯᠳᠠᠳᠠᠭ᠃ ᠪᠦ᠋ᠰ ᠲᠤᠮᠠᠭ ᠤᠨ ᠴᠢᠯᠠᠭᠤᠨ ᠵᠡᠪᠰᠡᠭ ᠦᠨ ᠣᠯᠳᠠᠪᠤᠷᠢ ᠨᠤᠭᠤᠳ ᠨᠢ 29000-27000 ᠵᠢᠯ ᠦᠨ ᠲᠡᠷᠲᠡᠭᠡᠬᠢ ᠭᠡᠵᠦ ᠲᠠᠭᠠᠮᠠᠭᠯᠠᠵᠤ ᠪᠠᠶᠢᠭ᠎ᠠ ᠴᠤ ᠥᠨᠥ ᠬᠢᠷᠢ ᠨᠢ ᠮᠠᠷᠭᠤᠭᠠᠨ ᠲᠠᠢ ᠪᠠᠶᠢᠨ᠎ᠠ᠃ ᠷᠣᠳᠢᠵᠧᠷ᠂ ᠰᠧᠮᠠᠪ ᠨᠠᠷ ᠮᠠᠯᠲᠠᠯᠭ᠎ᠠ ᠬᠢᠭᠡᠳ ᠳᠣᠣᠷᠠᠬᠢ ᠳ᠋ᠦᠩᠨᠡᠯᠲᠡᠨ ᠳᠦ ᠬᠦᠷᠦᠭᠰᠡᠨ ᠪᠠᠶᠢᠨ᠎ᠠ᠃ 《...ᠡᠷᠲᠡᠨ ᠦ ᠴᠢᠯᠠᠭᠤᠨ ᠪᠠᠭᠠᠵᠢ ᠵᠡᠪᠰᠡᠭ ᠬᠢᠭᠴᠢᠳ ᠤᠷ᠎ᠠ ᠴᠢᠳᠠᠪᠤᠷᠢ ᠶᠢᠨ ᠬᠤᠪᠢ ᠳᠤ ᠬᠥᠭᠵᠢᠭᠰᠡᠨ ᠪᠠᠶᠢᠭᠰᠠᠨ᠃..ᠭᠡᠬᠦ ᠳᠦ ᠪᠡᠨ ᠶᠠᠭ ᠰᠢᠯᠵᠢᠯᠲᠡ ᠶᠢᠨ ᠦᠶ᠎ᠡ ᠶᠢᠨ ᠣᠯᠳᠠᠪᠤᠷᠢ ᠨᠤᠭᠤᠳ ᠭᠡᠵᠦ ᠪᠠᠶᠢᠳᠠᠭ ᠦᠭᠡᠢ᠃..ᠲᠡᠶᠢᠮᠦ ᠡᠴᠡ ᠭᠧᠣᠯᠣᠭᠢ ᠶᠢᠨ ᠮᠥᠴᠡᠯᠭᠡ ᠳᠦ ᠵᠠᠪᠰᠠᠷ ᠭᠠᠷᠴᠤ ᠪᠠᠶᠢᠨ᠎ᠠ》 ᠭᠡᠵᠡᠢ᠃ ᠮᠠᠯᠲᠠᠭᠴᠢ ᠳᠤ 29000 ᠵᠢᠯ ᠦᠨ ᠡᠮᠦᠨᠡᠬᠢ ᠪᠠᠭᠠᠵᠢ ᠵᠡᠪᠰᠡᠭ ᠢ ᠴᠤ ᠤᠯᠬᠤ ᠪᠣᠯᠤᠮᠵᠢ ᠲᠠᠢ ᠭᠡᠳᠡᠭ ᠲᠦ ᠢᠲᠡᠭᠡᠳᠡᠭ᠃ ᠬᠠᠮᠤᠭ ᠤᠨ ᠭᠣᠣᠯ ᠨᠢ ᠡᠳᠡᠭᠡᠷ ᠴᠢᠯᠠᠭᠤᠨ ᠪᠠᠭᠠᠵᠢ ᠬᠡᠷᠡᠭᠰᠡᠯ ᠢ ᠶᠠᠭ ᠠᠯᠢ ᠲᠥᠷᠥᠯ ᠨᠢ ᠪᠦᠲᠦᠭᠡᠭᠰᠡᠨ ᠨᠢ ᠮᠡᠳᠡᠭᠳᠡᠬᠦ ᠦᠭᠡᠢ ᠪᠠᠶᠢᠨ᠎ᠠ᠃ ᠲᠡᠳᠡᠭᠡᠷ ᠴᠢᠯᠠᠭᠤᠨ ᠪᠠᠭᠠᠵᠢ ᠵᠡᠪᠰᠡᠭ ᠦᠨ ᠣᠶᠢᠷᠠᠯᠴᠠᠭ᠎ᠠ ᠠᠴᠠ ᠠᠦ᠋ᠰᠲᠷᠠᠯᠣᠫᠲ᠋ᠢᠺᠦ᠋ᠰ ᠭᠠᠷᠢ᠂ ᠠᠦ᠋ᠰᠲᠷᠠᠯᠣᠫᠲ᠋ᠢᠺᠦ᠋ᠰ ᠠᠧᠲ᠋ᠢᠣᠫᠢᠺᠦ᠋ᠰ ᠮᠥᠨ ᠬᠣᠮᠣ᠂ ᠬᠣᠮᠣ ᠬᠠᠪᠢᠯᠢᠰ ᠤᠨ ᠤᠯᠠ ᠮᠥᠷ ᠣᠯᠳᠠᠳᠠᠭ ᠨᠢ ᠪᠠᠶᠢᠳᠠᠯ ᠢ ᠪᠦᠷ ᠴᠤ ᠡᠭᠡᠳᠡᠷᠡᠭᠡ ᠲᠡᠢ ᠪᠣᠯᠭᠠᠵᠤ ᠪᠠᠶᠢᠨ᠎ᠠ᠃

ᠴᠢᠯᠠᠭᠤᠨ ᠵᠡᠪᠰᠡᠭ ᠦᠨ ᠦᠶ᠎ᠡ ᠶᠢᠨ ᠲᠡᠭᠦᠰᠬᠡᠯ ᠦᠶ᠎ᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠥᠳᠡᠷᠢ ᠬᠠᠶᠢᠯᠠᠭᠤᠯᠵᠤ ᠪᠠᠭᠠᠵᠢ ᠵᠡᠪᠰᠡᠭ ᠬᠢᠬᠦ ᠪᠣᠯᠤᠭᠰᠠᠨ ᠢᠶᠠᠷ ᠴᠢᠯᠠᠭᠤᠨ ᠵᠡᠪᠰᠡᠭ ᠦᠨ ᠦᠶ᠎ᠡ ᠳᠠᠭᠤᠰᠴᠢ ᠮᠧᠲ᠋ᠠᠯ ᠵᠡᠪᠰᠡᠭ ᠦᠨ ᠡᠷᠡᠨ ᠦᠶ᠎ᠡ ᠡᠬᠢᠯᠡᠭᠰᠡᠨ ᠭᠡᠵᠦ ᠦᠵᠡᠳᠡᠭ᠃ ᠬᠠᠮᠤᠭ ᠤᠨ ᠥᠷᠭᠡᠨ ᠢᠶᠡᠷ ᠠᠰᠢᠭᠯᠠᠭᠳᠠᠵᠤ ᠪᠠᠶᠢᠭᠰᠠᠨ ᠮᠧᠲ᠋ᠠᠯ ᠨᠢ ᠵᠡᠰ ᠲᠤᠭᠤᠯᠭ᠎ᠠ ᠬᠣᠶᠠᠷ ᠢ ᠬᠠᠶᠢᠯᠤᠭᠤᠯᠵᠤ ᠬᠢᠭᠰᠡᠨ ᠬᠦᠷᠡᠯ ᠪᠠᠶᠢᠯ᠎ᠠ᠃ ᠴᠢᠯᠠᠭᠤᠨ ᠵᠡᠪᠰᠡᠭ ᠦᠨ ᠦᠶᠡᠰ ᠬᠦᠷᠡᠯ ᠵᠡᠪᠰᠡᠭ ᠦᠨ ᠦᠶᠡᠷᠡᠭᠦᠦ ᠰᠢᠯᠵᠢᠬᠦ ᠵᠠᠪᠰᠠᠷ ᠤᠨ ᠦᠶ᠎ᠡ ᠳᠦ ᠬᠦᠮᠦᠰ ᠬᠠᠷᠠᠬᠠᠨ ᠬᠦᠷᠡᠯ ᠬᠢᠵᠦ ᠰᠤᠷᠠᠭ᠎ᠠ ᠦᠭᠡᠢ᠂ ᠵᠥᠪᠬᠡᠨ ᠵᠡᠰ ᠬᠠᠶᠢᠯᠤᠭᠤᠯᠳᠠᠭ ᠪᠠᠶᠢᠴᠠᠢ᠃ ᠡᠨᠡ ᠦᠶ᠎ᠡ ᠶᠢ ᠵᠡᠰ ᠵᠡᠪᠰᠡᠭ ᠦᠨ ᠦᠶ᠎ᠡ᠂ ᠵᠡᠰ ᠴᠢᠯᠠᠭᠤᠨ ᠵᠡᠪᠰᠡᠭ ᠦᠨ ᠦᠶ᠎ᠡ ᠭᠡᠬᠦ ᠮᠡᠲᠦ ᠶᠠᠩᠵᠤ ᠶᠠᠩᠵᠤ ᠪᠠᠷ ᠨᠡᠷᠡᠯᠡᠳᠡᠭ᠃ ᠡᠨᠡᠬᠦ ᠵᠡᠰ ᠴᠢᠯᠠᠭᠤᠨ ᠵᠡᠪᠰᠡᠭ ᠦᠨ ᠦᠶ᠎ᠡ ᠨᠢ ᠬᠦᠷᠡᠯ ᠵᠡᠪᠰᠡᠭ ᠦᠨ ᠦᠶ᠎ᠡ ᠶᠢᠨ ᠡᠬᠢᠯᠡᠯ ᠪᠥᠭᠡᠳ ᠭᠠᠷᠴᠠᠭ᠎ᠠ ᠦᠭᠡᠢ ᠮᠧᠲ᠋ᠠᠯ ᠵᠡᠪᠰᠡᠭ ᠦᠨ ᠦᠶ᠎ᠡ ᠳᠦ ᠪᠠᠭᠠᠳᠤᠨ᠎ᠠ᠃ ᠬᠦᠷᠡᠯ ᠵᠡᠪᠰᠡᠭ ᠦᠨ ᠦᠶ᠎ᠡ ᠨᠢ ᠲᠡᠮᠦᠷ ᠵᠡᠪᠰᠡᠭ ᠦᠨ ᠦᠶ᠎ᠡ ᠶᠢᠨ ᠡᠬᠢᠯᠡᠯ ᠪᠠᠶᠢᠯ᠎ᠠ᠃ ᠡᠨᠡ ᠪᠦᠬᠦ ᠴᠠᠭ ᠦᠶ᠎ᠡ ᠶᠢᠨ ᠲᠤᠷᠰᠢᠳᠠ ᠬᠦᠮᠦᠨ ᠲᠥᠷᠥᠯᠬᠢᠲᠡᠨ ᠴᠢᠯᠠᠭᠤ ᠶᠢ ᠮᠧᠲ᠋ᠠᠯ ᠤᠨ ᠨᠢᠭᠡᠨ ᠠᠳᠠᠯᠢ ᠥᠷᠭᠡᠨ ᠢᠶᠡᠷ ᠬᠡᠷᠡᠭᠯᠡᠵᠦ᠂ ᠸᠠᠭᠠᠷ ᠰᠠᠪᠠ ᠬᠢᠬᠦ ᠳᠦ ᠠᠰᠢᠭᠯᠠᠳᠠᠭ ᠪᠠᠶᠢᠪᠠ᠃ ᠡᠭᠦᠨ ᠢ ᠰᠢᠨ᠎ᠡ ᠴᠢᠯᠠᠭᠤᠨ ᠵᠡᠪᠰᠡᠭ ᠦᠨ ᠦᠶ᠎ᠡ ᠬᠡᠮᠡᠨ ᠲᠡᠦᠬᠡᠨ ᠳᠦ ᠲᠡᠮᠳᠡᠭᠯᠡᠳᠡᠭ᠃ ᠴᠢᠯᠠᠭᠤᠨ ᠵᠡᠪᠰᠡᠭ ᠦᠨ ᠰᠢᠯᠵᠢᠯᠲᠡ ᠶᠢᠨ ᠦᠶ᠎ᠡ ᠪᠤᠶᠤ ᠮᠠᠨ ᠤ ᠡᠷᠡᠨ ᠦ ᠡᠮᠦᠨ᠎ᠡ 6000- ᠮᠠᠨ ᠤ ᠡᠷᠡᠨ ᠦ ᠡᠮᠦᠨ᠎ᠡ 2500 ᠵᠢᠯ ᠦᠨ ᠲᠡᠷᠲᠡᠭᠡ ᠬᠦᠮᠦᠨ ᠲᠥᠷᠥᠯᠬᠢᠲᠡᠨ ᠬᠣᠶᠢᠳᠤ ᠠᠹᠷᠢᠺᠠ ᠪᠣᠯᠤᠭᠠᠳ ᠧᠦ᠋ᠷᠣᠠᠽᠢ ᠶᠢᠨ ᠪᠥᠰᠡ ᠨᠤᠲᠤᠭ ᠲᠤ ᠲᠠᠷᠬᠠᠨ ᠰᠠᠭᠤᠷᠢᠰᠢᠵᠤ ᠪᠠᠶᠢᠯ᠎ᠠ᠃ᠬᠦᠮᠦᠨ ᠲᠥᠷᠥᠯᠬᠢᠲᠡᠨ ᠮᠠᠨ ᠤ ᠡᠷᠡᠨ ᠦ ᠡᠮᠦᠨ᠎ᠡ 5000-ᠮᠠᠨ ᠤ ᠡᠷᠡᠨ ᠦ ᠡᠮᠦᠨ᠎ᠡ 6000 ᠣᠨ ᠳᠤ ᠲᠡᠮᠦᠷ ᠦᠨ ᠬᠥᠳᠡᠷ ᠢ ᠠᠰᠢᠭᠯᠠᠵᠤ ᠪᠠᠶᠢᠭᠰᠠᠨ ᠭᠡᠰᠡᠨ ᠨᠣᠲᠠᠯᠠᠭ᠎ᠠ ᠶᠢ ᠬᠠᠮᠤᠭ ᠤᠨ ᠠᠩᠬ᠎ᠠ ᠮᠠᠵᠤᠳᠠᠩᠫᠧᠺ ᠶᠠᠷᠮᠣᠸᠠᠺ ᠪᠣᠯᠤᠨ ᠫᠯᠣᠺᠨᠢᠺ ᠤᠨ ᠠᠷᠬᠧᠣᠯᠣᠭᠢ ᠶᠢᠨ ᠮᠠᠯᠲᠠᠯᠭ᠎ᠠ ᠠᠴᠠ ᠢᠯᠡᠷᠡᠭᠦᠯᠦᠭᠰᠡᠨ᠃ /ᠮᠠᠯᠲᠠᠯᠭ᠎ᠠ ᠠᠴᠠ ᠭᠠᠷᠤᠭᠰᠠᠨ ᠵᠡᠰ ᠰᠦᠬᠡ ᠨᠢ ᠮᠠᠨ ᠤ ᠡᠷᠡᠨ ᠦ ᠡᠮᠦᠨ᠎ᠡ 5500 ᠣᠨ ᠤ ᠸᠢᠨᠴᠢᠭ᠎ᠠ ᠶᠢᠨ ᠰᠤᠶᠤᠯ ᠢᠷᠭᠡᠨᠰᠢᠯ ᠳᠦ ᠬᠠᠮᠢᠶᠠᠷᠤᠨ᠎ᠠ᠃/ ᠰᠧᠷᠪᠢ ᠶᠢᠨ ᠷᠤᠳᠤᠨ᠎ᠠ ᠭᠯᠪᠠ ᠠᠭᠤᠷᠬᠠᠢ ᠠᠴᠠ ᠣᠯᠳᠠᠭᠰᠠᠨ ᠡᠳ᠋ ᠵᠦᠢᠯ᠂ ᠮᠠᠨ ᠤ ᠡᠷᠡᠨ ᠦ ᠡᠮᠦᠨ᠎ᠡ 3300 ᠣᠨ ᠤ ᠮᠤᠮᠮᠢ ᠪᠤᠶᠤ ᠮᠥᠰᠦᠨ ᠬᠦᠮᠦᠨ ᠪᠡᠶᠡᠳᠡᠭᠡ ᠵᠡᠰ ᠰᠦᠬᠡ᠂ ᠴᠠᠬᠢᠭᠤᠷ ᠴᠢᠯᠠᠭᠤᠨ ᠬᠢᠲᠤᠭ᠎ᠠ ᠠᠪᠴᠤ ᠶᠠᠪᠤᠵᠤ ᠪᠠᠶᠢᠴᠠᠢ᠃ ᠠᠹᠷᠢᠺᠠ ᠶᠢᠨ ᠰᠦᠪᠰᠠᠬᠠᠷᠠᠨ ᠣᠷᠴᠢᠮ ᠢᠶᠠᠷ ᠮᠠᠯᠲᠠᠯᠭ᠎ᠠ ᠬᠢᠬᠦ ᠳᠦ ᠴᠢᠯᠠᠭᠤᠨ ᠵᠡᠪᠰᠡᠭ ᠦᠨ ᠦᠶᠡᠰ ᠰᠢᠭᠤᠳ ᠲᠡᠮᠦᠷ ᠵᠡᠪᠰᠡᠭ ᠦᠨ ᠦᠶᠡᠷᠡᠭᠦᠦ ᠰᠢᠯᠵᠢᠭᠰᠡᠨ ᠭᠡᠵᠦ ᠬᠡᠯᠡᠵᠦ ᠪᠣᠯᠬᠤ ᠪᠠᠷ ᠪᠠᠶᠢᠳᠠᠭ᠃ ᠪᠠᠷᠠᠭᠤᠨ ᠧᠦ᠋ᠷᠣᠫᠠ ᠶᠢᠨ ᠳᠤᠮᠳᠠ ᠬᠡᠰᠡᠭ᠂ ᠵᠡᠭᠦᠨ ᠡᠮᠦᠨᠡᠲᠦ ᠠᠽᠢᠶ᠎ᠠ ᠶᠢᠨ ᠪᠥᠰᠡ ᠡᠴᠡ ᠮᠠᠨ ᠤ ᠡᠷᠡᠨ ᠦ ᠡᠮᠦᠨ᠎ᠡ 6000 ᠣᠨ ᠤ ᠴᠢᠯᠠᠭᠤᠨ ᠵᠡᠪᠰᠡᠭ ᠦᠨ ᠪᠠᠭᠠᠵᠢ ᠬᠡᠷᠡᠭᠰᠡᠯ ᠦᠳ ᠣᠯᠳᠠᠵᠠᠢ᠃ ᠧᠦᠢᠷᠣᠫᠠ ᠪᠣᠯᠤᠨ ᠠᠽᠢᠶ᠎ᠠ ᠶᠢᠨ ᠪᠤᠰᠤᠳ ᠬᠡᠰᠡᠭ ᠢᠶᠡᠷ ᠴᠢᠯᠠᠭᠤᠨ ᠵᠡᠪᠰᠡᠭ ᠦᠨ ᠦᠶᠡᠰ ᠬᠣᠶᠢᠰᠢᠬᠢ ᠨᠡᠶᠢᠭᠡᠮ ᠤᠨ ᠪᠤᠶᠤ ᠮᠠᠨ ᠤ ᠡᠷᠡᠨ ᠦ ᠡᠮᠦᠨ᠎ᠡ 4000 ᠣᠨ ᠤ ᠪᠠᠷᠢᠮᠲᠠ ᠨᠤᠭᠤᠳ ᠣᠯᠳᠠᠳᠠᠭ᠃ ᠡᠮᠦᠨᠡᠲᠦ ᠠᠮᠧᠷᠢᠺᠠ ᠶᠢᠨ ᠫᠷᠣᠲ᠋ᠣ ᠢᠨᠺᠠ ᠰᠤᠶᠤᠯ ᠢᠷᠭᠡᠨᠰᠢᠯ ᠦᠨ ᠬᠤᠪᠢ ᠳᠤ ᠴᠢᠯᠠᠭᠤᠨ ᠵᠡᠪᠰᠡᠭ ᠦᠨ ᠦᠶ᠎ᠡ ᠮᠠᠨ ᠤ ᠡᠷᠡᠨ ᠦ ᠡᠮᠦᠨ᠎ᠡ 2000 ᠣᠨ ᠬᠦᠷᠲᠡᠯ᠎ᠡ ᠦᠷᠭᠦᠯᠵᠢᠯᠡᠭᠰᠡᠨ ᠠᠭᠠᠳ ᠮᠠᠨ ᠤ ᠡᠷᠡᠨ ᠦ ᠡᠮᠦᠨ᠎ᠡ 2000 ᠣᠨ ᠠᠴᠠ ᠬᠣᠶᠢᠰᠢ ᠠᠯᠲᠠ᠂ ᠵᠡᠰ ᠮᠥᠩᠭᠥ ᠵᠡᠷᠭᠡ ᠶᠢ ᠪᠠᠭᠠᠵᠢ ᠬᠡᠷᠡᠭᠰᠡᠯ ᠬᠢᠬᠦ ᠳᠦ ᠪᠡᠨ ᠠᠰᠢᠭᠯᠠᠳᠠᠭ ᠪᠣᠯᠵᠠᠢ᠃ ᠠᠪᠰᠠᠷᠤᠯ ᠤᠨ ᠬᠤᠪᠢ ᠳᠤ ᠴᠢᠯᠠᠭᠤᠨ ᠵᠡᠪᠰᠡᠭ ᠦᠨ ᠦᠶ᠎ᠡ 17 ᠍ ᠳᠦᠭᠡᠷ ᠵᠠᠭᠤᠨ ᠬᠦᠷᠲᠡᠯ᠎ᠡ ᠦᠷᠭᠦᠯᠵᠢᠯᠡᠭᠰᠡᠨ᠃ ᠴᠢᠯᠠᠭᠤᠨ ᠪᠠᠭᠠᠵᠢ ᠬᠡᠷᠡᠭᠰᠡᠯ ᠢ ᠠᠵᠤ ᠠᠬᠤᠢ ᠳᠤ ᠪᠠᠨ ᠬᠡᠷᠡᠭᠯᠡᠭᠰᠡᠭᠡᠷ ᠪᠠᠶᠢᠴᠠᠢ᠃ ᠧᠦᠢᠷᠣᠫᠠ ᠪᠣᠯᠤᠨ ᠬᠣᠶᠢᠳᠤ ᠠᠮᠧᠷᠢᠺᠠ ᠪᠤᠰᠤᠳ ᠲᠢᠪ ᠦᠳ ᠢᠶᠡᠷ ᠴᠤ ᠮᠥᠨ ᠠᠳᠠᠯᠢ ᠲᠡᠭᠡᠷᠮ᠎ᠡ ᠶᠢᠨ ᠴᠢᠯᠠᠭᠤ ᠶᠢ 20 ᠍ ᠳᠦᠭᠡᠷ ᠵᠠᠭᠤᠨ ᠬᠦᠷᠲᠡᠯ᠎ᠡ ᠠᠰᠢᠭᠯᠠᠭᠰᠠᠨ᠃

ᠴᠢᠯᠠᠭᠤᠨ ᠵᠡᠪᠰᠡᠭ ᠦᠨ ᠦᠶ᠎ᠡ ᠶᠢᠨ ᠦᠵᠡᠯ ᠰᠠᠨᠠᠭ᠎ᠠ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠠᠯᠠᠷ ᠡᠷᠲᠡᠨ ᠦ ᠴᠠᠭ ᠦᠶ᠎ᠡ ᠶᠢᠨ ᠬᠥᠭᠵᠢᠯ ᠳᠡᠪᠰᠢᠯ ᠢ ᠵᠥᠪᠬᠡᠨ ᠬᠡᠷᠡᠭᠯᠡᠵᠦ ᠪᠠᠶᠢᠭᠰᠠᠨ ᠪᠠᠭᠠᠵᠢ ᠵᠡᠪᠰᠡᠭ ᠢᠶᠡᠷ ᠨᠢ ᠲᠣᠳᠣᠷᠬᠠᠶᠢᠯᠠᠳᠠᠭ᠃ ᠲᠡᠭᠦᠨ ᠡᠴᠡ ᠨᠡᠶᠢᠭᠡᠮ ᠤᠨ ᠪᠠᠶᠢᠭᠤᠯᠤᠯᠲᠠ᠂ ᠬᠣᠭᠣᠯᠠ ᠬᠦᠨᠡᠰᠦᠨ ᠦ ᠡᠬᠢ ᠰᠤᠷᠪᠤᠯᠵᠢ᠂ ᠴᠠᠭ ᠠᠭᠤᠷ ᠲᠤ ᠳᠠᠰᠤᠨ ᠵᠣᠬᠢᠴᠠᠭᠰᠠᠨ ᠪᠠᠶᠢᠳᠠᠯ᠂ ᠭᠠᠵᠠᠷ ᠲᠠᠷᠢᠶᠠᠯᠠᠩ᠂ ᠱᠠᠰᠢᠨ ᠰᠢᠲᠦᠯᠭᠡ ᠭᠡᠬᠦ ᠮᠡᠲᠦ ᠶᠢ ᠠᠪᠴᠤ ᠦᠵᠡᠳᠡᠭ ᠦᠭᠡᠢ᠃ ᠸᠠᠭᠠᠷ ᠰᠠᠪᠠ᠂ ᠪᠠᠭᠠᠵᠢ ᠬᠡᠷᠡᠭᠰᠡᠯ ᠦᠨ ᠬᠡᠪ ᠵᠠᠭᠪᠤᠷ᠂ ᠪᠦᠲᠦᠴᠡ᠂ ᠬᠢᠬᠦ ᠠᠷᠭᠠᠴᠢᠯᠠᠯ ᠢᠶᠠᠷ ᠨᠢ ᠬᠦᠮᠦᠨ ᠦ ᠬᠥᠭᠵᠢᠯ᠂ ᠨᠡᠶᠢᠭᠡᠮ ᠤᠨ ᠵᠣᠬᠢᠶᠠᠨ ᠪᠠᠶᠢᠭᠤᠯᠤᠯᠲᠠ ᠶᠢᠨ ᠥᠭᠡᠷᠡᠴᠢᠯᠡᠯᠲᠡ ᠶᠢ ᠲᠣᠳᠣᠷᠬᠠᠶᠢᠯᠠᠳᠠᠭ᠃ ᠮᠥᠨ ᠲᠤᠬᠠᠢ ᠶᠢᠨ ᠡᠳ᠋ᠯᠡᠵᠦ ᠬᠡᠷᠡᠭᠯᠡᠵᠦ ᠪᠠᠶᠢᠭᠰᠠᠨ ᠪᠠᠭᠠᠵᠢ ᠬᠡᠷᠡᠭᠰᠡᠯ ᠢᠶᠡᠷ ᠲᠤᠬᠠᠢ ᠶᠢᠨ ᠣᠨ ᠲᠣᠭᠠᠯᠠᠯ ᠢ ᠭᠠᠷᠭᠠᠵᠤ ᠢᠷᠡᠳᠡᠭ ᠪᠠᠶᠢᠨ᠎ᠠ᠃ ᠴᠢᠯᠠᠭᠤᠯᠢᠭ ᠲᠤ ᠳᠦᠩ ᠰᠢᠨᠵᠢᠯᠡᠭᠡ ᠬᠢᠬᠦ ᠨᠢ ᠠᠷᠬᠧᠣᠯᠣᠭᠢ ᠶᠢᠨ ᠭᠣᠣᠯ ᠰᠤᠳᠤᠯᠭ᠎ᠠ ᠶᠤᠮ᠃ ᠴᠢᠯᠠᠭᠤᠨ ᠪᠠᠭᠠᠵᠢ ᠵᠡᠪᠰᠡᠭ ᠢᠶᠡᠷ ᠲᠡᠳᠡᠨ ᠦ ᠬᠡᠪ ᠰᠢᠨᠵᠢ᠂ ᠪᠦᠲᠦᠴᠡ᠂ ᠠᠮᠢᠳᠤᠷᠠᠵᠤ ᠪᠠᠶᠢᠭᠰᠠᠨ ᠠᠷᠭ᠎ᠠ ᠬᠡᠯᠪᠡᠷᠢ ᠶᠢ ᠲᠣᠳᠣᠷᠬᠠᠶᠢᠯᠠᠳᠠᠭ ᠪᠠᠶᠢᠨ᠎ᠠ᠃ ᠲᠡᠳᠡᠨ ᠦ ᠠᠰᠢᠭᠯᠠᠵᠤ ᠪᠠᠶᠢᠭᠰᠠᠨ ᠲᠦᠭᠦᠬᠡᠢ ᠡᠳ᠋, ᠪᠠᠭᠠᠵᠢ ᠬᠡᠷᠡᠭᠰᠡᠯ ᠢ ᠬᠡᠷᠬᠢᠨ ᠬᠢᠭᠰᠡᠨ ᠢ ᠰᠤᠳᠤᠯᠬᠤ ᠨᠢ ᠰᠢᠨᠵᠢᠯᠡᠬᠦ ᠤᠬᠠᠭᠠᠨ ᠤ ᠭᠣᠣᠯ ᠰᠤᠳᠤᠯᠭ᠎ᠠ ᠪᠣᠯᠳᠠᠭ᠃ᠡᠳᠡᠭᠡᠷ ᠰᠤᠳᠤᠯᠭᠠᠨ ᠤ ᠶᠡᠬᠡᠩᠬᠢ ᠶᠢ ᠣᠯᠠᠨ ᠰᠠᠯᠪᠤᠷᠢ ᠶᠢᠨ ᠮᠡᠷᠭᠡᠵᠢᠯᠲᠡᠨ ᠨᠦᠭᠦᠳ ᠦᠨ ᠯᠠᠪᠤᠷᠢᠲ᠋ᠣᠷᠢ ᠳᠤ ᠬᠢᠳᠡᠭ ᠪᠠᠶᠢᠨ᠎ᠠ᠃ ᠠᠷᠬᠧᠣᠯᠣᠭᠢ ᠶᠢᠨ ᠲᠤᠷᠰᠢᠯᠲᠠ ᠪᠠᠷ ᠰᠤᠳᠤᠯᠤᠭᠠᠴᠢᠳ ᠲᠡᠷᠡ ᠦᠶ᠎ᠡ ᠶᠢᠨ ᠪᠠᠭᠠᠵᠢ ᠬᠡᠷᠡᠭᠰᠡᠯ ᠦᠨ ᠵᠠᠭᠪᠤᠷ ᠢ ᠳᠠᠭᠤᠷᠢᠶᠠᠯᠭᠠᠵᠤ᠂ ᠬᠡᠷᠬᠢᠨ ᠬᠢᠭᠰᠡᠨ ᠲᠠᠯ᠎ᠠ ᠪᠠᠷ ᠲᠣᠳᠣᠷᠬᠠᠢ ᠣᠶᠢᠯᠠᠭᠠᠯᠲᠠ ᠲᠠᠢ ᠪᠣᠯᠳᠠᠭ᠃

ᠴᠢᠯᠠᠭᠤᠨ ᠪᠠᠭᠠᠵᠢ ᠬᠡᠷᠡᠭᠰᠡᠯ ᠦᠨ ᠲᠥᠷᠥᠯ ᠵᠦᠢᠯ ᠦᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠴᠢᠯᠠᠭᠤᠯᠢᠭ ᠲᠤ ᠳᠦᠩ ᠰᠢᠨᠵᠢᠯᠡᠭᠡ ᠬᠢᠵᠦ ᠪᠠᠯᠠᠷ ᠡᠷᠲᠡᠨ ᠦ ᠬᠦᠮᠦᠰ ᠦᠨ ᠡᠳ᠋ᠯᠡᠵᠦ ᠬᠡᠷᠡᠭᠯᠡᠵᠦ ᠪᠠᠶᠢᠭᠰᠠᠨ ᠵᠦᠢᠯᠡᠰ ᠢ ᠲᠣᠭᠲᠠᠭᠠᠬᠤ ᠨᠢ ᠣᠯᠠᠨ ᠰᠠᠯᠪᠤᠷᠢ ᠶᠢᠨ ᠮᠡᠳᠡᠯᠭᠡ ᠱᠠᠭᠠᠷᠳᠠᠳᠠᠭ᠃ ᠦᠢᠯᠡ ᠶᠠᠪᠤᠴᠠ ᠶᠢ ᠲᠠᠶᠢᠯᠪᠤᠷᠢᠯᠠᠪᠠᠯ ᠠᠷᠬᠧᠣᠯᠣᠭᠢᠴᠢ ᠳᠤ ᠡᠷᠲᠡᠨ ᠦ ᠣᠯᠳᠠᠪᠤᠷᠢ ᠨᠤᠭᠤᠳ ᠢ ᠢᠯᠡᠷᠡᠭᠦᠯᠵᠦ᠂ ᠭᠧᠣᠯᠣᠭᠢᠴᠢᠳ ᠴᠢᠯᠠᠭᠤᠯᠢᠭ ᠤᠨ ᠳᠠᠪᠬᠤᠷᠭ᠎ᠠ ᠳᠤ ᠰᠢᠨᠵᠢᠯᠡᠭᠡ ᠬᠢᠵᠦ ᠲᠤᠬᠠᠢ ᠶᠢᠨ ᠣᠯᠳᠠᠪᠤᠷᠢ ᠶᠢᠨ ᠬᠠᠮᠢᠶᠠᠷᠤᠭᠳᠠᠬᠤ ᠴᠠᠭ ᠬᠤᠭᠤᠴᠠᠭ᠎ᠠ ᠶᠢ ᠲᠣᠳᠣᠷᠬᠠᠶᠢᠯᠠᠵᠤ᠂ ᠫᠠᠯᠧᠨᠲᠯᠣᠭᠢᠴᠢᠳ ᠶᠠᠰᠤ ᠶᠢ ᠨᠢ ᠰᠢᠨᠵᠢᠯᠡᠵᠦ ᠶᠠᠮᠠᠷ ᠠᠮᠢᠲᠠᠨ ᠪᠣᠯᠬᠤ ᠶᠢ ᠲᠣᠭᠲᠠᠭᠠᠳᠠᠭ᠃ ᠤᠷᠭᠤᠮᠠᠯ ᠰᠤᠳᠤᠯᠤᠭᠠᠴᠢᠳ ᠶᠠᠮᠠᠷ ᠲᠥᠷᠥᠯ ᠵᠦᠢᠯ ᠦᠨ ᠤᠷᠭᠤᠮᠠᠯ ᠪᠣᠯᠬᠤ ᠶᠢ ᠲᠣᠳᠣᠷᠬᠠᠶᠢᠯᠠᠵᠤ᠂ ᠹᠢᠽᠢᠺ ᠬᠢᠮᠢᠴᠢᠳ ᠯᠠᠪᠤᠷᠠᠲ᠋ᠣᠷᠢ ᠶᠢᠨ ᠠᠷᠭ᠎ᠠ ᠪᠠᠷ ᠬᠢᠮᠢ ᠹᠢᠽᠢᠺ ᠦᠨ ᠰᠢᠨᠵᠢ ᠶᠢ ᠲᠣᠳᠣᠷᠬᠠᠶᠢᠯᠠᠵᠤ ᠰ-14, ᠷ-ᠠ ᠵᠡᠷᠭᠡ ᠪᠦᠲᠦᠴᠡ ᠶᠢ ᠢᠯᠡᠷᠡᠭᠦᠯᠳᠡᠭ ᠪᠠᠶᠢᠨ᠎ᠠ᠃ᠴᠢᠯᠠᠭᠤᠨ ᠵᠡᠪᠰᠡᠭ ᠦᠨ ᠦᠶ᠎ᠡ ᠶᠢ ᠰᠤᠳᠤᠯᠤᠨ᠎ᠠ ᠭᠡᠳᠡᠭ ᠳᠠᠩ ᠭᠠᠭᠴᠠ ᠠᠷᠬᠧᠣᠯᠣᠭᠢ ᠶᠢᠨ ᠣᠯᠳᠠᠪᠤᠷᠢ ᠴᠢᠯᠠᠭᠤᠨ ᠪᠠᠭᠠᠵᠢ ᠬᠡᠷᠡᠭᠰᠡᠯ ᠳᠦ ᠳᠦᠩ ᠰᠢᠨᠵᠢᠯᠡᠭᠡ ᠬᠢᠨ᠎ᠡ ᠭᠡᠰᠡᠨ ᠦᠭᠡ ᠪᠢᠰᠢ᠃ ᠴᠢᠯᠠᠭᠤᠨ ᠪᠠᠭᠠᠵᠢ ᠵᠡᠪᠰᠡᠭ ᠪᠣᠯ ᠵᠥᠪᠬᠡᠨ ᠨᠤᠲᠠᠯᠠᠬᠤ ᠪᠠᠷᠢᠮᠲᠠ᠃ ᠬᠠᠮᠤᠭ ᠤᠨ ᠭᠣᠣᠯ ᠨᠢ ᠲᠡᠭᠦᠪᠡᠷ ᠳᠠᠮᠵᠢᠭᠤᠯᠵᠤ ᠶᠠᠮᠠᠷ ᠨᠡᠶᠢᠭᠡᠮ ᠤᠨ ᠪᠦᠲᠦᠴᠡ ᠳᠦ ᠬᠠᠮᠢᠶᠠᠷᠬᠤ᠂ ᠬᠦᠮᠦᠨ ᠦ ᠹᠢᠽᠢᠺ ᠣᠨᠴᠠᠯᠢᠭ ᠢ ᠨᠡᠭᠡᠭᠡᠬᠦ ᠳᠦ ᠭᠣᠣᠯ ᠵᠣᠷᠢᠯᠭ᠎ᠠ ᠣᠷᠣᠰᠢᠨ᠎ᠠ᠃ ᠴᠢᠯᠠᠭᠤᠨ ᠵᠡᠪᠰᠡᠭ ᠦᠨ ᠦᠵᠡᠯ ᠰᠠᠨᠠᠭ᠎ᠠ ᠨᠢ ᠵᠠᠷᠢᠮ ᠨᠢᠭᠡ ᠲᠠᠯ᠎ᠠ ᠪᠠᠷ ᠬᠢᠵᠠᠭᠠᠷᠯᠠᠭᠳᠠᠮᠠᠯ᠃ ᠤᠴᠢᠷ ᠨᠢ ᠴᠢᠯᠠᠭᠤᠨ ᠵᠡᠪᠰᠡᠭ ᠦᠨ ᠦᠶ᠎ᠡ ᠶᠢ ᠬᠠᠮᠢᠶᠠᠲᠤᠭᠤᠯᠵᠤ ᠪᠠᠶᠢᠭ᠎ᠠ ᠣᠨ ᠲᠣᠭᠠᠯᠠᠯ ᠵᠠᠷᠢᠮ ᠲᠠᠯ᠎ᠠ ᠪᠠᠷ ᠬᠣᠶᠠᠷᠳᠠᠮᠠᠯ᠂ ᠮᠠᠷᠭᠤᠭᠠᠨ ᠲᠠᠢ᠂ ᠬᠤᠪᠢᠰᠴᠤ ᠥᠭᠡᠷᠡᠴᠢᠯᠡᠭᠳᠡᠬᠦ ᠮᠠᠭᠠᠳᠯᠠᠯ ᠲᠠᠢ ᠲᠤᠯᠠ ᠦᠷᠭᠦᠯᠵᠢ ᠠᠰᠠᠭᠤᠯᠲᠠ ᠶᠢᠨ ᠲᠡᠮᠳᠡᠭ ᠲᠡᠢ ᠪᠠᠶᠢᠭᠰᠠᠭᠠᠷ ᠢᠷᠡᠵᠡᠢ᠃ ᠴᠢᠯᠠᠭᠤᠨ ᠵᠡᠪᠰᠡᠭ ᠦᠨ ᠦᠶ᠎ᠡ ᠶᠢ ᠶᠡᠷᠦᠩᠬᠡᠢ ᠳᠤ ᠨᠢ ᠳ᠋ᠦᠩᠨᠡᠪᠡᠯ ᠬᠦᠮᠦᠨ ᠲᠥᠷᠥᠯᠬᠢᠲᠡᠨ ᠮᠧᠲ᠋ᠠᠯ ᠬᠠᠶᠢᠯᠠᠭᠤᠯᠵᠤ ᠠᠰᠢᠭᠯᠠᠳᠠᠭ ᠦᠭᠡᠢ ᠪᠠᠶᠢᠭᠰᠠᠨ ᠬᠡᠳᠦᠢ ᠴᠤ ᠴᠢᠯᠠᠭᠤ ᠶᠢ ᠠᠰᠢᠭᠯᠠᠵᠤ ᠲᠧᠭᠨᠣᠯᠣᠭᠢ ᠶᠢᠨ ᠪᠠᠭᠠᠬᠠᠨ ᠳᠡᠪᠰᠢᠯ ᠳᠦ ᠬᠦᠷᠦᠭᠰᠡᠨ ᠪᠠᠶᠢᠭᠰᠠᠨ ᠭᠡᠵᠦ ᠬᠡᠯᠡᠵᠦ ᠪᠣᠯᠤᠨ᠎ᠠ᠃ ᠡᠨᠡᠳᠬᠡᠭ᠂ ᠣᠺᠧᠢᠨᠢᠶᠠᠨ ᠮᠠᠯᠴᠢᠨ᠂ ᠲᠠᠷᠢᠶᠠᠴᠢᠨ᠂ ᠠᠩᠴᠢᠳ ᠧᠦᠢᠷᠣᠫᠠ ᠶᠢᠨ ᠺᠣᠯᠣᠨ ᠪᠣᠯᠲᠠᠯ᠎ᠠ ᠪᠠᠨ ᠴᠢᠯᠠᠭᠤᠨ ᠪᠠᠭᠠᠵᠢ ᠬᠡᠷᠡᠭᠰᠡᠯ ᠢ ᠠᠰᠢᠭᠯᠠᠭᠰᠠᠭᠠᠷ ᠪᠠᠶᠢᠭᠰᠠᠨ ᠶᠤᠮ᠃ ᠵᠡᠪᠰᠡᠭ ᠦᠨ ᠦᠶ᠎ᠡ ᠪᠡᠷ ᠠᠩᠭᠢᠯᠠᠬᠤ ᠲᠣᠭᠲᠠᠯᠴᠠᠭ᠎ᠠ ᠶᠢ ᠰᠠᠨᠠᠭᠠᠴᠢᠯᠠᠭᠰᠠᠨ 19-20 ᠍ ᠳᠦᠭᠡᠷ ᠵᠠᠭᠤᠨ ᠤ ᠠᠷᠬᠧᠣᠯᠣᠭᠢᠴᠢ ᠳᠤ ᠡᠨᠡᠬᠦ ᠠᠩᠬᠢᠯᠠᠯ ᠢᠶᠠᠨ ᠠᠨᠲᠷᠣᠫᠣᠯᠣᠭᠢ᠂ ᠠᠷᠬᠧᠣᠯᠣᠭᠢ ᠶᠢᠨ ᠬᠤᠪᠢ ᠳᠤ ᠰᠤᠶᠤᠯ ᠤᠨ ᠣᠨᠴᠠᠯᠢᠭ ᠰᠢᠨᠵᠢ ᠨᠦᠭᠦᠳ ᠢ ᠭᠠᠷᠭᠠᠵᠤ ᠴᠢᠳᠠᠬᠤ ᠭᠣᠣᠯ ᠠᠩᠬᠢᠯᠠᠯ ᠭᠡᠳᠡᠭ ᠲᠦ ᠢᠲᠡᠭᠡᠵᠦ ᠪᠠᠶᠢᠯ᠎ᠠ᠃ ᠥᠨᠥ ᠶᠢᠨ ᠬᠦᠮᠦᠰ ᠴᠢᠯᠠᠭᠤᠨ ᠵᠡᠪᠰᠡᠭ ᠦᠨ ᠦᠶ᠎ᠡ ᠶᠢᠨ ᠣᠨᠣᠯ ᠢ ᠮᠠᠷᠭᠤᠭᠠᠨ ᠲᠠᠢ ᠭᠡᠵᠦ ᠦᠵᠡᠳᠡᠭ᠃ ᠬᠠᠷᠢᠨ ᠨᠡᠶᠢᠭᠡᠮ ᠬᠦᠮᠦᠨ ᠰᠤᠳᠤᠯᠤᠯ ᠤᠨ ᠠᠰᠰᠣᠴᠢᠶᠠᠴᠢ ᠠᠴᠠ ᠡᠭᠦᠨ ᠢ ᠦᠭᠡᠶᠢᠰᠬᠡᠵᠦ᠂ ᠨᠣᠲᠠᠯᠠᠭ᠎ᠠ ᠭᠠᠷᠭᠠᠵᠠᠢ᠃ 《ᠴᠢᠯᠠᠭᠤᠨ ᠵᠡᠪᠰᠡᠭ ᠦᠨ ᠦᠶ᠎ᠡ ᠳᠦ ᠠᠮᠢᠳᠤᠷᠠᠵᠤ ᠪᠠᠶᠢᠭᠰᠠᠨ ᠪᠠᠯᠠᠷ ᠡᠷᠲᠡᠨ ᠦ ᠬᠦᠮᠦᠰ ᠦᠨ ᠲᠤᠬᠠᠢ ᠣᠶᠢᠯᠠᠭᠠᠯᠲᠠ ᠬᠦᠮᠦᠨ ᠲᠥᠷᠥᠯᠬᠢᠲᠡᠨ ᠦ ᠬᠤᠪᠢ ᠳᠤ ᠲᠣᠳᠣᠷᠬᠠᠢ ᠪᠢᠰᠢ᠃ ᠭᠡᠬᠦ ᠳᠦ ᠪᠡᠨ ᠠᠷᠬᠧᠣᠯᠣᠭᠢ ᠶᠢᠨ ᠣᠯᠳᠠᠪᠤᠷᠢ ᠨᠤᠭᠤᠳ ᠲᠤ ᠳᠦᠩ ᠰᠢᠨᠵᠢᠯᠡᠭᠡ ᠬᠢᠬᠦ ᠳᠦ ᠲᠡᠳᠡ ᠪᠠᠶᠢᠭᠠᠯᠢ ᠲᠠᠢ ᠳᠠᠰᠤᠨ ᠵᠣᠬᠢᠴᠠᠬᠤ ᠴᠢᠳᠠᠪᠤᠷᠢ ᠲᠠᠢ ᠪᠠᠶᠢᠭᠰᠠᠨ ᠢ ᠨᠣᠲᠠᠯᠠᠵᠤ ᠪᠠᠶᠢᠭ᠎ᠠ ᠶᠤᠮ᠃ ᠲᠡᠶᠢᠮᠦ ᠡᠴᠡ ᠲᠡᠳᠡᠨ ᠢ ᠬᠦᠢ ᠨᠢᠭᠡᠳᠦᠯ ᠦᠨ ᠭᠡᠵᠦ ᠨᠡᠷᠡᠯᠡᠬᠦ ᠨᠢ ᠵᠠᠷᠢᠮ ᠲᠠᠯ᠎ᠠ ᠪᠠᠷ ᠤᠴᠢᠷ ᠳᠤᠲᠠᠭᠳᠠᠯ ᠲᠠᠢ᠃ ᠬᠦᠢ ᠨᠢᠭᠡᠳᠦᠯ ᠦᠨ ᠭᠡᠳᠡᠭ ᠢ ᠦᠭᠡᠶᠢᠰᠬᠡᠵᠦ ᠪᠠᠶᠢᠭ᠎ᠠ ᠭᠣᠣᠯ ᠵᠦᠢᠯ ᠨᠢ ᠲᠡᠳᠡᠭᠡᠷ ᠬᠦᠮᠦᠰ ᠲᠦ ᠰᠤᠶᠤᠯ ᠢᠷᠭᠡᠨᠰᠢᠯ ᠳᠦ ᠨᠡᠶᠢᠭᠡᠮ ᠤᠨ ᠶᠣᠰᠣ ᠰᠤᠷᠲᠠᠬᠤᠨ ᠤ ᠬᠡᠮ ᠬᠡᠮᠵᠢᠶ᠎ᠡ᠂ ᠣᠶᠤᠨ ᠤᠬᠠᠭᠠᠨ ᠲᠠᠢ ᠪᠠᠶᠢᠭᠰᠠᠨ ᠢ ᠭᠡᠷᠡᠴᠢᠯᠡᠬᠦ ᠡᠬᠡ ᠰᠤᠷᠪᠤᠯᠵᠢ ᠨᠤᠭᠤᠳ ᠪᠢᠳᠡᠨ ᠳᠦ ᠪᠠᠶᠢᠨ᠎ᠠ᠃ ᠲᠡᠶᠢᠮᠦ ᠡᠴᠡ ᠠᠨᠲᠷᠣᠫᠣᠯᠣᠭ ᠤᠨ ᠮᠡᠳᠡᠯᠭᠡ ᠳᠡᠭᠡᠷ᠎ᠡ ᠲᠤᠯᠭᠠᠭᠤᠷᠢᠯᠠᠨ ᠠᠪᠴᠤ ᠦᠵᠡᠪᠡᠯ ᠡᠨᠡ ᠦᠵᠡᠯ ᠰᠠᠨᠠᠭ᠎ᠠ ᠬᠡᠲᠦ ᠨᠢᠭᠡ ᠲᠠᠯ᠎ᠠ ᠶᠢ ᠪᠠᠷᠢᠭᠰᠠᠨ᠂ ᠡᠩ ᠦᠨ ᠳ᠋ᠦᠩᠨᠡᠯᠲᠡ᠃》

ᠦᠶᠡᠴᠢᠯᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

1920 ᠣᠨ ᠳᠤ ᠡᠮᠦᠨᠡᠲᠦ ᠠᠹᠷᠢᠺᠠ ᠳᠤ ᠰᠤᠳᠤᠯᠭ᠎ᠠ ᠬᠢᠵᠦ ᠪᠠᠶᠢᠭᠰᠠᠨ ᠠᠷᠬᠧᠣᠯᠣᠭᠢᠴᠢ ᠳᠤ ᠴᠢᠯᠠᠭᠤᠨ ᠪᠠᠭᠠᠵᠢ ᠬᠡᠷᠡᠭᠰᠡᠯ ᠳᠦ ᠳᠦᠩ ᠰᠢᠨᠵᠢᠯᠡᠭᠡ ᠬᠢᠭᠡᠳ ᠰᠤᠶᠤᠯ ᠢᠷᠭᠡᠨᠰᠢᠯ ᠢ ᠭᠤᠷᠪᠠ ᠠᠩᠭᠢᠯᠠᠬᠤ ᠲᠣᠭᠲᠠᠯᠴᠠᠭ᠎ᠠ ᠨᠢ ᠲᠡᠶᠢᠮᠦ ᠴᠤ ᠲᠣᠬᠢᠷᠠᠭᠰᠠᠨ ᠠᠷᠭᠠᠴᠢᠯᠠᠯ ᠪᠢᠰᠢ ᠭᠡᠵᠦ ᠦᠵᠡᠵᠡᠢ᠃ ᠵ᠃ᠳ᠋ᠧᠰᠮᠠᠨ ᠳᠤ ᠺᠯᠠᠷᠺ ᠬᠡᠯᠡᠬᠦ ᠳᠦ ᠪᠡᠨ: 《19 ᠍ ᠳᠦᠭᠡᠷ ᠵᠠᠭᠤᠨ ᠳᠤ ᠭᠠᠷᠭᠠᠭᠰᠠᠨ ᠰᠤᠶᠤᠯ ᠢᠷᠭᠡᠨᠰᠢᠯ ᠢ ᠴᠢᠯᠠᠭᠤᠨ᠂ ᠬᠦᠷᠡᠯ᠂ ᠲᠡᠮᠦᠷ ᠵᠡᠪᠰᠡᠭ ᠦᠨ ᠦᠶ᠎ᠡ ᠭᠡᠵᠦ ᠠᠩᠭᠢᠯᠠᠬᠤ ᠨᠢ ᠠᠹᠷᠢᠺᠠ ᠪᠥᠰᠡ ᠡᠴᠡ ᠥᠭᠡᠷ᠎ᠡ ᠧᠦᠢᠷᠣᠫᠠᠳ ᠰᠤᠳᠤᠯᠭ᠎ᠠ ᠬᠢᠬᠦ ᠳᠦ ᠣᠭᠲᠣᠬᠠᠨ ᠴᠤ ᠨᠡᠶᠢᠴᠡᠬᠦ ᠦᠭᠡᠢ ᠪᠠᠶᠢᠨ᠎ᠠ》 ᠭᠡᠵᠡᠢ᠃ ᠲᠡᠶᠢᠮᠦ ᠡᠴᠡ ᠠᠹᠷᠢᠺᠠ ᠳᠤ ᠭᠤᠷᠪᠠᠨ ᠱᠠᠲᠤᠨ ᠤ ᠠᠩᠬᠢᠯᠠᠯ ᠢ ᠳᠡᠪᠰᠢᠭᠦᠯᠦᠭᠰᠡᠨ᠃ ᠡᠨᠡ ᠭᠤᠷᠪᠠᠨ ᠱᠠᠲᠤᠨ ᠤ ᠠᠩᠬᠢᠯᠠᠯ ᠪᠣᠯ ᠬᠣᠶᠢᠳᠤ ᠠᠹᠷᠢᠺᠠ᠂ ᠰᠠᠬᠠᠷ ᠤᠨ ᠥᠷᠭᠡᠨ ᠪᠥᠰᠡ ᠶᠢ ᠬᠠᠮᠤᠷᠴᠢ ᠴᠢᠳᠠᠬᠤ ᠬᠠᠮᠤᠭ ᠤᠨ ᠪᠣᠯᠪᠠᠰᠤᠷᠠᠩᠭᠤᠢ ᠰᠢᠰᠲ᠋ᠧᠮ ᠭᠡᠵᠦ ᠡᠷᠳᠡᠮᠲᠡᠨ ᠺᠯᠠᠷᠺ ᠦᠵᠡᠵᠡᠢ᠃ ᠪᠣᠳᠠᠲᠤ ᠪᠠᠶᠢᠳᠠᠯ ᠳᠡᠭᠡᠷ᠎ᠡ ᠠᠷᠬᠧᠣᠯᠣᠭᠢᠴᠢ ᠳᠤ ᠨᠣᠮᠣᠨ ᠳᠡᠭᠡᠷ᠎ᠡ ᠪᠢᠴᠢᠭᠰᠡᠨ ᠲᠡᠳᠡᠭᠡᠷ ᠦᠶᠡᠴᠢᠯᠡᠯ ᠶᠠᠭ ᠲᠠᠭ ᠨᠡᠶᠢᠴᠡᠳᠡᠭ ᠦᠭᠡᠢ ᠭᠡᠳᠡᠭ ᠢ ᠪᠠᠲᠤᠯᠠᠳᠠᠭ᠃ ᠤᠴᠢᠷ ᠨᠢ ᠢᠵᠢᠯ ᠲᠥᠷᠥᠯ ᠦᠨ᠂ ᠢᠵᠢᠯ ᠲᠧᠭᠨᠣᠯᠣᠭᠢ ᠪᠠᠷ ᠬᠢᠭᠳᠡᠭᠰᠡᠨ ᠪᠠᠭᠠᠵᠢ ᠵᠡᠪᠰᠡᠭ ᠦᠳ ᠣᠨ ᠲᠣᠭᠠᠯᠠᠯ ᠤᠨ ᠬᠤᠪᠢ ᠳᠤ ᠠᠰᠤᠷᠤ ᠵᠥᠷᠢᠭᠦᠦ ᠲᠡᠢ᠂ ᠭᠠᠵᠠᠷ ᠵᠦᠢ ᠶᠢᠨ ᠪᠠᠶᠢᠷᠢᠰᠢᠯ ᠤᠨ ᠬᠤᠪᠢ ᠳᠤ ᠥᠷᠭᠡᠨ ᠬᠦᠷᠢᠶ᠎ᠡ ᠶᠢ ᠬᠠᠮᠤᠷᠤᠭᠰᠠᠨ ᠪᠠᠶᠢᠳᠠᠭ᠃ ᠠᠷᠬᠧᠣᠯᠣᠭᠢᠴᠢ ᠠᠰᠲᠠᠯᠢ ᠵᠢᠨᠦᠩ ᠬᠢᠯᠢᠯᠠᠷᠢ᠂ ᠰᠤᠶᠤᠯ ᠢᠷᠭᠡᠨᠰᠢᠯ ᠦᠨ ᠰᠤᠳᠤᠯᠤᠭᠠᠴᠢ ᠠᠷᠬᠧᠣᠯᠣᠭᠢᠴᠢ ᠺᠯᠠᠷᠧᠨᠰ ᠸᠠᠩ ᠷᠧᠲ᠋ ᠯᠣᠪ ᠨᠠᠷ 1929 ᠣᠨ ᠳᠤ 《ᠡᠮᠦᠨᠡᠲᠦ ᠠᠹᠷᠢᠺᠠ ᠶᠢᠨ ᠲᠡᠦᠬᠡ ᠶᠢᠨ ᠮᠦᠽᠧᠢ ᠶᠢᠨ ᠲᠣᠶᠢᠮᠣ》 ᠰᠡᠳᠬᠦᠯ ᠳᠦ 《ᠴᠢᠯᠠᠭᠤᠨ ᠵᠡᠪᠰᠡᠭ ᠦᠨ ᠦᠶ᠎ᠡ ᠪᠠ ᠡᠮᠦᠨᠡᠲᠦ ᠠᠹᠷᠢᠺᠠ》 ᠭᠡᠰᠡᠨ ᠨᠡᠷ᠎ᠡ ᠲᠡᠢ ᠪᠦᠲᠦᠭᠡᠯ ᠢᠶᠡᠷ ᠢᠶᠡᠨ ᠭᠤᠷᠪᠠᠨ ᠱᠠᠲᠤᠯᠠᠯ ᠤᠨ ᠰᠢᠰᠲ᠋ᠧᠮ ᠢ ᠠᠩᠬ᠎ᠠ ᠳᠡᠪᠰᠢᠭᠦᠯᠵᠦ ᠪᠠᠶᠢᠯ᠎ᠠ᠃ ᠲᠡᠭᠦᠨ ᠡᠴᠡ ᠬᠣᠶᠢᠰᠢ ᠴᠢᠯᠠᠭᠤᠨ ᠵᠡᠪᠰᠡᠭ ᠦᠨ ᠡᠬᠢᠨ ᠦᠶ᠎ᠡ ᠪᠤᠶᠤ ᠫᠠᠯᠧᠣᠯᠢᠲ᠋ᠢᠭ᠂ ᠰᠢᠨ᠎ᠡ ᠴᠢᠯᠠᠭᠤᠨ ᠵᠡᠪᠰᠡᠭ ᠦᠨ ᠦᠶ᠎ᠡ ᠪᠤᠶᠤ ᠨᠧᠣᠯᠢᠲ᠋ᠢᠭ ᠭᠡᠰᠡᠨ ᠠᠩᠬᠢᠯᠠᠯ ᠢ ᠠᠰᠢᠭᠯᠠᠬᠤ ᠪᠣᠯᠵᠠᠢ᠃ ᠠᠹᠷᠢᠺᠠ ᠶᠢᠨ ᠰᠠᠬᠠᠷᠠ ᠣᠷᠴᠢᠮ ᠳᠤ ᠴᠢᠯᠠᠭᠤᠨ ᠵᠡᠪᠰᠡᠭ ᠦᠨ ᠦᠶ᠎ᠡ ᠲᠡᠭᠦᠰᠬᠡᠯ ᠪᠣᠯᠤᠭᠰᠠᠨ ᠢᠶᠠᠷ ᠲᠡᠮᠦᠷ ᠵᠡᠪᠰᠡᠭ ᠦᠨ ᠦᠶ᠎ᠡ ᠡᠬᠢᠯᠡᠳᠡᠭ᠃ ᠥᠭᠡᠷ᠎ᠡ ᠪᠡᠷ ᠬᠡᠯᠡᠪᠡᠯ ᠨᠧᠣᠯᠢᠲ᠋ᠢᠭ᠂ ᠬᠦᠷᠡᠯ ᠵᠡᠪᠰᠡᠭ ᠦᠨ ᠦᠶ᠎ᠡ ᠡᠨᠳᠡ ᠪᠠᠶᠢᠭ᠎ᠠ ᠦᠭᠡᠢ ᠭᠡᠰᠡᠨ ᠦᠭᠡ᠃ᠲᠡᠶᠢᠮᠦ ᠡᠴᠡ ᠴᠠᠭ ᠬᠤᠭᠤᠴᠠᠭᠠᠨ ᠤ ᠬᠤᠪᠢ ᠳᠤ ᠫᠠᠯᠧᠣᠯᠢᠲ᠋ᠢᠭ᠂ ᠮᠧᠰᠤᠯᠢᠲ᠋ᠢᠭ᠂ ᠨᠧᠣᠯᠢᠲ᠋ᠢᠭ ᠪᠤᠶᠤ ᠴᠢᠯᠠᠭᠤᠨ ᠵᠡᠪᠰᠡᠭ ᠦᠨ ᠡᠬᠢᠨ᠂ ᠳᠤᠮᠳᠠ᠂ ᠰᠢᠨ᠎ᠡ ᠦᠶ᠎ᠡ ᠬᠡᠮᠡᠨ ᠠᠩᠭᠢᠯᠠᠬᠤ ᠨᠢ ᠬᠠᠮᠤᠭ ᠤᠨ ᠣᠨᠣᠪᠴᠢᠲᠠᠢ ᠠᠵᠤ᠃ ᠳᠥᠷᠪᠡᠨ ᠵᠢᠯ ᠳᠤ ᠨᠢᠭᠡ ᠤᠳᠠᠭ᠎ᠠ ᠬᠤᠷᠠᠯᠳᠤᠳᠠᠭ ᠫᠠᠩ ᠠᠹᠷᠢᠺᠠ ᠶᠢᠨ ᠪᠠᠯᠠᠷ ᠡᠷᠲᠡᠨ ᠦ ᠲᠡᠦᠬᠡ ᠶᠢᠨ ᠺᠣᠩᠷᠧᠰ ᠤᠨ ᠬᠤᠷᠠᠯ ᠢᠶᠠᠷ ᠠᠷᠬᠧᠣᠯᠣᠭᠢᠴᠢ ᠳᠤ ᠨᠢᠭᠡᠳᠦᠭᠰᠡᠨ ᠨᠢᠭᠡ ᠰᠢᠢᠳᠦᠯ ᠳᠦ ᠬᠦᠷᠦᠭᠰᠡᠨ᠃ ᠣᠯᠠᠨ ᠤᠯᠤᠰ ᠤᠨ ᠠᠷᠬᠧᠣᠯᠣᠭᠢᠴᠢ ᠳᠤ᠂ ᠲᠡᠦᠬᠡᠴᠢᠳ ᠦᠨ ᠬᠤᠪᠢ ᠳᠤ ᠮᠠᠷᠭᠤᠭᠠᠨ ᠲᠠᠢ ᠠᠰᠠᠭᠤᠳᠠᠯ ᠤᠳ ᠮᠠᠰᠢ ᠣᠯᠠᠨ ᠪᠠᠶᠢᠳᠠᠭ᠃ ᠡᠭᠦᠨ ᠦ ᠨᠢᠭᠡ ᠨᠢ ᠲᠡᠦᠬᠡ ᠶᠢᠨ ᠦᠶᠡᠴᠢᠯᠡᠯ ᠦᠨ ᠠᠰᠠᠭᠤᠳᠠᠯ᠃ 1947 ᠣᠨ ᠳᠤ ᠯᠤᠢᠰ ᠯᠢᠺᠶᠡᠢ ᠶᠢᠨ ᠲᠠᠯᠪᠢᠭᠰᠠᠨ ᠢᠯᠡᠳᠬᠡᠯ ᠢᠶᠡᠷ ᠡᠨᠡᠬᠦ ᠦᠶᠡᠴᠢᠯᠡᠯ ᠢ ᠡᠬᠢᠨ᠂ ᠳᠤᠮᠳᠠ᠂ ᠰᠡᠭᠦᠯ ᠦᠶ᠎ᠡ ᠭᠡᠵᠦ ᠠᠩᠭᠢᠯᠠᠬᠤ ᠪᠠᠷ ᠪᠣᠯᠵᠠᠢ᠃

ᠰᠢᠯᠵᠢᠯᠲᠡ ᠶᠢᠨ ᠦᠶ᠎ᠡ ᠶᠢᠨ ᠠᠰᠠᠭᠤᠳᠠᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠠᠷᠬᠧᠣᠯᠣᠭᠢ ᠶᠢᠨ ᠰᠢᠯᠵᠢᠯᠲᠡ ᠶᠢᠨ ᠦᠶ᠎ᠡ ᠶᠢᠨ ᠠᠰᠠᠭᠤᠳᠠᠯ ᠹᠢᠯᠣᠰᠢᠹᠢᠴᠢᠳ ᠤᠨ ᠬᠤᠪᠢ ᠳᠤ ᠴᠤ ᠮᠥᠩᠬᠡ ᠶᠢᠨ ᠮᠠᠷᠭᠤᠭᠠᠨ ᠲᠠᠢ ᠰᠡᠳᠦᠪ᠃ ᠥᠭᠡᠷ᠎ᠡ ᠪᠡᠷ ᠬᠡᠯᠡᠪᠡᠯ ᠨᠢᠭᠡ ᠬᠡᠯᠪᠡᠷᠢ ᠡᠴᠡ ᠨᠥᠭᠥᠭᠡᠷᠦᠦ ᠰᠢᠯᠵᠢᠬᠦ ᠳᠦ ᠲᠡᠳᠡᠨ ᠢ ᠬᠤᠯᠪᠤᠬᠤ ᠵᠠᠪᠰᠠᠷ ᠤᠨ ᠦᠶ᠎ᠡ ᠭᠡᠵᠦ ᠵᠠᠪᠠᠯ ᠪᠠᠶᠢᠬᠤ ᠶᠣᠰᠣᠲᠠᠢ᠃ ᠭᠡᠲᠡᠯ᠎ᠡ ᠪᠣᠳᠠᠲᠤ ᠪᠠᠶᠢᠳᠠᠯ ᠳᠡᠭᠡᠷ᠎ᠡ ᠬᠦᠮᠦᠨ ᠲᠥᠷᠥᠯᠬᠢᠲᠡᠨ ᠦ ᠬᠤᠪᠢᠰᠤᠯ ᠤᠨ ᠦᠶ᠎ᠡ ᠶᠢᠨ ᠠᠷᠬᠧᠣᠯᠣᠭᠢ ᠶᠢᠨ ᠣᠯᠳᠠᠪᠤᠷᠢ ᠭᠡᠵᠦ ᠪᠠᠶᠢᠳᠠᠭ ᠦᠭᠡᠢ᠃ ᠬᠡᠷᠪᠡ᠎ᠠ ᠦᠶᠡᠰ ᠪ ᠦᠶᠡᠷᠡᠭᠦᠦ ᠰᠢᠯᠵᠢᠭᠰᠡᠨ ᠭᠡᠵᠦ ᠦᠵᠡᠪᠡᠯ ᠡᠨᠡ ᠬᠣᠶᠠᠷ ᠢ ᠬᠤᠯᠪᠤᠬᠤ ᠵᠠᠪᠰᠠᠷ ᠤᠨ ᠦᠶ᠎ᠡ ᠭᠡᠵᠦ ᠪᠠᠶᠢᠬᠤ ᠶᠣᠰᠣᠲᠠᠢ᠃ ᠬᠡᠷᠪᠡ ᠵᠠᠪᠰᠠᠷ ᠤᠨ ᠦᠶ᠎ᠡ ᠭᠡᠵᠦ ᠪᠠᠶᠢᠭ᠎ᠠ ᠦᠭᠡᠢ ᠪᠣᠯ᠎ᠠ ᠦᠶ᠎ᠡ ᠳᠦ ᠪᠠᠶᠢᠭᠰᠠᠨ ᠬᠦᠮᠦᠰ ᠭᠡᠨᠡᠳᠲᠡ ᠬᠡᠷᠡᠭᠯᠡᠵᠦ ᠪᠠᠶᠢᠭᠰᠠᠨ ᠡᠳ᠋ ᠵᠦᠢᠯᠡᠰ ᠢᠶᠡᠨ ᠬᠠᠶᠠᠭᠠᠳ ᠰᠢᠭᠤᠳ ᠪ ᠦᠶᠡᠷᠡᠭᠦᠦ ᠰᠢᠯᠵᠢᠭᠰᠡᠨ ᠪᠤᠶᠤ ᠶᠠᠭ ᠯᠠ ᠺᠢᠨᠣᠨ ᠳᠡᠭᠡᠷᠡᠬᠢ ᠬᠤᠪᠢᠰᠤᠯ ᠤᠨ ᠦᠵᠡᠭᠳᠡᠯ  ᠲᠡᠢ ᠢᠵᠢᠯ ᠪᠣᠯᠬᠤ ᠭᠡᠳ ᠪᠠᠶᠢᠨ᠎ᠠ᠃ ᠧᠦᠢᠷᠣᠫᠠ ᠶᠢᠨ ᠴᠢᠯᠠᠭᠤᠨ ᠵᠡᠪᠰᠡᠭ ᠦᠨ ᠰᠢᠯᠵᠢᠯᠲᠡ ᠶᠢᠨ ᠠᠰᠠᠭᠤᠳᠠᠯ ᠴᠤ ᠪᠠᠰᠠ ᠲᠣᠳᠣᠷᠬᠠᠢ ᠦᠭᠡᠢ᠃19 ᠍ ᠳᠦᠭᠡᠷ ᠵᠠᠭᠤᠨ ᠪᠣᠯᠤᠭᠠᠳ 20 ᠍ ᠳᠦᠭᠡᠷ ᠵᠠᠭᠤᠨ ᠤ ᠡᠬᠢᠨ ᠳᠦ ᠭᠤᠷᠪᠠᠨ ᠱᠠᠲᠤᠯᠠᠯ ᠤᠨ ᠰᠢᠰᠲ᠋ᠧᠮ ᠢ ᠠᠩᠬ᠎ᠠ ᠳᠡᠪᠰᠢᠭᠦᠯᠵᠦ ᠪᠠᠶᠢᠬᠤ ᠳᠤ ᠬᠦᠷᠲᠡᠯ᠎ᠡ ᠫᠠᠯᠧᠣᠯᠢᠲ᠋ᠢᠭ ᠪᠣᠯᠤᠨ ᠨᠧᠣᠯᠢᠲ᠋ᠢᠭ ᠦᠶ᠎ᠡ ᠶᠢᠨ ᠰᠢᠯᠵᠢᠯᠲᠡ ᠮᠥᠨ ᠯᠠ ᠲᠣᠳᠣᠷᠬᠠᠢ ᠦᠭᠡᠢ ᠪᠠᠶᠢᠯ᠎ᠠ᠃ ᠠᠷᠬᠧᠣᠯᠣᠭᠢᠴᠢ ᠳᠤ ᠲᠡᠳᠡᠭᠡᠷ ᠰᠢᠯᠵᠢᠯᠲᠡ ᠶᠢᠨ ᠦᠶ᠎ᠡ ᠶᠢ ᠢᠯᠡᠷᠡᠭᠦᠯᠦᠨ᠎ᠡ ᠬᠡᠮᠡᠨ ᠠᠹᠷᠢᠺᠠ ᠳᠤ ᠡᠷᠢᠯ ᠬᠠᠶᠢᠭᠤᠯ ᠬᠢᠭᠰᠡᠭᠡᠷ ᠪᠠᠶᠢᠨ᠎ᠠ᠃ 1947 ᠣᠨ ᠤ ᠫᠠᠩ ᠠᠹᠷᠢᠺᠠ ᠶᠢᠨ ᠺᠣᠩᠷᠧᠰᠰ ᠤᠨ ᠠᠩᠬᠠᠨ ᠤ ᠬᠤᠷᠠᠯ ᠢᠶᠠᠷ ᠡᠨᠡᠬᠦ ᠰᠢᠯᠵᠢᠯᠲᠡ ᠶᠢᠨ ᠦᠶ᠎ᠡ ᠶᠢᠨ ᠠᠰᠠᠭᠤᠳᠠᠯ ᠢ ᠬᠥᠨᠳᠡᠵᠦ ᠶᠠᠷᠢᠭᠰᠠᠨ ᠪᠥᠭᠡᠳ 1955 ᠣᠨ ᠤ ᠭᠤᠷᠪᠠ ᠳᠠᠬᠢ ᠬᠤᠷᠠᠯ ᠢᠶᠠᠷ ᠴᠢᠯᠠᠭᠤᠨ ᠵᠡᠪᠰᠡᠭ ᠦᠨ ᠡᠬᠢᠨ ᠪᠣᠯᠤᠨ ᠳᠤᠮᠳᠠ ᠦᠶ᠎ᠡ ᠶᠢᠨ ᠵᠠᠪᠰᠠᠷ ᠢ ᠹᠠᠦ᠋ᠷᠧᠰᠮᠢᠲ ᠪᠠ ᠰᠠᠩᠭᠠᠨ ᠲᠧᠭᠨᠣᠯᠣᠭᠢ᠂ ᠳᠤᠮᠳᠠ ᠪᠣᠯᠤᠨ ᠰᠡᠭᠦᠯ ᠦᠶ᠎ᠡ ᠶᠢ ᠮᠠᠭᠣᠰᠢᠨ ᠲᠧᠭᠨᠣᠯᠣᠭᠢ ᠬᠡᠮᠡᠨ ᠨᠡᠷᠡᠯᠡᠬᠦ ᠪᠡᠷ ᠨᠢᠭᠡᠳᠦᠭᠰᠡᠨ ᠰᠢᠢᠳᠦᠯ ᠳᠦ ᠬᠦᠷᠦᠭᠰᠡᠨ ᠪᠠᠶᠢᠨ᠎ᠠ᠃

ᠣᠨ ᠲᠣᠭᠠᠯᠠᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠥᠩᠭᠡᠷᠡᠭᠰᠡᠨ 5000 ᠵᠢᠯ ᠦᠨ ᠴᠠᠭ ᠠᠭᠤᠷ ᠤᠨ ᠬᠡᠯᠪᠡᠯᠵᠡᠯ 1859 ᠣᠨ ᠳᠤ ᠵᠧᠨ ᠵᠠᠺᠣᠪ ᠸᠷᠰᠠᠧ ᠬᠠᠮᠤᠭ ᠤᠨ ᠠᠩᠬ᠎ᠠ ᠴᠢᠯᠠᠭᠤᠨ ᠵᠡᠪᠰᠡᠭ ᠦᠨ ᠦᠶ᠎ᠡ ᠶᠢ ᠬᠠᠭᠤᠴᠢᠨ ᠪᠠ ᠰᠢᠨ᠎ᠡ ᠭᠡᠰᠡᠨ ᠬᠣᠶᠠᠷ ᠦᠶ᠎ᠡ ᠳᠦ ᠬᠤᠪᠢᠶᠠᠴᠠᠢ᠃ ᠡᠨᠡᠬᠦ ᠡᠩ ᠦᠨ ᠠᠷᠭᠠᠴᠢᠯᠠᠯ ᠨᠢ ᠥᠨᠥ ᠶᠢᠨ ᠠᠷᠬᠧᠣᠯᠣᠭᠢ ᠳᠤ ᠮᠠᠰᠢ ᠲᠣᠮᠣ ᠳᠡᠪᠰᠢᠯ ᠢ ᠠᠪᠴᠢᠷᠠᠭᠰᠠᠨ᠃ ᠭᠣᠣᠯ ᠠᠩᠬᠢᠯᠠᠯ ᠨᠢ ᠴᠢᠯᠠᠭᠤᠨ ᠵᠡᠪᠰᠡᠭ ᠦᠨ 3 ᠦᠶ᠎ᠡ ᠶᠢ ᠭᠧᠣᠯᠣᠭᠢ ᠶᠢᠨ ᠬᠤᠪᠢ ᠳᠤ ᠳᠠᠷᠠᠭᠠᠬᠢ ᠪᠠᠶᠢᠳᠠᠯ ᠢᠶᠠᠷ ᠠᠩᠭᠢᠯᠠᠭᠰᠠᠨ ᠪᠠᠶᠢᠨ᠎ᠠ᠃

• The geologic Pliocene—Pleistocene boundary (highly glaciated climate)

o The Paleolithic period of archaeology

• The geologic Pleistocene—Holocene boundary (modern climate)

o Mesolithic or Epipaleolithic period of archaeology

o Neolithic period of archaeology

ᠡᠨᠡᠬᠦ ᠠᠩᠬᠢᠯᠠᠯ ᠤᠨ ᠭᠣᠣᠯ ᠠᠮᠵᠢᠯᠲᠠ ᠨᠢ ᠨᠢᠭᠡ ᠡᠷᠢᠨ ᠢ ᠨᠥᠭᠥᠭᠡ ᠡᠴᠡ ᠢᠯᠭᠠᠬᠤ ᠠᠰᠤᠷᠤ ᠲᠣᠮᠣ ᠲᠦᠭᠡᠴᠡ ᠪᠣᠯᠤᠭᠰᠠᠨ᠃


ᠫᠠᠯᠧᠣᠯᠢ ᠳᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠣᠣᠯ ᠥᠭᠦᠯᠡᠯ: ᠫᠠᠯᠧᠣᠯᠢ ᠳᠤ

ᠫᠠᠯᠧᠣᠯᠢ ᠳᠤ ᠭᠡᠳᠡᠭ ᠨᠢ ᠬᠠᠭᠤᠴᠢᠨ ᠴᠢᠯᠠᠭᠤᠨ ᠵᠡᠪᠰᠡᠭ ᠦᠨ ᠦᠶ᠎ᠡ ᠶᠢᠨ ᠡᠬᠢᠨ ᠦᠶ᠎ᠡ ᠶᠢ (2,500,000 to 200,000 ᠵᠢᠯ ᠦᠨ ᠡᠮᠦᠨᠡᠬᠢ ᠦᠶ᠎ᠡ) ᠬᠠᠮᠤᠷᠳᠠᠭ ᠪᠥᠭᠡᠳ ᠭᠷᠧᠺ ᠦᠨ palaios ᠍ ᠬᠠᠭᠤᠴᠢᠨ lithos- ᠴᠢᠯᠠᠭᠤ ᠭᠡᠰᠡᠨ ᠦᠭᠡᠨ ᠡᠴᠡ ᠭᠠᠷᠤᠯ ᠲᠠᠢ᠃ /ᠠᠷᠬᠧᠣᠯᠣᠭᠢᠴᠢ ᠵᠢᠨᠦᠩ ᠯᠠᠪᠪᠣᠺ 1865 ᠣᠨ ᠳᠤ ᠨᠡᠶᠢᠲᠡᠯᠡᠭᠰᠡᠨ ᠪᠦᠲᠦᠭᠡᠯ ᠳᠦ ᠪᠡᠨ ᠡᠨᠡᠬᠦ ᠨᠡᠷ᠎ᠡ ᠲᠣᠮᠢᠶ᠎ᠠ ᠶᠢ ᠠᠩᠬ᠎ᠠ ᠠᠰᠢᠭᠯᠠᠭᠰᠠᠨ᠃/ ᠡᠨᠡ ᠨᠢ ᠬᠦᠮᠦᠨ ᠦ ᠬᠥᠭᠵᠢᠯ ᠦᠨ ᠲᠡᠦᠬᠡ ᠪᠤᠶᠤ ᠲᠧᠭᠨᠣᠯᠣᠭᠢ ᠶᠢᠨ ᠲᠡᠦᠬᠡ ᠶᠢᠨ 99 ᠬᠤᠪᠢ ᠶᠢ ᠡᠵᠡᠯᠡᠳᠡᠭ᠃ ᠬᠣᠮᠣᠬᠠᠪᠢᠯᠢᠰ ᠤᠳ ᠬᠠᠮᠤᠭ ᠤᠨ ᠠᠩᠬᠠᠨ ᠤ ᠪᠠᠭᠠᠵᠢ ᠵᠡᠪᠰᠡᠭ ᠬᠢᠵᠦ ᠪᠠᠶᠢᠭᠰᠠᠨ 2,5-2,6 ᠰᠠᠶ᠎ᠠ ᠵᠢᠯ ᠦᠨ ᠡᠮᠦᠨ᠎ᠡ ᠡᠴᠡ ᠮᠠᠨ ᠤ ᠡᠷᠡᠨ ᠦ ᠡᠮᠦᠨ᠎ᠡ 10000 ᠣᠨ ᠬᠦᠷᠲᠡᠯᠡᠬᠢ ᠴᠠᠭ ᠦᠶ᠎ᠡ ᠶᠢ ᠬᠠᠮᠤᠷᠳᠠᠭ᠃ ᠫᠠᠯᠧᠣᠯᠢᠲ ᠤᠨ ᠦᠶ᠎ᠡ ᠨᠢ ᠮᠧᠽᠣᠯᠢ ᠳᠤ ᠪᠤᠶᠤ ᠴᠢᠯᠠᠭᠤᠨ ᠵᠡᠪᠰᠡᠭ ᠦᠨ ᠳᠤᠮᠳᠠ ᠦᠶ᠎ᠡ ᠡᠬᠢᠯᠡᠭᠰᠡᠨ ᠢᠶᠡᠷ ᠳᠠᠭᠤᠰᠬᠠᠪᠤᠷᠢ ᠪᠣᠯᠤᠭᠰᠠᠨ ᠭᠡᠵᠦ ᠦᠵᠡᠳᠡᠭ᠃

ᠴᠢᠯᠠᠭᠤᠨ ᠵᠡᠪᠰᠡᠭ ᠦᠨ ᠡᠬᠢᠨ ᠪᠣᠯᠤᠭᠠᠳ ᠳᠤᠮᠳᠠ ᠦᠶ᠎ᠡ ᠶᠢᠨ ᠪᠠᠭᠠᠵᠢ ᠵᠡᠪᠰᠡᠭ ᠦᠳ ᠲᠦ ᠲᠡᠳᠦᠶᠢᠯᠡᠨ ᠢᠯᠭᠠᠭ᠎ᠠ ᠪᠠᠶᠢᠳᠠᠭ ᠦᠭᠡᠢ ᠴᠤ ᠣᠷᠴᠢᠨ ᠦᠶ᠎ᠡ ᠳᠦ ᠲᠧᠭᠨᠣᠯᠣᠭᠢ ᠪᠠᠷ ᠬᠣᠶᠠᠷ ᠠᠩᠭᠢᠯᠠᠳᠠᠭ ᠪᠣᠯᠵᠠᠢ᠃

ᠳ᠋ᠣᠣ ᠳᠤ ᠫᠠᠯᠧᠣᠯᠢ ᠳᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠠᠷᠠᠭᠤᠨ ᠰᠠᠬᠠᠷ ᠠᠴᠠ ᠣᠯᠳᠠᠭᠰᠠᠨ ᠴᠢᠯᠠᠭᠤᠨ ᠪᠠᠭᠠᠵᠢ ᠴᠢᠯᠠᠭᠤᠨ ᠵᠡᠪᠰᠡᠭ ᠦᠨ ᠬᠠᠮᠤᠭ ᠤᠨ ᠡᠬᠢᠨ ᠦ ᠦᠶ᠎ᠡ ᠠᠹᠷᠢᠺᠠ ᠲᠢᠪ ᠲᠦ ᠬᠠᠮᠢᠶᠠᠷᠳᠠᠭ᠃ ᠠᠹᠷᠢᠺᠠ ᠲᠢᠪ ᠡᠴᠡ ᠧᠦ᠋ᠷᠣᠠᠽᠢ ᠶᠢ ᠴᠢᠭᠯᠡᠭᠰᠡᠨ ᠶᠡᠬᠡ ᠨᠡᠭᠦᠳᠡᠯ ᠢ ᠳᠠᠭᠠᠵᠤ ᠪᠤᠰᠤᠳ ᠲᠢᠪ ᠦᠳ ᠲᠦ ᠲᠠᠷᠬᠠᠭᠰᠠᠨ ᠭᠡᠵᠦ ᠦᠵᠡᠳᠡᠭ᠃ ᠴᠢᠯᠠᠭᠤᠨ ᠵᠡᠪᠰᠡᠭ ᠦᠨ ᠳᠤᠮᠳᠠ᠂ ᠰᠡᠭᠦᠯ ᠦᠶ᠎ᠡ ᠶᠢᠨ ᠣᠯᠳᠠᠪᠤᠷᠢ ᠨᠤᠭᠤᠳ ᠶᠡᠷᠣᠠᠽᠢ ᠠᠴᠠ ᠶᠡᠬᠡᠪᠴᠢᠯᠡᠨ ᠣᠯᠳᠠᠳᠠᠭ ᠨᠢ ᠡᠭᠦᠨ ᠢ ᠪᠠᠲᠤᠯᠠᠵᠤ ᠪᠠᠶᠢᠨ᠎ᠠ᠃

ᠠᠹᠷᠢᠺᠠ ᠶᠢᠨ ᠣᠯᠠᠳᠪᠤᠩᠴᠢ ᠨᠤᠭᠤᠳ[ᠵᠠᠰᠠᠪᠤᠷᠢᠯᠠᠬᠤ | ᠺᠣᠳ᠋ ᠢᠶᠠᠷ ᠵᠠᠰᠠᠬᠣ]

ᠴᠢᠯᠠᠭᠤᠨ ᠵᠡᠪᠰᠡᠭ ᠦᠨ ᠡᠬᠢᠨ ᠦᠶ᠎ᠡ ᠶᠢᠨ ᠡᠬᠡ ᠰᠤᠷᠪᠤᠯᠵᠢ ᠨᠤᠭᠤᠳ ᠠᠹᠷᠢᠺᠠ ᠶᠢᠨ ᠵᠡᠭᠦᠨ ᠬᠡᠰᠡᠭ ᠡᠴᠡ ᠣᠯᠳᠠᠭᠰᠠᠨ ᠪᠠ ᠶᠠᠮᠠᠷ ᠬᠦᠮᠦᠰ ᠬᠢᠵᠦ ᠪᠠᠶᠢᠭᠰᠠᠨ ᠨᠢ ᠥᠨᠥ ᠬᠢᠷᠢ ᠲᠣᠳᠣᠷᠬᠠᠢ ᠦᠭᠡᠢ᠃ ᠡᠲ᠋ᠢᠣᠫ ᠦᠨ ᠣᠯᠠᠳᠪᠠᠨ ᠨᠠᠷ ᠬᠢᠭᠰᠡᠨ ᠬᠡᠮᠡᠨ ᠲᠠᠭᠠᠮᠠᠭᠯᠠᠵᠤ ᠪᠠᠶᠢᠨ᠎ᠠ᠃ ᠡᠳᠡᠭᠡᠷ ᠪᠠᠭᠠᠵᠢ ᠬᠡᠷᠡᠭᠰᠡᠯ ᠦᠨ ᠨᠡᠶᠢᠲᠡᠯᠢᠭ ᠬᠡᠪ ᠰᠢᠨᠵᠢ ᠨᠢ ᠭᠣᠣᠯ ᠤᠨ ᠮᠥᠯᠢᠭᠡᠷ ᠴᠢᠯᠠᠭᠤ ᠪᠣᠯᠤᠨ ᠪᠤᠰᠤᠳ ᠴᠢᠯᠠᠭᠤᠨ ᠬᠡᠯᠲᠡᠷᠬᠡᠢ ᠳᠦ ᠬᠤᠷᠴᠠ ᠢᠷᠮᠡᠭ ᠭᠠᠷᠭᠠᠵᠤ ᠬᠢᠭᠰᠡᠨ ᠪᠠᠶᠢᠳᠠᠭ᠃ᠡᠳᠡᠭᠡᠷ ᠣᠯᠳᠠᠪᠤᠷᠢ ᠨᠤᠭᠤᠳ ᠳᠣᠲᠣᠷ᠎ᠠ ᠲᠣᠮᠣ ᠴᠢᠯᠠᠭᠤ᠂ ᠴᠢᠯᠠᠭᠤᠨ ᠤ ᠬᠡᠯᠲᠡᠷᠬᠡᠢ᠂ ᠴᠠᠬᠢᠭᠤᠷ ᠴᠢᠯᠠᠭᠤ ᠪᠠᠭᠠᠳᠬᠤ ᠠᠭᠠᠳ ᠵᠢᠵᠢᠭ ᠬᠡᠯᠲᠡᠷᠬᠡᠢ ᠶᠢ ᠲᠡᠳᠦᠶᠢᠯᠡᠨ ᠠᠰᠢᠭᠯᠠᠳᠠᠭ ᠦᠭᠡᠢ ᠭᠣᠣᠯᠳᠠᠭᠤ ᠴᠠᠬᠢᠭᠤᠷ ᠴᠢᠯᠠᠭᠤ ᠪᠣᠯᠤᠨ ᠲᠣᠮᠣ ᠴᠢᠯᠠᠭᠤ ᠶᠢ ᠥᠷᠭᠡᠨ ᠢᠶᠡᠷ ᠠᠰᠢᠭᠯᠠᠵᠤ ᠪᠠᠶᠢᠴᠠᠢ᠃ "ᠣᠯᠠᠳᠪᠤᠩᠴᠢ ᠨᠤᠭᠤᠳ ᠤᠨ ᠥᠷᠭᠡᠨ ᠬᠡᠷᠡᠭᠯᠡᠭᠡ ᠨᠢ ᠵᠢᠵᠢᠭ ᠴᠠᠬᠢᠭᠤᠷ ᠴᠢᠯᠠᠭᠤ ᠪᠠᠶᠢᠭᠰᠠᠨ" "ᠭᠣᠣᠯ ᠤᠨ ᠮᠥᠯᠢᠭᠡᠷ ᠴᠢᠯᠠᠭᠤ ᠶᠢ ᠬᠡᠯᠪᠡᠷᠢ ᠳᠦ ᠣᠷᠣᠭᠤᠯᠵᠤ ᠲᠥᠷᠥᠯ ᠪᠦᠷᠢ ᠶᠢᠨ ᠪᠠᠲᠤ ᠪᠡᠬᠢ ᠠᠯᠤᠬ᠎ᠠ ᠴᠣᠬᠢᠭᠤᠷ ᠬᠢᠳᠡᠭ ᠪᠠᠶᠢᠴᠠᠢ᠃》 《ᠮᠥᠯᠢᠭᠡᠷ ᠴᠢᠯᠠᠭᠤᠨ ᠪᠠᠭᠠᠵᠢ ᠬᠡᠷᠡᠭᠰᠡᠯ ᠦᠨ ᠪᠦᠲᠦᠴᠡ ᠶᠢ ᠠᠪᠤᠭᠠᠳ ᠦᠵᠡᠬᠦ ᠪᠡᠷ ᠶᠠᠭ ᠲᠤᠬᠠᠶᠢᠯᠠᠭᠰᠠᠨ ᠨᠢᠭᠡ ᠵᠦᠢᠯ ᠳᠦ ᠠᠰᠢᠭᠯᠠᠳᠠᠭ ᠦᠭᠡᠢ ᠮᠡᠲᠦ᠃ 》 ᠭᠡᠰᠡᠨ ᠬᠡᠳᠦᠢ ᠴᠤ ᠶᠠᠮᠠᠷ ᠨᠢᠭᠡ ᠵᠣᠷᠢᠯᠭ᠎ᠠ ᠦᠭᠡᠢ ᠪᠦᠲᠦᠭᠡᠨ᠎ᠡ ᠭᠡᠵᠦ ᠪᠠᠶᠢᠬᠤ ᠦᠭᠡᠢ ᠰᠢᠦ ᠳ᠋ᠡ᠃ 《ᠮᠥᠯᠢᠭᠡᠷ ᠴᠢᠯᠠᠭᠤ ᠶᠢ ᠵᠦᠰᠦᠬᠦ᠂ ᠬᠠᠭᠠᠯᠬᠤ᠂ ᠪᠤᠲᠠᠯᠠᠬᠤ ᠭᠡᠬᠦ ᠮᠡᠲᠦ ᠣᠯᠠᠨ ᠶᠠᠩᠵᠤ ᠪᠠᠷ ᠬᠡᠷᠡᠭᠯᠡᠵᠦ ᠪᠣᠯᠬᠤ ᠴᠤ᠃.. ᠬᠤᠷᠴᠠ ᠢᠷᠮᠡᠭ ᠲᠡᠢ ᠴᠢᠯᠠᠭᠤ ᠶᠢ ᠪᠣᠳᠣᠪᠠᠯ ᠬᠠᠮᠢᠶ᠎ᠠ ᠦᠭᠡᠢ ᠪᠦᠲᠦᠭᠡᠮᠵᠢ ᠪᠠᠭ᠎ᠠ ᠲᠠᠢ᠃ ᠣᠯᠠᠳᠪᠤᠩᠴᠢ ᠨᠤᠭᠤᠳ ᠮᠣᠳᠧ 1 ᠬᠡᠯᠪᠡᠷᠢ ᠶᠢᠨ ᠪᠠᠭᠠᠵᠢ ᠵᠡᠪᠰᠡᠭ ᠢ ᠴᠣᠬᠢᠭᠤᠷ ᠤᠨ ᠲᠧᠭᠨᠣᠯᠣᠭᠢ ᠭᠡᠵᠦ ᠨᠡᠷᠡᠯᠡᠳᠡᠭ᠃ ᠡᠳᠡᠭᠡᠷ ᠪᠠᠭᠠᠵᠢ ᠵᠡᠪᠰᠡᠭ ᠨᠢ ᠠᠳᠬᠤᠬᠤ ᠳᠤ ᠵᠣᠷᠢᠭᠤᠯᠤᠭᠰᠠᠨ ᠮᠣᠬᠣᠭ᠎ᠠ ᠨᠢᠭᠡ ᠲᠠᠯ᠎ᠠ ᠲᠠᠢ ᠪᠥᠭᠡᠳ ᠶᠠᠮᠠᠷ ᠨᠢᠭᠡ ᠵᠦᠢᠯ ᠢ ᠴᠣᠬᠢᠬᠤ ᠳᠤ ᠲᠣᠬᠢᠷᠠᠮᠵᠢᠲᠠᠢ ᠪᠠᠶᠢᠵᠤ᠃ ᠮᠣᠳᠧ 1 ᠪᠠᠭᠠᠵᠢ ᠵᠡᠪᠰᠡᠭ ᠡᠴᠡ ᠬᠥᠬᠥᠲᠡᠨ ᠠᠮᠢᠲᠠᠨ ᠤ ᠴᠢᠰᠤ ᠢᠯᠡᠷᠡᠭᠰᠡᠨ ᠪᠥᠭᠡᠳ ᠡᠳᠡᠭᠡᠷ ᠪᠠᠭᠠᠵᠢ ᠵᠡᠪᠰᠡᠭ ᠢᠶᠡᠷ ᠢᠶᠡᠨ ᠠᠮᠢᠲᠠᠨ ᠠᠩᠨᠠᠵᠤ᠂ ᠨᠢᠳᠤᠯᠠᠳᠠᠭ ᠪᠠᠶᠢᠭᠰᠠᠨ ᠭᠡᠰᠡᠨ ᠨᠣᠲᠠᠯᠠᠭ᠎ᠠ ᠶᠤᠮ᠃ 》 ᠪᠠᠰᠠ ᠨᠢᠭᠡ ᠣᠨᠴᠠᠯᠢᠭ ᠨᠢ ᠮᠣᠳᠧ 1 ᠪᠠᠭᠠᠵᠢ ᠵᠡᠪᠰᠡᠭ ᠢ ᠬᠦᠮᠦᠨ ᠦ ᠬᠥᠭᠵᠢᠯ ᠦᠨ ᠠᠯᠢ ᠱᠠᠲᠤᠨ ᠳᠤ ᠬᠢᠵᠦ ᠪᠠᠶᠢᠭᠰᠠᠨ ᠨᠢ ᠲᠣᠳᠣᠷᠬᠠᠢ ᠦᠭᠡᠢ ᠴᠤ ᠳᠡᠶᠢᠯᠦᠩᠬᠢ ᠶᠢ ᠨᠢ ᠬᠣᠮᠣ ᠬᠠᠪᠢᠯᠢᠰ ᠤᠳ ᠬᠢᠵᠦ ᠪᠠᠶᠢᠭᠰᠠᠨ ᠭᠡᠵᠦ ᠲᠠᠭᠠᠮᠠᠭᠯᠠᠳᠠᠭ᠃ ᠭᠡᠬᠦ ᠳᠦ ᠪᠡᠨ ᠡᠨᠡ ᠵᠡᠪᠰᠡᠭ ᠡᠮᠦᠨᠡᠬᠢ ᠦᠶᠡᠰ ᠥᠪᠯᠡᠭᠳᠡᠨ ᠬᠥᠭᠵᠢᠵᠦ ᠢᠷᠡᠭᠰᠡᠨ ᠭᠡᠵᠦ ᠬᠡᠯᠡᠬᠦ ᠪᠣᠯᠤᠮᠵᠢ ᠦᠭᠡᠢ᠃ ᠱᠠᠮᠫᠠᠨᠽᠧᠨ ᠨᠤᠭᠤᠳ ᠵᠡᠷᠯᠢᠭ ᠪᠠᠶᠢᠭᠠᠯᠢ ᠠᠴᠠ ᠬᠣᠭᠣᠯᠠ ᠬᠦᠨᠡᠰᠦ ᠪᠡᠨ ᠪᠡᠯᠡᠳᠬᠡᠬᠦ ᠳᠦ ᠪᠡᠨ ᠮᠣᠳᠧ 1 ᠲᠥᠷᠥᠯ ᠳᠦ ᠪᠠᠭᠠᠳᠬᠤ ᠪᠠᠷ ᠴᠢᠯᠠᠭᠤᠨ ᠪᠠᠭᠠᠵᠢ ᠠᠰᠢᠭᠯᠠᠳᠠᠭ᠃ ᠮᠠᠭᠠᠳ ᠦᠭᠡᠢ ᠣᠯᠠᠳᠪᠤᠩᠴᠢ ᠨᠤᠭᠤᠳ ᠲᠤ ᠡᠳᠡᠭᠡᠷ ᠪᠠᠭᠠᠵᠢ ᠬᠡᠷᠡᠭᠰᠡᠯ ᠪᠦᠷ ᠡᠷᠲᠡ ᠳᠡᠭᠡᠷ᠎ᠡ ᠦᠶᠡᠰ ᠤᠯᠠᠮᠵᠢᠯᠠᠭᠳᠠᠨ ᠢᠷᠡᠭᠰᠡᠨ ᠪᠠᠶᠢᠵᠤ ᠴᠤ ᠪᠣᠯᠬᠤ ᠶᠤᠮ᠃ ᠣᠯᠠᠳᠪᠤᠩᠴᠢ ᠨᠤᠭᠤᠳ ᠤᠨ ᠲᠡᠭᠦᠰᠬᠡᠯ ᠬᠣᠮᠣ ᠬᠠᠪᠢᠯᠢᠰ: ᠬᠣᠮᠣ ᠢᠷᠧᠺᠲᠤᠤᠰ ᠤᠨ ᠭᠠᠪᠠᠯᠠ ᠶᠢᠨ ᠶᠠᠰᠤ /KNM-ER 3733/ 1,78 ᠰᠠᠶ᠎ᠠ ᠵᠢᠯ ᠦᠨ ᠡᠮᠦᠨ᠎ᠡ ᠬᠠᠮᠢᠶᠠᠷᠤᠭᠳᠠᠬᠤ ᠪᠥᠭᠡᠳ ᠺᠧᠨᠢᠶ ᠠ ᠶᠢᠨ ᠺᠣᠣᠪᠢᠹᠣᠷᠤᠭ ᠠᠴᠠ ᠣᠯᠳᠠᠭᠰᠠᠨ᠃1,9 ᠰᠠᠶ᠎ᠠ ᠵᠢᠯ ᠦᠨ ᠡᠮᠦᠨᠡᠬᠢ ᠬᠦᠮᠦᠨ ᠦ ᠭᠠᠪᠠᠯᠠ ᠶᠢᠨ ᠶᠠᠰᠤᠨ ᠤ ᠬᠡᠯᠲᠡᠷᠬᠡᠢ / KNM-ER 2598/ ᠲᠡᠭᠦᠨ ᠡᠴᠡ ᠳᠤᠲᠠᠬᠤ ᠦᠭᠡᠢ ᠨᠤᠲᠠᠯᠠᠬᠤ ᠪᠠᠷᠢᠮᠲᠠ ᠪᠣᠯᠵᠤ ᠴᠢᠳᠠᠨ᠎ᠠ᠃ ᠠᠹᠷᠢᠺᠠ ᠶᠢᠨ ᠵᠡᠭᠦᠨ ᠬᠡᠰᠡᠭ ᠡᠴᠡ ᠣᠯᠳᠠᠭᠰᠠᠨ ᠬᠣᠮᠣ ᠬᠠᠪᠢᠯᠢᠰ᠂ ᠬᠣᠮᠣ ᠷᠦᠳᠣᠹᠧᠨᠰᠢᠰ ᠤᠨ ᠣᠯᠳᠠᠪᠤᠷᠢ ᠨᠤᠭᠤᠳ ᠨᠢ ᠫᠠᠯᠧᠣ ᠠᠨᠲᠷᠠᠫᠣᠯᠣᠭ ᠤᠨ ᠰᠢᠯᠵᠢᠯᠲᠡ ᠶᠢᠨ ᠦᠶ᠎ᠡ ᠶᠢ ᠢᠯᠡᠳᠬᠡᠳᠡᠭ ᠪᠠᠶᠢᠨ᠎ᠠ᠃

ᠫᠠᠯᠧᠣᠯᠢᠲ ᠦᠨ ᠳᠤᠮᠳᠠ ᠦᠶ᠎ᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠣᠣᠯ ᠥᠭᠦᠯᠡᠯ: ᠳᠤᠮᠳᠠ ᠫᠠᠯᠧᠣᠯᠢ ᠳᠤ

ᠡᠨᠡ ᠴᠠᠭ ᠦᠶ᠎ᠡ ᠨᠢ 300000-28000 ᠵᠢᠯ ᠦᠨ ᠡᠮᠦᠨᠡᠬᠢ ᠴᠠᠭ ᠦᠶ᠎ᠡ ᠶᠢ ᠬᠠᠮᠤᠷᠬᠤ ᠪᠥᠭᠡᠳ ᠧᠦ᠋ᠷᠣᠫᠠ᠂ ᠪᠠᠷᠠᠭᠤᠨ ᠬᠡᠰᠡᠭ ᠲᠦ ᠨᠶᠡᠨᠳᠧᠷᠲ᠋ᠠᠯ ᠤᠳ ᠣᠷᠣᠰᠢᠵᠤ ᠪᠠᠶᠢᠴᠠᠢ᠃

ᠳᠡᠭᠡᠳᠦ ᠫᠠᠯᠧᠣᠯᠢ ᠳᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠣᠣᠯ ᠥᠭᠦᠯᠡᠯ: ᠳᠡᠭᠡᠳᠦ ᠫᠠᠯᠧᠣᠯᠢ ᠳᠤ

ᠴᠢᠯᠠᠭᠤᠨ ᠵᠡᠪᠰᠡᠭ ᠦᠨ ᠳᠤᠮᠳᠠ ᠦᠶ᠎ᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠭᠣᠣᠯ ᠥᠭᠦᠯᠡᠯ: ᠮᠧᠽᠣᠯᠢ ᠳᠤ

ᠰᠢᠨ᠎ᠡ ᠴᠢᠯᠠᠭᠤᠨ ᠵᠡᠪᠰᠡᠭ ᠦᠨ ᠦᠶ᠎ᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠡᠳ᠋ ᠵᠦᠢᠯᠡᠰ ᠦᠨ ᠰᠤᠶᠤᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠠᠭᠠᠵᠢ ᠬᠡᠷᠡᠭᠰᠡᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠴᠢᠯᠠᠭᠤᠨ ᠪᠠᠭᠠᠵᠢ ᠬᠡᠷᠡᠭᠰᠡᠯ ᠢ ᠣᠯᠠᠨ ᠲᠥᠷᠥᠯ ᠦᠨ ᠴᠢᠯᠠᠭᠤ ᠪᠠᠷ ᠬᠢᠳᠡᠭ ᠪᠠᠶᠢᠵᠤ᠃ ᠵᠢᠱᠢᠶᠡᠯᠡᠪᠡᠯ ᠴᠠᠬᠢᠭᠤᠷ᠂ ᠴᠠᠬᠢᠭᠤᠷᠲᠤ ᠵᠠᠨᠠᠷ᠂ᠱᠠᠭᠠᠵᠠᠩ ᠴᠢᠯᠠᠭᠤ᠂ ᠡᠯᠡᠰᠦᠨ ᠦ ᠴᠢᠯᠠᠭᠤ᠂ ᠭᠠᠵᠠᠷ ᠤᠨ ᠴᠢᠯᠠᠭᠤ ᠶᠢ ᠬᠡᠯᠪᠡᠷᠢ ᠳᠦ ᠣᠷᠣᠭᠤᠯᠵᠤ᠂ ᠪᠠᠭᠠᠵᠢ ᠵᠡᠪᠰᠡᠭ ᠬᠢᠨ᠎ᠡ᠃ ᠮᠣᠳᠣ᠂ ᠶᠠᠰᠤ᠂ ᠬᠠᠯᠢᠰᠤ᠂ ᠪᠤᠭᠤ ᠶᠢᠨ ᠡᠪᠡᠷ ᠵᠡᠷᠭᠡ ᠪᠤᠰᠤᠳ ᠮᠠᠲ᠋ᠧᠷᠢᠶᠠᠯ ᠢ ᠴᠤ ᠪᠠᠰᠠ ᠥᠷᠭᠡᠨ ᠢᠶᠡᠷ ᠠᠰᠢᠭᠯᠠᠵᠤ ᠢᠷᠡᠵᠡᠢ᠃ ᠬᠦᠮᠦᠰ ᠡᠷᠲᠡ ᠴᠠᠭ ᠠᠴᠠ ᠡᠳᠦᠭᠡ ᠶᠢ ᠬᠦᠷᠲᠡᠯ᠎ᠡ ᠰᠢᠪᠠᠷ ᠢᠶᠠᠷ ᠸᠠᠭᠠᠷᠤᠨ ᠡᠳ᠋ᠯᠡᠯ ᠬᠢᠵᠦ ᠡᠳᠦᠷ ᠲᠤᠲᠤᠮ ᠤᠨ ᠠᠮᠢᠳᠤᠷᠠᠯ ᠳᠤ ᠪᠠᠨ ᠬᠡᠷᠡᠭᠯᠡᠭᠰᠡᠭᠡᠷ ᠢᠷᠡᠭᠰᠡᠨ ᠪᠠᠶᠢᠨ᠎ᠠ᠃ ᠵᠡᠷᠯᠢᠭ ᠠᠮᠢᠲᠠᠳ ᠢ ᠭᠡᠷᠰᠢᠭᠦᠯᠦᠨ ᠲᠡᠵᠢᠭᠡᠵᠦ ᠡᠬᠢᠯᠡᠭᠰᠡᠨ ᠲᠡᠷᠡ ᠴᠠᠭ ᠦᠶᠡᠰ ᠭᠠᠵᠠᠷ ᠲᠠᠷᠢᠶᠠᠯᠠᠩ ᠬᠥᠭᠵᠢᠭᠰᠡᠨ ᠭᠡᠵᠦ ᠲᠡᠦᠬᠡᠴᠢᠳ ᠦᠵᠡᠳᠡᠭ᠃ ᠵᠠᠷᠢᠮ ᠪᠡᠴᠢᠨ ᠦ ᠲᠥᠷᠥᠯ ᠵᠦᠢᠯ᠂ ᠳᠠᠯᠠᠢ ᠶᠢᠨ ᠮᠢᠨᠵᠢ ᠵᠡᠷᠭᠡ ᠠᠮᠢᠲᠠᠳ ᠴᠢᠯᠠᠭᠤ ᠶᠢ ᠪᠠᠭᠠᠵᠢ ᠬᠡᠷᠡᠭᠰᠡᠯ ᠪᠣᠯᠭᠠᠨ ᠠᠰᠢᠭᠯᠠᠳᠠᠭ᠃ ᠲᠡᠭᠦᠪᠡᠷ ᠪᠠᠷᠠᠬᠤ ᠦᠭᠡᠢ ᠪᠡᠴᠢᠨ ᠨᠦᠭᠦᠳ ᠴᠢᠯᠠᠭᠤ ᠶᠢ ᠵᠠᠰᠠᠴᠢ ᠪᠠᠭᠠᠵᠢ ᠬᠡᠷᠡᠭᠰᠡᠯ ᠪᠣᠯᠭᠠᠳᠠᠭ ᠪᠠᠶᠢᠨ᠎ᠠ᠃ ᠡᠨᠡ ᠴᠢᠳᠠᠪᠤᠷᠢ ᠨᠢ ᠬᠦᠮᠦᠨ ᠪᠣᠯᠤᠭᠠᠳ ᠰᠠᠷᠮᠠᠭᠴᠢᠨ ᠤ ᠬᠤᠪᠢ ᠳᠤ ᠠᠮᠢᠳᠤ ᠦᠯᠦ ᠳᠦ ᠬᠢ ᠭᠠᠷᠴᠠ᠂ ᠪᠠᠶᠢᠭᠠᠯᠢ ᠶᠢᠨ ᠰᠢᠯᠭᠠᠷᠠᠯ ᠤᠨ ᠶᠠᠪᠤᠴᠠ ᠳᠤ ᠪᠤᠢ ᠪᠣᠯᠳᠠᠭ ᠴᠢᠳᠠᠪᠤᠷᠢ ᠭᠡᠵᠦ ᠪᠣᠯᠤᠨ᠎ᠠ᠃ ᠬᠦᠮᠦᠨ ᠪᠣᠯᠤᠭᠠᠳ ᠪᠡᠴᠢᠨ ᠦ ᠲᠥᠷᠥᠯ ᠵᠦᠢᠯ ᠦᠨ ᠠᠮᠢᠲᠠᠳ ᠤᠨ ᠠᠨᠠᠲ᠋ᠣᠮ ᠤᠨ ᠪᠦᠲᠦᠴᠡ ᠨᠢ ᠡᠷᠡᠬᠡᠢ ᠬᠤᠷᠤᠭᠤ ᠲᠣᠮ ᠲᠠᠢ ᠶᠠᠮᠠᠷ ᠨᠢᠭᠡ ᠵᠦᠢᠯ ᠢ ᠰᠠᠶᠢᠨ ᠠᠳᠬᠤᠵᠤ᠂ ᠪᠠᠷᠢᠬᠤ ᠳᠤ ᠵᠣᠷᠢᠭᠤᠯᠤᠭᠰᠠᠨ ᠪᠠᠶᠢᠳᠠᠭ᠃

ᠬᠣᠭᠣᠯᠠ ᠬᠦᠨᠡᠰᠦ[ᠵᠠᠰᠠᠪᠤᠷᠢᠯᠠᠬᠤ | ᠺᠣᠳ᠋ ᠢᠶᠠᠷ ᠵᠠᠰᠠᠬᠣ]

ᠬᠠᠭᠤᠴᠢᠨ ᠴᠢᠯᠠᠭᠤᠨ ᠵᠡᠪᠰᠡᠭ ᠦᠨ ᠦᠶ᠎ᠡ ᠳᠦ ᠬᠦᠮᠦᠰ ᠵᠡᠷᠯᠢᠭ ᠤᠷᠭᠤᠮᠠᠯ᠂ ᠠᠮᠢᠲᠠᠳ ᠢᠶᠠᠷ ᠬᠣᠭᠣᠯᠠᠯᠠᠳᠠᠭ ᠪᠠᠶᠢᠯ᠎ᠠ᠃ ᠲᠡᠳᠡ ᠵᠡᠷᠯᠢᠭ ᠠᠮᠢᠲᠠᠳ ᠤᠨ ᠡᠯᠢᠭᠡ᠂ ᠪᠥᠭᠡᠷ᠎ᠡ᠂ ᠲᠠᠷᠢᠬᠢ ᠭᠡᠬᠦ ᠮᠡᠲᠦ ᠡᠳ᠋ ᠡᠷᠬᠡᠲᠡᠨ ᠨᠦᠭᠦᠳ ᠦᠨ ᠮᠢᠬᠠᠨ ᠳᠤ ᠳᠤᠷᠠᠲᠠᠢ ᠪᠠᠶᠢᠴᠠᠢ᠃ ᠭᠠᠵᠠᠷ ᠲᠠᠷᠢᠶᠠᠯᠠᠩ ᠡᠷᠬᠡᠯᠡᠬᠦ ᠡᠴᠡ ᠡᠮᠦᠨ᠎ᠡ ᠬᠦᠮᠦᠨ ᠲᠥᠷᠥᠯᠬᠢᠲᠡᠨ ᠦ ᠬᠣᠭᠣᠯᠠ ᠬᠦᠨᠡᠰᠦᠨ ᠳᠦ ᠪᠡᠨ ᠬᠠᠮᠤᠭ ᠤᠨ ᠥᠷᠭᠡᠨ ᠢᠶᠡᠷ ᠬᠡᠷᠡᠭᠯᠡᠳᠡᠭ ᠤᠷᠭᠤᠮᠠᠯ ᠨᠢ ᠲᠣᠮᠣ ᠦᠷ᠎ᠡ ᠳᠦ ᠱᠣᠰᠢᠨ ᠤ ᠲᠥᠷᠥᠯ ᠦᠨ ᠤᠷᠭᠤᠮᠠᠯ ᠪᠠᠶᠢᠯ᠎ᠠ᠃ ᠡᠭᠦᠨ ᠦ ᠨᠣᠲᠠᠯᠠᠭ᠎ᠠ ᠨᠢ ᠢᠽᠠᠷᠢᠯ ᠦᠨ ᠺᠧᠪᠠᠷᠠ ᠠᠭᠤᠢ ᠠᠴᠠ ᠣᠯᠳᠠᠵᠠᠢ᠃ ᠬᠦᠮᠦᠨ ᠲᠥᠷᠥᠯᠬᠢᠲᠡᠨ 23000 ᠵᠢᠯ ᠦᠨ ᠡᠮᠦᠨ᠎ᠡ ᠡᠴᠡ ᠵᠡᠷᠯᠢᠭ ᠦᠷ᠎ᠡ ᠲᠠᠷᠢᠶ᠎ᠠ᠂ ᠪᠤᠭᠤᠳᠠᠢ ᠬᠡᠷᠡᠭᠯᠡᠵᠦ ᠪᠠᠶᠢᠭᠰᠠᠨ ᠭᠡᠰᠡᠨ ᠪᠠᠷᠢᠮᠲᠠ ᠣᠯᠳᠠᠭᠰᠠᠨ ᠪᠠᠶᠢᠨ᠎ᠠ᠃ ᠮᠥᠰᠥᠲᠥᠯᠭᠡ ᠶᠢᠨ ᠦᠶ᠎ᠡ ᠡᠬᠢᠯᠡᠬᠦ ᠡᠴᠡ ᠡᠮᠦᠨ᠎ᠡ 15000-9000 ᠵᠢᠯ ᠦᠨ ᠡᠮᠦᠨ᠎ᠡ ᠠᠽᠢᠶ᠎ᠠ᠂ ᠧᠦ᠋ᠷᠣᠫᠠ᠂ ᠬᠣᠶᠢᠳᠤ ᠠᠮᠧᠷᠢᠺᠠ᠂ ᠠᠦᠢᠰᠲ᠋ᠷᠯᠢᠶ᠎ᠠ ᠶᠢᠨ ᠬᠡᠰᠡᠭ ᠢᠶᠡᠷ ᠠᠪᠤᠷᠭᠤ ᠠᠷᠰᠯᠠᠨ ᠵᠠᠭᠠᠨ ᠨᠤᠭᠤᠳ ᠠᠮᠢᠳᠤᠷᠠᠵᠤ ᠪᠠᠶᠢᠭᠰᠠᠨ ᠨᠢ ᠲᠣᠭᠲᠠᠭᠠᠭᠳᠠᠵᠠᠢ᠃ ᠮᠥᠰᠥᠲᠥᠯᠭᠡ ᠪᠣᠯᠵᠤ ᠠᠮᠢᠲᠠᠨ ᠠᠷᠢᠶᠠᠲᠠᠨ ᠮᠥᠬᠦᠭᠰᠡᠨ ᠢᠶᠡᠷ ᠬᠦᠮᠦᠨ ᠲᠥᠷᠥᠯᠬᠢᠲᠡᠨ ᠠᠮᠢ ᠦᠯᠡᠳᠡᠬᠦ ᠶᠢᠨ ᠲᠤᠯᠠᠳᠠ ᠭᠠᠵᠠᠷ ᠲᠠᠷᠢᠶᠠᠯᠠᠩ ᠡᠷᠬᠢᠯᠡᠵᠦ᠂ ᠤᠷᠭᠤᠮᠠᠯ ᠨᠣᠭᠣᠭ᠎ᠠ ᠶᠢ ᠬᠦᠨᠡᠰᠦᠨ ᠳᠦ ᠪᠡᠨ ᠥᠷᠭᠡᠨ ᠢᠶᠡᠷ ᠠᠰᠢᠭᠯᠠᠵᠤ ᠡᠬᠢᠯᠡᠵᠡᠢ᠃

ᠬᠣᠷᠭᠣ ᠳᠤ ᠬᠢ ᠪᠠᠶᠢᠷᠢ ᠪᠣᠯᠤᠨ ᠠᠮᠢᠳᠤᠷᠠᠳᠠᠭ ᠭᠠᠵᠠᠷ[ᠵᠠᠰᠠᠪᠤᠷᠢᠯᠠᠬᠤ | ᠺᠣᠳ᠋ ᠢᠶᠠᠷ ᠵᠠᠰᠠᠬᠣ]

ᠠᠹᠷᠢᠺᠠ ᠶᠢᠨ ᠵᠡᠭᠦᠨ ᠬᠡᠰᠡᠭ ᠲᠦ ᠣᠶᠢᠷᠠᠯᠴᠠᠭ᠎ᠠ ᠪᠠᠷ 2 ᠰᠠᠶ᠎ᠠ ᠵᠢᠯ ᠦᠨ ᠲᠡᠷᠲᠡᠭᠡ ᠬᠣᠮᠣᠬᠠᠪᠢᠯᠢᠰ ᠤᠳ ᠬᠠᠮᠤᠭ ᠤᠨ ᠠᠩᠬ᠎ᠠ ᠣᠷᠣᠮᠵᠢ ᠪᠠᠷᠢᠵᠤ ᠪᠠᠶᠢᠭᠰᠠᠨ ᠭᠡᠵᠦ ᠦᠵᠡᠳᠡᠭ᠃ ᠮᠣᠳᠣᠨ ᠤ ᠮᠥᠴᠢᠷ᠂ ᠴᠢᠯᠠᠭᠤ ᠶᠢ ᠡᠪᠯᠡᠭᠦᠯᠦᠨ ᠥᠷᠢᠵᠦ ᠣᠷᠣᠮᠵᠢ ᠪᠠᠨ ᠪᠠᠷᠢᠳᠠᠭ ᠪᠠᠶᠢᠴᠠᠢ᠃ ᠹᠷᠠᠨᠼᠢ ᠶᠢᠨ ᠲᠧᠷᠷᠠ ᠠᠮᠠᠲ ᠠᠴᠠ ᠲᠡᠭᠦᠨ ᠲᠡᠢ ᠢᠵᠢᠯ ᠲᠥᠰᠲᠡᠢ ᠴᠢᠯᠠᠭᠤᠨ ᠣᠷᠣᠮᠵᠢ ᠣᠯᠳᠠᠭᠰᠠᠨ ᠪᠥᠭᠡᠳ 380 ᠮᠢᠩᠭᠠᠨ ᠵᠢᠯ ᠦᠨ ᠨᠠᠰᠤᠲᠠᠢ ᠬᠡᠮᠡᠨ ᠦᠵᠡᠳᠡᠭ᠃ ᠴᠢᠯᠠᠭᠤᠨ ᠵᠡᠪᠰᠡᠭ ᠦᠨ ᠦᠶ᠎ᠡ ᠳᠦ ᠬᠠᠮᠢᠶᠠᠷᠬᠤ ᠣᠷᠣᠮᠵᠢ ᠨᠤᠭᠤᠳ ᠳᠡᠯᠡᠬᠡᠢ ᠶᠢᠨ ᠥᠨᠴᠥᠭ ᠪᠤᠯᠤᠨ ᠪᠦᠷᠢ ᠡᠴᠡ ᠶᠠᠩᠵᠤ ᠶᠠᠩᠵᠤ ᠪᠠᠷ ᠢᠶᠠᠨ ᠣᠯᠳᠠᠵᠠᠢ᠃

- ᠹᠷᠠᠨᠼᠢ ᠶᠢᠨ ᠭᠷᠣᠲ᠋ᠠᠲ᠋ᠧ ᠳᠤ ᠯᠠᠵᠠᠷᠧᠲ ᠤᠨ ᠠᠭᠤᠢ ᠠᠴᠠ ᠮᠠᠶᠢᠬᠠᠨ ᠬᠡᠯᠪᠡᠷᠢ ᠲᠡᠢ ᠣᠷᠣᠮᠵᠢ ᠣᠯᠳᠠᠵᠠᠢ᠃

- ᠴᠧᠬᠡ ᠶᠢᠨ ᠳᠣᠯᠣᠨᠢ ᠮᠦᠢᠰᠲᠠᠨᠢᠰ ᠬᠡᠮᠡᠬᠦ ᠭᠠᠵᠠᠷ ᠠᠴᠠ ᠮᠠᠨ ᠤ ᠡᠷᠡᠨ ᠦ ᠡᠮᠦᠨ᠎ᠡ 23000 ᠵᠢᠯ ᠳᠤ ᠬᠠᠮᠢᠶᠠᠷᠬᠤ ᠮᠣᠳᠣᠨ ᠳᠡᠭᠡᠪᠦᠷ ᠲᠡᠢ ᠬᠠᠨ ᠢ ᠨᠢ ᠴᠢᠯᠠᠭᠤ ᠰᠢᠪᠠᠷ ᠢᠶᠠᠷ ᠥᠷᠢᠰᠦᠨ ᠣᠷᠣᠮᠵᠢ ᠣᠯᠳᠠᠭᠰᠠᠨ ᠪᠠᠶᠢᠨ᠎ᠠ᠃

- ᠧᠦᠢᠷᠣᠫᠠ ᠶᠢᠨ ᠵᠡᠭᠦᠨ ᠬᠡᠰᠡᠭ᠂ ᠰᠢᠪᠢᠷ ᠡᠴᠡ ᠬᠥᠬᠥᠲᠡᠨ ᠠᠮᠢᠲᠠᠳ ᠤᠨ ᠶᠠᠰᠤ ᠪᠠᠷ ᠬᠢᠭᠰᠡᠨ ᠤᠷᠤᠴᠠ ᠣᠯᠠᠨ ᠢᠶᠠᠷ ᠢᠶᠠᠨ ᠣᠯᠳᠠᠭᠰᠠᠨ᠃ ᠡᠭᠦᠨ ᠡᠴᠡ ᠦᠵᠡᠪᠡᠯ ᠡᠨᠡᠬᠦ ᠤᠷᠴᠠᠨ ᠤ ᠡᠵᠡᠳ ᠬᠥᠬᠥᠲᠡᠨ ᠠᠮᠢᠲᠠᠳ ᠢ ᠠᠩᠨᠠᠳᠠᠭ ᠪᠠᠶᠢᠭᠰᠠᠨ ᠭᠡᠵᠦ ᠳ᠋ᠦᠩᠨᠡᠵᠦ ᠪᠣᠯᠤᠨ᠎ᠠ᠃ ᠤᠺᠷᠢᠶᠠᠨ ᠤ ᠳᠨᠧᠫᠷ ᠲᠣᠰᠬᠣᠨ᠂ ᠴᠧᠷᠨᠢᠬᠢᠪ᠂ ᠮᠣᠷᠠᠪᠢ ᠪᠠᠨ᠂ ᠴᠧᠬ᠂ ᠡᠮᠦᠨᠡᠲᠦ ᠫᠣᠯᠣᠰᠢ ᠤᠯᠤᠰ ᠠᠴᠠ ᠡᠶᠢᠮᠦ ᠤᠷᠤᠴᠠ ᠣᠯᠳᠠᠵᠠᠢ᠃

- ᠹᠷᠠᠨᠼᠢ ᠶᠢᠨ ᠫᠯᠠᠲᠢᠶᠠᠤ ᠫᠠᠷᠠᠶᠢᠨ ᠠᠴᠠ ᠮᠠᠨ ᠤ ᠡᠷᠡᠨ ᠦ ᠡᠮᠦᠨ᠎ᠡ 15000-10000 ᠣᠨ ᠳᠤ ᠬᠠᠮ ᠢᠶᠠᠷ ᠬᠢ ᠠᠮᠢᠲᠠᠳ ᠤᠨ ᠰᠠᠷᠠᠪᠴᠢ ᠢᠯᠡᠷᠡᠭᠦᠯᠦᠭᠰᠡᠨ ᠪᠠᠶᠢᠨ᠎ᠠ᠃

- ᠰᠢᠨ᠎ᠡ ᠴᠢᠯᠠᠭᠤᠨ ᠵᠡᠪᠰᠡᠭ ᠦᠨ ᠦᠶ᠎ᠡ᠂ ᠬᠦᠷᠡᠯ ᠵᠡᠪᠰᠡᠭ ᠦᠨ ᠦᠶ᠎ᠡ ᠶᠢᠨ ᠣᠯᠠᠨ ᠥᠷᠥᠭᠡ ᠲᠡᠢ ᠴᠢᠯᠠᠭᠤᠨ ᠬᠠᠪᠲᠠᠩ ᠢᠶᠠᠷ ᠪᠣᠰᠬᠠᠭᠰᠠᠨ ᠪᠤᠩᠬᠤᠨ᠂ ᠨᠢᠭᠡ ᠥᠷᠥᠭᠡ ᠲᠡᠢ ᠠᠪᠤᠷᠭᠤ ᠲᠣᠮᠣ ᠴᠢᠯᠠᠭᠤ ᠪᠠᠷ ᠪᠣᠰᠬᠠᠭᠰᠠᠨ ᠪᠤᠩᠬᠤᠨ ᠨᠤᠭᠤᠳ ᠧᠦ᠋ᠷᠣᠫᠠ᠂ ᠠᠽᠢᠶ᠎ᠠ ᠠᠴᠠ ᠣᠯᠠᠨ ᠢᠶᠠᠷ ᠢᠶᠠᠨ ᠣᠯᠳᠠᠭᠰᠠᠨ ᠪᠠᠶᠢᠨ᠎ᠠ᠃

ᠤᠷᠠᠯᠢᠭ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠠᠯᠠᠷ ᠡᠷᠲᠡᠨ ᠦ ᠤᠷᠠᠯᠢᠭ ᠢ ᠪᠠᠭᠠᠵᠢ ᠬᠡᠷᠡᠭᠰᠡᠯ ᠦᠨ ᠲᠤᠰᠠᠯᠠᠮᠵᠢ ᠲᠠᠢ ᠪᠠᠷ ᠲᠣᠳᠣᠷᠬᠠᠶᠢᠯᠠᠬᠤ ᠪᠣᠯᠤᠮᠵᠢ ᠲᠠᠢ᠃ ᠪᠠᠯᠠᠷ ᠡᠷᠲᠡ ᠴᠠᠭ ᠲᠤ ᠬᠥᠭᠵᠢᠮ ᠠᠶᠠᠯᠭᠤ ᠪᠠᠶᠢᠭᠰᠠᠨ ᠭᠡᠳᠡᠭ ᠢ ᠬᠠᠨᠠᠨ ᠤ ᠰᠦᠭ ᠵᠤᠷᠭᠠᠨ ᠳᠡᠭᠡᠷ᠎ᠡ ᠳᠦᠷᠰᠦᠯᠡᠭᠰᠡᠨ ᠬᠥᠭᠵᠢᠮ ᠦᠨ ᠵᠢᠮᠰᠡᠭ ᠢᠶᠡᠷ ᠲᠣᠳᠣᠷᠬᠠᠶᠢᠯᠠᠵᠤ ᠪᠣᠯᠤᠨ᠎ᠠ᠃ ᠮᠥᠨ ᠬᠠᠳᠠ᠂ ᠴᠢᠯᠠᠭᠤᠨ ᠳᠡᠭᠡᠷᠡᠬᠢ ᠵᠢᠷᠤᠭ ᠢ ᠳᠦᠷᠰᠦᠯᠡᠬᠦ ᠤᠷᠠᠯᠢᠭ ᠤᠨ ᠡᠬᠢᠯᠡᠯ ᠭᠡᠵᠦ ᠦᠵᠡᠵᠦ ᠪᠣᠯᠤᠨ᠎ᠠ᠃ ᠮᠠᠭᠠᠳ ᠦᠭᠡᠢ ᠡᠳᠡᠭᠡᠷ ᠤᠷᠠᠯᠢᠭ ᠤᠨ ᠲᠥᠷᠥᠯ ᠳᠦ ᠱᠠᠰᠢᠨ ᠤ ᠬᠣᠯᠪᠣᠭᠳᠠᠯ ᠲᠠᠢ ᠵᠦᠢᠯ ᠪᠠᠶᠢᠭᠰᠠᠨ ᠪᠠᠶᠢᠵᠤ ᠴᠤ ᠪᠣᠯᠬᠤ ᠶᠤᠮ᠃

ᠰᠦᠭ ᠵᠢᠷᠤᠭ[ᠵᠠᠰᠠᠪᠤᠷᠢᠯᠠᠬᠤ | ᠺᠣᠳ᠋ ᠢᠶᠠᠷ ᠵᠠᠰᠠᠬᠣ]

ᠰᠦᠭ ᠵᠢᠷᠤᠭ ᠤᠳ ᠨᠢ ᠰᠢᠨ᠎ᠡ ᠴᠢᠯᠠᠭᠤᠨ ᠵᠡᠪᠰᠡᠭ ᠦᠨ ᠦᠶᠡᠰ ᠪᠤᠢ ᠪᠣᠯᠵᠠᠢ᠃ ᠰᠦᠭ ᠵᠢᠷᠤᠭ ᠭᠡᠳᠡᠭ ᠨᠢ ᠪᠠᠯᠠᠷ ᠡᠷᠲᠡᠨ ᠦ ᠬᠦᠮᠦᠰ ᠦᠨ ᠴᠢᠯᠠᠭᠤ᠂ ᠬᠠᠨᠠᠨ ᠳᠡᠭᠡᠷ᠎ᠡ ᠣᠯᠠᠨ ᠠᠷᠭ᠎ᠠ ᠪᠠᠷ ᠰᠡᠶᠢᠯᠵᠦ᠂ ᠤᠬᠠᠵᠤ ᠦᠯᠡᠳᠡᠭᠡᠭᠰᠡᠨ ᠳᠦᠷᠰᠦ ᠵᠢᠷᠤᠭ ᠶᠤᠮ᠃ ᠡᠳᠡᠭᠡᠷ ᠳᠦᠷᠰᠦ ᠵᠢᠷᠤᠭ ᠨᠢ ᠪᠢᠴᠢᠭ ᠦᠰᠦᠭ ᠡᠭᠦᠰᠬᠦ ᠡᠴᠡ ᠡᠮᠦᠨ᠎ᠡ ᠥᠷᠭᠡᠨ ᠢᠶᠡᠷ ᠠᠰᠢᠭᠯᠠᠭᠳᠠᠵᠤ ᠪᠠᠶᠢᠭᠰᠠᠨ᠃ ᠡᠷᠲᠡᠨ ᠦ ᠰᠦᠭ ᠵᠢᠷᠤᠭ ᠠᠽᠢᠶ᠎ᠠ᠂ ᠬᠣᠶᠢᠳᠤ ᠠᠮᠧᠷᠢᠺᠠ᠂ ᠡᠮᠦᠨᠡᠲᠦ ᠠᠮᠧᠷᠢᠺᠠ᠂ ᠧᠦ᠋ᠷᠣᠫᠠ ᠵᠡᠷᠭᠡ ᠭᠠᠵᠠᠷ ᠠᠴᠠ ᠣᠯᠠᠨ ᠢᠶᠠᠷ ᠣᠯᠳᠠᠵᠠᠢ᠃

ᠠᠭᠤᠢ ᠶᠢᠨ ᠰᠦᠭ ᠵᠢᠷᠤᠭ[ᠵᠠᠰᠠᠪᠤᠷᠢᠯᠠᠬᠤ | ᠺᠣᠳ᠋ ᠢᠶᠠᠷ ᠵᠠᠰᠠᠬᠣ]

ᠠᠯᠲᠠᠮᠠᠷᠢᠭ ᠤᠨ ᠠᠭᠤᠢ ᠠᠴᠠ ᠣᠯᠳᠠᠭᠰᠠᠨ ᠪᠤᠬ᠎ᠠ ᠭᠥᠷᠦᠭᠡᠰᠦᠨ ᠦ ᠵᠢᠷᠤᠭ ᠪᠣᠯ ᠬᠠᠮᠤᠭ ᠤᠨ ᠠᠯᠳᠠᠷᠲᠠᠢ ᠠᠭᠤᠢ ᠶᠢᠨ ᠰᠦᠭ ᠵᠢᠷᠤᠭ ᠶᠤᠮ᠃ ᠪᠠᠯᠠᠷ ᠡᠷᠲᠡᠨ ᠦ ᠦᠶ᠎ᠡ ᠶᠢᠨ ᠶᠡᠬᠡᠩᠬᠢ ᠠᠮᠢᠲᠠᠳ ᠠᠭᠤᠢ ᠳᠤ ᠳᠦᠷᠰᠦᠯᠡᠭᠳᠡᠨ ᠦᠯᠡᠳᠡᠵᠡᠢ᠃ ᠡᠭᠦᠨ ᠳᠦ ᠬᠣᠭᠣᠯᠠ ᠬᠦᠨᠡᠰᠦᠨ ᠳᠦ ᠪᠡᠨ ᠬᠡᠷᠡᠭᠯᠡᠳᠡᠭ ᠡᠰᠡᠪᠡᠯ ᠬᠦᠴᠦ ᠴᠢᠳᠠᠯ ᠢ ᠳᠦᠷᠰᠦᠯᠡᠨ ᠦᠵᠡᠭᠦᠯᠦᠭᠰᠡᠨ ᠭᠡᠵᠦ ᠲᠠᠭᠠᠮᠠᠭᠯᠠᠵᠤ ᠪᠤᠢ ᠴᠠᠭᠡᠪ ᠲᠦ ᠠᠭᠤᠢ ᠶᠢᠨ ᠬᠢᠷᠡᠰ᠂ ᠠᠪᠤᠷᠭᠤ ᠮᠤᠤᠷᠠᠨ ᠤ ᠰᠦᠭ ᠵᠢᠷᠤᠭ ᠪᠠᠭᠠᠳᠤᠨ᠎ᠠ᠃ ᠡᠳᠡᠭᠡᠷ ᠰᠦᠭ ᠵᠢᠷᠤᠭ ᠢ ᠴᠡᠭ ᠢᠶᠡᠷ ᠡᠰᠡᠪᠡᠯ ᠵᠢᠷᠤᠵᠤ ᠲᠡᠮᠳᠡᠭᠯᠡᠭᠰᠡᠨ ᠪᠠᠶᠢᠳᠠᠭ᠃ ᠬᠦᠮᠦᠰ ᠭᠠᠷ ᠢᠶᠠᠷ ᠢᠶᠠᠨ ᠵᠢᠷᠤᠳᠠᠭ ᠪᠠᠶᠢᠭᠰᠠᠨ ᠪᠥᠭᠡᠳ ᠠᠮᠢᠲᠠᠨ᠂ ᠬᠦᠮᠦᠨ ᠢ ᠲᠠᠯ᠎ᠠ ᠳᠦᠷᠰᠦᠯᠡᠳᠡᠭ ᠪᠠᠶᠢᠵᠤ᠃ ᠹᠷᠠᠨᠼᠢ ᠶᠢᠨ ᠴᠠᠭᠡᠪ ᠲᠦ ᠠᠭᠤᠢ ᠶᠢᠨ ᠰᠦᠭ ᠵᠢᠷᠤᠭ ᠤᠳ ᠨᠢ ᠮᠠᠨ ᠤ ᠡᠷᠡᠨ ᠦ ᠡᠮᠦᠨ᠎ᠡ 31000 ᠵᠢᠯ ᠳᠤ ᠬᠠᠮᠢᠶᠠᠷᠤᠭᠳᠠᠨ᠎ᠠ᠃ ᠢᠰᠫᠠᠨᠢ ᠶᠢᠨ ᠠᠯᠲᠠᠮᠠᠷ ᠠᠭᠤᠢ ᠶᠢᠨ ᠰᠦᠭ ᠵᠢᠷᠤᠭ ᠮᠠᠨ ᠤ ᠡᠷᠡᠨ ᠦ ᠡᠮᠦᠨ᠎ᠡ 14000-ᠮᠠᠨ ᠤ ᠡᠷᠡᠨ ᠦ ᠡᠮᠦᠨ᠎ᠡ 12000 ᠵᠢᠯ ᠦᠨ ᠡᠮᠦᠨ᠎ᠡ ᠪᠦᠲᠦᠭᠡᠭᠳᠡᠭᠰᠡᠨ ᠪᠥᠭᠡᠳ ᠪᠤᠬ᠎ᠠ ᠭᠥᠷᠥᠭᠡᠰᠦ ᠪᠣᠯᠤᠨ ᠪᠤᠰᠤᠳ ᠠᠮᠢᠲᠠᠳ ᠢ ᠳᠦᠷᠰᠦᠯᠡᠭᠰᠡᠨ ᠪᠠᠶᠢᠳᠠᠭ᠃ᠹᠷᠠᠨᠼᠢ ᠶᠢᠨ ᠯᠠᠰᠺᠠᠦ᠋ᠰ᠂ ᠳᠣᠷᠳᠣᠨᠧᠨ ᠪᠤᠬ᠎ᠠ ᠶᠢᠨ ᠰᠦᠭ ᠵᠢᠷᠤᠭ ᠮᠠᠨ ᠤ ᠡᠷᠡᠨ ᠦ ᠡᠮᠦᠨ᠎ᠡ 15000-ᠮᠠᠨ ᠤ ᠡᠷᠡᠨ ᠦ ᠡᠮᠦᠨ᠎ᠡ 10000 ᠵᠢᠯ ᠦᠨ ᠡᠮᠦᠨ᠎ᠡ ᠪᠦᠲᠦᠭᠡᠭᠳᠡᠭᠰᠡᠨ ᠪᠠᠶᠢᠨ᠎ᠠ᠃ ᠡᠳᠡᠭᠡᠷ ᠦᠯᠡᠳᠡᠵᠦ ᠬᠣᠴᠣᠷᠤᠭᠰᠠᠨ ᠰᠦᠭ ᠵᠢᠷᠤᠭ ᠤᠨ ᠤᠳᠬ᠎ᠠ ᠥᠨᠥ ᠬᠢᠷᠢ ᠨᠢ ᠲᠠᠶᠢᠯᠤᠭᠳᠠᠭ᠎ᠠ ᠦᠭᠡᠢ᠃ ᠮᠠᠭᠠᠳ ᠦᠭᠡᠢ ᠡᠭᠦᠨ ᠢ ᠶᠠᠮᠠᠷ ᠨᠢᠭᠡ ᠵᠠᠩ ᠦᠢᠯᠡ ᠳᠦ ᠵᠣᠷᠢᠭᠤᠯᠵᠤ ᠵᠢᠷᠤᠭᠰᠠᠨ ᠪᠠᠶᠢᠵᠤ ᠪᠣᠯᠤᠨ᠎ᠠ᠃ ᠡᠳᠡᠭᠡᠷ ᠠᠮᠢᠲᠠᠳ ᠢᠶᠠᠷ ᠲᠥᠯᠦᠭᠡᠯᠡᠭᠦᠯᠵᠦ ᠶᠠᠮᠠᠷ ᠨᠢᠭᠡ ᠵᠦᠢᠯ ᠢ ᠲᠡᠮᠳᠡᠭᠯᠡᠭᠰᠡᠨ ᠪᠠᠶᠢᠵᠤ ᠪᠣᠯᠵᠣᠰᠢ ᠦᠭᠡᠢ᠃ ᠯᠠᠰᠺᠠᠦ᠋ᠰ ᠤᠨ ᠠᠭᠤᠢ ᠶᠢᠨ ᠰᠦᠭ ᠵᠢᠷᠤᠭ ᠨᠢ ᠴᠠᠭ ᠲᠣᠭᠠᠯᠠᠯ ᠢ ᠲᠡᠮᠳᠡᠭᠯᠡᠭᠰᠡᠨᠭᠡᠰᠡᠨ ᠨᠣᠲᠠᠯᠠᠭ᠎ᠠ ᠬᠦᠷᠲᠡᠯ᠎ᠡ ᠪᠠᠶᠢᠳᠠᠭ᠃ ᠴᠢᠯᠠᠭᠤᠨ ᠵᠡᠪᠰᠡᠭ ᠦᠨ ᠳᠤᠮᠳᠠ ᠦᠶ᠎ᠡ ᠳᠦ ᠬᠠᠮᠢᠶᠠᠷᠤᠭᠳᠠᠬᠤ ᠰᠦᠭ ᠵᠢᠷᠤᠭ ᠤᠳ ᠨᠢ ᠶᠡᠬᠡᠬᠡᠨ ᠥᠭᠡᠷᠡᠴᠢᠯᠡᠭᠳᠡᠵᠦ᠂ ᠢᠯᠡᠭᠦᠦ ᠲᠣᠳᠣᠷᠬᠠᠢ ᠳᠦᠷᠰᠦᠯᠡᠬᠦ ᠪᠣᠯᠵᠠᠢ᠃ ᠡᠭᠦᠨ ᠦ ᠨᠢᠭᠡ ᠵᠢᠱᠢᠶ᠎ᠡ ᠪᠣᠯ ᠨᠤᠮᠤ ᠰᠤᠮᠤ ᠪᠠᠷᠢᠭᠰᠠᠨ ᠣᠮᠣᠭᠣ ᠨᠤᠭᠤᠳ ᠤᠨ ᠲᠤᠯᠤᠭᠠᠨ ᠢ ᠳᠦᠷᠰᠦᠯᠡᠭᠰᠡᠨ ᠰᠦᠭ ᠵᠢᠷᠤᠭ᠃ ᠢᠰᠫᠠᠨᠢ ᠶᠢᠨ ᠺᠠᠰᠲ᠋ᠧᠯᠯᠢᠨ ᠮᠤᠵᠢ ᠶᠢᠨ ᠰᠢᠩᠭᠡᠯᠧ ᠳᠧ ᠯᠠ ᠮᠣᠯ ᠠᠭᠤᠢ ᠶᠢᠨ ᠮᠠᠨ ᠤ ᠡᠷᠡᠨ ᠦ ᠡᠮᠦᠨ᠎ᠡ 7000-ᠮᠠᠨ ᠤ ᠡᠷᠡᠨ ᠦ ᠡᠮᠦᠨ᠎ᠡ 4000 ᠣᠨ ᠳᠤ ᠵᠢᠷᠤᠭᠳᠠᠭᠰᠠᠨ 《ᠳᠠᠪᠰᠢᠵᠤ ᠪᠤᠢ ᠳᠠᠶᠢᠴᠢᠳ》 ᠨᠡᠷ᠎ᠡ ᠲᠡᠢ ᠴᠢᠯᠠᠭᠤᠨ ᠰᠦᠭ ᠵᠢᠷᠤᠭ ᠳᠡᠭᠡᠷ᠎ᠡ 50 ᠣᠷᠴᠢᠮ ᠨᠤᠮᠤ ᠪᠠᠷᠢᠭᠰᠠᠨ ᠬᠣᠶᠠᠷ ᠪᠦᠯᠦᠭ ᠳᠠᠶᠢᠴᠢᠳ ᠥᠭᠡᠳᠡ ᠥᠭᠡᠳᠡ ᠡᠴᠡ ᠪᠡᠨ ᠨᠤᠮᠤ ᠰᠤᠮᠤ ᠠᠭᠰᠠᠨ ᠳᠠᠭᠠᠷᠢᠵᠤ ᠪᠤᠢ ᠵᠢᠷᠤᠭ ᠪᠠᠶᠢᠳᠠᠭ᠃ ᠵᠢᠷᠤᠭ ᠠᠴᠠ ᠦᠵᠡᠪᠡᠯ ᠲᠠᠪᠤᠨ ᠡᠷ᠎ᠡ ᠨᠢᠭᠡ ᠲᠠᠯ᠎ᠠ ᠶᠢ ᠲᠣᠯᠣᠭᠠᠶᠢᠯᠠᠬᠤ ᠪᠥᠭᠡᠳ ᠲᠡᠳᠡᠨ ᠦ ᠨᠢᠭᠡ ᠨᠢ ᠴᠢᠮᠡᠭᠯᠡᠭᠰᠡᠨ ᠥᠨᠳᠥᠷ ᠮᠠᠯᠠᠭᠠᠢ ᠡᠮᠦᠰᠦᠭᠰᠡᠨ ᠪᠠᠶᠢᠬᠤ ᠠᠵᠤ᠃ ᠵᠠᠷᠢᠮ ᠨᠢᠭᠡ ᠰᠦᠭ ᠵᠢᠷᠤᠭ ᠳᠡᠭᠡᠷ᠎ᠡ ᠡᠷᠡᠴᠦᠳ ᠲᠣᠯᠣᠭᠠᠢ ᠶᠢᠨ ᠡᠮᠦᠰᠬᠡᠯ᠂ ᠡᠪᠦᠳᠦᠭᠡᠨ ᠦ ᠬᠠᠮᠠᠭᠠᠯᠠᠯᠲᠠ ᠬᠢᠭᠰᠡᠨ ᠪᠠᠶᠢᠬᠤ ᠠᠭᠠᠳ ᠵᠠᠷᠢᠮ ᠨᠢ ᠶᠠᠮᠠᠷ ᠴᠤ ᠬᠠᠮᠠᠭᠠᠯᠠᠯᠲᠠ ᠦᠭᠡᠢ ᠨᠢᠴᠦᠭᠦᠨ ᠲᠤᠯᠤᠯᠳᠤᠬᠤ ᠠᠵᠡᠢ᠃ ᠵᠠᠷᠢᠮ ᠦᠢᠯᠡ ᠶᠠᠪᠤᠳᠠᠯ ᠢ ᠳᠠᠶᠢᠴᠢᠳ ᠦᠬᠦᠵᠦ᠂ ᠰᠢᠷᠬᠠᠲᠤᠭᠰᠠᠨ ᠡᠰᠡᠪᠡᠯ ᠰᠤᠮᠤᠨ ᠳᠤ ᠵᠢᠳᠠᠯᠠᠭᠳᠠᠭᠰᠠᠨ ᠪᠠᠶᠢᠳᠠᠯ ᠢᠶᠠᠷ ᠳᠦᠷᠰᠦᠯᠡᠵᠡᠢ᠃ ᠠᠯᠹ ᠦᠨ ᠨᠢᠷᠤᠭᠤᠨ ᠤ ᠮᠥᠰᠦᠨ ᠡᠴᠡ ᠣᠯᠳᠠᠭᠰᠠᠨ ᠮᠤᠮᠮᠢ ᠪᠤᠶᠤ ᠮᠥᠰᠦᠨ ᠬᠦᠮᠦᠨ ᠵᠡᠰ ᠵᠡᠪᠰᠡᠭ ᠦᠨ ᠦᠶ᠎ᠡ ᠳᠦ ᠬᠠᠮᠢᠶᠠᠷᠬᠤ ᠪᠥᠭᠡᠳ ᠨᠢᠷᠤᠭᠤᠨ ᠳᠤ ᠪᠠᠨ ᠰᠤᠮᠤᠨ ᠤ ᠰᠢᠷᠬ᠎ᠠ ᠠᠪᠴᠤ᠂ ᠴᠢᠰᠤ ᠠᠯᠳᠠᠵᠤ ᠨᠠᠰᠤ ᠪᠠᠷᠠᠭᠰᠠᠨ ᠪᠠᠶᠢᠨ᠎ᠠ᠃

ᠴᠢᠯᠠᠭᠤᠨ ᠵᠡᠪᠰᠡᠭ ᠦᠨ ᠦᠶ᠎ᠡ ᠶᠢᠨ ᠵᠠᠩ ᠦᠢᠯᠡ᠂ ᠢᠲᠡᠭᠡᠯ ᠦᠨᠡᠮᠰᠢᠯ[ᠵᠠᠰᠠᠪᠤᠷᠢᠯᠠᠬᠤ | ᠺᠣᠳ᠋ ᠢᠶᠠᠷ ᠵᠠᠰᠠᠬᠣ]

ᠣᠷᠴᠢᠨ ᠦᠶ᠎ᠡ ᠶᠢᠨ ᠰᠤᠳᠤᠯᠤᠭᠠᠴᠢᠳ ᠴᠢᠯᠠᠭᠤᠨ ᠵᠡᠪᠰᠡᠭ ᠦᠨ ᠦᠶ᠎ᠡ ᠳᠦ ᠬᠦᠮᠦᠰ ᠥᠪᠡᠷᠰᠡᠳ ᠦᠨ ᠵᠠᠩ ᠦᠢᠯᠡ᠂ ᠢᠲᠡᠭᠡᠯ ᠦᠨᠡᠮᠰᠢᠯᠲᠡᠢ ᠪᠠᠶᠢᠭᠰᠠᠨ ᠭᠡᠰᠡᠨ ᠳᠦᠩ ᠰᠢᠨᠵᠢᠯᠡᠭᠡ ᠬᠢᠭᠰᠡᠨ᠃ ᠲᠡᠳᠡ ᠬᠣᠭᠣᠯᠠ ᠬᠦᠨᠡᠰᠦ ᠡᠷᠢᠬᠦ ᠪᠡᠷ ᠶᠠᠪᠤᠬᠤ ᠳᠤ ᠪᠠᠨ ᠵᠠᠪᠠᠯ ᠵᠠᠩ ᠦᠢᠯᠡ ᠬᠢᠵᠦ᠂ ᠪᠡᠶᠡᠳᠡᠭᠡ ᠶᠠᠮᠠᠷ ᠨᠢᠭᠡ ᠵᠦᠢᠯᠡᠰ ᠠᠪᠴᠤ ᠶᠠᠪᠤᠳᠠᠭ ᠪᠠᠶᠢᠭᠰᠠᠨ ᠪᠠᠶᠢᠨ᠎ᠠ᠃ ᠡᠳᠡᠭᠡᠷ ᠵᠠᠩ ᠦᠢᠯᠡ ᠡᠴᠡ ᠬᠠᠮᠤᠭ ᠤᠨ ᠬᠦᠴᠦᠲᠡᠢ᠂ ᠰᠤᠶᠤᠯ ᠢᠷᠭᠡᠨᠰᠢᠯ ᠲᠡᠢ ᠬᠣᠯᠪᠣᠭᠠᠲᠠᠢ ᠣᠨᠴᠠᠯᠢᠭ ᠨᠢ ᠣᠷᠣᠰᠢᠭᠤᠯᠭ᠎ᠠ ᠶᠢᠨ ᠵᠠᠩ ᠦᠢᠯᠡ ᠪᠠᠶᠢᠴᠠᠢ᠃

ᠣᠷᠴᠢᠨ ᠦᠶ᠎ᠡ ᠶᠢᠨ ᠰᠤᠶᠤᠯ ᠪᠠ ᠴᠢᠯᠠᠭᠤᠨ ᠵᠡᠪᠰᠡᠭ ᠦᠨ ᠦᠶ᠎ᠡ[ᠵᠠᠰᠠᠪᠤᠷᠢᠯᠠᠬᠤ | ᠺᠣᠳ᠋ ᠢᠶᠠᠷ ᠵᠠᠰᠠᠬᠣ]

ᠴᠢᠯᠠᠭᠤᠨ ᠵᠡᠪᠰᠡᠭ ᠦᠨ ᠦᠶ᠎ᠡ ᠶᠢᠨ ᠳᠦᠷᠰᠦᠯᠡᠯ /ᠸᠢᠺᠲ᠋ᠣᠷ ᠸᠠᠰᠠᠩ ᠲᠤᠰᠪᠠ/[ᠵᠠᠰᠠᠪᠤᠷᠢᠯᠠᠬᠤ | ᠺᠣᠳ᠋ ᠢᠶᠠᠷ ᠵᠠᠰᠠᠬᠣ]

ᠵᠢᠷᠤᠭ ᠳᠡᠭᠡᠷᠡᠬᠢ ᠠᠭᠤᠢ ᠶᠢᠨ ᠬᠦᠮᠦᠰ ᠪᠣᠯ ᠴᠢᠯᠠᠭᠤᠨ ᠵᠡᠪᠰᠡᠭ ᠦᠨ ᠦᠶ᠎ᠡ ᠶᠢᠨ ᠬᠦᠮᠦᠰ ᠦᠨ ᠨᠡᠶᠢᠲᠡᠯᠢᠭ ᠳᠦᠷᠢ ᠶᠤᠮ᠃ 2003 ᠣᠨ ᠳᠤ ᠬᠢᠭᠳᠡᠭᠰᠡᠨ 《ᠠᠭᠤᠢ ᠶᠢᠨ ᠬᠦᠮᠦᠨ ᠲᠡᠢ ᠠᠯᠬᠤᠭᠰᠠᠨ ᠨᠢ》 ᠬᠡᠮᠡᠬᠦ ᠪᠠᠷᠢᠮᠲᠠᠲᠤ ᠴᠤᠪᠤᠷᠠᠯ ᠳᠡᠭᠡᠷ᠎ᠡ ᠴᠢᠯᠠᠭᠤᠨ ᠵᠡᠪᠰᠡᠭ ᠦᠨ ᠦᠶ᠎ᠡ ᠶᠢᠨ ᠬᠦᠮᠦᠰ ᠢ ᠠᠭᠤᠢ ᠳᠤ ᠠᠮᠢᠳᠤᠷᠠᠵᠤ ᠪᠠᠶᠢᠭ᠎ᠠ ᠪᠠᠷ ᠳᠦᠷᠰᠦᠯᠡᠨ ᠦᠵᠡᠭᠦᠯᠦᠭᠰᠡᠨ ᠪᠠᠶᠢᠳᠠᠭ᠃ ᠬᠦᠮᠦᠨ ᠲᠥᠷᠥᠯᠬᠢᠲᠡᠨ ᠪᠣᠯᠤᠭᠠᠳ ᠠᠪᠤᠷᠭᠤ ᠦᠯᠦᠭ ᠭᠦᠷᠪᠡᠯ ᠦᠳ ᠵᠡᠷᠭᠡᠴᠡᠨ ᠣᠷᠣᠰᠢᠵᠤ ᠪᠠᠶᠢᠭᠰᠠᠨ ᠭᠡᠰᠡᠨ ᠰᠠᠨᠠᠭ᠎ᠠ ᠶᠢ ᠠᠯᠳᠠᠷᠲᠠᠢ ᠬᠡᠦᠬᠡᠯᠳᠡᠢ ᠶᠢᠨ ᠺᠢᠨᠣ᠋, ᠺᠣᠮᠫᠢᠶᠦ᠋ᠲ᠋ᠧᠷ ᠲᠣᠭᠯᠠᠭᠠᠮ 《ᠴᠠᠬᠢᠭᠤᠷ ᠴᠢᠯᠠᠭᠤᠨ ᠤ ᠬᠢᠨ》,》ᠨᠢᠭᠡ ᠮᠢᠩᠭᠠᠨ ᠵᠢᠯ》, 《ᠴᠢᠯᠠᠭᠤᠨ ᠰᠢᠳᠡᠯᠲᠡ》 ᠵᠡᠷᠭᠡ ᠳᠡᠭᠡᠷ᠎ᠡ ᠶᠠᠮᠠᠷ ᠨᠢᠭᠡ ᠰᠢᠨᠵᠢᠯᠡᠬᠦ ᠤᠬᠠᠭᠠᠨ ᠤ ᠨᠣᠲᠠᠯᠠᠭ᠎ᠠ ᠦᠭᠡᠢ ᠪᠡᠷ ᠭᠠᠶᠢᠬᠠᠯᠲᠠᠢ ᠳᠦᠷᠰᠦᠯᠡᠭᠰᠡᠨ ᠪᠠᠶᠢᠳᠠᠭ᠃ ᠮᠥᠨ ᠵᠢᠩ ᠮ᠃ᠠᠤᠯ ᠤᠨ ᠪᠢᠴᠢᠭᠰᠡᠨ 《ᠳᠡᠯᠡᠬᠡᠢ ᠶᠢᠨ ᠬᠡᠦᠬᠡᠳ ᠦᠳ》 ᠬᠡᠮᠡᠬᠦ ᠰᠢᠯᠢᠳᠡᠭ ᠪᠣᠷᠣᠯᠠᠭᠤᠯᠤᠯᠲᠠ ᠲᠠᠢ ᠴᠤᠪᠤᠷᠠᠯ ᠨᠣᠮᠣᠨ ᠳᠡᠭᠡᠷ᠎ᠡ ᠴᠢᠯᠠᠭᠤᠨ ᠵᠡᠪᠰᠡᠭ ᠦᠨ ᠡᠬᠢᠨ ᠦᠶ᠎ᠡ ᠶᠢ ᠠᠷᠬᠧᠣᠯᠣᠭᠢ᠂ ᠠᠨᠲᠷᠣᠫᠣᠯᠣᠭ ᠤᠨ ᠡᠰᠢᠯᠡᠯ ᠲᠡᠢ ᠪᠡᠷ ᠳᠦᠷᠰᠦᠯᠡᠵᠡᠢ᠃ ᠵᠢᠩ ᠵᠠᠺᠶᠰ ᠠᠨᠠ ᠤᠳ ᠤᠨ 1981 ᠣᠨ ᠳᠤ ᠬᠢᠭᠰᠡᠨ 《ᠭᠠᠯ ᠤᠨ ᠡᠷᠢᠯ ᠳᠦ》 ᠺᠢᠨᠣᠨ ᠳᠡᠭᠡᠷ᠎ᠡ ᠨᠢᠭᠡ ᠣᠮᠤᠭ ᠤᠨ ᠬᠢᠨ ᠠᠯᠳᠠᠭᠳᠠᠭᠰᠠᠨ ᠭᠠᠯ ᠤᠨ ᠡᠷᠢᠯ ᠳᠦ ᠶᠠᠪᠤᠵᠤ ᠪᠠᠶᠢᠭ᠎ᠠ ᠲᠡᠦᠬᠡ ᠶᠢ ᠦᠵᠡᠭᠦᠯᠳᠡᠭ᠃ 21 ᠍ ᠳᠦᠭᠡᠷ ᠵᠠᠭᠤᠨᠳᠮᠢᠱᠧᠯ ᠫᠠᠤᠧᠷ ᠤᠨ ᠪᠢᠴᠢᠭᠰᠡᠨ 《ᠪᠠᠯᠠᠷ ᠡᠷᠲᠡᠨ ᠦ ᠬᠠᠷᠠᠩᠭᠤᠢ ᠦᠶ᠎ᠡ》 ᠴᠤᠪᠤᠷᠠᠯ ᠺᠢᠨᠣᠨ ᠳᠤ ᠪᠠᠨ ᠰᠢᠨ᠎ᠡ ᠴᠢᠯᠠᠭᠤᠨ ᠵᠡᠪᠰᠡᠭ ᠦᠨ ᠦᠶ᠎ᠡ ᠶᠢᠨ ᠬᠣᠶᠠᠷ ᠬᠡᠦᠬᠡᠳ ᠰᠡᠳᠬᠢᠯ ᠵᠢᠷᠦᠬᠡ ᠶᠢ ᠪᠤᠯᠢᠶᠠᠭᠴᠢ ᠴᠢᠳᠬᠥᠷ ᠲᠡᠢ ᠲᠡᠮᠡᠴᠡᠵᠦ ᠥᠪᠡᠷ ᠦᠨ ᠣᠮᠤᠭ ᠢᠶᠠᠨ ᠠᠪᠤᠷᠠᠵᠤ ᠪᠠᠶᠢᠭ᠎ᠠ ᠶᠢ ᠬᠠᠷᠠᠭᠤᠯᠤᠨ᠎ᠠ᠃ ᠴᠢᠯᠠᠭᠤᠨ ᠵᠡᠪᠰᠡᠭ ᠦᠨ ᠦᠶ᠎ᠡ ᠶᠢᠨ ᠦᠵᠡᠯ ᠰᠠᠨᠠᠭ᠎ᠠ ᠶᠢ ᠺᠦ᠋ᠷ ᠲᠤᠢᠰ ᠶᠡ᠃ᠯᠢᠮᠡᠢ 1965 ᠣᠨ ᠳᠤ ᠬᠣᠶᠢᠳᠤ ᠸᠢᠶᠧᠲ᠋ᠨᠠᠮ ᠳᠤ ᠸᠢᠶᠧᠲ᠋ᠨᠠᠮ ᠤᠨ ᠳᠠᠶᠢᠨ ᠳᠤ ᠣᠷᠣᠯᠴᠠᠵᠤ ᠪᠠᠶᠢᠬᠤ ᠳᠤ ᠪᠠᠨ ᠡᠶᠢᠨᠬᠦᠦ ᠳᠦᠷᠰᠦᠯᠡᠨ ᠪᠢᠴᠢᠵᠡᠢ: 《ᠲᠡᠳᠡ ᠮᠥᠴᠢᠷ ᠳᠣᠣᠷ᠎ᠠ ᠨᠢᠭᠤᠭᠳᠠᠨ ᠳᠠᠪᠰᠢᠯᠲᠠ ᠪᠠᠨ ᠵᠣᠭᠰᠣᠭᠠᠵᠤ᠂ ᠪᠢᠳᠡᠨ ᠢ ᠪᠥᠮᠪᠥᠭᠡ ᠳᠡᠯᠪᠡᠯᠬᠦ ᠳᠦ ᠶᠠᠭ ᠯᠠ ᠴᠢᠯᠠᠭᠤᠨ ᠵᠡᠪᠰᠡᠭ ᠦᠨ ᠦᠶ᠎ᠡ ᠶᠢᠨ ᠬᠦᠮᠦᠰ ᠰᠢᠭ ᠰᠠᠨᠠᠭᠳᠠᠵᠤ ᠪᠠᠶᠢᠯ᠎ᠠ》. ᠡᠭᠦᠨ ᠦ ᠭᠣᠣᠯ ᠰᠠᠨᠠᠭ᠎ᠠ ᠨᠢ ᠠᠯᠢᠪᠠ ᠨᠢᠭᠡ ᠦᠨᠳᠦᠰᠦᠲᠡᠨ ᠦ ᠰᠤᠶᠤᠯ ᠢᠷᠭᠡᠨᠰᠢᠯ ᠢ ᠤᠰᠠᠳᠬᠠᠬᠤ ᠳᠤ ᠡᠷᠭᠢᠭᠡᠳ ᠪᠠᠯᠠᠷ ᠡᠷᠲᠡᠨ ᠦ ᠬᠡᠪ ᠮᠠᠶ᠋ᠢᠭ ᠢᠶᠠᠷ ᠠᠮᠢᠳᠤᠷᠠᠯ ᠢᠶᠠᠨ ᠦᠷᠭᠦᠯᠵᠢᠯᠡᠭᠦᠯᠳᠡᠭ ᠭᠡᠰᠡᠨ ᠦᠭᠡ ᠶᠤᠮ᠃ ᠴᠥᠮ᠎ᠡ ᠶᠢᠨ ᠵᠡᠪᠰᠡᠭ ᠦᠨ ᠳᠠᠶᠢᠨ ᠪᠣᠯᠵᠤ ᠪᠠᠶᠢᠬᠤ ᠳᠤ ᠬᠦᠮᠦᠰ ᠭᠠᠵᠠᠷ ᠳᠣᠣᠷᠠᠬᠢ ᠬᠣᠷᠭᠣ ᠳᠤ ᠬᠢ ᠪᠠᠶᠢᠷᠢᠨ ᠳᠤ ᠡᠭᠦᠨ ᠲᠡᠢ ᠢᠵᠢᠯ ᠠᠮᠢᠳᠤᠷᠠᠵᠤ ᠪᠠᠶᠢᠯ᠎ᠠ᠃

ᠨᠡᠮᠡᠵᠦ ᠤᠩᠰᠢᠬᠤ[ᠵᠠᠰᠠᠪᠤᠷᠢᠯᠠᠬᠤ | ᠺᠣᠳ᠋ ᠢᠶᠠᠷ ᠵᠠᠰᠠᠬᠣ]

ᠪᠢᠴᠢᠭᠡᠰᠦ